ᠤᠶᠢᠷᠠᠯᠴᠠᠭ᠎ᠠ ᠤᠳᠬ᠎ᠠ ᠲᠠᠢ ᠦᠭᠡᠰ ᠤᠨ ᠤᠷᠴᠢᠭᠤᠯᠭ᠎ᠠ ᠶᠢᠨ ᠲᠤᠬᠠᠢ ᠮᠦᠴᠢᠳ ᠠᠵᠢᠭᠯᠠᠯᠲᠠ
ᠤᠷᠴᠢᠭᠤᠯᠭ᠎ᠠ ᠶᠢᠨ ᠦᠢᠯᠡᠳᠦᠯᠭᠡ ᠶᠢᠨ ᠳᠤᠮᠳᠠ᠂ ᠤᠶᠢᠷᠠᠯᠴᠠᠭ᠎ᠠ ᠤᠳᠬ᠎ᠠ ᠲᠠᠢ ᠦᠭᠡᠰ ᠵᠦᠩᠳᠡᠭᠡᠨ ᠲᠤᠬᠢᠶᠠᠯᠳᠤᠵᠤ᠂ ᠤᠷᠴᠢᠭᠤᠯᠤᠭᠴᠢᠳ ᠲᠤ ᠪᠠᠭ᠎ᠠ ᠪᠤᠰᠤ ᠬᠦᠴᠢᠷ ᠲᠦᠪᠡᠭ ᠤᠴᠠᠷᠠᠭᠤᠯᠵᠤ ᠪᠠᠶᠢᠨ᠎ᠠ᠂ ᠡᠳᠡᠭᠡᠷ ᠦᠭᠡᠰ ᠢ ᠲᠣᠯᠢ ᠪᠢᠴᠢᠭ ᠲᠤ ᠴᠤ ᠲᠤᠳᠤᠷᠬᠠᠢ ᠢᠯᠭᠠᠵᠤ ᠵᠦᠢᠲᠠᠢ ᠨᠡᠷᠡᠯᠡᠵᠤ ᠴᠢᠳᠠᠭᠰᠠᠠ ᠦᠭᠡᠢ᠂ ᠴᠢᠨᠠᠭᠰᠢᠯᠠᠪᠠᠯ ᠠᠳᠠᠯᠢᠬᠠᠨ ᠨᠡᠷ᠎ᠡ ᠣᠨᠤᠭᠠᠭᠰᠠᠠ ᠪᠤᠶᠤ ᠠᠳᠠᠯᠢᠬᠠᠨ ᠤᠷᠴᠢᠭᠤᠯᠵᠤ ᠨᠡᠷ᠎ᠡ ᠲᠣᠮᠢᠶ᠎ᠠ ᠬᠤᠳᠬᠤᠯᠳᠤᠬᠤ ᠦᠵᠡᠭᠳᠡᠯ ᠲᠦᠭᠡᠮᠡᠯ ᠣᠷᠤᠰᠢᠵᠤ ᠪᠠᠶᠢᠨ᠎ᠠ᠃ ᠨᠢᠭᠡ ᠤᠷᠴᠢᠭᠤᠯᠭ᠎ᠠ ᠶᠢᠨ ᠪᠦᠲᠦᠭᠡᠯ ᠳᠤ ᠨᠢᠭᠡ ᠨᠢᠭᠡ ᠢᠯᠡᠷᠡᠬᠦ ᠦᠶᠡᠰ ᠤᠷᠴᠢᠭᠤᠯᠬᠤ ᠳᠤ ᠲᠡᠮᠡᠢ ᠮᠡᠳᠡᠭᠳᠡᠬᠦ ᠦᠭᠡᠢ᠂ ᠬᠠᠷᠢᠨ ᠨᠢᠭᠡ ᠤᠷᠴᠢᠭᠤᠯᠭ᠎ᠠ ᠶᠢᠨ ᠪᠦᠲᠦᠭᠡᠯ ᠳᠤ ᠬᠤᠶᠠᠷ ᠪᠤᠶᠤ ᠬᠤᠶᠠᠷ ᠠᠴᠠ ᠲᠡᠭᠡᠭᠰᠢ ᠤᠶᠢᠷᠠᠯᠴᠠᠭ᠎ᠠ ᠤᠳᠬ᠎ᠠ ᠲᠠᠢ ᠪᠠᠶᠢᠬᠤ ᠦᠶᠡᠰ ᠠᠳᠠᠯᠢᠬᠠᠨ ᠨᠡᠷ᠎ᠡ ᠤᠨᠣᠭᠠᠵᠤ ᠦᠯᠦ ᠪᠣᠯᠬᠤ ᠤᠴᠢᠷ ᠠᠴᠠ ᠲᠡᠬᠦᠨ ᠤ ᠤᠳᠬ᠎ᠠ᠂ ᠠᠭᠤᠯᠬᠤᠨ᠂ ᠦᠢᠯᠡᠳᠦᠯ᠂ ᠦᠪᠡᠷᠮᠢᠴᠡ ᠡᠬᠦᠷᠭᠡ ᠴᠢᠳᠠᠯ ᠵᠡᠷᠭᠡ ᠵᠦᠢᠯᠡᠰ ᠢ ᠪᠦᠷᠢᠨ ᠰᠤᠳᠤᠯᠵᠤ ᠢᠯᠭᠠᠭ᠎ᠠ ᠲᠠᠢ ᠨᠡᠷ᠎ᠡ ᠣᠨᠣᠭᠠᠬᠤ ᠪᠤᠶᠤ ᠤᠷᠴᠢᠭᠤᠯᠬᠤ ᠴᠢᠬᠤᠯᠠᠳᠠᠢ ᠪᠠᠶᠢᠨ᠎ᠠ᠃ ᠢᠯᠠᠩᠭᠤᠶ᠎ᠠ ᠬᠠᠤᠯᠢ ᠴᠠᠭᠠᠵᠠ ᠶᠢᠨ ᠨᠡᠷ᠎ᠡ ᠲᠣᠮᠢᠶ᠎ᠠ ᠳᠤ ᠡᠶᠢᠮᠤᠷᠬᠦ ᠦᠭᠡᠰ ᠨᠡᠩ ᠤᠯᠠᠨ ᠬᠠᠷᠠᠭᠳᠠᠵᠤ᠂ ᠬᠡᠷᠪᠡ ᠵᠥᠪ ᠤᠷᠴᠢᠭᠤᠯᠵᠤ ᠵᠦᠢᠲᠠᠢ ᠤᠨᠤᠭᠠᠵᠤ ᠴᠢᠳᠠᠬᠤ ᠦᠭᠡᠢ ᠬᠦᠨᠳᠦ ᠨᠤᠴᠢᠲᠠᠢ ᠦᠷ᠎ᠡ ᠤᠷᠰᠢᠭ ᠲᠠᠲᠠᠵᠤ ᠮᠡᠳᠡᠨ᠎ᠡ᠃
《产权》ᠪᠠ《所有权》ᠡᠨᠡ ᠬᠤᠶᠠᠷ ᠦᠭᠡ ᠰᠢᠨ᠎ᠡ ᠨᠡᠷ᠎ᠡ ᠲᠤᠮᠢᠶ᠎ᠠ ᠪᠢᠰᠢ᠂ ᠠᠳᠠᠯᠢ ᠨᠢᠭᠡ ᠦᠭᠡ ᠴᠤ ᠪᠢᠰᠢ᠂ ᠤᠳᠬ᠎ᠠ ᠶᠢ ᠨᠢ ᠮᠡᠳᠡᠵᠤ ᠶᠠᠳᠠᠬᠤ ᠤᠴᠢᠷ ᠦᠭᠡᠢ᠂ ᠬᠠᠶᠠ ᠲᠤᠬᠢᠶᠠᠯᠳᠤᠬᠤ ᠬᠤᠪᠤᠷ ᠬᠡᠷᠡᠭᠯᠡᠭᠳᠡᠳᠡᠭ ᠦᠭᠡ ᠴᠤ ᠪᠢᠰᠢ᠂ ᠬᠠᠷᠢᠨ ᠮᠠᠨ ᠤ ᠠᠵᠢᠯ ᠠᠮᠢᠳᠤᠷᠠᠯ ᠤᠨ ᠳᠤᠮᠳᠠ ᠪᠠᠶᠢᠩᠭᠤ ᠲᠤᠬᠢᠶᠠᠯᠳᠤᠳᠠᠭ ᠡᠩ ᠤᠨ ᠤᠳᠬ᠎ᠠ ᠤᠶᠢᠷᠠᠯᠴᠠᠭ᠎ᠠ ᠬᠤᠶᠠᠷ ᠦᠭᠡ ᠪᠤᠯᠤᠨ᠎ᠠ᠂ ᠭᠡᠰᠡᠨ ᠴᠤ ᠤᠷᠴᠢᠭᠤᠯᠭ᠎ᠠ ᠶᠢᠨ ᠦᠢᠯᠡᠳᠦᠯᠭᠡ ᠳᠤᠮᠲᠠ ᠡᠨᠡ ᠬᠤᠶᠠᠷ ᠤᠨ ᠤᠳᠬ᠎ᠠ ᠤᠴᠢᠷ ᠢ ᠬᠤᠳᠬᠤᠯᠳᠤᠭᠤᠯᠵᠤ ᠠᠳᠠᠯᠢ ᠪᠠᠷ ᠤᠷᠴᠢᠭᠤᠯᠵᠤ ᠪᠠᠶᠢᠬᠤ ᠪᠤᠶᠤ ᠲᠡᠮᠡᠢ ᠢᠯᠭᠠᠭ᠎ᠠ ᠦᠭᠡᠢ ᠤᠷᠴᠢᠭᠤᠯᠵᠤ ᠪᠠᠶᠢᠭ᠎ᠠ ᠶᠢ ᠬᠠᠷᠠᠭᠠᠳ ᠬᠤᠶᠠᠷ ᠦᠭᠡ ᠶᠠᠷᠢᠵᠤ ᠥᠪᠡᠷ ᠤᠨ ᠪᠣᠳᠤᠯ ᠢᠶᠠᠨ ᠰᠤᠯᠢᠯᠴᠠᠮᠠᠷ ᠰᠠᠨᠠᠭᠳᠠᠯ᠎ᠠ᠃
︵ᠨᠢᠭᠡ︶ ᠡᠨᠡ ᠬᠤᠶᠠᠷ ᠦᠭᠡ ᠶᠢᠨ ᠤᠳᠬ᠎ᠠ ᠰᠢᠨᠵᠢ ᠶᠢᠨ ᠲᠤᠬᠠᠢ
《产权》 ᠢ ᠣᠳᠤ ᠦᠶ᠎ᠡ ᠶᠢᠨ ᠬᠢᠲᠠᠳ ᠬᠡᠯᠡᠨ ᠤ ᠲᠣᠯᠢ ᠳᠤ《财产权》 ᠭᠡᠵᠤ ᠲᠠᠶᠢᠯᠪᠤᠷᠢᠯᠠᠵᠤ ᠂ 《所有权》 ᠢ《国家、集体或个人对于生产资料或生活资料的占有权》ᠭᠡᠵᠤ ᠲᠠᠶᠢᠯᠪᠤᠷᠢᠯᠠᠵᠤ ᠪᠤᠢ᠃ ᠬᠤᠯᠪᠤᠭᠳᠠᠯ ᠪᠦᠬᠦᠢ ᠮᠠᠲ᠋ᠧᠷᠢᠶᠠᠯ ᠢ ᠦᠨᠳᠦᠰᠦᠯᠡᠪᠡᠯ᠂ 《所有权》ᠪᠣᠯ ᠠᠵᠤ ᠠᠬᠤᠶᠢᠯᠠᠯ ᠪᠤᠶᠤ ᠬᠤᠪᠢ ᠬᠦᠮᠦᠨ ᠶᠠᠮᠠᠷ ᠨᠢᠭᠡᠨ ᠪᠤᠳᠠᠰ ᠤᠨ ᠡᠵᠡᠮᠳᠡᠬᠦ ᠡᠷᠬᠡ ᠶᠢ ᠵᠢᠭᠠᠨ᠎ᠠ᠂ ᠡᠨᠡ ᠬᠦ ᠡᠵᠡᠮᠳᠡᠬᠦ ᠡᠷᠬᠡ ᠨᠢ ᠲᠠᠷᠤᠢ ᠬᠠᠤᠯᠢ ᠶᠤᠰᠤᠭᠠᠷ ᠡᠵᠡᠮᠳᠡᠬᠦ᠂ ᠬᠡᠷᠡᠭᠯᠡᠬᠦ᠂ ᠠᠰᠢᠭ ᠣᠯᠬᠤ ᠪᠠ ᠰᠢᠢᠳᠪᠤᠷᠢᠯᠡᠬᠦ ᠡᠷᠬᠡ ᠪᠣᠯᠤᠨ᠎ᠠ᠃ ᠬᠡᠯᠪᠡᠷᠢ ᠲᠠᠢ ᠪᠤᠶᠤ ᠬᠡᠯᠪᠡᠷᠢ ᠦᠭᠡᠢ ᠡᠳ᠋ ᠬᠦᠷᠦᠩᠭᠡ ᠳᠤ ᠲᠣᠰᠬᠠᠢ ᠪᠠᠶᠢᠳᠠᠭ ᠬᠠᠤᠯᠢ ᠪᠠᠷ ᠲᠣᠭᠳᠠᠭᠠᠭᠰᠠᠠ ᠡᠷᠬᠡ ᠪᠣᠯᠣᠨ᠎ᠠ᠂ ᠲᠡᠬᠦᠨ ᠳᠤ ᠬᠠᠷᠢᠴᠠᠯᠠᠰᠢᠬᠦᠢ ᠴᠢᠨᠠᠷ᠂ ᠭᠠᠳᠠᠭᠤᠷᠴᠢᠯᠠᠬᠤ ᠴᠢᠨᠠᠷ᠂ ᠥᠨᠢ ᠮᠥᠩᠬᠡ ᠶᠢᠨ ᠴᠢᠨᠠᠷ ᠲᠠᠢ᠂ ᠨᠢᠭᠡᠨ ᠵᠦᠢᠯ ᠤᠨ ᠬᠠᠮᠤᠭ ᠤᠨ ᠪᠦᠷᠢᠨ ᠪᠦᠲᠦᠨ ᠪᠣᠳᠠᠰ ᠤᠨ ᠡᠷᠬᠡ ᠪᠣᠯᠣᠨ᠎ᠠ᠃《产权》 ᠪᠣᠯ ᠡᠳ᠋ ᠬᠦᠷᠦᠩᠭᠡ ᠶᠢᠨ ᠥᠮᠴᠢᠯᠡᠯ ᠤᠨ ᠡᠷᠬᠡ ᠶᠢ ᠪᠠᠭᠳᠠᠭᠠᠬᠤ ᠪᠠᠷ ᠪᠠᠷᠠᠬᠤ ᠦᠭᠡᠢ᠂ ᠪᠠᠰᠠ ᠥᠮᠴᠢᠯᠡᠭᠴᠢ ᠦᠪᠡᠷ ᠤᠨ ᠡᠳ᠋ ᠬᠦᠷᠦᠩᠭᠡ ᠪᠠᠨ ᠬᠠᠤᠯᠢ ᠶᠤᠰᠤᠭᠠᠷ ᠡᠵᠡᠮᠳᠡᠬᠦ᠂ ᠬᠡᠷᠡᠭᠯᠡᠬᠦ᠂ ᠠᠰᠢᠭ ᠣᠯᠬᠤ ᠪᠠ ᠰᠢᠢᠳᠪᠤᠷᠢᠯᠡᠬᠦ ᠡᠷᠬᠡ ᠶᠢ ᠴᠤ ᠪᠠᠭᠲᠠᠭᠠᠨ᠎ᠠ︔ ᠠᠵᠤ ᠠᠬᠤᠢ ᠶᠢᠨ ᠥᠮᠴᠢᠯᠡᠯ ᠤᠨ ᠳᠦᠷᠢᠮ ᠤᠨ ᠬᠠᠷᠢᠴᠠᠭᠠᠨ ᠤ ᠬᠠᠤᠯᠢ ᠴᠠᠭᠠᠵᠠ ᠶᠢᠨ ᠢᠯᠡᠷᠡᠬᠦ ᠬᠡᠯᠪᠡᠷᠢ ᠮᠥᠨ᠂ ᠲᠡᠬᠦᠨ ᠳᠤ ᠡᠳ᠋ ᠬᠦᠷᠦᠩᠭᠡ ᠶᠢ ᠥᠮᠴᠢᠯᠡᠬᠦ ᠡᠷᠬᠡ᠂ ᠡᠵᠡᠮᠳᠡᠬᠦ ᠡᠷᠬᠡ᠂ ᠬᠡᠷᠡᠭᠯᠡᠬᠦ ᠡᠷᠬᠡ᠂ ᠠᠰᠢᠭ ᠣᠯᠬᠤ ᠡᠷᠬᠡ ᠪᠠ ᠰᠢᠢᠳᠪᠤᠷᠢᠯᠡᠬᠦ ᠡᠷᠬᠡ ᠪᠠᠭᠳᠠᠨ᠎ᠠ᠃ 《产权》 ᠤ ᠰᠢᠨᠵᠢ ᠴᠢᠨᠠᠷ ᠨᠢ ᠭᠤᠷᠪᠠᠨ ᠲᠠᠯ᠎ᠠ ᠪᠠᠷ ᠢᠯᠡᠷᠡᠨ᠎ᠡ᠄ ᠲᠠᠷᠤᠢ ᠠᠵᠤ ᠠᠬᠤᠢ ᠶᠢᠨ ᠪᠡᠶᠡᠳᠤ ᠴᠢᠨᠠᠷ ᠲᠠᠢ᠂ ᠰᠠᠯᠵᠤ ᠪᠣᠯᠬᠤ ᠴᠢᠨᠠᠷ ᠲᠠᠢ᠂ ᠪᠡᠶ᠎ᠡ ᠪᠠᠨ ᠳᠠᠭᠠᠭᠠᠭᠰᠠᠠ ᠴᠢᠨᠠᠷ ᠲᠠᠢ᠃ 《产权》 ᠳᠤ ᠳᠦᠷᠪᠡᠨ ᠴᠢᠳᠠᠮᠵᠢ ᠲᠠᠢ᠂ ᠲᠠᠷᠤᠢ ᠤᠷᠮᠠᠰᠢᠭᠤᠯᠬᠤ ᠴᠢᠳᠠᠮᠵᠢ᠂ ᠬᠢᠵᠠᠭᠠᠷᠯᠠᠬᠤ ᠴᠢᠳᠠᠮᠵᠢ᠂ ᠡᠬᠢ ᠪᠠᠶᠠᠯᠢᠭ ᠢ ᠲᠤᠬᠢᠷᠠᠭᠤᠯᠬᠤ ᠴᠢᠳᠠᠮᠵᠢ᠂ ᠵᠤᠬᠢᠴᠠᠭᠤᠯᠬᠤ ᠴᠢᠳᠠᠮᠵᠢ ᠵᠡᠷᠭᠡ᠃ ᠪᠠᠭᠴᠠᠯᠠᠪᠠᠯ《产权》 ᠭᠡᠳᠡᠭ ᠦᠭᠡ ᠶᠢᠨ ᠤᠬᠠᠭᠳᠠᠬᠤᠨ ᠨᠢ ᠦᠷᠭᠡᠨ ᠤᠳᠬ᠎ᠠ ᠲᠠᠢ᠂ ᠲᠡᠬᠦᠨ ᠳᠤ《所有权》 ᠭᠡᠰᠡᠨ ᠦᠭᠡ ᠠᠭᠤᠯᠤᠭᠳᠠᠨ᠎ᠠ᠂ ᠡᠨᠡ ᠬᠤᠶᠠᠷ ᠦᠭᠡ ᠨᠢ ᠤᠳᠬ᠎ᠠ ᠤᠶᠢᠷᠠᠯᠴᠠᠭ᠎ᠠ ᠪᠣᠯᠪᠠᠴᠤ ᠢᠯᠭᠠᠭ᠎ᠠ ᠲᠠᠢ ᠶᠤᠮ᠃
︵ᠬᠤᠶᠠᠷ︶ ᠡᠨᠡ ᠬᠤᠶᠠᠷ ᠦᠭᠡᠨ ᠤ ᠢᠯᠭᠠᠭ᠎ᠠ
《产权》ᠪᠠ《所有权》ᠪᠣᠯ ᠬᠠᠷᠢᠯᠴᠠᠨ ᠬᠠᠷᠢᠴᠠᠭ᠎ᠠ ᠬᠤᠯᠪᠤᠭ᠎ᠠ ᠲᠠᠢ ᠪᠣᠯᠪᠠᠴᠤ᠂ ᠪᠠᠰᠠ ᠠᠳᠠᠯᠢ ᠪᠤᠰᠤ ᠠᠭᠤᠯᠬᠤᠨ ᠲᠠᠢ ᠬᠠᠮᠢᠶ᠎ᠠ ᠪᠦᠬᠦᠢ ᠤᠬᠠᠭᠳᠠᠬᠤᠨ ᠪᠣᠯᠣᠨ᠎ᠠ᠂ 《产权》 ᠨᠢ《所有权》 ᠢᠶᠠᠷ ᠭᠤᠣᠯ ᠪᠣᠯᠭᠠᠨ᠎ᠠ᠂ 《所有权》 ᠤ ᠰᠢᠨᠵᠢ ᠴᠢᠨᠠᠷ ᠨᠢ《产权》 ᠤ ᠰᠢᠨᠵᠢ ᠴᠢᠨᠠᠷ ᠢ ᠲᠣᠭᠳᠠᠭᠠᠨ᠎ᠠ᠂ ᠴᠢᠨᠠᠭᠰᠢᠯᠠᠪᠠᠯ 《产权》 ᠤ ᠣᠷᠤᠰᠢᠬᠤ ᠡᠰᠡᠬᠦ ᠶᠢ ᠲᠤᠭᠳᠠᠭᠠᠨ᠎ᠠ᠂ ᠭᠡᠪᠡᠴᠤ《产权》 ᠨᠢ《所有权》 ᠲᠠᠢ ᠲᠡᠩᠴᠡᠬᠦ ᠦᠭᠡᠢ᠂ ᠡᠨᠡ ᠬᠤᠶᠠᠷ ᠤᠨ ᠬᠤᠭᠤᠷᠤᠨᠳᠤᠬᠢ ᠢᠯᠭᠠᠭ᠎ᠠ ᠨᠢ ᠲᠣᠣᠷᠠᠬᠢ ᠬᠡᠳᠦᠨ ᠲᠠᠯ᠎ᠠ ᠪᠠᠷ ᠢᠯᠡᠷᠡᠨ᠎ᠡ᠄
︵1︶ ᠡᠳ᠋ ᠬᠦᠷᠦᠩᠭᠡ ᠶᠢᠨ ᠬᠠᠷᠢᠴᠠᠭ᠎ᠠ ᠶᠢ ᠲᠣᠰᠬᠠᠬᠤ ᠬᠠᠷᠠᠭᠠᠰᠤ ᠨᠢ ᠠᠳᠠᠯᠢ ᠪᠤᠰᠤ᠃《所有权》ᠪᠣᠯ ᠡᠳ᠋ ᠬᠦᠷᠦᠩᠭᠡ ᠶᠢᠨ ᠬᠠᠷᠢᠶᠠᠯᠠᠭᠳᠠᠯ ᠤᠨ ᠬᠠᠷᠢᠴᠠᠭᠠᠨ ᠤ ᠡᠷᠬᠡ ᠶᠢᠨ ᠲᠤᠬᠠᠢ ᠲᠣᠭᠳᠠᠭᠠᠵᠤ᠂ ᠡᠳ᠋ ᠬᠦᠷᠦᠩᠭᠡ ᠶᠢᠨ ᠬᠠᠷᠢᠶᠠᠯᠠᠭᠳᠠᠯ ᠤᠨ ᠬᠠᠷᠢᠴᠠᠭ᠎ᠠ ᠶᠢ ᠲᠣᠭᠳᠠᠭᠠᠵᠤ᠂ ᠡᠳ᠋ ᠬᠦᠷᠦᠩᠭᠡ ᠶᠢᠨ ᠬᠠᠷᠢᠴᠠᠭ᠎ᠠ ᠶᠢᠨ ᠪᠤᠳᠠᠰ ᠤᠨ ᠰᠢᠨᠵᠢ ᠴᠢᠨᠠᠷ ᠢ ᠴᠢᠬᠤᠯᠠᠴᠢᠯᠠᠳᠠᠭ᠃《产权》ᠪᠣᠯ ᠡᠳ᠋ ᠬᠦᠷᠦᠩᠭᠡ ᠶᠢᠨ ᠥᠮᠴᠢᠯᠡᠯ ᠤᠨ ᠡᠷᠬᠡ ᠪᠠᠷ ᠭᠤᠣᠯ ᠪᠣᠯᠭᠠᠭᠰᠠᠠ ᠬᠡᠳᠤ ᠬᠡᠳᠤᠨ ᠡᠷᠬᠡ ᠴᠢᠳᠠᠯ ᠤᠨ ᠬᠠᠮᠳᠤᠷᠠᠯ ᠪᠣᠯᠣᠨ᠎ᠠ᠂ ᠲᠡᠷᠡ ᠨᠢ ᠡᠳ᠋ ᠬᠦᠷᠦᠩᠭᠡ ᠶᠢᠨ ᠥᠮᠴᠢᠯᠡᠯ ᠤᠨ ᠡᠷᠬᠡ ᠪᠠᠷ ᠭᠤᠣᠯ ᠪᠣᠯᠭᠠᠭᠰᠠᠠ ᠨᠢᠭᠡᠨ ᠢᠵᠢ ᠡᠷᠬᠡ ᠶᠢᠨ ᠤᠷᠭᠠᠨᠢᠭ ᠬᠠᠮ ᠴᠤᠭᠴᠠ ᠪᠣᠯᠵᠤ᠂ ᠡᠳ᠋ ᠬᠦᠷᠦᠩᠭᠡ ᠶᠢᠨ ᠬᠠᠷᠢᠴᠠᠭᠠᠨ ᠤ ᠨᠡᠶᠢᠭᠡᠮᠴᠢ ᠴᠢᠨᠠᠷ ᠢ ᠴᠢᠬᠤᠯᠠᠴᠢᠯᠠᠨ᠎ᠠ᠂ ᠲᠠᠷᠤᠢ ᠪᠤᠳᠠᠰ ᠤᠨ ᠣᠷᠣᠰᠢᠯ ᠪᠠ ᠬᠡᠷᠡᠭᠯᠡᠭᠡ ᠠᠴᠠ ᠪᠣᠢ ᠪᠣᠯᠵᠤ ᠡᠬᠦᠰᠦᠭᠰᠡᠨ ᠬᠦᠮᠦᠰ ᠤᠨ ᠬᠤᠭᠤᠷᠤᠨᠳᠤᠬᠢ ᠬᠠᠷᠢᠯᠴᠠᠨ ᠮᠡᠳᠡᠷᠡᠬᠦ ᠦᠢᠯᠡ ᠠᠵᠢᠯᠯᠠᠭᠠᠨ ᠤ ᠬᠠᠷᠢᠴᠠᠭ᠎ᠠ ᠪᠣᠯᠤᠨ᠎ᠠ᠃
︵2︶ ᠤᠬᠠᠭᠳᠠᠬᠤᠨ ᠤ ᠠᠭᠤᠯᠬᠤᠨ ᠨᠢ ᠠᠳᠠᠯᠢ ᠪᠤᠰᠤ᠃《所有权》ᠪᠣᠯ ᠨᠢᠭᠡ ᠵᠦᠢᠯ ᠤᠨ ᠦᠢᠯᠡᠳᠪᠤᠷᠢᠯᠡᠯ ᠤᠨ ᠬᠡᠷᠡᠭᠰᠡᠯ ᠤᠨ ᠥᠮᠴᠢᠯᠡᠯ ᠤᠨ ᠳᠦᠷᠢᠮ ᠤᠨ ᠬᠠᠷᠢᠴᠠᠭ᠎ᠠ ᠶᠢ ᠢᠯᠡᠷᠡᠬᠦᠯᠦᠨ᠎ᠡ᠂《产权》ᠪᠣᠯ ᠡᠳ᠋ ᠬᠦᠷᠦᠩᠭᠡ ᠶᠢᠨ ᠥᠮᠴᠢᠯᠡᠯ ᠤᠨ ᠳᠦᠷᠢᠮ ᠤᠨ ᠬᠠᠷᠢᠴᠠᠭ᠎ᠠ ᠶᠢ ᠬᠠᠷᠠᠭᠤᠯᠬᠤ ᠪᠠᠷ ᠪᠠᠷᠠᠬᠤ ᠦᠭᠡᠢ᠂ ᠪᠠᠰᠠ ᠡᠵᠡᠮᠳᠡᠬᠦ ᠡᠷᠬᠡ᠂ ᠬᠡᠷᠡᠭᠯᠡᠬᠦ ᠡᠷᠬᠡ᠂ ᠠᠰᠢᠭ ᠣᠯᠬᠤ ᠡᠷᠬᠡ ᠪᠠ ᠰᠢᠢᠳᠪᠤᠷᠢᠯᠡᠬᠦ ᠡᠷᠬᠡ ᠶᠢᠨ ᠬᠠᠷᠢᠴᠠᠭ᠎ᠠ ᠶᠢ ᠴᠤ ᠬᠠᠷᠠᠭᠤᠯᠤᠨ᠎ᠠ᠂ ᠲᠠᠷᠤᠢ ᠣᠣᠯ ᠤᠨ《所有权》ᠪᠠ ᠬᠠᠤᠯᠢ ᠶᠢᠨ ᠡᠷᠬᠡᠳᠡᠨ ᠤ ᠡᠳ᠋ ᠬᠦᠷᠦᠩᠭᠡ ᠶᠢᠨ ᠬᠠᠷᠢᠴᠠᠭ᠎ᠠ ᠶᠢ ᠵᠠᠷᠭᠡᠪᠡᠷ ᠬᠠᠷᠠᠭᠤᠯᠤᠨ᠎ᠠ᠃ ᠡᠶᠢᠮᠤ ᠠᠴᠠ《产权》 ᠨᠢ《所有权》 ᠢ ᠪᠤᠳᠤᠪᠠᠯ ᠨᠡᠩ ᠦᠷᠭᠡᠨ ᠲᠡᠯᠭᠡᠷᠡᠩᠭᠦᠢ ᠠᠭᠤᠯᠬᠤᠨ ᠲᠠᠢ᠃
︵3︶ ᠡᠨᠡ ᠬᠤᠶᠠᠷ ᠤᠬᠠᠭᠳᠠᠬᠤᠨ ᠳᠠᠬᠢ ᠡᠳ᠋ ᠬᠦᠷᠦᠩᠭᠡ ᠭᠡᠬᠦ ᠦᠭᠡ ᠶᠢᠨ ᠤᠳᠬ᠎ᠠ ᠨᠢ ᠠᠳᠠᠯᠢ ᠪᠤᠰᠤ᠃《所有权》ᠭᠡᠬᠦ ᠤᠬᠠᠭᠳᠠᠬᠤᠨ ᠳᠤ ᠵᠢᠭᠠᠵᠤ ᠪᠠᠶᠢᠭ᠎ᠠ ᠡᠳ᠋ ᠬᠦᠷᠦᠩᠭᠡ ᠪᠣᠯ ᠭᠤᠣᠯᠳᠠᠭᠤ ᠪᠤᠳᠠᠳᠤ ᠬᠡᠯᠪᠡᠷᠢᠲᠤ ᠬᠦᠷᠦᠩᠭᠡ ᠵᠢᠴᠢ ᠪᠡᠯᠡᠨ ᠮᠦᠩᠭᠦ ᠪᠣᠯᠤᠨ᠎ᠠ᠂ ᠡᠨᠡ ᠬᠦ ᠡᠳ᠋ ᠬᠦᠷᠦᠩᠭᠡ ᠶᠢᠨ ᠠᠭᠤᠯᠤᠭᠳᠠᠬᠤᠨ ᠨᠢ ᠨᠡᠯᠢᠶᠡᠳ ᠢᠪᠴᠤᠤ ᠶᠤᠮ᠃ ᠬᠠᠷᠢᠨ《产权》ᠭᠡᠬᠦ ᠤᠬᠠᠭᠳᠠᠬᠤᠨ ᠳᠤ ᠵᠢᠭᠠᠵᠤ ᠪᠠᠶᠢᠭ᠎ᠠ ᠡᠳ᠋ ᠬᠦᠷᠦᠩᠭᠡ ᠳᠤ ᠤᠯᠠᠨ ᠵᠦᠢᠯ ᠤᠨ ᠬᠡᠯᠪᠡᠷᠢ ᠪᠠᠭᠳᠠᠨ᠎ᠠ᠂ ᠤᠯᠠᠮᠵᠢᠯᠠᠯᠲᠤ ᠬᠡᠯᠪᠡᠷᠢ ᠶᠢᠨ ᠡᠳ᠋ ᠬᠦᠷᠦᠩᠭᠡ ᠵᠢᠴᠢ ᠪᠡᠯᠡᠨ ᠮᠦᠩᠬᠦᠨ ᠠᠴᠠ ᠭᠠᠳᠠᠨ᠎ᠠ᠂ ᠪᠠᠰᠠ ᠬᠤᠪᠢᠴᠠᠭᠠᠨ ᠤ ᠡᠷᠬᠡ ᠶᠢᠨ ᠬᠡᠯᠪᠡᠷᠢ᠂ ᠠᠪᠴᠠᠭᠠᠨ ᠤ ᠬᠡᠯᠪᠡᠷᠢ ᠵᠢᠴᠢ ᠡᠯ᠎ᠡ ᠵᠦᠢᠯ ᠤᠨ ᠳᠠᠯᠳᠠ ᠬᠦᠷᠦᠩᠭᠡ ᠪᠠᠭᠳᠠᠵᠤ᠂ ᠲᠡᠬᠦᠨ ᠤ ᠤᠬᠠᠭᠳᠠᠬᠤᠨ ᠨᠢ ᠦᠨᠡᠭᠡᠷ ᠪᠠᠶᠠᠯᠢᠭ ᠪᠠᠶᠢᠳᠠᠭ᠃
︵4︶ ᠬᠦᠳᠡᠯᠭᠡᠭᠡᠨ ᠤ ᠰᠢᠨᠵᠢ ᠴᠢᠨᠠᠷ ᠨᠢ ᠠᠳᠠᠯᠢ ᠪᠤᠰᠤ᠃《所有权》ᠬᠦᠳᠡᠯᠭᠡᠭᠡᠨ ᠤ ᠶᠠᠪᠤᠴᠠ ᠳᠤᠮᠳᠠ ᠢᠮᠠᠭᠲᠠ ᠭᠠᠭᠴᠠᠭᠠᠷ ᠡᠵᠡᠮᠳᠡᠬᠦ ᠪᠠ ᠭᠠᠭᠴᠠᠭᠠᠷ ᠡᠵᠡᠮᠰᠢᠳᠡᠭ ᠨᠢᠭᠡᠨ ᠪᠤᠰᠤᠳ ᠢ ᠭᠠᠳᠠᠭᠤᠷᠴᠢᠯᠠᠬᠤ ᠴᠢᠨᠠᠷᠳᠠᠢ ᠭᠠᠭᠴᠠᠭᠠᠷ ᠡᠵᠡᠮᠳᠡᠬᠦ ᠡᠷᠬᠡ ᠪᠣᠯᠤᠨ᠎ᠠ᠃《产权》 ᠤ ᠲᠦᠷᠪᠡᠨ ᠵᠦᠢᠯ ᠤᠨ ᠡᠷᠬᠡ ᠴᠢᠳᠠᠯ ᠤᠨ ᠲᠤᠳᠤᠷ᠎ᠠ᠂ ᠵᠦᠪᠬᠡᠨ ᠠᠰᠢᠭ ᠣᠯᠬᠤ ᠡᠷᠬᠡ ᠨᠢ ᠪᠤᠰᠤᠳ ᠢ ᠭᠠᠳᠠᠭᠤᠷᠴᠢᠯᠠᠬᠤ ᠴᠢᠨᠠᠷ ᠲᠠᠢ᠂ ᠡᠵᠡᠮᠳᠡᠬᠦ ᠡᠷᠬᠡ᠂ ᠬᠡᠷᠡᠭᠯᠡᠬᠦ ᠡᠷᠬᠡ ᠪᠠ ᠰᠢᠢᠳᠪᠤᠷᠢᠯᠡᠬᠦ ᠡᠷᠬᠡ ᠨᠢ ᠭᠠᠳᠠᠭᠤᠷᠴᠢᠯᠠᠬᠤ ᠴᠢᠨᠠᠷ ᠦᠭᠡᠢ᠂ ᠬᠠᠷᠢᠨ ᠭᠦᠢᠯᠭᠡᠭᠡ ᠬᠢᠵᠤ᠂ ᠠᠷᠠᠯᠵᠢᠶᠠᠯᠠᠵᠤ ᠪᠣᠯᠤᠨ᠎ᠠ᠂ ᠡᠨᠡ ᠬᠦ ᠠᠷᠠᠯᠵᠢᠶᠠᠯᠠᠭᠳᠠᠬᠤᠨ ᠨᠢ ᠪᠣᠳᠠᠲᠤ ᠪᠤᠳᠠᠰ ᠪᠠᠶᠢᠵᠤ ᠪᠣᠯᠬᠤᠷ ᠪᠠᠷ ᠦᠯᠦ ᠪᠠᠷᠠᠨ᠂ ᠪᠠᠰᠠ ᠠᠪᠴᠠᠭ᠎ᠠ᠂ ᠬᠤᠪᠢᠴᠠᠭᠠᠨ ᠤ ᠡᠷᠬᠡ ᠵᠡᠷᠭᠡ ᠥᠷᠲᠡᠭ ᠤᠨ ᠬᠡᠯᠪᠡᠷᠢ ᠪᠠᠶᠢᠵᠤ ᠪᠣᠯᠤᠨ᠎ᠠ᠃《产权》 ᠨᠢ ᠵᠠᠬ᠎ᠠ ᠳᠡᠯᠭᠡᠬᠦᠷ ᠲᠤ ᠣᠷᠤᠭᠰᠠᠠ ᠠᠴᠠ ᠬᠦᠢᠯᠭᠡᠭᠡᠨ ᠤ ᠴᠢᠨᠠᠷ ᠲᠠᠢ ᠪᠣᠯᠵᠠᠢ᠃
︵5︶《产权》ᠪᠠ《所有权》ᠬᠤᠶᠠᠷ ᠤᠨ ᠲᠣᠰᠴᠠ ᠨᠢ ᠠᠳᠠᠯᠢ ᠪᠤᠰᠤ᠃《所有权》 ᠤ ᠲᠤᠰᠴᠠ ᠪᠣᠯ ᠡᠳ᠋ ᠬᠦᠷᠦᠩᠭᠡ ᠶᠢᠨ ᠡᠴᠤᠰ ᠤᠨ ᠦᠮᠴᠢᠯᠡᠯ ᠤᠨ ᠡᠷᠬᠡ ᠵᠢᠴᠢ ᠡᠳ᠋ ᠬᠦᠷᠦᠩᠭᠡ ᠶᠢᠨ ᠡᠵᠡᠩᠨᠡᠬᠦ ᠶᠠᠪᠤᠴᠠ ᠳᠠᠬᠢ ᠭᠡᠰᠡᠭ ᠠᠰᠢᠭ ᠣᠯᠵᠠᠪᠤᠷᠢ ᠪᠣᠯᠤᠨ᠎ᠠ︔《产权》 ᠤ ᠲᠤᠰᠴᠠ ᠪᠣᠯ ᠡᠵᠡᠩᠨᠡᠬᠦ ᠡᠷᠬᠡ ᠪᠠ ᠠᠰᠢᠭ ᠣᠯᠬᠤ ᠡᠷᠬᠡ ᠪᠣᠯᠤᠨ᠎ᠠ᠂ ᠲᠠᠷᠤᠢ ᠬᠠᠤᠯᠢ ᠶᠢᠨ ᠡᠷᠬᠡᠲᠡᠨ《产权》ᠣᠯᠬᠤ ᠪᠠᠷ ᠳᠠᠮᠵᠢᠭᠠᠳ ᠡᠵᠡᠩᠨᠡᠨ ᠬᠠᠮᠢᠶᠠᠷᠬᠤ ᠡᠷᠬᠡ ᠪᠠ ᠠᠰᠢᠭ ᠣᠯᠬᠤ ᠡᠷᠬᠡ ᠣᠯᠤᠨ᠎ᠠ᠃
︵ᠭᠤᠷᠪᠠ︶ ᠡᠨᠡ ᠬᠤᠶᠠᠷ ᠦᠭᠡ ᠶᠢ ᠲᠣᠯᠢ ᠪᠢᠴᠢᠭ ᠤᠳ ᠢᠶᠠᠷ ᠤᠷᠴᠢᠭᠤᠯᠵᠤ ᠪᠠᠶᠢᠭ᠎ᠠ ᠪᠠᠶᠢᠳᠠᠯ
ᠣᠯᠠᠨ ᠤ ᠮᠡᠳᠡᠭᠡᠵᠢ ᠪᠠᠷ᠂ ᠤᠷᠴᠢᠭᠤᠯᠭ᠎ᠠ ᠶᠢᠨ ᠦᠢᠯᠡᠳᠦᠯᠭᠡ ᠶᠢᠨ ᠳᠣᠮᠳᠠ᠂ ᠡᠨᠡ ᠬᠤᠶᠠᠷ ᠦᠭᠡ ᠶᠢ ᠣᠯᠠᠩᠭᠢ ᠲᠣᠯᠢ ᠳᠤ ᠦᠨᠳᠦᠰᠦᠨ ᠳᠡᠭᠡᠨ ᠳᠡᠮᠡᠢ ᠢᠯᠭᠠᠭ᠎ᠠ ᠦᠭᠡᠢ ᠤᠷᠴᠢᠭᠤᠯᠵᠤ ᠪᠠᠶᠢᠨ᠎ᠠ᠂ ᠬᠤᠶᠠᠷ ᠢ ᠴᠥᠮ ᠥᠮᠴᠢᠯᠡᠯ ᠤᠨ ᠡᠷᠬᠡ᠂ ᠥᠮᠴᠢᠯᠡᠬᠦ ᠡᠷᠬᠡ ᠪᠠᠷ ᠤᠷᠴᠢᠭᠤᠯᠵᠤ ᠪᠠᠶᠢᠭ᠎ᠠ ᠨᠢ ᠣᠯᠠᠨ ᠬᠠᠷᠠᠭᠳᠠᠨ᠎ᠠ᠃ ᠵᠢᠱᠢᠶᠡᠯᠡᠪᠡᠯ ︽ᠬᠢᠲᠠᠳ ᠮᠣᠩᠭᠤᠯ ᠲᠣᠯᠢ︾ ︵ᠦᠨᠳᠦᠰᠦᠳᠡᠨ ᠤ ᠬᠡᠪᠯᠡᠯ ᠤᠨ ᠬᠤᠷᠢᠶ᠎ᠠ︶ ᠳᠤ ᠴᠥᠮ ᠥᠮᠴᠢᠯᠡᠬᠦ ᠡᠷᠬᠡ ᠭᠡᠵᠤ᠂ ︽ᠬᠢᠲᠠᠳ ᠮᠣᠩᠭᠤᠯ ᠬᠠᠤᠯᠢ ᠴᠠᠭᠠᠵᠠ ᠶᠢᠨ ᠨᠡᠷ᠎ᠡ ᠲᠣᠮᠢᠶ᠎ᠠ︾ ︵ᠥᠪᠤᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ ᠳᠤ ︽ᠬᠠᠤᠯᠢ ᠴᠠᠭᠠᠵᠠ ᠶᠢᠨ ᠤᠬᠠᠭᠠᠨ ᠤ ᠨᠡᠷ᠎ᠡ ᠲᠣᠮᠢᠶ᠎ᠠ︾ ︵ᠥᠪᠤᠷ ᠮᠣᠩᠭᠤᠯ ᠤᠨ ᠰᠤᠷᠭᠠᠨ ᠬᠥᠮᠦᠵᠢᠯ ᠤᠨ ᠬᠡᠪᠯᠡᠯ ᠤᠨ ᠬᠤᠷᠢᠶ᠎ᠠ︶ ᠳᠤ 产权》 ᠢ ᠡᠵᠡᠮᠰᠢᠯᠲᠦ ᠡᠷᠬᠡ ᠭᠡᠵᠤ᠂ 《所有权》 ᠢ ᠦᠮᠴᠢᠯᠡᠬᠦ ᠡᠷᠬᠡ᠂ ᠥᠮᠴᠢᠯᠡᠯ ᠤᠨ ᠡᠷᠬᠡ ᠭᠡᠵᠤ᠂《产权》 ᠢ ᠦᠮᠴᠢᠯᠡᠬᠦ ᠡᠷᠬᠡ ᠭᠡᠵᠤ᠂ 《所有权》 ᠢ ᠥᠮᠴᠢᠯᠡᠯ ᠤᠨ ᠡᠷᠬᠡ᠂ ᠦᠮᠴᠢᠯᠡᠬᠦ ᠡᠷᠬᠡ ᠭᠡᠵᠤ᠂ ︽ᠬᠢᠲᠠᠳ ᠮᠣᠩᠭᠤᠯ ᠬᠠᠤᠯᠢ ᠴᠠᠭᠠᠵᠠ ᠶᠢᠨ ᠨᠡᠷ᠎ᠡ ᠲᠣᠮᠢᠶᠠᠨ ᠤ ᠲᠣᠯᠢ ᠪᠢᠴᠢᠭ︾ ︵ᠥᠪᠤᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ ᠳᠤ《产权》 ᠢ ᠦᠮᠴᠢᠯᠡᠬᠦ ᠡᠷᠬᠡ ᠭᠡᠵᠤ᠂ 《所有权》 ᠢ ᠥᠮᠴᠢᠯᠡᠯ ᠤᠨ ᠡᠷᠬᠡ ᠭᠡᠵᠤ᠂ ︽ᠨᠡᠷ᠎ᠡ ᠲᠣᠮᠢᠶᠠᠨ ᠤ ᠰᠢᠨ᠎ᠡ ᠲᠣᠯᠢ︾ ︵ᠥᠪᠤᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ ᠳᠤ《产权》 ᠢ ᠪᠦᠲᠦᠬᠡᠭᠳᠡᠬᠦᠨ ᠤ ᠡᠷᠬᠡ ᠭᠡᠵᠤ᠂《所有权》 ᠢ ᠦᠮᠴᠢᠯᠡᠬᠦ ᠡᠷᠬᠡ᠂ ᠡᠵᠡᠮᠰᠢᠬᠦ ᠡᠷᠬᠡ ᠭᠡᠵᠤ᠂ ︽ᠬᠢᠲᠠᠳ ᠮᠣᠩᠭᠤᠯ ᠰᠢᠨ᠎ᠡ ᠦᠭᠡᠰ ᠲᠣᠯᠢ︾ ︵ᠦᠨᠳᠦᠰᠦᠳᠡᠨ ᠤ ᠬᠡᠪᠯᠡᠯ ᠤᠨ ᠬᠤᠷᠢᠶ᠎ᠠ︶ ᠳᠤ《所有权》 ᠢ ᠥᠮᠴᠢᠯᠡᠯ ᠤᠨ ᠡᠷᠬᠡ᠂ ᠦᠮᠴᠢᠯᠡᠬᠦ ᠡᠷᠬᠡ ᠭᠡᠵᠤ ᠪᠣᠢ᠃ ᠲᠡᠭᠡᠷᠡᠬᠢ ᠲᠣᠯᠢ ᠪᠢᠴᠢᠭ ᠠᠴᠠ ᠦᠵᠡᠬᠦ ᠳᠤ᠂《所有权》 ᠤᠨ ᠤᠷᠴᠢᠭᠤᠯᠭ᠎ᠠ ᠶᠢᠨ ᠲᠤᠬᠠᠢ ᠦᠨᠳᠦᠰᠦᠨ ᠳᠡᠭᠡᠨ ᠨᠢᠭᠡᠳᠦᠯᠲᠠᠢ ᠭᠡᠵᠤ ᠭᠡᠯᠡᠵᠤ ᠪᠣᠯᠣᠨ᠎ᠠ᠂ ᠶᠡᠷᠤ ᠨᠢ ᠪᠢᠳᠡ ᠰᠤᠷᠭᠠᠭᠤᠯᠢ ᠳᠤ ᠪᠠᠶᠢᠬᠤ ᠶᠢᠨ ᠦᠭᠡᠢ《所有权》 ᠢ ᠥᠮᠴᠢᠯᠡᠯ ᠤᠨ ᠡᠷᠬᠡ ᠭᠡᠳ ᠰᠤᠷᠤᠭᠰᠠᠭᠠᠷ ᠢᠷᠡᠭᠰᠡᠨ᠂ ᠨᠡᠶᠢᠭᠡᠮ ᠲᠡᠭᠡᠷ᠎ᠡ ᠴᠤ ᠭᠡᠳ ᠢᠩᠭᠢᠭᠡᠳ ᠤᠷᠴᠢᠭᠤᠯᠤᠭᠰᠠᠭᠠᠷ ᠢᠷᠡᠭᠰᠡᠨ᠂ ᠬᠡᠷᠡᠭᠯᠡᠭᠰᠡᠭᠡᠷ ᠴᠤ ᠢᠷᠡᠭᠰᠡᠨ᠂ ᠵᠢᠱᠢᠶᠡᠯᠡᠪᠡᠯ ᠤᠯᠤᠰ ᠤᠨ ᠥᠮᠴᠢᠯᠡᠯ ᠤᠨ ᠡᠷᠬᠡ᠂ ᠬᠠᠮᠳᠤ ᠶᠢᠨ ᠥᠮᠴᠢᠯᠡᠯ ᠤᠨ ᠡᠷᠬᠡ᠂ ᠬᠤᠪᠢ ᠶᠢᠨ ᠥᠮᠴᠢᠯᠡᠯ ᠤᠨ ᠡᠷᠬᠡ ᠭᠡᠬᠦ ᠮᠡᠲᠤ᠃ ᠥᠮᠴᠢᠯᠡᠯ ᠪᠠ ᠥᠮᠴᠢᠯᠡᠬᠦ ᠬᠤᠶᠠᠷ ᠦᠰᠦᠭ ᠤᠨ ᠬᠤᠪᠢ ᠳᠤ ᠨᠡᠷ᠎ᠡ ᠦᠭᠡ ᠪᠠ ᠦᠢᠯᠡ ᠦᠭᠡ ᠶᠢᠨ ᠲᠡᠳᠦᠢ ᠯᠠ ᠢᠯᠭᠠᠭ᠎ᠠ ᠲᠠᠢ ᠠᠴᠠ ᠪᠢᠰᠢ᠂ ᠤᠳᠬ᠎ᠠ ᠶᠢᠨ ᠬᠤᠪᠢ ᠳᠤ ᠵᠦᠷᠢᠶ᠎ᠡ ᠦᠭᠡᠢ ᠪᠣᠯᠬᠤᠷ ᠠᠳᠡ ᠡᠭᠦᠨ ᠢ ᠶᠠᠷᠢᠬᠤ ᠴᠢᠬᠤᠯᠠ ᠦᠭᠡᠢ᠂ ᠬᠠᠷᠢᠨ ᠨᠡᠷ᠎ᠡ ᠲᠣᠮᠢᠶ᠎ᠠ ᠶᠢ ᠣᠨᠣᠴᠢᠲᠠᠢ ᠨᠡᠷᠡᠯᠡᠵᠤ᠂ ᠤᠶᠢᠷᠠᠯᠴᠠᠭ᠎ᠠ ᠨᠡᠷ᠎ᠡ ᠲᠣᠮᠢᠶ᠎ᠠ ᠶᠢ ᠲᠠᠪᠬᠤᠷᠳᠠᠭᠤᠯᠵᠤ᠂ ᠬᠤᠳᠬᠤᠯᠳᠤᠭᠤᠯᠵᠤ᠂ ᠠᠨᠳᠠᠭᠤᠷᠠᠭᠤᠯᠬᠤ ᠦᠭᠡᠢ ᠶᠢᠨ ᠲᠤᠯᠠᠳᠠ᠂《产权》ᠭᠡᠰᠡᠨ ᠦᠭᠡ ᠶᠢᠨ ᠤᠳᠬ᠎ᠠ᠂ ᠰᠢᠨᠵᠢ ᠴᠢᠨᠠᠷ᠂ ᠣᠨᠴᠠᠯᠢᠭ᠂ ᠡᠬᠦᠷᠭᠡ ᠴᠢᠳᠠᠮᠵᠢ ᠶᠢ ᠵᠠᠳᠠᠯᠵᠤ ᠪᠠᠶᠢᠭᠠᠳ ᠨᠡᠷ᠎ᠡ ᠤᠨᠤᠭᠠᠪᠠᠯ ᠵᠤᠬᠢᠬᠤ ᠰᠢᠭ᠋ ᠪᠤᠳᠤᠭᠳᠠᠨ᠎ᠠ᠃
︵ᠳᠦᠷᠪᠠ︶ 《产权》 ᠢ 《所有权》 ᠠᠴᠠ ᠢᠯᠭᠠᠭ᠎ᠠ ᠲᠠᠢ ᠤᠷᠴᠢᠭᠤᠯᠪᠠᠯ ᠵᠤᠬᠢᠨ᠎ᠠ
ᠲᠡᠭᠡᠷᠡᠬᠢ ᠲᠣᠯᠢ ᠪᠢᠴᠢᠭ ᠤᠨ ᠳᠤᠲᠤᠷ᠎ᠠ ︽ᠨᠡᠷ᠎ᠡ ᠲᠣᠮᠢᠶᠠᠨ ᠤ ᠰᠢᠨ᠎ᠡ ᠲᠣᠯᠢ︾ ︵ᠥᠪᠤᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ ᠳᠤ《产权》 ᠢ ᠪᠦᠲᠦᠬᠡᠭᠳᠡᠬᠦᠨ ᠤ ᠡᠷᠬᠡ ᠭᠡᠵᠤ ᠣᠨᠳᠤᠤ ᠤᠷᠴᠢᠭᠤᠯᠭ᠎ᠠ ᠪᠠᠷ ᠠᠪᠤᠭᠰᠠᠠ ᠢ ᠭᠠᠷᠭᠠᠪᠠᠯ ᠪᠤᠰᠤᠳ ᠨᠢ ᠴᠦᠮ ᠥᠮᠴᠢᠯᠡᠬᠦ ᠡᠷᠬᠡ᠂ ᠥᠮᠴᠢᠯᠡᠯ ᠤᠨ ᠡᠷᠬᠡ ᠭᠡᠵᠤ ᠤᠷᠴᠢᠭᠤᠯᠤᠭᠰᠠᠠ ᠪᠤᠶᠤ ᠡᠰᠡᠬᠦᠯ᠎ᠡ ᠬᠤᠶᠠᠷ ᠢ ᠴᠥᠮ ᠥᠮᠴᠢᠯᠡᠬᠦ ᠡᠷᠬᠡ ᠭᠡᠵᠤ ᠠᠳᠠᠯᠢᠬᠠᠨ ᠤᠷᠴᠢᠭᠤᠯᠤᠭᠰᠠᠠ ᠪᠠᠶᠢᠨ᠎ᠠ᠂《产权》ᠭᠡᠳᠡᠭ ᠦᠭᠡ ᠨᠢ ᠡᠳ᠋ ᠬᠦᠷᠦᠩᠭᠡ ᠳᠤ ᠰᠢᠭᠤᠳ ᠲᠤᠰᠤᠨ᠎ᠠ᠂《产品》ᠭᠡᠳᠡᠭ ᠦᠭᠡ ᠶᠢ ᠪᠦᠲᠦᠭᠡᠭᠳᠡᠬᠦᠨ᠂ ᠦᠢᠯᠡᠳᠬᠦᠨ ᠭᠡᠵᠤ ᠤᠷᠴᠢᠭᠤᠯᠳᠠᠭ ᠪᠣᠯᠬᠤᠷ᠂《产权》 ᠢ ᠪᠦᠲᠦᠬᠡᠭᠳᠡᠬᠦᠨ ᠤ ᠡᠷᠬᠡ ᠭᠡᠵᠤ ᠤᠷᠴᠢᠭᠤᠯᠬᠤ ᠨᠢ ᠪᠠᠰᠠ ᠲᠤᠬᠢᠷᠠᠮᠵᠢ ᠦᠭᠡᠢ ᠪᠠᠶᠢᠨ᠎ᠠ᠂ ᠡᠵᠡᠮᠰᠢᠯᠲᠦ ᠡᠷᠬᠡ ᠭᠡᠬᠦ ᠨᠢ ᠵᠥᠪᠬᠡᠨ ᠨᠢᠭᠡ ᠰᠠᠯᠠᠭ᠎ᠠ ᠤᠳᠬ᠎ᠠ ᠶᠢ ᠬᠠᠷᠠᠭᠤᠯᠬᠤ ᠲᠤᠯᠠ ᠮᠦᠨᠴᠤ ᠲᠡᠶᠢᠮᠤ ᠪᠦᠷᠢᠨ ᠪᠤᠰᠤ ᠪᠦᠭᠡᠳ ᠤᠨᠤᠪᠴᠢ ᠦᠭᠡᠢ ᠶᠤᠮ᠂ ᠲᠡᠬᠦᠨᠴᠢᠯᠡᠨ ᠦᠭᠡᠷ᠎ᠡ ᠦᠭᠡᠰ ᠤᠨ ᠤᠷᠴᠢᠭᠤᠯᠭ᠎ᠠ ᠲᠠᠢ ᠬᠠᠷᠭᠤᠯᠳᠤᠨᠠ᠃《产权》 ᠪᠠ 《所有权》ᠬᠤᠶᠠᠷ ᠨᠢ ᠠᠳᠠᠯᠢ ᠪᠤᠰᠤ ᠤᠬᠠᠭᠳᠠᠬᠤᠨ ᠪᠤᠯᠤᠭᠰᠠᠠ ᠤ ᠬᠤᠪᠢ ᠳᠤ ᠠᠳᠠᠯᠢ ᠪᠤᠰᠤ ᠨᠡᠷ᠎ᠡ ᠤᠨᠤᠭᠠᠪᠠᠯ ᠵᠤᠬᠢᠨ᠎ᠠ᠂ ᠲᠡᠭᠡᠪᠡᠯ《产权》ᠭᠡᠳᠡᠭ ᠦᠭᠡ ᠶᠢ ᠴᠣᠬᠤᠮ ᠶᠠᠭᠠᠭᠢᠵᠤ ᠤᠷᠴᠢᠭᠤᠯᠬᠤ ᠪᠣᠢ︖ ᠳᠣᠣᠷ᠎ᠠ ᠪᠢᠳᠡ ᠲᠤᠰ ᠦᠭᠡ ᠶᠢᠨ ᠤᠳᠬ᠎ᠠ ᠵᠦᠢ᠂ ᠣᠨᠴᠠᠯᠢᠭ ᠰᠢᠨᠵᠢ᠂ ᠭᠡᠷᠡᠭᠯᠡᠭᠡ ᠵᠡᠷᠭᠡ ᠲᠠᠯ᠎ᠠ ᠠᠴᠠ ᠰᠢᠨᠵᠢᠯᠡᠵᠤ ᠦᠵᠡᠶ᠎ᠡ᠄ ᠲᠡᠬᠦᠨ ᠤ ᠤᠳᠬ᠎ᠠ ᠵᠦᠢ ᠶᠢᠨ ᠬᠤᠪᠢ ᠳᠤ᠂ ᠲᠡᠷᠡ ᠨᠢ ᠠᠵᠤ ᠠᠬᠤᠢ ᠶᠢᠨ ᠥᠮᠴᠢᠯᠡᠯ ᠤᠨ ᠳᠦᠷᠢᠮ ᠤᠨ ᠬᠠᠷᠢᠴᠠᠭᠠᠨ ᠤ ᠬᠠᠤᠯᠢ ᠴᠠᠭᠠᠵᠠ ᠶᠢᠨ ᠢᠯᠡᠷᠡᠬᠦ ᠬᠡᠯᠪᠡᠷᠢ ᠮᠥᠨ᠂ ᠲᠡᠬᠦᠨ ᠳᠤ ᠡᠳ᠋ ᠬᠦᠷᠦᠩᠭᠡ ᠶᠢ ᠥᠮᠴᠢᠯᠡᠬᠦ ᠡᠷᠬᠡ᠂ ᠡᠵᠡᠮᠳᠡᠬᠦ ᠡᠷᠬᠡ᠂ ᠬᠡᠷᠡᠭᠯᠡᠬᠦ ᠡᠷᠬᠡ᠂ ᠠᠰᠢᠭ ᠣᠯᠬᠤ ᠡᠷᠬᠡ ᠪᠠ ᠰᠢᠢᠳᠪᠤᠷᠢᠯᠡᠬᠦ ᠡᠷᠬᠡ ᠪᠠᠭᠳᠠᠨ᠎ᠠ︔ ᠰᠢᠨᠵᠢ ᠴᠢᠨᠠᠷ ᠨᠢ ᠠᠵᠤ ᠠᠬᠤᠢ ᠶᠢᠨ ᠪᠡᠶᠡᠳᠤ ᠴᠢᠨᠠᠷ ᠲᠠᠢ᠂ ᠰᠠᠯᠵᠤ ᠪᠣᠯᠬᠤ ᠴᠢᠨᠠᠷ ᠲᠠᠢ᠂ ᠪᠡᠶ᠎ᠡ ᠪᠠᠨ ᠳᠠᠭᠠᠭᠠᠭᠰᠠᠠ ᠴᠢᠨᠠᠷ ᠲᠠᠢ︔ ᠬᠡᠷᠡᠭᠯᠡᠭᠡᠨ ᠤ ᠲᠠᠯ᠎ᠠ ᠠᠴᠠ ᠠᠪᠴᠤ ᠦᠵᠡᠪᠡᠯ᠂ ᠭᠤᠣᠯᠳᠠᠭᠤ ᠭᠡᠷ ᠪᠠᠶᠢᠰᠢᠩ ᠳᠤ ᠬᠡᠷᠡᠭᠯᠡᠨ᠎ᠡ᠂ ᠭᠡᠷ ᠪᠠᠶᠢᠰᠢᠩ ᠪᠣᠯ ᠨᠢᠭᠡ ᠳᠤ ᠪᠡᠶᠡᠲᠤ ᠪᠣᠳᠠᠰ︔ ᠬᠤᠶᠠᠷ ᠲᠤ ᠦᠯᠦ ᠬᠦᠳᠡᠯᠬᠦ ᠬᠦᠷᠦᠩᠭᠡ︔ ᠭᠤᠷᠪᠠ ᠳᠤ ᠪᠦᠭᠡᠯᠢᠭ ᠪᠦᠭᠡᠳ ᠬᠠᠷᠢᠴᠠᠩᠭᠤᠢ ᠪᠠᠷ ᠤᠷᠳᠤ ᠬᠤᠭᠤᠴᠠᠭ᠎ᠠ ᠪᠠᠷ ᠭᠡᠷᠡᠭᠯᠡᠳᠡᠭ᠃ ᠬᠠᠷᠢᠨ《所有权》ᠪᠣᠯ ᠭᠡᠷ ᠪᠠᠶᠢᠰᠢᠩ ᠳᠤ ᠪᠠᠶᠢᠬᠤ ᠪᠠᠷ ᠦᠯᠦ ᠪᠠᠷᠠᠨ᠂ ᠡᠳᠤᠷ ᠲᠤᠳᠤᠮ ᠤᠨ ᠡᠩ ᠤᠨ ᠬᠡᠷᠡᠭᠯᠡᠭᠡᠨ ᠤ ᠵᠦᠢᠯ᠂ ᠵᠢᠱᠢᠶᠡᠯᠡᠪᠡᠯ ᠠᠶᠠᠭ᠎ᠠ ᠰᠠᠪᠬ᠎ᠠ᠂ ᠪᠢᠷ ᠬᠠᠷᠠᠨᠳᠠ ᠠᠴᠠ ᠠᠪᠤᠭᠠᠳ ᠲᠡᠷᠭᠡ ᠤᠨᠤᠭ᠎ᠠ ᠳᠤ ᠬᠦᠷᠳᠡᠯ᠎ᠡ ᠪᠦᠷ ᠪᠠᠶᠢᠨ᠎ᠠ᠂ ᠦᠭᠡᠷ᠎ᠡ ᠪᠠᠷ ᠬᠡᠯᠡᠪᠡᠯ᠂ ᠠᠯᠢᠪᠠ ᠬᠡᠷᠡᠭᠯᠡᠭᠡᠨ ᠤ ᠪᠣᠳᠠᠰ ᠪᠣᠯᠭᠠᠨ ᠳᠤ ᠪᠠᠷᠤᠭ ᠪᠦᠷ ᠥᠮᠴᠢᠯᠡᠯ ᠤᠨ ᠡᠷᠬᠡ ᠪᠣᠢ᠂ ᠲᠡᠬᠦᠨ ᠤ ᠬᠠᠷᠢᠶᠠᠯᠠᠭᠳᠠᠬᠤ ᠰᠢᠨᠵᠢ ᠴᠢᠨᠠᠷ ᠢᠶᠠᠷ ᠨᠢ ᠤᠯᠤᠰ᠂ ᠬᠠᠮᠲᠤ᠂ ᠬᠤᠪᠢ ᠶᠢᠨ ᠭᠡᠵᠤ ᠬᠤᠪᠢᠶᠠᠬᠤ ᠲᠡᠳᠦᠢ᠃《产权》 ᠢ ᠤᠶᠢᠯᠠᠭᠠᠬᠤ ᠳᠠᠭᠠᠨ ᠭᠡᠷ ᠪᠠᠶᠢᠰᠢᠩ ᠵᠡᠷᠭᠡ ᠲᠤᠮᠤᠬᠠᠨ ᠵᠦᠢᠯᠡᠰ ᠲᠠᠢ ᠬᠤᠯᠪᠤᠭᠳᠠᠭᠤᠯᠵᠤ ᠪᠤᠳᠤᠬᠤ ᠴᠢᠬᠤᠯᠠᠳᠠᠢ᠂ ᠬᠤᠯᠪᠤᠭᠳᠠᠯ ᠪᠦᠬᠦᠢ ᠲᠣᠯᠢ᠂ ᠬᠠᠤᠯᠢ ᠴᠠᠭᠠᠵᠠ ᠶᠢᠨ ᠨᠣᠮ ᠬᠠᠷ᠎ᠠ ᠪᠠᠷ ᠯᠠᠪᠯᠠᠯᠲᠠ ᠪᠣᠯᠭᠠᠨ ᠦᠵᠡᠭᠰᠡᠨ ᠤ ᠲᠠᠷᠠᠭ᠎ᠠ《产权》 ᠢ ᠥᠮᠴᠢ ᠶᠢᠨ ᠡᠷᠬᠡ ᠭᠡᠵᠤ ᠤᠷᠴᠢᠭᠤᠯᠪᠠᠯ ᠪᠣᠯᠣᠮᠠᠷ ᠰᠠᠨᠠᠭᠳᠠᠨ᠎ᠠ᠂ ᠤᠴᠢᠷ ᠨᠢ ᠥᠮᠴᠢ ᠭᠡᠳᠡᠭ ᠦᠭᠡ ᠡᠳ᠋ ᠪᠣᠳᠠᠰ ᠲᠤ ᠰᠢᠭᠤᠳ ᠲᠣᠰᠬᠤ ᠮᠦᠷᠳᠡᠭᠡᠨ ᠦᠨ᠎ᠡ ᠥᠷᠳᠡᠭ ᠲᠠᠢ ᠪᠦᠭᠡᠳ ᠵᠠᠯᠭᠠᠮᠵᠢᠯᠠᠵᠤ ᠪᠣᠯᠬᠤ ᠡᠳ᠋ ᠬᠦᠷᠦᠩᠭᠡ ᠶᠢ ᠭᠡᠯᠡᠨ᠎ᠡ᠃ ᠡᠭᠦᠨ ᠢ ᠥᠮᠴᠢ ᠶᠢᠨ ᠡᠷᠬᠡ ᠭᠡᠵᠤ ᠠᠪᠤᠴᠢᠬᠠᠪᠠᠯ᠂《所有权》ᠭᠡᠬᠦ ᠦᠭᠡ ᠯᠦᠭᠡ ᠢᠯᠭᠠᠭ᠎ᠠ ᠲᠠᠢ ᠤᠷᠴᠢᠭᠤᠯᠵᠤ ᠮᠣᠩᠭᠤᠯ ᠨᠡᠷ᠎ᠡ ᠲᠣᠮᠢᠶ᠎ᠠ ᠲᠠᠪᠬᠤᠴᠠᠬᠤ ᠠᠴᠠ ᠵᠠᠶᠢᠯᠠᠰᠬᠢᠵᠤ ᠴᠢᠳᠠᠬᠤ ᠮᠥᠷᠳᠡᠭᠡᠨ ᠣᠣᠯ ᠦᠭᠡ ᠶᠢᠨ ᠤᠳᠬ᠎ᠠ ᠶᠢ ᠨᠡᠯᠢᠶᠡᠳ ᠵᠥᠪ ᠣᠨᠣᠭᠠᠵᠤ ᠲᠡᠶᠢᠯᠬᠦ ᠰᠢᠭ ᠪᠤᠳᠤᠭᠳᠠᠨ᠎ᠠ᠃