ᠴᠤᠭᠳᠤ ︵ᠦᠭᠡᠷᠡᠴᠢᠯᠡᠭᠰᠡᠨ ᠨᠠᠷᠠ︶ ᠵᠣᠷᠢᠭᠤᠳᠠ ᠬᠦᠮᠦᠨ ᠠᠯᠠᠭᠰᠠᠨ ᠶᠠᠯ᠎ᠠ ᠪᠠᠷ ᠰᠡᠵᠢᠭᠯᠡᠭᠳᠡᠵᠦ ᠬᠠᠣᠯᠢ ᠶᠣᠰᠣᠭᠠᠷ ᠪᠠᠷᠢᠪᠴᠢᠯᠠᠭᠳᠠᠪᠠ
ᠴᠤᠭᠳᠤ ᠪᠠᠭᠠᠷᠢᠨ ᠪᠠᠷᠠᠭᠤᠨ ᠬᠤᠰᠢᠭᠤᠨ ᠤ ᠪᠣᠷᠣᠣᠰᠦ ᠪᠠᠯᠭᠠᠰᠣᠨ ᠤ ᠬᠦᠮᠦᠨ᠂ 2016 ᠣᠨ ᠤ 12 ᠰᠠᠷ᠎ᠠ ᠶᠢᠨ 25 ᠤ ᠡᠳᠦᠷ ᠵᠣᠷᠢᠭᠤᠳᠠ ᠬᠦᠮᠦᠨ ᠠᠯᠠᠭᠰᠠᠨ ᠶᠠᠯ᠎ᠠ ᠳᠤ ᠰᠡᠵᠢᠭᠯᠡᠭᠳᠡᠨ ᠪᠠᠭᠠᠷᠢᠨ ᠪᠠᠷᠠᠭᠤᠨ ᠬᠤᠰᠢᠭᠤᠨ ᠤ ᠲᠣᠳᠣᠭᠠᠳᠦ ᠶᠢ ᠬᠠᠮᠠᠭᠠᠯᠠᠬᠤ ᠲᠣᠪᠴᠢᠶᠠᠨ ᠳᠤ ᠡᠷᠡᠭᠦᠦ ᠶᠢᠨ ᠬᠡᠷᠡᠭ ᠢᠶᠠᠷ ᠲᠦᠷ ᠬᠤᠷᠢᠭᠳᠠᠪᠠ᠃
ᠲᠣᠳᠣᠭᠠᠳᠦ ᠶᠢᠨ ᠬᠠᠮᠠᠭᠠᠯᠠᠬᠤ ᠲᠣᠪᠴᠢᠶ᠎ᠠ ᠬᠠᠣᠯᠢ ᠶᠣᠰᠣᠭᠠᠷ ᠲᠣᠷᠰᠢᠨ ᠪᠠᠶᠢᠴᠠᠭᠠᠵᠦ ᠲᠣᠳᠣᠷᠬᠠᠶᠢᠯᠠᠭᠰᠠᠨ ᠨᠢ᠄ ᠶᠠᠯ᠎ᠠ ᠬᠢᠭᠰᠡᠨ ᠰᠡᠵᠢᠭᠳᠡᠨ ᠴᠤᠭᠳᠤ 2016 ᠣᠨ ᠤ 12 ᠰᠠᠷ᠎ᠠ ᠶᠢᠨ 22 ᠤᠨ ᠡᠳᠦᠷ᠂ ᠦᠪᠠᠷ ᠤᠨ ᠡᠮᠡᠭᠳᠠᠢ ᠨᠠᠶᠢᠵᠠ ᠴᠠᠴᠡᠭ ︵ᠦᠭᠡᠷᠡᠴᠢᠯᠡᠭᠰᠡᠨ ᠨᠠᠷᠠ︶ ᠲᠡᠬᠢᠨ ᠲᠡᠭᠦᠨ ᠲᠠᠢ ᠶᠠᠪᠣᠯᠴᠠᠬᠤ ᠬᠠᠷᠢᠴᠠᠭ᠎ᠠ ᠪᠠᠨ ᠵᠣᠭᠰᠣᠬᠤ ᠭᠡᠰᠡᠨ ᠴᠢᠮᠡᠭᠡ ᠶᠢ ᠣᠯᠣᠭᠰᠠᠨ ᠤ ᠬᠤᠶᠢᠨ᠎ᠠ᠂ ᠴᠠᠴᠡᠭ ᠤᠨ ᠠᠮᠢ ᠶᠢ ᠬᠤᠷᠣᠭᠠᠬᠤ ᠰᠠᠨᠠᠭ᠎ᠠ ᠡᠭᠦᠰᠴᠠᠢ᠃ 2016 ᠣᠨ ᠤ 12 ᠰᠠᠷ᠎ᠠ ᠶᠢᠨ 24 ᠤ ᠡᠳᠦᠷ᠂ ᠶᠠᠯ᠎ᠠ ᠬᠢᠭᠰᠡᠨ ᠰᠡᠵᠢᠭᠳᠡᠨ ᠴᠤᠭᠳᠤ ᠳ᠋ᠠᠪᠠᠨ ᠪᠠᠯᠭᠠᠰᠣᠨ ᠤ ᠨᠢᠭᠡᠨ ᠬᠤᠶᠠᠷ ᠲᠦᠭᠦᠷᠢᠭ ᠤᠨ ᠬᠡᠷᠡᠭᠰᠡᠯ ᠤᠨ ᠲᠡᠯᠭᠡᠭᠦᠷ ᠠᠴᠠ ᠬᠠᠶᠢᠴᠢ ᠬᠤᠳᠠᠯᠳᠣᠨ ᠠᠪᠴᠦ᠂ ᠡᠭᠡᠯᠵᠢ ᠶᠢᠨ ᠮᠠᠰᠢᠨ ᠲᠡᠷᠭᠡᠨ ᠳᠤ ᠰᠠᠭᠤᠨ ᠪᠠᠶᠠᠨᠳᠠᠯ᠎ᠠ ᠰᠣᠮᠦᠨ ᠳᠤ ᠴᠠᠴᠡᠭ ᠶᠢᠨ ᠭᠡᠷ ᠲᠤ ᠭᠦᠷᠴᠠᠢ᠃ ᠴᠡᠴᠡᠭ ᠶᠢᠨ ᠭᠡᠷ ᠲᠤ ᠬᠦᠷᠴᠦ ᠴᠡᠴᠡᠭ ᠲᠠᠢ ᠣᠷᠤᠭ ᠤᠨ ᠶᠡᠪᠣᠯᠴᠠᠭᠠ ᠪᠠᠨ ᠦᠷᠭᠦᠯᠵᠢᠯᠡᠭᠦᠯᠬᠦ ᠪᠠᠷ ᠰᠠᠨᠠᠭᠤᠯᠭ᠎ᠠ ᠭᠠᠷᠭᠠᠨ ᠴᠡᠴᠡᠭ ᠪᠣᠯᠣᠨ ᠲᠡᠭᠦᠨ ᠤ ᠡᠵᠢ ᠳᠤ ᠲᠡᠪᠴᠢᠭᠳᠡᠭᠰᠡᠨ ᠬᠤᠶᠢᠨ᠎ᠠ ᠴᠡᠴᠡᠭ ᠢ ᠭᠡᠷ ᠤᠨ ᠬᠦᠷᠢᠶᠡᠨ ᠲᠣᠮᠳᠠ ᠨᠢ ᠭᠡᠵᠢᠭᠡᠳᠡᠨ ᠬᠦᠰᠡᠷ ᠣᠶᠢᠴᠢᠭᠤᠯᠣᠭᠰᠠᠨ ᠬᠤᠶᠢᠨ᠎ᠠ᠂ ᠪᠠᠶ᠎ᠠ ᠳᠡᠭᠡᠨ ᠠᠪᠴᠦ ᠶᠠᠪᠣᠵᠦ ᠪᠠᠶᠢᠭᠰᠠᠨ ᠬᠠᠶᠢᠴᠢ ᠪᠠᠷ ᠴᠡᠴᠡᠭ ᠶᠢᠨ ᠲᠣᠯᠣᠭᠠᠢ ᠶᠢᠨ ᠬᠡᠰᠡᠭ᠂ ᠬᠤᠶᠠᠷ ᠭᠠᠷ ᠤᠨ ᠬᠡᠰᠡᠭ ᠲᠤ ᠣᠯᠠᠨ ᠲᠡᠬᠢᠨ ᠴᠢᠴᠢᠵᠦ᠂ ᠬᠡᠷᠡᠭ ᠮᠡᠳᠠᠭᠦᠯᠦᠭᠴᠢ ᠪᠠᠭᠠᠳᠣᠷ ︵ᠦᠭᠡᠷᠡᠴᠢᠯᠡᠭᠰᠡᠨ ᠨᠠᠷᠠ︶ ᠲᠣᠬᠠᠢ ᠶᠢᠨ ᠲᠠᠯᠠᠪᠠᠢ ᠳᠤ ᠬᠦᠷᠴᠦ ᠴᠤᠭᠳᠤ ᠶᠢᠨ ᠠᠵᠢᠯᠯᠠᠭ᠎ᠠ ᠶᠢ ᠬᠤᠷᠢᠭᠯᠠᠬᠤ ᠳᠤ ᠴᠤᠭᠳᠤ ᠠᠵᠢᠯᠯᠠᠭ᠎ᠠ ᠪᠠᠨ ᠵᠣᠭᠰᠣᠵᠦ ᠲᠣᠬᠠᠢ ᠶᠢᠨ ᠲᠠᠯᠠᠪᠠᠢ ᠠᠴᠠ ᠲᠣᠳᠠᠭᠠᠨ ᠶᠠᠪᠣᠵᠠᠢ᠃ ᠬᠠᠣᠯᠢ ᠶᠢᠨ ᠡᠮᠴᠢ ᠠᠴᠠ ᠴᠡᠴᠡᠭ ᠶᠢᠨ ᠰᠢᠷᠬ᠎ᠠ ᠬᠦᠡᠭᠭᠡᠨ ᠰᠢᠷᠬ᠎ᠠ ᠶᠢᠨ ᠬᠡᠮᠵᠢᠶ᠎ᠠ ᠳᠤ ᠬᠦᠷᠦᠭᠰᠡᠨ ᠰᠢᠯᠭᠠᠨ ᠲᠤᠭᠳᠠᠭᠠᠯᠳᠠ ᠭᠠᠷᠭᠠᠵᠠᠢ᠃
ᠶᠠᠯ᠎ᠠ ᠬᠢᠭᠰᠡᠨ ᠰᠡᠵᠢᠭᠳᠡᠨ ᠴᠤᠭᠳᠤ ᠶᠢᠨ ᠠᠵᠢᠯᠯᠠᠭ᠎ᠠ ︽ᠪᠦᠭᠦᠳᠠ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠡᠷᠡᠭᠦᠦ ᠶᠢᠨ ᠬᠠᠣᠯᠢ︾ ᠶᠢᠨ ᠬᠤᠶᠠᠷ ᠵᠠᠭᠤ ᠭᠤᠴᠢᠨ ᠬᠤᠶᠠᠳᠣᠭᠠᠷ ᠵᠦᠢᠯ ᠳᠤ ᠬᠠᠯᠳᠠᠨ ᠵᠣᠷᠢᠭᠤᠳᠠ ᠬᠦᠮᠦᠨ ᠠᠯᠠᠭᠰᠠᠨ ᠶᠠᠯ᠎ᠠ ᠳᠤ ᠰᠡᠵᠢᠭᠯᠡᠭᠳᠡᠵᠦ᠂ ᠪᠠᠷᠢᠪᠴᠢᠯᠠᠬᠤ ᠨᠦᠬᠦᠴᠠᠯ ᠳᠤ ᠬᠦᠷᠪᠠ᠃ 2017 ᠣᠨ ᠤ 1 ᠰᠠᠷ᠎ᠠ ᠶᠢᠨ 6 ᠤ ᠡᠳᠦᠷ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠴᠤᠭᠳᠤ ᠶᠢ ᠬᠠᠣᠯᠢ ᠶᠣᠰᠣᠭᠠᠷ ᠪᠠᠷᠢᠪᠴᠢᠯᠠᠬᠤ ᠶᠢ ᠵᠦᠪᠰᠢᠶᠠᠷᠡᠪᠠ᠃ ᠴᠤᠭᠳᠤ ᠶᠢᠨ ᠡᠨᠡᠬᠦ ᠦᠢᠯᠠ ᠠᠵᠢᠯᠯᠠᠭ᠎ᠠ ᠨᠢ ᠬᠠᠣᠯᠢ ᠶᠢᠨ ᠴᠢᠩᠭ᠎ᠠ ᠰᠢᠳᠬᠡᠯ ᠢ ᠣᠯᠬᠤ ᠪᠣᠯᠣᠨ᠎ᠠ᠃