ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠵᠤᠨ ᠤ ᠤᠯᠠᠷᠢᠯ ᠤᠨ ︽ 12309 ︾ ᠤᠨ ᠰᠡᠷᠢᠭᠦᠨ ᠰᠠᠯᠬᠢ 

2020-06-23 14:39:25
ᠵᠣᠬᠢᠶᠠᠭᠴᠢ
ᠭᠡᠭᠡᠷᠡᠯ

︽ ᠣᠳᠣ ᠪᠢᠳᠡ ᠳᠣᠲᠣᠷ᠎ᠠ ᠪᠠᠨ ᠲᠣᠭ᠎ᠠ ᠲᠠᠶ ᠪᠣᠯᠤᠭᠰᠠᠨ ᠂ ᠦᠨᠡᠬᠡᠷ ᠰᠠᠨᠠᠭ᠎ᠠ ᠠᠮᠤᠷ ᠪᠤᠯᠤᠯ᠎ᠠ  ᠂ ᠨᠠᠮ ᠤᠨ ᠬᠣᠷᠢᠶ᠎ᠠ ᠂ ᠵᠠᠰᠠᠭ ᠤᠨ ᠣᠷᠳᠣᠨ ᠪᠢᠳᠡᠨ ᠦ 8 ᠵᠢᠯ ᠭᠡᠷ ᠬᠤᠳᠠᠯᠳᠤᠨ ᠠᠪᠬᠤ ᠳᠤ ᠲᠦᠪᠡᠭᠳᠡᠵᠦ ᠪᠠᠶᠢᠭᠰᠠᠨ ᠠᠰᠠᠭᠤᠳᠠᠯ ᠢ ᠵᠣᠬᠢᠴᠠᠭᠤᠯᠤᠨ ᠰᠢᠶᠳᠪᠦᠷᠢᠯᠡᠭᠰᠡᠨ ᠳᠦ ᠲᠠᠯᠠᠷᠬᠠᠵᠤ ᠪᠠᠶᠢᠨ᠎ᠠ !︾ 6 ᠰᠠᠷ᠎ᠠ ᠶᠢᠨ 18 ᠤ ᠡᠳᠦᠷ ᠦᠨ ᠦᠳᠡ ᠶᠢᠨ ᠬᠣᠶᠢᠨ᠎ᠠ ᠂ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ ᠂ ᠪᠠᠶᠢᠴᠠᠭᠠᠬᠤ ᠳᠠᠷᠤᠭ᠎ᠠ ᠯᠢ ᠴᠢ ᠯᠢᠨ 12309 ᠪᠠᠶᠢᠴᠠᠭᠠᠬᠤ ᠦᠢᠯᠡᠴᠢᠯᠡᠭᠡᠨ ᠦ ᠲᠥᠪ ᠲᠦ ᠰᠤᠷᠪᠤᠯᠵᠢᠯᠠᠭ᠎ᠠ ᠬᠦᠯᠢᠶᠡᠬᠦ ᠳᠡᠭᠡᠨ ᠂ ᠬᠥᠬᠡᠬᠣᠲᠠ ᠶᠢᠨ ᠨᠢᠭᠡᠨ ᠲᠣᠭᠣᠷᠢᠭ ᠤᠨ 2800 ᠰᠢᠬᠠᠮ ᠬᠡᠷ ᠬᠤᠳᠠᠯᠳᠤᠨ ᠠᠪᠤᠭᠴᠢ ᠶᠢᠨ ᠰᠣᠩᠭᠣᠨ ᠲᠣᠮᠢᠯᠠᠭᠰᠠᠨ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠲᠥᠯᠥᠭᠡᠯᠡᠭᠴᠢ ᠰᠡᠳᠬᠢᠯ ᠲᠤᠭᠲᠤᠯᠤᠨ ᠬᠡᠯᠡᠪᠡ ᠃


W020200619602042609910.jpg


ᠯᠢ ᠴᠢ ᠯᠢᠨ  ᠤ ᠡᠨᠡ ᠤᠳᠠᠭᠠᠨ ᠤ ᠬᠦᠯᠢᠶᠡᠨ ᠠᠪᠤᠭᠰᠠᠨ  ᠬᠠᠮᠲᠤ ᠶᠢᠨ ᠰᠤᠷᠪᠤᠯᠵᠢᠯᠠᠭ᠎ᠠ  ᠳᠤ ᠂ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠤᠯᠠᠩᠬᠢ ᠨᠢ ᠬᠦᠬᠡᠬᠤᠲᠠ  ᠠᠴᠠ ᠢᠷᠡᠵᠦ ᠂ 2012 ᠤᠨ  ᠳᠤ ᠲᠤᠰ ᠲᠤᠭᠤᠷᠢᠭ  ᠲᠤ ᠲᠠᠸᠠᠷ  ᠤᠨ ᠬᠡᠷ ᠪᠠᠶᠢᠰᠢᠩ ᠬᠤᠳᠠᠯᠳᠤᠨ ᠠᠪᠴᠠᠢ ᠃ ᠭᠡᠲᠡᠯ᠎ᠡ ᠂ ᠨᠡᠭᠡᠭᠡᠨ ᠬᠥᠭᠵᠢᠭᠦᠯᠬᠦ ᠠᠵᠤ ᠠᠬᠤᠶᠢᠯᠠᠯ 45% ᠵᠢᠨ ᠬᠡᠷ ᠪᠠᠶᠢᠰᠢᠩ ᠬᠤᠳᠠᠯᠳᠤᠨ ᠠᠪᠬᠤ ᠵᠣᠭᠣᠰ ᠬᠤᠷᠢᠶᠠᠭᠰᠠᠨ ᠤ ᠳᠠᠷᠠᠭ᠎ᠠ ᠂ ᠪᠠᠷᠢᠯᠭ᠎ᠠ ᠨᠢ ᠬᠠᠷᠢᠨ 2014 ᠣᠨ ᠳᠤ ᠠᠵᠢᠯ ᠢᠶᠠᠨ ᠵᠣᠭᠰᠣᠭᠠᠪᠠ ᠃ ᠭᠠᠵᠠᠷ ᠰᠢᠷᠣᠶ ᠂ ᠲᠥᠯᠥᠪᠵᠢᠭᠦᠯᠪᠡ ᠂ ᠪᠠᠷᠢᠯᠭ᠎ᠠ ᠪᠠᠷᠢᠬᠤ ᠵᠡᠷᠭᠡ ᠭᠠᠷ ᠭᠦᠢᠴᠡᠳᠭᠡᠯ ᠪᠦᠷᠢᠨ ᠪᠤᠰᠤ ᠂ ᠪᠦᠲᠦᠭᠡᠨ ᠪᠠᠶᠢᠭᠤᠯᠤᠯᠲᠠ ᠶᠢᠨ ᠪᠡᠯᠡ ᠮᠥᠩᠭᠥ ᠳᠤᠲᠠᠭᠳᠠᠬᠤ ᠵᠡᠷᠭᠡ ᠠᠰᠠᠭᠤᠳᠠᠯ ᠤᠨ ᠨᠥᠯᠥᠭᠡᠯᠡᠯ ᠳᠣᠣᠷ᠎ᠠ ᠂ 2015 ᠣᠨ ᠳᠤ ᠲᠤᠰᠢᠶᠠᠬᠤ ᠶᠣᠰᠣᠲᠠᠶ ᠭᠡᠷ ᠪᠠᠶᠢᠰᠢᠩ ᠨᠢ ᠳᠠᠬᠢᠨ ᠬᠣᠶᠢᠰᠢᠯᠠᠭᠤᠯᠤᠭᠳᠠᠵᠤ ᠂ ᠭᠡᠷ ᠬᠤᠳᠠᠯᠳᠤᠨ ᠠᠪᠤᠭᠴᠢ ᠶᠢᠨ ᠡᠷᠬᠡ ᠠᠰᠢᠭ ᠬᠠᠯᠳᠠᠯᠭ᠎ᠠ ᠳᠤ ᠤᠴᠠᠷᠠᠪᠠ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠵᠠᠰᠠᠭ ᠤᠨ ᠣᠷᠳᠣᠨ ᠲᠡᠭᠡᠲᠦ ᠬᠡᠮᠵᠢᠶ᠎ᠡ ᠪᠡᠷ ᠴᠢᠬᠤᠯᠠᠴᠢᠯᠠᠨ ᠦᠵᠡᠵᠦ ᠂ ᠲᠣᠰ ᠵᠠᠬᠢᠳᠠᠯ ᠰᠤᠷᠪᠤᠯᠵᠢᠯᠠᠭ᠎ᠠ ᠶᠢᠨ ᠵᠦᠶᠯᠡᠰ ᠨᠢ ᠯᠢ ᠴᠢ ᠯᠢᠨ ᠦ ᠬᠡᠷᠡᠭ ᠢ ᠳᠠᠭᠠᠭᠠᠴᠢᠯᠠᠨ ᠰᠢᠪᠠᠳᠠᠨ ᠪᠠᠶᠢᠴᠠᠭᠠᠵᠤ ᠰᠢᠶᠳᠪᠦᠷᠢᠯᠡᠭᠰᠡᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠭᠣᠸᠯᠳᠠᠯᠭ᠎ᠠ ᠲᠠᠶ ᠵᠠᠬᠢᠳᠠᠯ ᠰᠤᠷᠪᠤᠯᠵᠢᠯᠠᠭ᠎ᠠ ᠶᠢᠨ ᠵᠦᠶᠯᠡᠰ ᠪᠣᠯᠵᠣ ᠂ ᠡᠯ᠎ᠡ ᠲᠠᠯ᠎ᠠ ᠶᠢᠨ ᠬᠢᠨ ᠦ ᠴᠢᠷᠮᠠᠶᠢᠯᠭ᠎ᠠ ᠳᠣᠸᠷ᠎ᠠ ᠲᠣᠰ ᠲᠥᠷᠥᠯ ᠵᠦᠶᠯ ᠢ 2019 ᠣᠨ ᠳᠤ ᠠᠵᠢᠯ ᠰᠡᠷᠭᠦᠭᠡᠪᠡ ᠃

︽ᠣᠯᠠᠨ ᠢᠶᠠᠷ ᠢᠶᠠᠨ ᠬᠠᠮᠢᠭ᠎ᠠ ᠠᠴᠠ ᠢᠷᠡᠭᠰᠡᠨ ᠪᠤᠢ︖ ᠠᠭᠤᠷ ᠠᠮᠢᠰᠬᠤᠯ ᠮᠠᠰᠢ ᠬᠠᠯᠠᠭᠤᠨ ᠪᠠᠶᠢᠨ᠎ᠠ ᠂ ᠣᠯᠠᠨ ᠢᠶᠠᠷ ᠢᠶᠠᠨ ᠵᠦᠲᠡᠷᠡᠯ᠎ᠡ ︕︾ ︽ᠪᠢ ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤᠨ ᠠᠴᠠ ᠢᠷᠡᠭᠰᠡᠨ ᠶᠤᠮ᠂ ᠤᠸᠯ ᠨᠢ ᠳᠤᠮᠳᠠᠳᠤ ᠰᠤᠷᠭᠠᠭᠤᠯᠢ ᠳᠤ ᠠᠵᠢᠯᠯᠠᠵᠤ ᠪᠠᠶᠢᠵᠠᠶ ᠂ ᠣᠳᠣ ᠠᠵᠢᠯ ᠠᠴᠠ ᠪᠠᠨ ᠠᠮᠠᠷᠠᠪᠠ ᠂ ᠥᠬᠢᠨ ᠡᠨᠳᠡ ᠠᠵᠢᠯᠯᠠᠵᠤ ᠪᠠᠶᠢᠨ᠎ᠠ ᠂ ᠪᠢ ᠲᠡᠭᠦᠨ ᠢ ᠳᠠᠭᠠᠵᠤ ᠭᠡᠷ ᠠᠪᠴᠠᠶ︾ ︽ ᠪᠢ ᠪᠣᠯ ᠨᠢᠭᠡᠨ ᠶᠡᠬᠡ ᠰᠤᠷᠭᠠᠭᠤᠯᠢ ᠶᠢᠨ ᠪᠠᠭᠰᠢ ᠪᠤᠯᠤᠨ᠎ᠠ ᠃︾ ︽ ᠪᠢ ᠪᠣᠯ ᠠᠵᠤ ᠠᠬᠤᠶᠢᠯᠠᠯ ᠤᠨ ᠠᠵᠢᠯᠲᠠᠨ ᠂ ᠡᠨᠡ ᠭᠡᠷ ᠢ ᠪᠢᠳᠡ 8 ᠵᠢᠯ ᠬᠦᠯᠢᠶᠡᠵᠡᠶ ᠂ ᠬᠥᠮᠦᠨ ᠦ ᠠᠮᠢᠳᠤᠷᠠᠯ ᠬᠡᠳᠦᠨ 8 ᠵᠢᠯ ᠪᠠᠶᠢᠵᠤ ᠴᠢᠳᠠᠨ᠎ᠠ ᠃ ᠲᠠᠨᠤᠰ ᠤᠨ ᠴᠢᠷᠮᠠᠢᠯᠭ᠎ᠠ ᠶᠢ ᠪᠢᠳᠡ ᠪᠠᠰᠠ ᠣᠯᠵᠤ ᠦᠵᠡᠵᠡᠢ ᠃︾

︽ ᠣᠯᠠᠨ ᠢᠶᠠᠷ ᠢᠶᠠᠨ ᠪᠦᠷ ᠵᠦᠳᠡᠷᠡᠯ᠎ᠡ ᠂ ᠶᠠᠮᠠᠷ ᠱᠠᠭᠠᠷᠳᠠᠯᠭ᠎ᠠ ᠪᠠᠶᠢᠪᠠᠯ ᠠᠯᠢ ᠴᠢᠳᠠᠬᠤ ᠪᠠᠷ ᠪᠢᠳᠡᠨ ᠳᠦ ᠬᠡᠯᠡᠵᠦ ᠪᠣᠯᠤᠨ᠎ᠠ ᠂ ᠠᠭᠠᠵᠢᠮ ᠶᠠᠷᠢ ᠂ ᠪᠢᠲᠡᠭᠡᠢ ᠰᠠᠨᠲᠤᠷᠠᠭᠠᠷᠠᠢ ᠂ ᠪᠢᠳᠡ ᠪᠦᠬᠦ ᠬᠦᠴᠦ ᠪᠡᠷ ᠢᠶᠡᠨ ᠣᠯᠠᠨ ᠢ ᠬᠠᠪᠰᠤᠷᠤᠨ᠎ᠠ ᠃︾ 2012 ᠣᠨ ᠠᠴᠠ ᠣᠳᠣ ᠪᠣᠯᠲᠠᠯ᠎ᠠ ᠂ 8 ᠵᠢᠯ ᠦᠨ ᠴᠠᠭ ᠨᠢᠭᠡᠨᠲᠡ ᠥᠩᠭᠡᠷᠡᠵᠡᠶ ᠂ ᠠᠬᠤᠶ ᠪᠠᠶᠢᠲᠠᠯ ᠳᠤ ᠮᠠᠰᠢ ᠶᠡᠬᠡ ᠬᠤᠪᠢᠷᠠᠯᠲᠠ ᠭᠠᠷᠴᠤ ᠂ ᠬᠡᠷᠡᠭ ᠢ ᠬᠦᠴᠢᠷ ᠲᠦᠪᠡᠭᠲᠡᠢ ᠨᠠᠷᠢᠨ ᠪᠤᠳᠤᠯᠢᠶᠠᠨᠲᠠᠶ ᠭᠡᠵᠦ ᠬᠡᠯᠡᠵᠦ ᠪᠣᠯᠤᠨ᠎ᠠ ᠃ ᠯᠢ ᠴᠢ ᠯᠢᠨ ᠬᠣᠯᠪᠣᠭᠳᠠᠯ ᠪᠦᠬᠦᠢ ᠠᠵᠢᠯᠲᠠᠨ  ᠠᠴᠠ ᠲᠤᠰ ᠵᠠᠬᠢᠳᠠᠯ ᠰᠤᠷᠪᠤᠯᠵᠢᠯᠠᠭ᠎ᠠ ᠶᠢᠨ ᠵᠦᠢᠯᠡᠰ ᠦᠨ ᠡᠬᠢ ᠠᠳᠠᠭ  ᠢ ᠨᠠᠷᠢᠨ ᠣᠶᠢᠯᠠᠭᠠᠵᠤ ᠂ ᠠᠰᠠᠭᠤᠲᠠᠯ  ᠤᠨ ᠵᠠᠩᠭᠢᠯᠠᠭ᠎ᠠ  ᠶᠢ ᠰᠤᠲᠤᠯᠠᠨ ᠵᠠᠲᠠᠯᠵᠦ ᠂ ᠡᠨᠡ ᠤᠳᠠᠭᠠᠨ ᠤ ᠰᠤᠷᠪᠤᠯᠵᠢᠯᠠᠭ᠎ᠠ  ᠶᠢ ᠬᠦᠯᠢᠶᠡᠨ ᠠᠪᠬᠤ ᠳᠤ ᠭᠦᠢᠴᠡᠳ ᠪᠠᠯᠡᠳᠭᠡᠯ  ᠬᠢᠵᠡᠶ ᠃

︽ᠨᠠᠮ ᠤᠨ ᠬᠣᠷᠢᠶ᠎ᠠ ᠵᠠᠰᠠᠭ ᠤᠨ ᠣᠷᠳᠣᠨ ᠤ ᠪᠢᠳᠡᠨ ᠢ ᠴᠢᠬᠤᠯᠠᠴᠢᠯᠠᠨ ᠦᠵᠡᠭᠰᠡᠨ ᠳᠦ ᠪᠢᠳᠡ ᠮᠠᠰᠢ ᠲᠠᠯᠠᠷᠬᠠᠵᠤ ᠪᠠᠶᠢᠨ᠎ᠠ  ᠂ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶᠠᠨ ᠤ ᠪᠠᠶᠢᠴᠠᠭᠠᠬᠤ ᠳᠠᠷᠤᠭ᠎ᠠ ᠪᠢᠳᠡᠨ ᠢ ᠪᠡᠶ᠎ᠡ ᠪᠡᠷ ᠢᠶᠡᠨ ᠬᠦᠯᠢᠶᠡᠨ ᠠᠪᠴᠤ ᠂ ᠣᠯᠠᠩᠬᠢ ᠠᠰᠠᠭᠤᠳᠠᠯ ᠢ ᠴᠥᠮ ᠮᠠᠨ ᠳᠤ ᠬᠠᠪᠰᠤᠷᠤᠨ ᠰᠢᠶᠳᠪᠦᠷᠢᠯᠡᠵᠦ ᠪᠠᠶᠢᠭ᠎ᠠ ᠪᠣᠯᠬᠣᠷ ᠠᠷᠰᠠᠷ ᠶᠠᠪᠤᠳᠠᠯ  ᠳᠤ  ᠪᠢᠳᠠ ᠠᠷᠪᠢᠨ ᠱᠠᠭᠠᠷᠳᠠᠯᠭ᠎ᠠ ᠲᠠᠯᠪᠢᠬᠤ ᠤᠢᠭᠡᠢ᠃ ︾ ᠭᠤᠷᠪᠠᠨ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠲᠥᠯᠥᠭᠡᠯᠡᠭᠴᠢ ᠰᠡᠳᠬᠢᠯ ᠵᠤᠪᠠᠨᠢᠵᠤ ᠪᠠᠶᠢᠭ᠎ᠠ ᠤᠴᠢᠷ ᠂ ᠪᠤᠬᠢᠨᠢᠲᠤᠵᠤ ᠪᠠᠶᠢᠭ᠎ᠠ ᠤᠴᠢᠷ᠂ ᠰᠠᠨᠠᠭ᠎ᠠ ᠵᠤᠪᠠᠵᠤ ᠪᠠᠶᠢᠭ᠎ᠠ ᠤᠴᠢᠷ ᠢᠶᠠᠨ ᠪᠦᠬᠦᠨ  ᠢ ᠲᠤᠭᠠᠴᠢᠵᠤ ᠂ ᠭᠠᠵᠠᠷ ᠰᠢᠷᠣᠶ ᠶᠢ ᠬᠢᠮᠳᠠ ᠪᠠᠷ ᠬᠤᠳᠠᠯᠳᠤᠬᠤ ᠮᠥᠩᠭᠥ ᠂ ᠭᠠᠶᠢᠯᠢ  ᠶᠢᠨ ᠰᠦᠶᠳᠬᠡᠯ ᠂ ᠢᠵᠢ ᠪᠦᠷᠢᠳᠦᠭᠦᠯᠬᠦ ᠰᠦᠶᠳᠬᠡᠯ ᠂ ᠪᠠᠷᠢᠯᠭ᠎ᠠ ᠶᠢᠨ ᠵᠣᠭᠣᠰ ᠵᠡᠷᠭᠡ ᠲᠠᠯ᠎ᠠ ᠪᠠᠷ ᠬᠦᠰᠡᠯ ᠱᠠᠭᠠᠷᠳᠠᠯᠭ᠎ᠠ ᠪᠠᠨ ᠭᠦᠶᠴᠡᠳ ᠢᠯᠡᠳᠬᠡᠪᠡ ᠃ ᠯᠢ ᠴᠢ ᠯᠢᠨ ᠬᠦᠯᠢᠴᠡᠩᠭᠦᠢ ᠪᠡᠷ ᠰᠣᠨᠣᠰᠴᠤ ᠂ ᠠᠰᠠᠭᠤᠵᠤ ᠦᠯᠦ ᠶᠠᠳᠠᠨ ᠂ ᠨᠠᠷᠢᠨ ᠬᠢᠨᠠᠮᠠᠭᠠᠢ ᠬᠠᠷᠢᠭᠤᠯᠵᠤ ᠂ ᠵᠠᠷᠢᠮ  ᠳᠤ  ᠪᠠᠨ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠲᠥᠯᠥᠭᠡᠯᠡᠭᠴᠢ ᠨᠢᠭᠡ ᠴᠠᠭ  ᠤᠨ ᠰᠡᠳᠬᠢᠯ ᠶᠠᠭᠠᠷᠠᠭᠰᠠᠨ ᠠᠴᠠ ᠪᠤᠯᠵᠤ ᠭᠡᠯᠡᠵᠦ ᠭᠠᠷᠬᠤ ᠦᠭᠡᠢ ᠦᠭᠡ  ᠶᠢ ᠨᠦᠬᠦᠪᠦᠷᠢᠯᠡᠨ ᠦᠭᠴᠦ ᠂ ᠲᠠᠲᠡᠨᠡᠷ  ᠤᠨ ᠨᠤᠲᠠᠯᠠᠯᠲᠠ  ᠶᠢ ᠤᠯᠤᠭᠰᠠᠨ ᠪᠠᠶᠢᠨ᠎ᠠ ᠃ ︽ ᠣᠯᠠᠨ ᠢᠶᠠᠷ ᠢᠶᠠᠨ ᠢᠲᠡᠭᠡᠯ ᠲᠡᠶ ᠪᠠᠶᠢᠬᠤ ᠬᠡᠷᠡᠭᠲᠡᠶ ᠪᠥᠭᠡᠳ ᠨᠠᠩ ᠴᠤ ᠲᠡᠪᠴᠢᠶᠡᠷᠢ ᠲᠡᠶ ᠪᠠᠶᠬᠤ ᠬᠡᠷᠡᠭᠲᠡᠶ ᠂ ᠭᠡᠷ ᠪᠠᠶᠢᠰᠢᠩ ᠢ ᠰᠢᠯᠭᠠᠨ ᠠᠪᠬᠤ ᠵᠢᠷᠤᠮ ᠢ ᠤᠮᠲᠤᠭᠠᠶᠢᠯᠠᠵᠤ  ᠪᠣᠯᠬᠤ ᠦᠭᠡᠢ᠂ ᠠᠯᠬᠤᠮ ᠠᠯᠬᠤᠮ ᠢᠶᠠᠷ ᠶᠠᠪᠤᠭᠤᠯᠬᠤ ᠬᠡᠷᠡᠭᠲᠡᠢ᠃ ᠤᠮᠳᠤᠭᠠᠢᠯᠠᠬᠤ ᠶᠣᠰᠣ ᠦᠭᠡᠢ ᠭᠠᠵᠠᠷ ᠢ ᠤᠮᠳᠤᠭᠠᠢᠯᠠᠪᠠᠯ ᠂ ᠬᠣᠶᠢᠰᠢᠳᠠ ᠶᠢᠨ ᠠᠰᠠᠭᠤᠳᠠᠯ ᠨᠠᠩ ᠶᠠᠷᠰᠢᠭ ᠲᠠᠶ ᠪᠣᠯᠤᠨ᠎ᠠ ᠂ ᠣᠯᠠᠨ ᠢᠶᠠᠷ ᠢᠶᠠᠨ ᠨᠢᠭᠡᠨ ᠵᠣᠪᠠᠨᠢᠯ ᠦᠭᠡᠢ ᠭᠡᠷ ᠣᠯᠬᠤ ᠭᠡᠵᠦ ᠪᠠᠶᠢᠨ᠎ᠠ ᠃ ︾ ᠯᠢ ᠴᠢ ᠯᠢᠨ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠲᠥᠯᠥᠭᠡᠯᠡᠭᠴᠢ ᠳᠦ ᠰᠡᠳᠬᠢᠯ ᠲᠠᠯᠪᠢᠨ ᠰᠠᠨᠠᠭᠤᠯᠵᠤ ᠂ ︽ ᠨᠡᠭᠡᠭᠡᠨ ᠬᠥᠭᠵᠢᠭᠦᠯᠬᠦ ᠪᠠ ᠠᠷᠠᠯᠵᠢᠶᠠᠯᠠᠬᠤ ᠪᠣᠯ ᠴᠥᠮ ᠵᠠᠬ᠎ᠠ ᠳᠡᠯᠭᠡᠭᠦᠷ ᠦᠨ ᠠᠵᠢᠯᠯᠠᠭ᠎ᠠ ᠮᠥᠨ ᠂ ᠨᠠᠮ ᠤᠨ ᠬᠣᠷᠢᠶ᠎ᠠ ᠵᠠᠰᠠᠭ ᠤᠨ ᠣᠷᠳᠣᠨ ᠠᠷᠠᠳ ᠣᠯᠠᠨ ᠤ ᠠᠰᠢᠭ ᠲᠤᠰᠠ ᠶᠢ ᠪᠣᠳᠣᠯᠬᠢᠯᠠᠵᠤ ᠂ ᠡᠨᠡ ᠶᠠᠪᠤᠳᠠᠯ  ᠢ ᠪᠦᠬᠦ ᠬᠦᠴᠦᠨ  ᠢᠶᠡᠷ  ᠢᠶᠡᠨ ᠲᠦᠯᠬᠢᠨ ᠠᠬᠢᠭᠤᠯᠵᠤ ᠪᠠᠶᠢᠨ᠎ᠠ ᠂ ᠣᠯᠠᠨ  ᠢᠶᠠᠷ  ᠢᠶᠠᠨ ᠪᠦᠬᠦ ᠬᠦᠴᠦᠨ  ᠢᠶᠡᠷ  ᠢᠶᠡᠨ ᠬᠠᠮᠵᠢᠯᠴᠠᠬᠤ  ᠶᠢ ᠬᠦᠰᠡᠵᠦ ᠪᠠᠶᠢᠨ᠎ᠠ ᠃ ᠪᠢᠳᠠ ᠬᠠᠮᠲᠤ ᠪᠠᠷ ᠣᠳᠣ ᠶᠢᠨ ᠱᠠᠲᠤᠨ ᠳᠤ ᠰᠢᠶᠳᠪᠦᠷᠢᠯᠡᠬᠦ ᠠᠰᠠᠭᠤᠳᠠᠯ ᠢ ᠰᠢᠶᠳᠪᠦᠷᠢᠯᠡᠵᠦ᠂ ᠠᠯᠢ ᠬᠤᠷᠳᠤᠨ ᠢᠶᠠᠷ ᠵᠣᠬᠢᠰᠲᠠᠶ ᠰᠢᠶᠳᠪᠦᠷᠢᠯᠡᠨ᠎ᠡ᠃︾

ᠬᠡᠰᠡᠭ ᠬᠡᠰᠡᠭ ᠰᠡᠷᠢᠭᠦᠨ ᠰᠠᠯᠬᠢ ᠵᠠᠬᠢᠳᠠᠯ ᠰᠤᠷᠪᠤᠯᠵᠢᠯᠠᠭ᠎ᠠ ᠶᠢ ᠬᠦᠯᠢᠶᠡᠨ ᠠᠪᠬᠤ ᠭᠡᠷ  ᠶᠢ ᠦᠯᠢᠶᠡᠨ ᠂ ︽ ᠯᠢ ᠴᠢ ᠯᠢᠨ ᠪᠠᠶᠢᠴᠠᠭᠠᠬᠤ ᠳᠠᠷᠤᠭ᠎ᠠ ᠳᠤ ᠲᠠᠯᠠᠷᠬᠠᠵᠤ ᠪᠠᠶᠢᠨ᠎ᠠ ᠂ ᠨᠠᠮ ᠤᠨ ᠬᠣᠷᠢᠶ᠎ᠠ ᠵᠠᠰᠠᠭ ᠤᠨ ᠣᠷᠳᠣᠨ  ᠤ  ᠤᠳᠤᠷᠢᠳᠤᠯᠭ᠎ᠠ ᠳᠤ ᠲᠠᠯᠠᠷᠬᠠᠵᠤ ᠪᠠᠶᠢᠨ᠎ᠠ ᠂ ᠭᠡᠷ  ᠢ ᠠᠵᠢᠯ ᠰᠡᠷᠭᠦᠭᠡᠬᠦ  ᠳᠦ ᠪᠢᠳᠡ ᠮᠠᠰᠢ ᠪᠠᠶᠠᠷᠯᠠᠪᠠ ᠂ ᠪᠢᠳᠡ ᠪᠤᠰᠤᠳ ᠤᠴᠢᠷ   ᠦᠨ  ᠰᠢᠢᠳᠪᠦᠷᠢᠯᠡᠯᠲᠡ  ᠳᠦ ᠨᠡᠩ ᠰᠡᠳᠬᠢᠯ ᠠᠮᠤᠷ ᠪᠤᠯᠤᠭᠰᠠᠨ ᠪᠠᠶᠢᠨ᠎ᠠ᠃ ︾ ᠯᠢ ᠴᠢ ᠯᠢᠨ ᠵᠠᠬᠢᠳᠠᠯ ᠰᠤᠷᠪᠤᠯᠵᠢᠯᠠᠭ᠎ᠠ ᠬᠢᠭᠰᠡᠳ ᠦᠨ ᠲᠥᠯᠥᠭᠡᠯᠡᠭᠴᠢ ᠲᠠᠢ ᠬᠠᠯᠠᠭᠤᠨ  ᠢᠶᠠᠷ ᠭᠠᠷ ᠠᠳᠬᠤᠵᠤ ᠂ ᠲᠠᠲᠡᠨᠤᠰ  ᠢ ᠦᠲᠡᠨ ᠮᠤᠷᠲᠠᠭᠤᠯᠪᠠ ᠃


W020200619602043370961.jpg


ᠯᠢ ᠴᠢ ᠯᠢᠨ ᠪᠠᠰᠠ ᠵᠠᠬᠢᠳᠠᠯ ᠰᠤᠷᠪᠤᠯᠵᠢᠯᠠᠭ᠎ᠠ ᠶᠢᠨ ᠥᠭᠡᠷ᠎ᠡ ᠨᠢᠭᠡ ᠬᠡᠷᠡᠭ ᠢ ᠬᠦᠯᠢᠶᠡᠨ ᠠᠪᠴᠤ ᠂ ᠵᠠᠬᠢᠳᠠᠯ ᠰᠤᠷᠪᠤᠯᠵᠢᠯᠠᠭ᠎ᠠ ᠬᠢᠭᠰᠡᠨ ᠽᠧᠩ ᠤᠪᠤᠭᠲᠤ ᠪᠤᠯ ᠰᠸ᠋ᠴᠦᠸᠠᠨ ᠮᠤᠵᠢ  ᠶᠢᠨ ᠨᠢᠭᠡᠨ ᠪᠠᠷᠢᠯᠭ᠎ᠠ  ᠶᠢᠨ ᠬᠦᠲᠡᠯᠮᠦᠷᠢ ᠦᠢᠯᠡᠴᠢᠯᠡᠭᠡᠨ  ᠦ ᠬᠢᠵᠠᠭᠠᠷᠲᠤ ᠺᠤᠮᠫᠠᠨᠢ  ᠶᠢᠨ ᠬᠠᠷᠢᠭᠤᠴᠠᠯᠭᠠᠲᠠᠨ ᠪᠠᠶᠢᠵᠦ ᠂ ᠦᠪᠦᠷ ᠮᠤᠩᠭᠤᠯ  ᠤᠨ ᠨᠢᠭᠡᠨ ᠪᠠᠷᠢᠯᠭ᠎ᠠ  ᠶᠢᠨ ᠠᠵᠢᠯ ᠤᠨ ᠬᠢᠵᠠᠭᠠᠷᠲᠤ ᠺᠤᠮᠫᠠᠨᠢ ᠲᠠᠢ ᠬᠦᠬᠡᠬᠤᠲᠠ  ᠶᠢᠨ ᠨᠢᠭᠡᠨ ᠲᠤᠭᠤᠷᠢᠭ  ᠤᠨ ᠪᠠᠷᠢᠯᠭ᠎ᠠ  ᠶᠢᠨ ᠲᠤᠷᠦᠯ ᠵᠦᠢᠯ  ᠳᠦ ᠡᠳ᠋ ᠬᠦᠷᠦᠩᠭᠡ  ᠶᠢᠨ ᠵᠢᠭᠤᠷᠠᠯᠲᠤᠭᠠᠨ ᠡᠭᠦᠰᠴᠦ ᠂ ᠨᠦᠬᠦᠭᠡ ᠡᠲᠡᠭᠡᠳ ᠲᠡᠬᠡᠨ ᠵᠠᠭᠤᠨ ᠲᠦᠮᠡ ᠭᠠᠷᠤᠶ ᠲᠥᠭᠥᠷᠢᠭ ᠦᠨ ᠬᠣᠬᠢᠷᠠᠯ ᠢ ᠲᠦᠯᠦᠬᠦᠯᠬᠦ ᠪᠡᠷ ᠱᠠᠭᠠᠷᠳᠠᠵᠠᠶ᠃ ᠬᠡᠷᠡᠭ ᠢ ᠬᠡᠲᠦ ᠤᠳᠠᠭ᠎ᠠ ᠰᠢᠭᠦᠭᠡᠳ ᠂ 2019 ᠣᠨ ᠳᠤ ᠨᠢᠭᠡᠳᠦᠭᠡᠷ ᠰᠢᠭᠦᠯᠲᠡ ᠶᠢᠨ ᠰᠢᠭᠦᠬᠦ ᠬᠣᠷᠢᠶ᠎ᠠ ᠢᠷᠭᠡᠨ ᠦ ᠬᠡᠷᠡᠭ ᠦᠨ ᠰᠢᠭᠦᠨ ᠲᠠᠰᠤᠯᠤᠯᠲᠠ ᠭᠠᠷᠭᠠᠵᠤ ᠂ ᠵᠥᠪᠬᠡᠨ ᠽᠸᠩ ᠣᠪᠣᠭᠲᠤ ᠶᠢᠨ ᠵᠣᠷᠢᠭᠰᠠᠨ ᠢᠨᠵᠧᠨᠧᠷᠢᠩ ᠦᠨ ᠪᠠᠲᠤᠯᠠᠭ᠎ᠠ ᠶᠢᠨ ᠮᠥᠩᠭᠥ 40 ᠲᠦᠮᠡᠨ ᠲᠥᠭᠥᠷᠢᠭ  ᠢ ᠲᠡᠮᠵᠢᠪᠡ ᠃ ᠽᠸᠩ ᠣᠪᠣᠭᠲᠤ ᠬᠦᠯᠢᠶᠡᠬᠦ  ᠦᠭᠡᠢ ᠪᠠᠶᠢᠵᠤ᠂ ᠬᠠᠤᠯᠢ ᠴᠠᠭᠠᠵᠠ ᠶᠢᠨ ᠵᠠᠷᠭᠤ ᠬᠢᠬᠦ ᠶᠢᠨ ᠬᠠᠮᠲᠤ ᠂ ᠤᠷᠢᠳ ᠬᠣᠵᠢᠳ 5 ᠤᠳᠠᠭ᠎ᠠ ᠥᠪᠡᠷᠲᠡᠭᠡᠨ ᠵᠠᠰᠠᠬᠤ ᠣᠷᠣᠨ ᠤ ᠡᠯ᠎ᠡ ᠲᠦᠷᠦᠯ ᠦᠨ ᠵᠠᠭᠠᠯᠳᠤᠬᠤ ᠲᠠᠪᠴᠠᠩ ᠳᠤ ᠵᠠᠭᠠᠯᠳᠤᠪᠠ᠃ ᠯᠢ ᠴᠢ ᠯᠢᠨ ᠵᠠᠬᠢᠳᠠᠯ ᠰᠤᠷᠪᠤᠯᠵᠢᠯᠠᠭ᠎ᠠ ᠬᠢᠭᠰᠡᠨ ᠬᠦᠮᠦᠨ  ᠦ ᠲᠤᠭᠠᠴᠢᠯᠲᠠ  ᠶᠢ ᠰᠤᠨᠤᠰᠤᠭᠰᠠᠨ  ᠤ ᠲᠠᠷᠠᠭ᠎ᠠ ᠂ ᠨᠠᠷᠢᠨ ᠬᠢᠨᠠᠮᠠᠭᠠᠢ ᠬᠠᠷᠢᠭᠤᠯᠵᠤ ᠂ ᠡᠯ᠎ᠡ ᠲᠠᠯ᠎ᠠ  ᠶᠢᠨ ᠡᠨᠡ ᠬᠦ  ᠵᠠᠬᠢᠳᠠᠯ ᠰᠤᠷᠪᠤᠯᠵᠢᠯᠠᠭ᠎ᠠ  ᠶᠢᠨ ᠶᠠᠪᠤᠲᠠᠯ  ᠢ ᠵᠣᠬᠢᠰᠲᠠᠶ ᠰᠢᠢᠳᠪᠦᠷᠢᠯᠡᠬᠦ  ᠶᠢ ᠢᠲᠡᠪᠬᠢᠲᠠᠢ ᠲᠦᠯᠬᠢᠨ ᠠᠬᠢᠭᠤᠯᠤᠨ᠎ᠠ ᠬᠡᠮᠡᠨ ᠢᠯᠡᠷᠬᠡᠶᠢᠯᠡᠪᠡ ᠃

︽ ᠥᠨᠥᠳᠦᠷ ᠤᠨ ᠦᠳᠡ ᠬᠣᠶᠢᠨᠠᠬᠢ ᠬᠣᠶᠠᠷ ᠵᠠᠬᠢᠳᠠᠯ ᠰᠤᠷᠪᠤᠯᠵᠢᠯᠠᠭ᠎ᠠ ᠶᠢᠨ ᠵᠦᠢᠯᠡᠰ ᠦᠨ ᠬᠦᠴᠢᠷᠳᠡᠯ ᠨᠢ ᠠᠳᠠᠯᠢ ᠦᠭᠡᠢ ᠂ ᠯᠢ ᠴᠢ ᠯᠢᠨ ᠪᠠᠶᠢᠴᠠᠭᠠᠬᠤ ᠳᠠᠷᠤᠭ᠎ᠠ  ᠶᠢᠨ ᠰᠢᠶᠳᠪᠦᠷᠢᠯᠡᠬᠦ ᠠᠷᠭ᠎ᠠ  ᠶᠢᠨ ᠲᠠᠯ᠎ᠠ  ᠪᠠᠷ ᠠᠳᠠᠯᠢ ᠦᠭᠡᠶ ᠪᠣᠯᠪᠠᠴᠤ ᠲᠡᠷᠡ ᠵᠠᠬᠢᠳᠠᠯ ᠰᠤᠷᠪᠤᠯᠵᠢᠯᠠᠭ᠎ᠠ ᠬᠢᠭᠰᠡᠳ  ᠦᠨ ᠰᠡᠳᠬᠢᠯ  ᠦᠨ ᠵᠠᠩᠭᠢᠷᠠᠭ᠎ᠠ  ᠶᠢ ᠲᠠᠶᠢᠯᠬᠤ  ᠳᠤ  ᠶᠡᠬᠡ ᠬᠦᠴᠦ ᠣᠷᠣᠭᠤᠯᠵᠠᠶ᠃ ᠬᠠᠤᠯᠢ ᠶᠣᠰᠣ ᠶᠢ ᠶᠠᠷᠢᠵᠤ ᠂ ᠶᠣᠰᠣ ᠤᠴᠢᠷ ᠢ ᠶᠠᠷᠢᠵᠤ ᠂ ᠤᠯᠠᠨ ᠲᠦᠮᠡᠨ ᠨᠢᠭᠡᠪᠦᠷᠢ ᠳᠦ ᠲᠥᠪ ᠭᠣᠸᠯᠴᠢ ᠰᠢᠳᠤᠷᠭᠤ ᠶᠣᠰᠣ ᠶᠢ ᠮᠡᠳᠡᠷᠡᠭᠦᠯᠵᠦ᠂ ᠪᠢᠳᠡᠨ ᠳᠦ ᠨᠢᠭᠡᠨ ᠮᠠᠰᠢ ᠠᠮᠢᠳᠤᠯᠢᠭ ᠬᠢᠴᠢᠶᠡᠯ ᠤᠷᠤᠭᠰᠠᠨ  ᠪᠠᠶᠢᠨ᠎ᠠ᠃ ︾ ᠭᠡᠵᠦ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶ᠎ᠠ ᠶᠢᠨ ᠵᠠᠬᠢᠳᠠᠯ ᠰᠤᠷᠪᠤᠯᠵᠢᠯᠠᠭ᠎ᠠ ᠶᠢᠨ ᠠᠵᠢᠯᠲᠠᠨ ᠪᠤᠲᠤᠯ ᠲᠦᠷᠦᠭᠲᠡᠨ ᠬᠡᠯᠡᠪᠡ ᠃

 


ᠢᠷᠡᠯᠲᠡ
ᠥᠪᠡᠷᠲᠡᠭᠡᠨ ᠵᠠᠰᠠᠬᠤ ᠣᠷᠤᠨ ᠤ ᠪᠠᠶᠢᠴᠠᠭᠠᠬᠤ ᠬᠣᠷᠢᠶ᠎ᠠ ᠶᠢᠨ ᠣᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro