ᠲᠡᠷᠢᠭᠦᠨ ᠨᠢᠭᠤᠷ  -  ᠪᠠᠶᠢᠴᠠᠭᠠᠬᠤ ᠬᠤᠰᠢᠭᠤᠴᠢ

ᠤᠶᠤᠨ ᠄ ᠬᠢᠵᠢᠭ ᠰᠡᠷᠭᠡᠶᠢᠯᠡᠬᠦ ᠨᠢᠭᠡᠲᠦᠭᠡᠷ ᠹᠷᠣᠨᠲ᠋ ᠲᠤ ᠰᠠᠬᠢᠨ ᠰᠠᠭᠤᠭ᠎ᠠ ︽ ᠨᠢᠭᠡᠳᠦᠭᠡᠷ ᠱᠦᠵᠢ ︾

2020-06-02 19:05:29
ᠵᠣᠬᠢᠶᠠᠭᠴᠢ
ᠭᠡᠭᠡᠷᠡᠯ

W020200211688376978864.jpg


ᠬᠢᠵᠢᠭ ᠦᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠡᠨᠡ ᠤᠳᠠᠭᠠᠨ ᠤ ᠬᠠᠲᠠᠭᠤ ᠳᠠᠶᠢᠯᠠᠯᠳᠤᠭᠠᠨ ᠤ ᠢᠯᠠᠯᠲᠠ ᠶᠢ ᠣᠯᠵᠤ ᠴᠢᠳᠠᠬᠤ ᠡᠰᠡᠬᠦ  ᠶᠢᠨ ᠵᠠᠩᠭᠢᠯᠠᠭ᠎ᠠ ᠨᠢ ᠦᠵᠦᠭᠦᠷ ᠲᠦ ᠪᠠᠶᠢᠨ᠎ᠠ᠂ ᠢᠯᠠᠵᠤ ᠢᠯᠠᠭᠳᠠᠬᠤ ᠨᠢ ᠦᠨᠳᠦᠰᠦᠨ ᠱᠠᠳᠤ ᠶᠢ ᠦᠵᠡᠨ᠎ᠡ᠃ ᠡᠸᠡᠩᠬᠢ ᠬᠣᠰᠢᠭᠤ ᠮᠠᠯᠵᠢᠬᠤ ᠬᠣᠰᠢᠭᠤ ᠰᠢᠶᠠᠨ ᠪᠣᠯᠤᠭᠰᠠᠨ ᠤ ᠬᠤᠪᠢ ᠳᠤ ᠂ ᠴᠢᠬᠤᠯᠠ ᠠᠴᠠ ᠴᠢᠬᠤᠯᠠ ᠪᠤᠯᠤᠭᠰᠠᠨ ᠲᠠᠶᠢᠨ  ᠤ ᠲᠠᠯᠠᠪᠤᠷ ᠨᠢ ᠪᠤᠯ ᠲᠠᠷᠤᠢ ᠡᠮᠴᠢᠯᠡᠭᠡᠨ ᠦ ᠡᠬᠢ ᠪᠠᠶᠠᠯᠢᠭ ᠪᠠᠭᠤᠷᠠᠶ ᠂ ᠣᠷᠣᠨ ᠰᠠᠭᠤᠴᠠ ᠨᠢ ᠬᠠᠷᠢᠴᠠᠩᠭᠤᠶ ᠲᠠᠷᠠᠬᠠᠶ ᠪᠤᠲᠠᠷᠬᠠᠶ ᠭᠠᠴᠠᠭ᠎ᠠ ︵ ᠲᠣᠰᠬᠣᠨ ︶ ᠪᠣᠯᠬᠤ ᠨᠢ ᠳᠠᠮᠵᠢᠭ ᠥᠬᠡᠶ ᠶᠤᠮ ᠃


W020200211688377408212.jpg


ᠡᠸᠡᠩᠬᠢ ᠬᠣᠰᠢᠭᠤᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ ᠠᠴᠠ 86 ᠺᠢᠯᠣᠮᠧᠲ᠋ᠷ ᠵᠠᠶᠢᠲᠠᠶ ᠢᠮᠢᠨ ᠰᠤᠮᠤᠨ ᠤ ᠪᠠᠶᠠᠨᠲᠠᠯ᠎ᠠ ᠭᠠᠴᠠᠭᠠᠨ ᠤ ᠨᠢᠭᠡᠳᠦᠭᠡᠷ ᠱᠦᠵᠢ ᠂ ᠢᠮᠢᠨ ᠭᠣᠣᠯ ᠪᠠᠯᠭᠠᠰᠤᠨ ᠳᠤ ᠲᠣᠮᠢᠯᠠᠨ ᠰᠠᠭᠤᠯᠭᠠᠭᠰᠠᠨ ᠪᠠᠶᠢᠴᠠᠭᠠᠬᠤ ᠲᠠᠰᠤᠭ ᠤᠨ ᠡᠷᠬᠢᠯᠡᠭᠴᠢ ᠤᠶᠤᠨ ᠂ 《 ᠶᠠᠳᠠᠭᠤ ᠶᠢ ᠲᠡᠳᠬᠦᠬᠦ 》 ᠺᠠᠳ᠋ᠷ ᠤᠨ ᠳᠦᠷᠢ ᠶᠢ ᠠᠯᠢ ᠡᠷᠲᠡ 《 ᠬᠢᠵᠢᠭ ᠢ ᠰᠡᠷᠭᠡᠶᠢᠯᠡᠬᠦ 》 ᠰᠦᠯᠵᠢᠶᠡᠴᠢᠨ ᠪᠣᠯᠭᠠᠨ ᠬᠤᠪᠢᠷᠠᠭᠤᠯᠵᠤ ᠂ ᠭᠠᠴᠠᠭᠠᠨ ᠤ ᠬᠣᠶᠠᠷ ᠵᠥᠪᠯᠡᠯ ᠪᠣᠯᠤᠨ ᠡᠩ ᠦᠨ ᠨᠠᠮ ᠤᠨ ᠭᠡᠰᠢᠭᠦᠳ ᠲᠡᠶ ᠬᠠᠮᠲᠤ ᠦᠨᠳᠦᠰᠦᠨ ᠱᠠᠲᠤᠨ ᠤ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠲᠤ ᠪᠡᠬᠢ ᠪᠡᠬᠢᠯᠡᠯᠲᠡ ᠶᠢ ᠪᠠᠶᠢᠭᠤᠯᠵᠠᠢ ᠃


W020200211688377729298.jpg


ᠮᠠᠯᠴᠢᠨ ᠲᠦᠮᠡᠨ  ᠦ  ᠰᠠᠬᠢᠨ ︽ ᠬᠠᠮᠠᠭᠠᠯᠠᠭᠴᠢ ︾

ᠤᠶᠤᠨ᠂ 2017 ᠣᠨ ᠳᠤ ᠡᠸᠡᠩᠬᠢ ᠬᠣᠰᠢᠭᠤᠨ ᠤ ᠢᠮᠢᠨ ᠰᠤᠮᠤᠨ ᠤ ᠪᠠᠶᠠᠨᠲᠠᠯ᠎ᠠ ᠭᠠᠴᠠᠭᠠᠨ ᠤ ᠨᠢᠭᠡᠳᠦᠭᠡᠷ ᠱᠦᠵᠢ ᠪᠤᠯᠤᠭᠰᠠᠨ ᠠᠴᠠ ᠪᠠᠨ ᠤᠳᠤ ᠪᠣᠯᠲᠠᠯ᠎ᠠ ᠨᠢᠭᠡᠨᠲᠡ 3 ᠵᠢᠯ ᠪᠣᠯᠪᠠ᠃ ᠡᠨᠡ ᠤᠳᠠᠭᠠᠨ ᠤ ᠭᠡᠨᠡᠳᠲᠡ ᠶᠢᠨ ᠬᠢᠵᠢᠭ ᠦᠨ ᠪᠠᠶᠢᠳᠠᠯ ᠤᠨ ᠡᠮᠦᠨ᠎ᠡ᠂ ᠲᠡᠷᠡ ᠰᠠᠨᠠᠭᠠᠴᠢᠯᠠᠭ᠎ᠠ ᠠᠴᠠ ᠪᠠᠨ ᠠᠮᠠᠷᠠᠯᠲᠠ ᠪᠠᠨ ᠵᠣᠭᠰᠣᠭᠠᠵᠤ᠂ ᠭᠠᠴᠠᠭᠠᠨ ᠳᠠᠭᠠᠨ ᠲᠦᠷᠭᠡᠨ ᠪᠤᠴᠠᠵᠤ᠂ ᠠᠵᠢᠯ ᠤᠨ ᠪᠠᠶᠢᠷᠢ ᠪᠠᠨ ᠪᠠᠲᠤ ᠰᠠᠬᠢᠪᠠ᠃

ᠭᠠᠴᠠᠭᠠᠨ ᠳᠠᠭᠠᠨ ᠪᠤᠴᠠᠮᠠᠭᠴᠠ ᠂ ᠤᠶᠤᠨ ᠪᠣᠯᠤᠨ ᠬᠣᠶᠠᠷ ᠵᠥᠪᠯᠡᠯ ᠦᠨ ᠭᠡᠰᠢᠭᠦᠳ ᠬᠥᠳᠡᠯᠦᠯᠴᠡᠵᠦ ᠂ ᠡᠸᠡᠩᠬᠢ ᠬᠣᠰᠢᠭᠤᠨ ᠤ ᠨᠠᠮ ᠤᠨ ᠬᠣᠷᠢᠶ᠎ᠠ ᠂ ᠬᠣᠰᠢᠭᠤᠨ ᠤ ᠵᠠᠰᠠᠭ ᠤᠨ ᠣᠷᠳᠣᠨ ᠤ ᠱᠠᠭᠠᠷᠳᠠᠯᠭ᠎ᠠ ᠶᠣᠰᠣᠭᠠᠷ ᠂ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠭᠤᠷᠪᠠᠨ ᠱᠠᠲᠤᠨ ᠤ ᠰᠦᠯᠵᠢᠶᠡᠨ ᠦ ᠰᠢᠰᠲ᠋ᠧᠮ ᠢ ᠪᠠᠶᠢᠭᠤᠯᠵᠤ ᠂ ᠤᠶᠤᠨ  ᠢ ᠪᠠᠭᠲᠠᠭᠠᠭᠰᠠᠨ 5 ᠰᠦᠯᠵᠢᠶᠡᠴᠢᠨ ᠠᠵᠢᠯᠲᠠᠨ ᠪᠠᠶᠠᠨᠲᠠᠯ᠎ᠠ ᠭᠠᠴᠠᠭ᠎ᠠ ᠶᠢᠨ 134 ᠡᠷᠦᠬᠡ ᠶᠢᠨ 278 ᠬᠥᠮᠦᠨ  ᠦ ᠬᠢᠵᠢᠭ ᠦᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠠᠵᠢᠯ ᠢ ᠬᠠᠷᠢᠭᠤᠴᠠᠪᠠ ᠃ 1 ᠰᠠᠷ᠎ᠠ ᠶᠢᠨ 6 ᠤ ᠡᠳᠦᠷ ᠡᠴᠡ ᠰᠡᠭᠦᠯᠡᠷ ᠭᠠᠳᠠᠷ ᠣᠷᠣᠨ ᠠᠴᠠ ᠢᠷᠡᠭᠰᠡᠨ ᠬᠥᠮᠦᠰ ᠢᠯᠠᠩᠭᠤᠶ᠎ᠠ ᠬᠤᠪᠸᠢ ᠂ ᠬᠠᠷᠠᠮᠦ᠋ᠷᠡᠨ  ᠦ ᠴᠢᠴᠢᠬᠠᠷ ᠠᠴᠠ ᠢᠷᠡᠭᠰᠡᠨ ᠂ ᠬᠥᠯᠥᠨ ᠪᠣᠶᠢᠷ ᠤᠨ ᠮᠣᠷᠢᠨ ᠳᠠᠪᠠᠭ᠎ᠠ ᠳᠠᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠬᠣᠰᠢᠭᠤ ᠵᠡᠷᠭᠡ ᠭᠠᠵᠠᠷ ᠠᠴᠠ ᠨᠤᠲᠤᠭ ᠲᠠᠭᠠᠨ ᠪᠤᠴᠠᠭᠰᠠᠨ ᠬᠥᠮᠦᠰ ᠢ ᠵᠢᠭᠰᠠᠭᠠᠨ ᠪᠠᠶᠢᠴᠠᠭᠠᠵᠤ ᠂ ᠨᠠᠷᠢᠨ ᠲᠣᠳᠣᠷᠬᠠᠶ ᠲᠡᠮᠳᠡᠭᠯᠡᠵᠦ ᠵᠠᠭᠰᠠᠭᠠᠯᠲᠠ  ᠶᠢᠨ ᠲᠠᠩᠰᠠ ᠶᠢ ᠰᠠᠶᠢᠲᠤᠷ ᠪᠠᠶᠢᠭᠤᠯᠤᠭᠰᠠ ᠪᠠᠶᠢᠨ᠎ᠠ ︔ ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ ᠂ ᠭᠠᠷ ᠤᠲᠠᠰᠤᠨ ᠤ ᠸᠢᠴᠠᠲ  ᠶᠢᠨ ᠪᠦᠯᠦᠭ ᠵᠡᠷᠭᠡ ᠪᠡᠷ ᠳᠠᠮᠵᠢᠭᠤᠯᠤᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠵᠢᠴᠢ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠡᠷᠭᠡ ᠬᠠᠮᠢᠶ᠎ᠠ ᠪᠥᠬᠥᠶ ᠮᠡᠳᠡᠯᠭᠡ ᠶᠢᠨ ᠤᠬᠠᠭᠤᠯᠭ᠎ᠠ ᠶᠢ ᠰᠠᠶᠢᠲᠤᠷ ᠬᠢᠪᠡ ︔ ᠡᠳᠦᠷ ᠪᠦᠷᠢ ᠬᠣᠰᠢᠭᠤᠨ  ᠳᠦ ᠵᠢᠭᠰᠠᠭᠠᠨ ᠪᠠᠶᠢᠴᠠᠭᠠᠭᠰᠠᠨ ᠪᠠᠶᠢᠳᠠᠯ ᠢᠶᠠᠨ ᠮᠡᠳᠡᠭᠦᠯᠦᠨ ᠬᠦᠷᠬᠡᠭᠰᠡᠨ ᠪᠠᠶᠢᠨ᠎ᠠ ᠃


W020200211688378051056.jpg


《 ᠤᠶᠤᠨ  ᠱᠦᠵᠢ ᠡ ᠂ ᠥᠨᠥᠳᠥᠷ ᠶᠠᠭᠠᠬᠢᠵᠤ ᠪᠠᠢᠨ᠎ᠠ ᠪᠤᠢ ᠂ ᠮᠠᠨ ᠤ ᠡᠨᠳᠡ ᠶᠠᠮᠠᠷ ᠪᠠᠢᠳᠠᠯ ᠲᠠᠢ ᠪᠠᠶᠢᠨ᠎ᠠ ︖︾

︽ ᠣᠳᠣᠬᠠᠨ ᠳᠤ ᠠᠯᠢᠪᠠ ᠪᠦᠬᠦᠨ ᠴᠥᠮ ᠶᠡᠬᠡ ᠰᠠᠶᠢᠨ ᠪᠠᠶᠢᠨ᠎ᠠ ᠂ ᠰᠠᠨᠠᠭ᠎ᠠ ᠠᠮᠤᠷ ᠪᠠᠶ ᠂ ᠲᠠ ᠨᠠᠷ ᠪᠦᠷ ᠭᠡᠷ ᠲᠡᠬᠡᠨ ᠨᠣᠮᠣᠬᠠᠨ ᠰᠠᠭᠤᠵᠤ ᠪᠠᠶᠢᠪᠠᠯ ᠂ ᠪᠢᠳᠡᠨ ᠦ ᠰᠡᠳᠬᠢᠯ ᠰᠠᠨᠠᠭ᠎ᠠ ᠠᠮᠤᠷ ᠪᠣᠯᠤᠨ᠎ᠠ ᠃ ᠲᠠᠨᠤᠰ ᠶᠠᠭᠤ ᠳᠤᠲᠠᠪᠠᠯ ᠨᠠᠳᠠ ᠳᠤ ᠤᠲᠠᠰᠤ ᠢᠷᠡᠭᠦᠯ ᠂ ᠪᠢᠲᠡᠭᠡᠢ ᠭᠠᠳᠠᠭᠰᠢ ᠭᠠᠷᠴᠤ ᠠᠢᠯᠴᠢᠯᠠ ᠃ ︾ ᠥᠩᠭᠡᠷᠡᠭᠡᠭᠰᠡᠨ  ᠤ ᠬᠢ ᠲᠡᠶ ᠪᠡᠨ ᠠᠳᠠᠯᠢ ᠤᠶᠦᠨ ᠪᠠᠰᠠ ᠮᠠᠯᠴᠢᠳ ᠤᠨ ᠤᠲᠠᠰᠤ ᠶᠢ ᠲᠤᠰᠴᠤ ᠂ ᠤᠷᠤᠰᠤᠮ᠎ᠠ ᠰᠠᠶᠢᠬᠠᠨ ᠳᠠᠭᠤᠷ ᠬᠡᠯᠡ ᠪᠡᠷ ᠲᠡᠭᠦᠨ ᠲᠡᠶ ᠬᠡᠳᠦᠨ ᠦᠭᠡ ᠶᠠᠷᠢᠯᠴᠠᠬᠤ ᠳᠤ  ᠪᠠᠨ ᠂ ᠬᠢᠵᠢᠭ ᠦᠨ ᠰᠡᠷᠭᠡᠶᠢᠯᠡᠯᠲᠡ  ᠪᠠᠨ  ᠰᠠᠶᠢᠨ ᠬᠢ ᠭᠡᠵᠦ ᠳᠠᠬᠢᠨᠲᠠ ᠵᠠᠬᠢᠬᠤ ᠪᠠᠨ ᠬᠡᠵᠢᠶᠡᠲᠡ ᠮᠠᠷᠲᠠᠬᠤ ᠦᠭᠡᠢ ᠪᠢᠯᠡ ᠃

ᠤᠶᠤᠨ  ᠬᠡᠯᠡᠭᠰᠡᠨ ᠨᠢ ᠄ 《 ᠰᠠᠶ᠋ᠢ ᠡᠬᠢᠯᠡᠬᠦ  ᠳᠤ ᠂ ᠮᠠᠯᠴᠢᠳ ᠬᠢᠵᠢᠭ ᠦᠨ ᠪᠠᠶᠢᠳᠠᠯ ᠢ ᠳᠡᠮᠡᠶ ᠣᠶᠢᠯᠠᠭᠠᠬᠤ ᠦᠭᠡᠢ᠂ ᠠᠮᠠᠪᠴᠢ ᠵᠡᠭᠦᠬᠦ ᠦᠭᠡᠢ ᠪᠡᠷ  ᠭᠠᠷᠴᠤ ᠶᠠᠪᠤᠨ᠎ᠠ᠃ ᠪᠠᠰᠠ ᠣᠨᠴᠠ ᠵᠠᠷᠢᠮ ᠬᠥᠮᠦᠨ ᠲᠥᠷᠥᠯ ᠰᠠᠳᠤᠨ ᠨᠠᠶᠢᠵᠠ ᠨᠥᠬᠥᠳ ᠢᠶᠡᠨ ᠡᠷᠭᠢᠵᠦ ᠂ ᠢᠳᠬᠠᠯ ᠢ ᠰᠣᠨᠣᠰᠬᠤ ᠦᠭᠡᠢ ᠃ ᠬᠣᠵᠢᠮ ᠨᠢ᠂ ᠪᠢᠳᠡ ᠨᠡᠶᠢᠲᠡᠯᠢᠭ ᠵᠢᠱᠢᠢ᠎ᠡ ᠶᠢ ᠰᠤᠩᠭᠤᠨ ᠨᠠᠷᠢᠨ ᠵᠠᠲᠠᠯᠵᠤ  ᠶᠠᠷᠢᠬᠤ ᠶᠢᠨ ᠬᠠᠮᠲᠤ ᠂ ᠦᠨᠳᠦᠰᠦᠲᠡᠨ ᠦ ᠦᠭᠡ ᠬᠡᠯᠡᠨ ᠦ ᠨᠡᠪᠲᠡᠷᠡᠯᠴᠡᠭᠡ  ᠶᠢᠨ ᠲᠠᠪᠠᠭᠤᠯᠢᠭ  ᠢᠶᠠᠨ ᠠᠰᠢᠭᠯᠠᠭᠰᠠᠨ  ᠠᠴᠠ ᠣᠳᠣ ᠲᠡᠳᠡᠨ ᠦ ᠰᠡᠷᠭᠡᠶᠢᠯᠡᠯᠲᠡ  ᠶᠢᠨ ᠤᠬᠠᠮᠰᠠᠷ ᠨᠢ ᠴᠦ ᠲᠡᠭᠡᠭᠰᠢᠯᠡᠭᠰᠡᠨ ᠪᠠᠶᠢᠨ᠎ᠠ ᠃》


W020200211688378390904.jpg


ᠤᠬᠠᠭᠤᠯᠵᠤ ᠬᠥᠲᠥᠯᠥᠨ ᠵᠢᠯᠣᠭᠣᠳᠬᠤ ᠠᠴᠠ ᠭᠠᠳᠠᠨ᠎ᠠ ᠂ ᠰᠡᠷᠭᠡᠶᠢᠯᠡᠨ ᠡᠵᠡᠮᠳᠡᠵᠦ ᠵᠢᠭᠰᠠᠭᠠᠨ ᠪᠠᠶᠢᠴᠠᠭᠠᠬᠤ ᠠᠵᠢᠯ  ᠢ ᠴᠤ ᠰᠤᠯᠠᠷᠠᠭᠤᠯᠤᠯ ᠥᠬᠡᠶ ᠬᠢᠭᠰᠡᠨ ᠪᠠᠶᠢᠨ᠎ᠠ ᠃ ᠬᠢᠵᠢᠭ ᠦᠨ ᠪᠠᠶᠢᠲᠠᠯ  ᠤᠨ ᠳᠡᠯᠭᠡᠷᠡᠬᠦ ᠶᠢ ᠪᠦᠲᠦᠮᠵᠢᠲᠡᠶ ᠬᠣᠷᠢᠭᠯᠠᠬᠤ ᠶᠢᠨ ᠲᠥᠯᠥᠭᠡ ᠂ ᠤᠶᠤᠨ ᠭᠠᠴᠠᠭᠠᠨ  ᠤ ᠬᠣᠶᠠᠷ ᠵᠥᠪᠯᠡᠯ  ᠦᠨ ᠭᠡᠰᠢᠭᠦᠨ  ᠢᠶᠡᠨ ᠳᠠᠭᠠᠭᠤᠯᠤᠨ ᠪᠠᠶᠠᠨᠲᠠᠯ᠎ᠠ ᠭᠠᠴᠠᠭᠠᠨ  ᠤ ᠮᠠᠨᠲᠤ ᠠᠭᠤᠯᠠᠨ  ᠤ ᠬᠣᠷᠮᠣᠶ ᠳᠣᠸᠷ᠎ᠠ ᠂ ᠠᠵᠢᠯᠯᠠᠭᠠᠨ  ᠤ ᠪᠠᠶᠢᠰᠢᠩ  ᠢᠶᠠᠷ ᠬᠢᠵᠢᠭ  ᠦᠨ ᠪᠠᠶᠢᠳᠠᠯ  ᠢ ᠰᠡᠷᠭᠡᠶᠢᠯᠡᠨ ᠡᠵᠡᠮᠳᠡᠬᠦ ᠭᠠᠵᠠᠷ ᠪᠠᠶᠢᠭᠤᠯᠵᠤ ᠂ ᠭᠠᠴᠠᠭ᠎ᠠ  ᠠᠴᠠ ᠣᠷᠣᠵᠤ ᠭᠠᠷᠬᠤ ᠴᠣᠷ ᠤᠨ ᠭᠠᠭᠴᠠ ᠨᠢᠭᠡ ᠵᠠᠮ  ᠢ ︽ᠪᠦᠭᠯᠡᠭᠰᠡ ︾ ᠪᠠᠶᠢᠨ᠎ᠠ  ᠃ ᠤᠶᠤᠨ  ᠪᠣᠯᠤᠨ ᠬᠣᠶᠠᠷ ᠵᠥᠪᠯᠡᠯ ᠦᠨ ᠭᠡᠰᠢᠭᠦᠨ 24 ᠴᠠᠭ ᠡᠭᠡᠯᠵᠢᠯᠡᠨ ᠵᠢᠵᠢᠭᠦᠷᠯᠡᠭᠰᠡᠨ ᠪᠠᠶᠢᠨ᠎ᠠ ᠃

ᠬᠡᠲᠦᠶᠢᠪᠡᠷ ᠨᠢᠭᠡᠨᠲᠡ ᠬᠠᠪᠤᠷ ᠤᠨ ᠠᠭᠤᠷ ᠤᠷᠤᠭᠰᠠᠨ ᠪᠣᠯᠪᠠᠴᠤ ᠬᠥᠯᠥᠨ ᠪᠤᠶᠢᠷ ᠮᠦᠨᠬᠦ ᠬᠠᠬᠢᠷ ᠬᠦᠢᠲᠡᠨ ᠪᠠᠶᠢᠪᠠ ᠃ ᠡᠳᠦᠷ ᠦᠨ ᠭᠡᠷ ᠦᠨ ᠭᠠᠳᠠᠨᠠᠬᠢ ᠳᠤᠯᠠᠭᠠᠨ ᠤ ᠬᠡᠮᠵᠢᠶ᠎ᠡ ᠲᠡᠭ ᠡᠴᠡ ᠳᠣᠷᠣᠭᠰᠢ 20℃ ᠪᠠᠶᠢᠳᠠᠭ᠃ 《 ᠬᠢᠵᠢᠭ  ᠦᠨ ᠪᠠᠶᠢᠳᠠᠯ  ᠢ ᠰᠡᠷᠭᠡᠶᠢᠯᠡᠨ ᠡᠵᠡᠮᠳᠡᠬᠦ ᠳᠠᠩᠰᠠᠯᠠᠯᠲᠠ  ᠶᠢᠨ ᠴᠡᠭ》 ᠦᠨ ᠭᠡᠷ ᠳᠣᠲᠣᠷᠠᠬᠢ ᠳᠤᠯᠠᠭᠠᠨ  ᠤ ᠬᠡᠮᠵᠢᠶ᠎ᠡ ᠨᠢ ᠭᠡᠷ  ᠦᠨ ᠭᠠᠳᠠᠨᠠᠬᠢ  ᠠᠴᠠ ᠳᠡᠮᠡᠶ ᠥᠨᠳᠥᠷ ᠦᠭᠡᠶ ᠪᠣᠯᠬᠣᠷ ᠵᠢᠭᠰᠠᠭᠠᠨ ᠪᠠᠶᠢᠴᠠᠭᠠᠵᠤ ᠲᠡᠮᠲᠡᠭᠯᠡᠯ ᠬᠢᠬᠦ  ᠳᠦ ᠪᠡᠭᠡᠯᠡᠶ ᠵᠡᠭᠦᠪᠡᠴᠦ ᠲᠤᠰᠠ ᠪᠤᠯᠬᠤ ᠦᠭᠡᠢ ᠃ ᠡᠭᠦᠨ ᠡᠴᠡ ᠭᠠᠳᠠᠨ᠎ᠠ ᠂ ᠳᠠᠩᠰᠠᠯᠠᠬᠤ ᠭᠠᠵᠠᠷ ᠴᠠᠬᠢᠯᠭᠠᠨ ᠨᠡᠪᠲᠡᠷᠡᠬᠦ ᠦᠭᠡᠢ ᠂ ᠲᠩᠷᠢ ᠬᠠᠷᠠᠩᠭᠤᠢ ᠪᠣᠯᠪᠠᠯ ᠵᠥᠪᠬᠡᠨ ᠭᠠᠷ ᠤᠲᠠᠰᠤ ᠪᠠᠷ ᠭᠡᠷᠡᠯᠲᠦᠨ᠎ᠡ ᠂ ᠲᠡᠭᠡᠬᠦ ᠮᠥᠷᠲᠡᠭᠡᠨ ᠬᠣᠭᠣᠯᠠ ᠬᠢᠬᠦ ᠠᠷᠭ ᠎ᠠ ᠦᠭᠡᠢ  ᠠᠴᠠ ᠬᠣᠭᠣᠯᠠ ᠢᠳᠡᠬᠦ ᠨᠢ ᠪᠠᠰᠠᠴᠤ ᠨᠢᠭᠡᠨ  ᠠᠰᠠᠭᠤᠳᠠᠯ ᠪᠣᠯᠵᠠᠢ ᠃ ᠭᠡᠪᠡᠴᠦ ᠡᠳᠡᠭᠡᠷ ᠠᠰᠠᠭᠤᠳᠠᠯ ᠨᠢ ᠬᠣᠶᠠᠷ ᠵᠦᠪᠯᠡᠯ  ᠦᠨ ᠪᠦᠷᠢᠯᠳᠦᠬᠦᠨ ᠪᠠ ᠮᠠᠯᠴᠢᠨ ᠲᠦᠮᠡᠨ ᠦ ᠬᠠᠯᠠᠭᠤᠨ ᠬᠠᠪᠰᠤᠷᠤᠯᠭ᠎ᠠ ᠪᠠᠷ ᠨᠢᠭᠡᠨᠲᠡ ᠰᠢᠶᠳᠪᠦᠷᠢᠯᠡᠵᠡᠶ᠃


W020200211688378734923.jpg


︽ᠨᠡᠭᠦᠷᠡᠰᠦ ᠶᠢ ᠰᠤᠮᠤ ᠶᠢᠨ ᠵᠠᠰᠠᠭ ᠤᠨ ᠣᠷᠳᠣᠨ ᠠᠴᠠ ᠥᠭᠭᠦᠭᠰᠡᠨ ᠶᠤᠮ᠃ ᠵᠤᠤᠬ᠎ᠠ ᠪᠣᠯ ᠭᠠᠴᠠᠭᠠᠨ ᠤ ᠰᠦᠨ ᠱᠦᠵᠢ ᠶᠢᠨ ᠭᠡᠷ ᠦᠨ ᠬᠢ 》 ᠭᠡᠵᠦ ᠤᠶᠤᠨ  ᠨᠠᠷᠢᠨ ᠲᠣᠭᠠᠯᠠᠵᠤ ᠂ 《 ᠳᠡᠩᠰᠡᠯᠡᠯᠲᠡ ᠶᠢᠨ ᠴᠡᠭ ᠡᠴᠡ ᠳᠡᠮᠡᠶ ᠬᠣᠯᠠ ᠥᠬᠡᠶ ᠮᠠᠯᠴᠢᠨ ᠨᠠᠮᠤᠷ ᠪᠢᠳᠡᠨ ᠦ ᠴᠠᠬᠢᠯᠭᠠᠨ ᠥᠬᠡᠶ ᠪᠠᠶᠢᠬᠤ ᠶᠢ ᠮᠡᠲᠡᠭᠡᠳ ᠂ ᠰᠠᠨᠠᠭᠠᠴᠢᠯᠠᠭ᠎ᠠ  ᠠᠴᠠ  ᠪᠠᠨ ᠲᠡᠭᠦᠨ  ᠦ ᠭᠡᠷ  ᠡᠴᠡ ᠤᠲᠠᠰᠤ ᠵᠠᠯᠭᠠᠬᠤ  ᠶᠢ ᠱᠠᠭᠠᠷᠲᠠᠵᠤ ᠂ ᠡᠨᠡᠬᠦ ᠤᠴᠢᠷ ᠨᠢ ᠮᠢᠨᠦ ᠰᠡᠳᠬᠢᠯ  ᠳᠦ ᠮᠠᠰᠢ ᠲᠤᠯᠠᠭᠠᠬᠠᠨ ᠰᠠᠨᠠᠭᠲᠠᠭᠰᠠᠨ ᠪᠠᠶᠢᠨ᠎ᠠ ᠃︾ ᠬᠡᠲᠦᠶᠢᠪᠡᠷ ᠤᠲᠤᠬᠠᠨ  ᠳᠤ ᠨᠦᠭᠦᠴᠡᠯ ᠪᠠᠷᠤᠭᠲᠠᠢ ᠪᠤᠯᠪᠠᠴᠤ ᠂ ᠮᠠᠯᠴᠢᠨ ᠲᠦᠮᠡᠨ  ᠦ ᠬᠠᠯᠠᠭᠤᠨ ᠲᠡᠮᠵᠢᠯᠭᠡ ᠪᠢᠲᠡᠨ  ᠦ ᠬᠢᠵᠢᠭ  ᠦᠨ ᠪᠠᠶᠢᠲᠠᠯ  ᠢ ᠰᠡᠷᠭᠡᠶᠢᠯᠡᠨ ᠡᠵᠡᠮᠲᠡᠬᠦ ᠲᠠᠶᠢᠯᠠᠯᠳᠤᠭᠠᠨ  ᠤ ᠢᠯᠠᠯᠲᠠ  ᠶᠢ ᠤᠯᠬᠤ ᠢᠲᠡᠭᠡᠯ  ᠢ ᠬᠦᠪᠴᠢᠯᠡᠭᠰᠡᠨ ᠪᠠᠶᠢᠨ᠎ᠠ ᠃


W020200211688379461583.jpg


ᠨᠠᠮ ᠤᠨ ᠭᠡᠰᠢᠭᠦᠨ ᠦ ︽ ᠳᠠᠭᠠᠭᠤᠯᠤᠭᠴᠢ ︾

ᠭᠠᠴᠠᠭᠠᠨ ᠤ ᠨᠢᠭᠡᠳᠦᠭᠡᠷ ᠱᠦᠵᠢ ᠤᠶᠤᠨ ︽ᠡᠮᠦᠨ᠎ᠡ ᠨᠢ ᠶᠠᠪᠤᠵᠤ᠂ ᠪᠣᠳᠠᠲᠠᠢ ᠠᠵᠢᠯᠯᠠᠬᠤ︾ ᠶᠢ ᠪᠠᠷᠢᠮᠲᠠᠯᠠᠵᠤ᠂ ᠭᠠᠴᠠᠭᠠᠨ ᠤ ᠬᠣᠶᠠᠷ ᠵᠥᠪᠯᠡᠯ ᠲᠡᠶ ᠬᠠᠮᠲᠤᠪᠠᠷ ᠡᠩ ᠦᠨ ᠨᠠᠮ ᠤᠨ ᠭᠡᠰᠢᠭᠦᠨ ᠢ ᠳᠠᠭᠠᠭᠤᠯᠤᠨ ᠡᠨᠡ ᠤᠳᠠᠭᠠᠨ ᠤ ᠳᠠᠢᠨ ᠤ ︽ᠬᠢᠵᠢᠭ︾ ᠲᠦ ᠣᠷᠣᠯᠴᠠᠭᠤᠯᠪᠠ᠃ ᠨᠠᠰᠤ ᠠᠬᠢᠭᠰᠠᠨ ᠨᠠᠮ ᠤᠨ ᠭᠡᠰᠢᠭᠦᠨ ᠦ ᠬᠥᠳᠡᠯᠵᠦ ᠪᠠᠷᠢᠬᠤ ᠳᠤ ᠳᠥᠭᠥᠮ ᠦᠭᠡᠢ ᠪᠠᠶᠢᠬᠤ ᠶᠢ ᠪᠣᠳᠣᠯᠬᠢᠯᠠᠵᠤ ᠂ ᠵᠠᠯᠠᠭᠤ ᠨᠠᠮ ᠤᠨ ᠭᠡᠰᠢᠭᠦᠳ ᠬᠢᠵᠢᠭ ᠦᠨ ᠪᠠᠶᠢᠳᠠᠯ ᠢ ᠬᠢᠨᠠᠨ ᠪᠠᠶᠢᠴᠠᠭᠠᠬᠤ ᠂ ᠵᠢᠭᠰᠠᠭᠠᠨ ᠪᠠᠶᠢᠴᠠᠭᠠᠬᠤ ᠂ ᠰᠡᠷᠭᠡᠶᠢᠯᠡᠨ ᠡᠵᠡᠮᠳᠡᠬᠦ ᠵᠡᠷᠭᠡ ᠠᠵᠢᠯ ᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠵᠦ ᠂ ᠭᠠᠳᠠᠨ᠎ᠠ ᠣᠷᠣᠨ ᠤ ᠨᠤᠲᠤᠭ  ᠲᠠᠭᠠᠨ ᠪᠤᠴᠠᠭᠰᠠᠨ ᠬᠥᠮᠦᠰ ᠢ 24 ᠴᠠᠭ ᠵᠢᠭᠰᠠᠭᠠᠨ ᠪᠠᠶᠢᠴᠠᠭᠠᠬᠤ ᠂ ᠵᠢᠵᠢᠭᠦᠷᠯᠡᠬᠦ ᠠᠵᠢᠯ ᠳᠤ ᠲᠦᠷᠦᠭᠦᠯᠡᠨ ᠣᠷᠣᠯᠴᠠᠵᠤ ᠂ ᠨᠠᠮ ᠤᠨ ᠭᠡᠰᠢᠭᠦᠨ ᠦ ᠭᠣᠣᠯᠳᠠᠯᠭᠠᠲᠤ ᠡᠷᠦᠬᠡ ᠴᠦ ᠥᠪᠡᠷ ᠥᠪᠡᠷ ᠦᠨ ᠮᠠᠯᠵᠢᠬᠤ ᠡᠷᠦᠬᠡ ᠪᠡᠨ ᠰᠠᠶᠢᠲᠤᠷ ᠬᠢᠨᠠᠵᠤ ᠂ ᠴᠠᠭᠠᠨ ᠰᠠᠷ᠎ᠠ  ᠶᠢᠨ ᠬᠤᠭᠤᠴᠠᠭᠠᠨ  ᠳᠤ ᠬᠠᠮᠲᠤ ᠬᠣᠭᠣᠯᠠᠯᠠᠬᠤ ᠦᠭᠡᠶ ᠂ ᠬᠠᠸᠯᠢ ᠴᠠᠭᠠᠵᠠ  ᠶᠢᠨ ᠤᠬᠠᠭᠤᠯᠭ᠎ᠠ ᠪᠠ ᠬᠥᠲᠥᠯᠥᠨ ᠵᠢᠯᠣᠭᠣᠳᠬᠤ ᠠᠵᠢᠯ  ᠢ ᠰᠠᠶᠢᠲᠤᠷ ᠬᠢᠵᠦ᠂ ᠤᠶᠤᠨ ᠪᠣᠯᠤᠨ ᠪᠤᠰᠤᠳ ᠰᠦᠯᠵᠢᠶᠡᠴᠢᠳ  ᠢ ᠬᠠᠪᠰᠤᠷᠤᠨ ᠠᠵᠢᠯ  ᠤᠨ ᠳᠠᠷᠤᠯᠲᠠ  ᠶᠢ ᠨᠢ ᠬᠦᠩᠭᠡᠷᠡᠭᠦᠯᠦᠭᠰᠡᠨ ᠪᠠᠶᠢᠨ᠎ᠠ ᠃

ᠤᠶᠤᠨ  ᠦ ᠬᠠᠮᠤᠭ ᠠᠴᠠ ᠰᠠᠨᠠᠭᠠᠰᠢᠷᠠᠳᠠᠭ ᠨᠢ ᠭᠡᠪᠡᠯ ᠂ ᠭᠡᠷ ᠲᠡᠬᠡᠨ ᠤᠳᠠᠭᠠᠨ ᠰᠠᠭᠤᠪᠠᠯ  ᠮᠠᠯᠴᠢᠳ ᠰᠡᠳᠬᠢᠯ ᠰᠠᠨᠠᠭ᠎ᠠ ᠲᠣᠭᠲᠠᠪᠤᠷᠢ ᠦᠭᠡᠢ ᠪᠣᠯᠵᠤ᠂ ᠭᠡᠷ ᠪᠦᠯᠢ ᠶᠢᠨ ᠵᠥᠷᠢᠴᠡᠯ ᠡᠭᠦᠰᠴᠦ ᠮᠡᠳᠡᠨ᠎ᠡ᠃ ᠲᠡᠷᠡ ᠮᠥᠷᠲᠡᠭᠡᠨ ᠵᠠᠷᠢᠮ ᠭᠠᠳᠠᠭᠰᠢ ᠭᠠᠷᠴᠤ ᠬᠦᠴᠦ ᠶᠠᠪᠤᠵᠤ ᠪᠠᠶᠢᠭ᠎ᠠ ᠮᠠᠯᠴᠢᠳ ᠲᠦᠷ ᠴᠠᠭ ᠰᠠᠯᠵᠤ ᠪᠣᠯᠬᠤ ᠥᠬᠡᠶ ᠂ ᠬᠢᠵᠢᠭ ᠦᠨ ᠪᠠᠶᠢᠳᠠᠯ  ᠢ ᠰᠡᠷᠭᠡᠶᠢᠯᠡᠨ ᠬᠢᠵᠠᠭᠠᠷᠯᠠᠬᠤ ᠠᠵᠢᠯ ᠳᠤ ᠪᠠᠰᠠ ᠵᠣᠬᠢᠬᠤ ᠨᠥᠯᠥᠭᠡ ᠦᠵᠡᠭᠦᠯᠦᠭᠰᠡᠨ ᠪᠠᠶᠢᠨ᠎ᠠ ᠃

︽ ᠡᠶᠢᠮᠦᠷᠬᠦ ᠪᠠᠶᠢᠳᠠᠯ ᠠᠴᠠ ᠵᠠᠶᠢᠯᠠᠰᠬᠢᠬᠦ ᠶᠢᠨ ᠲᠥᠯᠥᠭᠡ ᠂ ᠮᠠᠨ ᠤ ᠭᠠᠴᠠᠭᠠᠨ ᠤ ᠨᠠᠰᠤ ᠠᠬᠢᠭᠰᠠᠨ ᠂ ᠬᠥᠳᠡᠯᠵᠦ ᠪᠠᠷᠢᠬᠤ ᠳᠤ ᠳᠥᠭᠥᠮ ᠦᠭᠡᠢ ᠨᠠᠮ ᠤᠨ ᠭᠡᠰᠢᠭᠦᠳ ᠰᠡᠳᠬᠢᠴᠡ ᠶᠢᠨ ᠲᠠᠯ᠎ᠠ ᠪᠠᠷ ᠬᠥᠲᠥᠯᠥᠨ ᠵᠢᠯᠣᠭᠣᠳᠬᠤ ᠡᠭᠦᠷᠭᠡ  ᠶᠢ ᠡᠭᠦᠷᠭᠡᠯᠡᠵᠦ ᠠᠪᠤᠭᠰᠠᠨ ᠪᠠᠶᠢᠨ᠎ᠠ ᠃ ᠤᠲᠠᠰᠤ  ᠪᠠᠷ ᠳᠠᠮᠵᠢᠭᠤᠯᠤᠨ ᠂ ᠬᠦᠷᠦᠯᠴᠡᠬᠦ ᠦᠭᠡᠢ ᠬᠡᠯᠪᠡᠷᠢ ᠶᠢᠨ ᠨᠡᠪᠲᠡᠷᠡᠯᠴᠡᠭᠡ ᠬᠢᠵᠦ ᠂ ᠮᠠᠯᠴᠢᠳ ᠲᠠᠶ ᠵᠣᠭᠣᠭᠳᠠᠬᠤ ᠳᠤ ᠴᠤ ᠭᠡᠰᠡᠨ ᠲᠡᠳᠡᠨ ᠦ ᠰᠡᠳᠬᠢᠴᠡ ᠶᠢᠨ ᠪᠠᠶᠢᠳᠠᠯ ᠢ ᠡᠵᠡᠮᠰᠢᠬᠦ ᠶᠢᠨ ᠬᠠᠮᠲᠤ ᠲᠡᠭᠦᠨ ᠢ ᠬᠥᠲᠥᠯᠥᠨ ᠵᠢᠯᠣᠭᠣᠳᠴᠤ ᠴᠢᠳᠠᠨ᠎ᠠ᠃ ᠤᠶᠤᠨ ᠬᠡᠯᠡᠭᠰᠡᠨ ᠨᠢ ᠂ ᠣᠳᠣ ᠭᠠᠴᠠᠭᠠᠨ ᠤ 25 ᠨᠠᠮ ᠤᠨ ᠭᠡᠰᠢᠭᠦᠨ ᠴᠥᠮ ᠳᠠᠢᠨ ᠳᠤ ᠣᠷᠣᠯᠴᠠᠵᠤ ᠪᠠᠶᠢᠨ᠎ᠠ ᠃ ᠥᠪᠡᠷ ᠥᠪᠡᠷ ᠦᠨ ᠦᠢᠯᠡᠳᠦᠯ ᠢᠶᠡᠨ ᠪᠠᠳᠠᠷᠠᠭᠤᠯᠤᠭᠰᠠᠨ ᠢᠶᠠᠷ ᠨᠠᠮ ᠤᠨ ᠭᠡᠰᠢᠭᠦᠳ ᠦᠨ ᠨᠢᠭᠲᠠᠷᠠᠯ ᠤᠨ ᠬᠦᠴᠦᠨ ᠴᠦ ᠨᠡᠩ ᠴᠢᠩᠭᠠᠷᠠᠪᠠ᠃

《 ᠨᠠᠮ ᠳᠤ ᠣᠷᠣᠬᠤ ᠢᠳᠡᠪᠬᠢᠲᠡᠨ ᠳ᠋ᠥᠸᠧ ᠵᠢᠶᠧ  ᠬᠢᠵᠢᠭ ᠦᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠭᠠᠵᠠᠷ  ᠲᠤ ᠰᠢᠩᠭᠡᠨᠵᠢᠮᠡᠯ ᠬᠡᠢ ᠠᠪᠴᠢᠷᠠᠵᠤ ᠂ 2 ᠰᠠᠷ᠎ᠠ ᠶᠢᠨ 10 ᠤ ᠡᠳᠦᠷ᠂ ᠨᠠᠮ ᠤᠨ ᠡᠭᠦᠷ ᠲᠦ ᠪᠠᠰᠠ ᠨᠢᠭᠡ ᠦᠵᠡᠯ ᠰᠠᠨᠠᠭᠠᠨ ᠤ ᠬᠠᠷᠢᠭᠤ ᠮᠡᠳᠡᠭᠦᠯᠦᠯᠲᠡ ᠲᠤᠰᠢᠶᠠᠪᠠ᠃ ᠮᠠᠨ ᠤ ᠣᠳᠣ ᠶᠢᠨ ᠬᠢᠵᠦ ᠪᠠᠶᠢᠭ᠎ᠠ ᠤᠴᠢᠷ ᠂ ᠦᠯᠦ ᠮᠡᠳᠡᠭᠳᠡᠮ᠎ᠡ  ᠪᠠᠷ  ᠵᠠᠯᠠᠭᠤ ᠨᠠᠮ ᠤᠨ ᠭᠡᠰᠢᠭᠦᠨ ᠢ ᠨᠥᠯᠥᠭᠡᠯᠡᠵᠦ ᠪᠠᠶᠢᠨ᠎ᠠ ᠃︾


W020200211688379138487.jpg

ᠴᠠᠭᠠᠨ ᠰᠠᠷ᠎ᠠ ᠶᠢᠨ ᠠᠷᠪᠠᠨ ᠲᠠᠪᠤᠨ᠂ ᠭᠡᠷ ᠬᠣᠲᠠᠯᠠᠭᠠᠷ ᠢᠶᠠᠨ ᠨᠠᠶᠢᠷᠠᠯᠠᠨ ᠴᠤᠭᠯᠠᠷᠠᠬᠤ ᠡᠳᠦᠷ᠃ ᠮᠠᠯᠴᠢᠳ  ᠤᠨ ᠲᠥᠯᠥᠭᠡᠯᠡᠭᠴᠢ  ᠶᠢᠨ ᠬᠤᠸᠠ ᠲᠡᠷᠭᠡ ᠵᠢᠯᠣᠭᠣᠳᠤᠨ 《ᠬᠢᠵᠢᠭ  ᠦᠨ ᠪᠠᠶᠢᠳᠠᠯ  ᠢ ᠰᠡᠷᠭᠡᠶᠢᠯᠡᠨ ᠡᠵᠡᠮᠳᠡᠬᠦ ᠭᠠᠵᠠᠷ 》 ᠲᠤ ᠬᠦᠷᠴᠦ ᠤᠶᠤᠨ  ᠢ ᠪᠣᠯᠭᠣᠭᠠᠨ ᠂ ᠥᠯᠵᠡᠶᠢᠲᠦ ᠪᠤᠤᠪᠤ ᠂ ᠰᠦ  ᠲᠡᠶ ᠴᠠᠢ᠂ ᠵᠢᠮᠢᠰ᠂ ᠭᠤᠸᠠ ᠶᠢᠨ ᠦᠷ᠎ᠡ  ᠠᠪᠴᠢᠷᠠᠨ  ᠦᠭᠴᠦ ᠂ ᠲᠡᠷᠡ ᠬᠡᠯᠡᠭᠰᠡᠨ ᠨᠢ ᠄ 《 ᠤᠶᠤᠨ  ᠡᠭᠡᠴᠢ ᠡ ᠂ ᠲᠠ  ᠪᠣᠯᠤᠨ ᠪᠤᠰᠤᠳ ᠨᠠᠮ ᠤᠨ ᠭᠡᠰᠢᠭᠦᠳ ᠮᠠᠨ ᠤ ᠮᠠᠯᠴᠢᠳ ᠤᠨ ᠠᠮᠤᠷ ᠲᠦᠪᠰᠢᠨ ᠦ ᠲᠥᠯᠥᠭᠡ ᠂ ᠴᠠᠭᠠᠨ ᠰᠠᠷ᠎ᠠ ᠪᠠᠰᠠ ᠠᠮᠠᠷᠠᠬᠤ ᠦᠭᠡᠢ ᠂ ᠡᠨᠡ ᠬᠦᠢᠲᠡᠨ ᠡᠳᠦᠷ ᠡᠨᠳᠡ ᠠᠵᠢᠯᠯᠠᠵᠤ ᠪᠠᠶᠢᠨ᠎ᠠ ᠂ ᠥᠨᠥᠳᠦᠷ ᠪᠣᠯ ᠴᠠᠭᠠᠨ ᠰᠠᠷ᠎ᠠ ᠶᠢᠨ ᠠᠷᠪᠠᠨ ᠲᠠᠪᠤᠨ᠂ ᠲᠠᠨᠤᠰ ᠲᠤ ᠴᠢᠨᠠᠭᠰᠠᠨ ᠴᠠᠭᠠᠨ ᠰᠠᠷ᠎ᠠ ᠶᠢᠨ ᠠᠷᠪᠠᠨ ᠲᠠᠪᠤᠨ  ᠤ  ᠥᠯᠵᠡᠶᠢᠲᠦ ᠪᠤᠤᠪᠤ ᠠᠪᠴᠢᠷᠠᠵᠤ ᠦᠭᠬᠦᠯ᠎ᠡ ᠃︾

ᠬᠢᠵᠢᠭ ᠦᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠶᠢᠨ ᠬᠠᠮᠲᠤ ᠂ ᠤᠶᠤᠨ ᠬᠠᠪᠰᠤᠷᠤᠨ ᠲᠡᠳᠬᠦᠭᠰᠡᠨ ᠮᠠᠯᠴᠢᠳ ᠲᠤ ᠄ 《 ᠭᠠᠷ ᠲᠠᠬᠢ ᠠᠵᠢᠯ ᠢᠶᠠᠨ ᠲᠦᠷ ᠲᠠᠯᠪᠢᠵᠤ ᠂ ᠭᠠᠷᠴᠤ ᠪᠣᠯᠬᠤ ᠦᠭᠡᠢ ᠂ ᠶᠠᠮᠠᠷ ᠬᠡᠷᠡᠭᠴᠡᠭᠡ ᠲᠡᠶ ᠪᠣᠯ ᠨᠠᠳᠠ ᠳᠤ ᠬᠡᠯᠡᠵᠦ ᠥᠭ ᠃︾ ᠭᠡᠳ ᠲᠡᠷᠡ ᠵᠥᠪᠬᠡᠨ ᠦᠯᠡᠳᠦᠭᠰᠡᠨ ᠬᠡᠲᠤᠨ ᠠᠮᠠᠪᠴᠢ ᠪᠠᠨ ᠬᠠᠪᠰᠤᠷᠤᠨ ᠲᠡᠳᠬᠦᠬᠦ ᠡᠷᠦᠬᠡ ᠦᠨᠢᠷ  ᠦᠨ ᠬᠢᠨ ᠳᠦ ᠥᠭᠪᠡ ᠃


W020200211688379792383.jpg


2 ᠰᠠᠷ᠎ᠠ ᠶᠢᠨ 10 ᠦ ᠡᠳᠦᠷ ᠂ ᠬᠡᠳᠦᠶᠢᠪᠡᠷ ᠬᠦᠢᠲᠡᠨ ᠪᠣᠯᠪᠠᠴᠤ ᠲᠤᠩᠭᠠᠯᠠᠭ ᠰᠠᠶᠢᠬᠠᠨ ᠪᠠᠶᠢᠯ᠎ᠠ ᠂ ᠤᠶᠤᠨ ᠬᠡᠯᠡᠭᠰᠡᠨ ᠨᠢ ᠄ 《 ᠮᠢᠨᠦ ᠣᠳᠣ ᠶᠢᠨ ᠬᠠᠮᠤᠭ ᠤᠨ ᠶᠡᠬᠡ ᠬᠦᠰᠡᠯ ᠪᠣᠯ ᠡᠨᠡ ᠤᠳᠠᠭᠠᠨ ᠤ ᠬᠢᠵᠢᠭ ᠦᠨ ᠪᠠᠶᠢᠳᠠᠯ ᠢ ᠡᠷᠲᠡᠬᠡᠨ ᠥᠩᠭᠡᠷᠡᠭᠦᠯᠬᠦ ᠶᠠᠪᠤᠳᠠᠯ ᠪᠣᠯᠤᠨ᠎ᠠ ᠃ ᠬᠣᠶᠠᠷ ᠵᠢᠯ ᠦᠨ ᠶᠠᠳᠠᠭᠤ ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠠᠵᠢᠯ ᠢᠶᠠᠷ ᠳᠠᠮᠵᠢᠨ᠂ ᠤᠳᠤ ᠪᠠᠶᠠᠨᠲᠠᠯ᠎ᠠ ᠭᠠᠴᠠᠭ᠎ᠠ ᠶᠢᠨ ᠶᠠᠳᠠᠭᠤ ᠬᠦᠴᠢᠷᠳᠡᠯ ᠡᠭᠦᠰᠬᠦ ᠨᠤᠷᠮ᠎ᠠ ᠲᠡᠭ ᠪᠣᠯᠵᠠᠢ᠃ 2019 ᠣᠨ ᠳᠤ ᠮᠠᠨ ᠤ ᠬᠤᠳᠠᠯᠳᠤᠨ ᠠᠪᠤᠭᠰᠠᠨ 43 ᠰᠢᠮᠧᠨ᠋ᠳᠡᠷ ᠦᠬᠡᠷ ᠨᠢᠭᠡᠨᠲᠡ 20 ᠲᠤᠭᠤᠯ ᠲᠦᠯᠯᠡᠵᠦ  ᠂ ᠡᠨᠡ ᠵᠢᠯ ᠪᠠᠰᠠ40 ᠲᠣᠯᠣᠭᠠᠶ ᠬᠤᠳᠠᠯᠳᠤᠨ ᠠᠪᠬᠤ ᠪᠡᠷ 100 ᠲᠦᠮᠡᠨ  ᠲᠥᠭᠥᠷᠢᠭ  ᠭᠤᠶᠤᠴᠢᠯᠠᠬᠤ  ᠪᠠᠷ ᠲᠦᠯᠦᠪᠯᠡᠵᠦ ᠂ ᠲᠡᠵᠢᠭᠡᠨ ᠦᠷᠡᠵᠢᠭᠦᠯᠬᠦ ᠬᠡᠪᠴᠢᠶ᠎ᠡ ᠪᠡᠨ ᠪᠤᠵᠠᠭᠠᠶᠢᠷᠠᠭᠤᠯᠤᠨ ᠂ ᠡᠭᠦᠨ ᠡᠴᠡ ᠭᠠᠳᠠᠨ᠎ᠠ ᠂ ᠪᠣᠷᠳᠣᠵᠤ ᠲᠠᠷᠭᠤᠯᠠᠭᠤᠯᠬᠤ ᠬᠣᠨᠢ ᠬᠤᠳᠠᠯᠳᠤᠨ ᠠᠪᠬᠤ ᠪᠠᠷ 200 ᠲᠦᠮᠡᠨ  ᠲᠥᠭᠥᠷᠢᠭ ᠭᠤᠶᠤᠴᠢᠯᠠᠨ᠎ᠠ ᠂ ᠢᠩᠭᠢᠭᠡᠳ ᠪᠠᠶᠢᠪᠠᠯ ᠮᠠᠯᠴᠢᠳ ᠤᠨ ᠠᠮᠢᠳᠤᠷᠠᠯ ᠤᠯᠠᠮ ᠠᠴᠠ ᠤᠯᠠᠮ ᠰᠠᠶᠢᠨ ᠪᠣᠯᠤᠨ᠎ᠠ᠃


W020200211688380137911.jpg

ᠤᠶᠤᠨ  ᠬᠡᠯᠡᠭᠰᠡᠨ ᠨᠢ ᠂ ᠪᠢ ᠪᠣᠯ ᠨᠢᠭᠡᠨ ᠪᠠᠶᠢᠴᠠᠭᠠᠬᠤ ᠺᠠᠳ᠋ᠷ ᠴᠠᠭᠳᠠᠭ᠎ᠠ ᠮᠥᠨ ᠂ ᠮᠥᠨ ᠴᠦ ᠭᠠᠴᠠᠭᠠᠨ ᠤ ᠨᠢᠭᠡᠳᠦᠭᠡᠷ ᠱᠦᠵᠢ ᠮᠥᠨ ᠂ ᠪᠢ ᠠᠯᠢ ᠴᠢᠳᠠᠬᠤ ᠪᠠᠷ ᠥᠪᠡᠷ ᠦᠨ ᠡᠭᠦᠷᠭᠡ ᠬᠠᠷᠢᠭᠤᠴᠠᠯᠭ᠎ᠠ ᠪᠠᠨ ᠰᠠᠶᠢᠲᠤᠷ ᠭᠦᠶᠴᠡᠳᠬᠡᠵᠦ ᠂ ᠭᠠᠴᠠᠭᠠᠨ ᠤ ᠬᠣᠶᠠᠷ ᠵᠥᠪᠯᠡᠯ ᠂ ᠡᠩ ᠦᠨ ᠨᠠᠮ ᠤᠨ ᠭᠡᠰᠢᠭᠦᠨ ᠪᠠ ᠣᠯᠠᠨ ᠲᠦᠮᠡᠨ ᠲᠡᠶ ᠬᠠᠮᠲᠤ ᠪᠠᠷ ᠡᠨᠡ ᠤᠳᠠᠭᠠᠨ ᠤ ︽ ᠬᠢᠵᠢᠭ ︾ ᠤᠨ ᠲᠡᠶᠢᠨ ᠦ ᠢᠯᠠᠯᠲᠠ ᠣᠯᠤᠨ᠎ᠠ ᠃ ᠶᠡᠷᠦᠩᠬᠡᠶ ᠱᠦᠵᠢ ᠰᠢ ᠶᠢᠨ ᠫᠢᠩ ᠦᠨ ᠬᠡᠯᠡᠭᠰᠡᠨᠴᠢᠯᠡᠨ 《 ᠢᠲᠡᠭᠡᠯ ᠵᠣᠷᠢᠭ ᠢᠶᠠᠨ ᠪᠠᠲᠤᠳᠬᠠᠵᠤ ᠂ ᠬᠦᠴᠢᠷ ᠪᠡᠷᠬᠡᠰᠢᠶᠡᠯ  ᠢ ᠬᠠᠮᠲᠤ ᠪᠠᠷ ᠳᠤᠭᠤᠯᠵᠤ ᠂ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ ᠵᠠᠰᠠᠵᠤ ᠂ ᠨᠠᠷᠢᠯᠢᠭ ᠣᠨᠣᠪᠴᠢᠲᠠᠶ ᠪᠠᠷ ᠠᠷᠭ᠎ᠠ ᠪᠣᠳᠣᠯᠭ᠎ᠠ ᠬᠡᠷᠡᠭᠵᠢᠭᠦᠯᠳᠡᠭ ᠯᠡ ᠶᠤᠮ ᠪᠣᠯ ᠂ ᠪᠢᠳᠡ ᠯᠠᠪᠲᠠᠶ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠷᠢᠭᠯᠠᠯᠲᠠ  ᠶᠢᠨ ᠲᠠᠶᠢᠯᠠᠯᠲᠤᠭᠠᠨ  ᠤ  ᠢᠯᠠᠯᠲᠠ  ᠶᠢ ᠣᠯᠵᠤ ᠴᠢᠳᠠᠨ᠎ᠠ︕ ︾

 


ᠢᠷᠡᠯᠲᠡ
ᠥᠪᠡᠷᠲᠡᠭᠡᠨ ᠵᠠᠰᠠᠬᠤ ᠣᠷᠤᠨ ᠤ ᠪᠠᠢᠴᠠᠭᠠᠬᠤ ᠬᠣᠷᠢᠶ᠎ᠠ ᠶᠢᠨ ᠣᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro