ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠣᠯᠠᠨ ᠠᠷᠭ᠎ᠠ ᠬᠡᠮᠵᠢᠶ᠎ᠡ ᠠᠪᠴᠦ᠌ ︽ ᠬᠤᠶᠠᠷ ᠲᠦᠷᠦᠯ  ᠳᠦ ᠬᠢᠨᠠᠯᠳᠡ ᠲᠠᠯᠪᠢᠬᠣ︾ ᠠᠵᠢᠯ ᠢ ᠲᠦᠯᠬᠢᠨ ᠠᠬᠢᠭᠣᠯᠪᠠ

2020-07-27 16:17:03
ᠵᠣᠬᠢᠶᠠᠭᠴᠢ
ᠲᠠᠨᠠᠬᠦᠦ

ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠨᠢ ᠲᠦᠪ ᠦᠨ ᠬᠠᠣᠯᠢ ᠴᠠᠭᠠᠵᠠ ᠶᠢᠨ ᠪᠠᠶᠢᠭᠣᠯᠣᠯ ᠢ ᠭᠦᠨᠵᠡᠭᠡᠶᠢᠷᠡᠭᠦᠯᠬᠦ ᠵᠢᠴᠢ ᠵᠢᠷᠦᠮᠵᠢᠭᠰᠡᠨ ᠬᠠᠣᠯᠢ ᠬᠡᠷᠡᠭᠵᠢᠭᠦᠯᠦᠯᠳᠡ  ᠤᠨ ᠲᠣᠬᠠᠢ ᠬᠣᠷᠠᠯ ᠤᠨ ᠵᠣᠷᠢᠭ ᠰᠠᠨᠠᠭ᠎ᠠ ᠶᠢ  ᠭᠦᠨᠵᠡᠭᠡᠢ ᠲᠤᠤᠱᠠᠯᠠᠭᠤᠯᠵᠤ᠂ ᠪᠠᠶᠢᠴᠠᠭᠠᠬᠣ ᠪᠠᠶᠢᠭᠣᠯᠭ᠎ᠠ ᠶᠢᠨ ᠬᠢᠨᠠᠯᠳᠠ ᠲᠠᠯᠪᠢᠬᠣ ᠡᠷᠬᠡ ᠴᠢᠳᠠᠪᠬᠢ ᠶᠢ ᠣᠯᠠᠮ ᠨᠢᠭᠡ ᠠᠯᠬᠣᠮ ᠴᠢᠩᠭᠠᠳᠬᠠᠵᠤ᠂ ᠦᠪᠡᠷᠳᠡᠭᠡᠨ ᠵᠠᠰᠠᠬᠣ ᠣᠷᠣᠨ ᠤ ᠠᠷᠠᠳ  ᠤᠨ ᠪᠠᠶᠢᠴᠠᠭᠠᠬᠣ ᠬᠣᠷᠢᠶ᠎ᠠ᠂ ᠲᠣᠳᠣᠭᠠᠳᠣ ᠶᠢ ᠬᠠᠮᠠᠭᠠᠯᠠᠬᠣ ᠲᠢᠩᠬᠢᠮ ᠦᠨ︽< ᠬᠤᠶᠠᠷ ᠲᠦᠷᠦᠯ  ᠳᠦ ᠬᠢᠨᠠᠯᠳᠠ  ᠲᠠᠯᠪᠢᠬᠤ > ᠲᠣᠰᠬᠠᠢ ᠬᠦᠳᠡᠯᠭᠡᠭᠡᠨ ᠢ ᠦᠷᠨᠢᠭᠦᠯᠬᠦ ᠲᠣᠬᠠᠢ ᠠᠵᠢᠯ ᠤᠨ ᠲᠦᠰᠦᠯ︾ ᠢ ᠪᠦᠬᠦ ᠲᠠᠯ᠎ᠠ ᠪᠠᠷ ᠨᠠᠶᠢᠳᠠᠪᠣᠷᠢᠵᠢᠭᠣᠯᠵᠣ᠂ ᠣᠷᠠᠳ ᠤᠨ ᠬᠣᠶᠢᠳᠣ ᠬᠣᠰᠢᠭᠣᠨ ᠤ ᠲᠣᠳᠣᠭᠠᠳᠣ ᠶᠢ ᠬᠠᠮᠠᠭᠠᠯᠠᠬᠣ ᠲᠣᠪᠴᠢᠶ᠎ᠠ ᠲᠠᠢ ᠬᠣᠯᠪᠣᠭᠠᠯᠠᠨ ᠢᠳᠡᠪᠬᠢᠳᠠᠢ ᠪᠠᠶᠢᠷᠢᠯᠠᠭᠣᠯᠵᠤ᠂ ᠬᠠᠷᠢᠯᠴᠠᠨ ᠬᠠᠮᠵᠢᠯᠴᠠᠨ ᠂ ᠣᠯᠠᠨ ᠠᠷᠭ᠎ᠠ ᠶᠢ ᠵᠡᠷᠭᠡ ᠪᠡᠷ ᠬᠡᠷᠡᠭᠯᠡᠨ᠂ ︽ᠬᠣᠶᠠᠷ ᠲᠦᠷᠦᠯ ᠳᠦ ᠬᠢᠨᠠᠯᠳᠠ ᠲᠠᠯᠪᠢᠬᠣ︾ ᠠᠵᠢᠯ ᠢ ᠪᠦᠳᠦᠮᠵᠢᠳᠠᠢ ᠠᠬᠢᠭᠣᠯᠣᠬᠰᠠᠨ ᠪᠠᠶᠢᠨ᠎ᠠ᠃


1.jpg


ᠨᠢᠭᠡ᠂ ᠣᠯᠠᠨ  ᠵᠤᠶᠢᠯ ᠤᠨ ᠠᠷᠭ᠎ᠠ ᠬᠡᠮᠵᠢᠶ᠎ᠡ ᠪᠡᠷ ᠠᠵᠢᠯ ᠢᠶᠠᠨ ᠠᠬᠢᠭᠣᠯᠪᠠ

ᠡᠨᠡ ᠵᠢᠯ ᠦᠨ3 ᠰᠠᠷ᠎ᠠ ᠳᠤ᠂ ᠲᠡᠭᠡᠷ᠎ᠡ ᠱᠠᠳᠣᠨ ᠤ  ᠪᠠᠶᠢᠴᠠᠭᠠᠬᠣ ᠬᠣᠷᠢᠶ᠎ᠠ ᠶᠢᠨ ᠠᠵᠢᠯ ᠤᠨ ᠲᠦᠰᠦᠯ ᠢ ᠬᠦᠯᠢᠶᠡᠨ ᠣᠯᠣᠬᠰᠠᠨ ᠤ ᠲᠠᠷᠠᠭ᠎ᠠ᠂ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠲᠠᠷᠣᠶᠢᠬᠠᠨ ᠣᠷᠠᠳ ᠤᠨ ᠬᠣᠶᠢᠳᠣ ᠬᠣᠰᠢᠭᠣᠨ ᠤ ᠲᠣᠳᠣᠭᠠᠳᠣ ᠶᠢ ᠬᠠᠮᠠᠭᠠᠯᠠᠬᠣ ᠲᠣᠪᠴᠢᠶ᠎ᠠ ᠲᠠᠢ ᠬᠠᠮᠳᠣᠷᠠᠬᠰᠠᠨ ᠬᠣᠷᠠᠯ ᠬᠣᠷᠠᠯᠳᠣᠭᠣᠯᠵᠤ᠂ ︽ ᠬᠣᠶᠠᠷ ᠲᠦᠷᠦᠯ ᠳᠦ ᠬᠢᠨᠠᠯᠳᠠ ᠲᠠᠯᠪᠢᠬᠣ︾ ᠲᠣᠰᠬᠠᠢ ᠬᠦᠳᠡᠯᠭᠡᠭᠡᠨ ᠢ ᠦᠷᠨᠢᠭᠦᠯᠬᠦ ᠲᠣᠬᠠᠢ  ᠶᠠᠷᠢᠯᠴᠠᠵᠤ᠂ ᠬᠠᠨᠳᠣᠯᠭᠠᠳᠣ ᠴᠢᠨᠠᠷᠳᠠᠢ᠂ ᠵᠢᠯᠣᠭᠣᠳᠬᠣ ᠴᠢᠨᠠᠷᠳᠠᠢ ᠰᠠᠨᠠᠯ ᠲᠣᠷᠠᠳᠣᠨ᠂ ᠎︽< ᠬᠣᠶᠠᠷ ᠲᠦᠷᠦᠯ ᠳᠦ ᠬᠢᠨᠠᠯᠳᠠ ᠲᠠᠯᠪᠢᠬᠣ> ᠲᠣᠰᠬᠠᠢ ᠬᠦᠳᠡᠯᠭᠡᠭᠡᠨ ᠢ ᠦᠷᠨᠢᠭᠦᠯᠬᠦ ᠲᠣᠬᠠᠢ ᠠᠵᠢᠯ ᠤᠨ ᠲᠦᠰᠦᠯ 》 ᠢ ᠬᠠᠮᠳᠣᠷᠠᠨ ᠲᠣᠬᠳᠠᠭᠠᠪᠠ᠃ ᠣᠷᠠᠳ ᠤᠨ ᠬᠣᠶᠢᠳᠣ  ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠶᠢᠨ ᠨᠢᠭᠡᠳᠦᠭᠡᠷ ᠬᠡᠯᠳᠡᠰ  ᠡᠴᠡ ᠲᠣᠳᠣᠭᠠᠳᠣ ᠶᠢ ᠬᠠᠮᠠᠭᠠᠯᠠᠬᠣ ᠲᠣᠪᠴᠢᠶ᠎ᠠ ᠶᠢᠨ ᠴᠠᠬᠳᠠᠭᠠᠨ ᠶᠠᠪᠣᠳᠠᠯ ᠤᠨ ᠲᠠᠪᠴᠠᠩ ᠢ ᠠᠰᠢᠭᠯᠠᠨ᠂ ᠣᠷᠠᠳ ᠤᠨ ᠬᠣᠶᠢᠳᠣ ᠬᠣᠰᠢᠭᠣᠨ ᠤ ᠲᠣᠳᠣᠭᠠᠳᠣ ᠶᠢ ᠬᠠᠮᠠᠭᠠᠯᠠᠬᠣ ᠲᠣᠪᠴᠢᠶ᠎ᠠ ᠶᠢᠨ2016 ᠣᠨ ᠠᠴᠠ2018 ᠣᠨ ᠤ ᠬᠣᠭᠣᠷᠣᠨᠳᠣ ᠰᠢᠢᠳᠪᠦᠷᠢᠯᠡᠭᠰᠡᠨ ᠵᠠᠰᠠᠭ ᠵᠠᠬᠢᠷᠭᠠᠨ ᠤ ᠬᠡᠷᠡᠭ᠂ ᠡᠷᠡᠭᠦᠦ ᠶᠢᠨ ᠬᠡᠷᠡᠭ ᠢ ᠲᠠᠷᠠᠭᠠᠯᠠᠨ ᠪᠠᠶᠢᠴᠠᠭᠠᠨ ᠪᠠᠶᠢᠳᠠᠯ ᠢ ᠣᠶᠢᠯᠭᠠᠵᠣ᠂ ᠵᠣᠶᠢᠯ  ᠢᠯᠭᠠᠨ︽ ᠬᠡᠷᠡᠭ ᠢ  ᠬᠢᠨᠠᠨ ᠪᠠᠶᠢᠴᠠᠭᠠᠬᠣ ᠲᠠᠩᠰᠠᠯᠠᠯ ᠤᠨ ᠬᠦᠰᠦᠨᠦᠭ︾ ᠵᠤᠬᠢᠶᠠᠪᠠ᠃


评查案件1..jpg


ᠬᠣᠶᠠᠷ᠂ ᠲᠣᠬᠠᠢ ᠶᠢᠨ ᠭᠠᠵᠠᠷ ᠲᠦ᠋ᠨᠢ ᠬᠦᠷᠴᠦ ᠬᠡᠷᠡᠭ ᠦᠨ ᠡᠪᠬᠡᠮᠡᠯ ᠢ ᠦᠵᠡᠨ᠂ ᠬᠢᠨᠠᠯᠳᠠ ᠲᠠᠯᠪᠢᠬᠣ ᠦᠢᠯᠡᠳᠦᠯ ᠢᠶᠡᠨ ᠪᠠᠳᠠᠷᠠᠭᠣᠯᠪᠠ

ᠣᠷᠣᠨ ᠲᠣᠭᠠᠳᠣ ᠪᠠᠶᠢᠴᠠᠭᠠᠬᠴᠢ ᠲᠠᠭᠠᠭᠣᠯᠣᠨ᠂ ᠲᠣᠭᠣᠶᠢᠯᠠᠩ ᠬᠣᠪᠢᠶᠠᠨ ᠲᠣᠬᠠᠢ ᠶᠢᠨ ᠭᠠᠵᠠᠷ ᠲᠤ ᠬᠦᠷᠴᠦ᠂ ᠲᠣᠳᠣᠭᠠᠳᠣ ᠶᠢ ᠬᠠᠮᠠᠭᠠᠯᠠᠬᠣ ᠪᠠᠶᠢᠭᠣᠯᠭ᠎ᠠ ᠶᠢᠨ12 ᠰᠠᠯᠠᠭ᠎ᠠ᠂ ᠰᠠᠯᠪᠣᠷᠢ᠂ ᠠᠩᠬᠢ ᠤᠨ ᠬᠡᠷᠡᠭ ᠦᠨ ᠡᠪᠬᠡᠮᠡᠯ ᠢ ᠪᠠᠶᠢᠴᠠᠭᠠᠨ ᠦᠵᠡᠵᠦ᠂ ᠬᠢᠨᠠᠨ ᠪᠠᠶᠢᠴᠠᠭᠠᠬᠠᠣ ᠬᠦᠰᠦᠨᠦᠭᠳᠦ ᠶᠢᠨ ᠶᠣᠰᠣᠭᠠᠷ ᠬᠢᠨᠠᠨ ᠪᠠᠶᠢᠴᠠᠭᠠᠨ ᠲᠠᠩᠰᠠᠯᠠᠵᠤ᠂ ᠨᠡᠶᠢᠳᠡ 404 ᠬᠡᠷᠡᠭ   ᠢ ᠬᠢᠨᠠᠨ ᠪᠠᠶᠢᠴᠠᠭᠠᠬᠰᠠᠨ ᠪᠦᠭᠡᠳ30 ᠭᠠᠷᠣᠢ ᠬᠡᠷᠡᠭ ᠦᠨ ᠡᠪᠬᠡᠮᠡᠯ ᠢ ᠰᠢᠯᠵᠢᠭᠦᠯᠦᠨ ᠠᠪᠴᠢᠷᠠᠵᠤ᠂ ᠨᠦᠭᠦᠭᠡ ᠲᠣᠭᠣᠶᠢᠯᠠᠩ ᠤᠨ ᠪᠠᠶᠢᠴᠠᠭᠠᠬᠴᠢ ᠪᠠᠷ ᠲᠠᠪᠳᠠᠨ ᠪᠠᠶᠢᠴᠠᠭᠠᠯᠭᠠᠪᠠ᠃ ᠬᠢᠨᠠᠨ ᠪᠠᠶᠢᠴᠠᠭᠠᠬᠣ ᠲᠣᠮᠳᠠ᠂ ᠬᠢᠨᠠᠨ ᠪᠠᠶᠢᠴᠠᠭᠠᠬᠰᠠᠨ ᠦᠷ᠎ᠡ ᠳ᠋ᠦᠩ ᠢ ᠦᠨᠳᠦᠰᠦᠯᠡᠨ᠂ ᠠᠮᠠ  ᠪᠠᠷ30 ᠭᠠᠷᠦᠢ ᠵᠣᠷᠪᠣᠰ ᠴᠠᠭ᠍ᠴᠠᠯᠡᠨ ᠰᠠᠶᠢᠵᠢᠷᠠᠭᠣᠯᠬᠣ ᠰᠠᠨᠠᠭᠣᠯᠭ᠎ᠠ ᠲᠣᠷᠠᠳᠴᠦ᠂ ᠡᠭᠦᠨ ᠦ ᠲᠠᠭᠠᠤ1 ᠬᠡᠷᠡᠭ1 ᠬᠦᠮᠦᠨ ᠳᠦ ᠬᠢᠨᠠᠯᠳᠠ ᠲᠠᠯᠪᠢᠵᠤ ᠬᠡᠷᠡᠭ ᠪᠣᠯᠭᠠᠨ ᠲᠠᠩᠰᠠᠯᠠᠭᠣᠯᠵᠤ᠂15 ᠬᠡᠷᠡᠭ18 ᠬᠦᠮᠦᠨ ᠳᠦ ᠬᠢᠨᠠᠯᠳᠠ ᠲᠠᠯᠪᠢᠵᠤ ᠬᠡᠷᠡᠭ ᠢ ᠬᠦᠴᠦᠨ ᠦᠭᠡᠢ ᠪᠣᠯᠭᠠᠵᠤ᠂ ᠬᠠᠣᠯᠢ ᠠᠴᠠ ᠵᠦᠷᠢᠴᠡᠭᠰᠡᠨ ᠢ ᠵᠠᠯᠠᠷᠠᠭᠣᠯᠬᠣ ᠮᠡᠳᠡᠭᠳᠡᠯ ᠦᠨ ᠪᠢᠴᠢᠭ12 ᠬᠣᠪᠢ ᠭᠠᠷᠭᠠᠪᠠ᠃


上级院指导.JPG

上级院调研2.JPG

ᠭᠣᠷᠪᠠ᠂ ᠲᠡᠭᠡᠷ᠎ᠡ  ᠱᠠᠳᠣᠨ ᠤ ᠪᠠᠶᠢᠴᠠᠭᠠᠬᠣ ᠬᠣᠷᠢᠶ᠎ᠠ ᠶᠢᠨ ᠵᠢᠯᠣᠭᠣᠳᠣᠯᠭ᠎ᠠ ᠲᠣᠣᠷ᠎ᠠ᠂ ᠲᠠᠬᠢᠨ ᠲᠡᠭᠡᠭᠰᠢᠯᠡᠬᠦᠯᠬᠦ ᠶᠢ ᠠᠬᠢᠭᠣᠯᠪᠠ

7ᠰᠠᠷ᠎ᠠ ᠶᠢᠨ2  ᠤ ᠡᠳᠦᠷ᠂ ᠵᠧᠵᠢᠶᠠᠩ ᠮᠤᠵᠢ ᠤᠨ ᠵᠢᠨ ᠬᠤᠸᠠ ᠬᠣᠳᠠ ᠶᠢᠨ ᠫᠠᠨ ᠠᠨ  ᠰᠢᠶᠠᠨ ᠤ  ᠠᠷᠠᠳ ᠤᠨ ᠪᠠᠶᠢᠴᠠᠭᠠᠬᠣ ᠬᠣᠷᠢᠶ᠎ᠠ ᠠᠴᠠ ᠪᠠᠶᠠᠨᠨᠠᠭᠣᠷ ᠬᠣᠳᠠ ᠶᠢᠨ ᠠᠷᠠᠳ ᠤᠨ ᠪᠠᠶᠢᠴᠠᠭᠠᠬᠣ ᠬᠣᠷᠢᠶ᠎ᠠ ᠳᠤ ᠲᠣᠰᠢᠶᠠᠯ ᠡᠭᠦᠷᠭᠡᠯᠡᠨ ᠰᠤᠯᠢᠯᠴᠠᠬᠰᠠᠨ ᠺᠠᠳᠠᠷ ᠵᠦ ᠲᠣᠣ︵ ᠫᠠᠨ ᠠᠨ ᠰᠢᠶᠠᠨ ᠠᠷᠠᠳ ᠤᠨ ᠪᠠᠶᠢᠴᠠᠭᠠᠬᠣ ᠬᠣᠷᠢᠶ᠎ᠠ ᠶᠢᠨ ᠪᠠᠶᠢᠴᠠᠭᠠᠬᠣ ᠺᠤᠮᠢᠰ ᠤᠨ  ᠲᠣᠰᠬᠠᠢ ᠭᠡᠰᠢᠭᠦᠨ︶ ᠪᠣᠯᠣᠨ ᠪᠠᠶᠠᠨᠨᠠᠭᠣᠷ ᠬᠣᠳᠠ ᠶᠢᠨ ᠠᠷᠠᠳ ᠤᠨ ᠪᠠᠶᠢᠴᠠᠭᠠᠬᠣ ᠬᠣᠷᠢᠶ᠎ᠠ ᠶᠢᠨ ᠬᠣᠶᠠᠳᠣᠭᠠᠷ ᠬᠡᠯᠳᠡᠰ ᠦᠨ ᠲᠡᠳ᠋ ᠡᠷᠬᠢᠯᠡᠭᠴᠢ ᠭᠥᠸᠧ ᠵᠢᠩ ᠮᠠᠨ ᠤ ᠬᠣᠷᠢᠶ᠎ᠠ ᠳᠤ ᠢᠷᠡᠵᠦ᠂ ᠮᠠᠨ ᠤ ᠬᠣᠷᠢᠶ᠎ᠠ ᠶᠢᠨ︽ ᠬᠣᠶᠠᠷ ᠲᠦᠷᠦᠯ ᠳᠦ ᠬᠢᠨᠠᠯᠳᠠ ᠲᠠᠯᠪᠢᠬᠣ︾ ᠠᠵᠢᠯ ᠢ ᠪᠠᠶᠢᠴᠠᠭᠠᠨ ᠰᠣᠳᠣᠯᠵᠣ᠂ ᠵᠢᠯᠣᠭᠣᠳᠣᠯᠭ᠎ᠠ ᠬᠢᠪᠡ᠃ ᠪᠠᠶᠢᠴᠠᠭᠠᠨ ᠰᠣᠳᠣᠯᠬᠣ ᠲᠣᠮᠳᠠ ᠮᠠᠨ ᠤ ᠬᠣᠷᠢᠶ᠎ᠠ ᠶᠢᠨ︽ ᠬᠣᠶᠠᠷ ᠲᠦᠷᠦᠯ ᠳᠦ ᠬᠢᠨᠠᠯᠳᠠ ᠲᠠᠯᠪᠢᠬᠣ︾ ᠠᠵᠢᠯ ᠢ ᠦᠨᠳᠦᠷ ᠬᠡᠮᠵᠢᠶ᠎ᠡ ᠪᠡᠷ ᠦᠨᠡᠯᠡᠨ ᠵᠦᠪᠰᠢᠶᠡᠷᠡᠵᠦ᠂   ᠲᠠᠭᠠᠣ ᠳ᠋ᠦ᠋ᠨᠢ ᠪᠦᠳᠦᠭᠡᠯᠴᠢ ᠴᠢᠨᠠᠷᠳᠠᠢ ᠰᠠᠨᠠᠭᠣᠯᠭ᠎ᠠ ᠲᠣᠷᠠᠳᠪᠠ᠃

ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠨᠢ ᠬᠡᠷᠡᠭ  ᠰᠢᠢᠳᠪᠦᠷᠢᠯᠡᠬᠦ ᠲᠣᠮᠳᠠ ᠬᠢᠨᠠᠯᠳᠠ ᠲᠠᠯᠪᠢᠬᠣ᠂ ᠬᠢᠨᠠᠯᠳᠠ ᠲᠠᠯᠪᠢᠬᠣ ᠲᠣᠮᠳᠠ ᠬᠡᠷᠡᠭ ᠰᠢᠢᠳᠪᠦᠷᠢᠯᠡᠬᠦ ᠣᠶᠢᠯᠭᠠᠬᠳᠠᠬᠣᠨ ᠢ ᠴᠠᠭ ᠢᠮᠠᠬᠳᠠ ᠪᠠᠷᠢᠮᠳᠠᠯᠠᠵᠤ᠂ ᠬᠡᠷᠡᠭ ᠢ ᠬᠢᠨᠠᠨ ᠪᠠᠶᠢᠴᠠᠭᠠᠬᠣ ᠠᠵᠢᠯ ᠢᠶᠠᠨ ᠴᠢᠩᠭ᠎ᠠ ᠠᠳᠬᠣᠵᠣ᠂︽ ᠬᠣᠶᠠᠷ ᠲᠦᠷᠦᠯ ᠳᠦ ᠬᠢᠨᠠᠯᠳᠠ ᠲᠠᠯᠪᠢᠬᠣ︾  ᠶᠢᠨ ᠪᠠᠶᠢᠴᠠᠭᠠᠬᠣ ᠪᠠᠶᠢᠭᠣᠯᠭ᠎ᠠ ᠶᠢᠨ ᠬᠠᠣᠯᠢ ᠴᠠᠭᠠᠵᠠ ᠶᠢᠨ ᠬᠢᠨᠠᠯᠳᠠ ᠲᠠᠯᠪᠢᠬᠣ ᠡᠭᠦᠷᠬᠡ ᠴᠢᠳᠠᠪᠣᠷᠢ  ᠲᠣᠮᠳᠠᠬᠢ ᠭᠣᠣᠯ ᠦᠢᠯᠡᠳᠦᠯ ᠢ ᠭᠦᠢᠴᠡᠳ ᠪᠠᠳᠠᠷᠠᠭᠣᠯᠵᠤ᠂ ᠪᠠᠶᠢᠴᠠᠭᠠᠬᠴᠢ ᠺᠠᠳᠠᠷ ᠴᠠᠭᠳᠠᠭᠠᠨ ᠤ ᠠᠵᠢᠯ ᠤᠨ ᠣᠷᠮ᠎ᠠ ᠶᠢ ᠭᠦᠭᠵᠢᠭᠡᠵᠦ᠂ ᠪᠡᠶᠡᠴᠢ  ᠲᠠᠯ᠎ᠠ ᠶᠢᠨ  ᠴᠢᠳᠠᠮᠠᠭᠠᠢ ᠴᠢᠨᠠᠷ  ᠢ ᠨᠢ  ᠭᠦᠢᠴᠡᠳ ᠪᠠᠳᠠᠷᠠᠭᠣᠯᠣᠨ᠂ ᠢᠳᠡᠪᠬᠢᠳᠠᠢ  ᠪᠠᠶᠢᠬᠣ ᠶᠢ ᠵᠣᠷᠢᠬᠵᠢᠭᠣᠯᠵᠣ᠂ ᠬᠢᠨᠠᠯᠳᠠ ᠲᠠᠯᠪᠢᠬᠤ  ᠳᠤ ᠬᠣᠷᠴᠠ ᠰᠣᠷᠭᠣᠭ ᠪᠠᠶᠢᠵᠤ᠂ ᠪᠠᠶᠢᠴᠠᠭᠠᠬᠴᠢ ᠺᠠᠳᠠᠷ ᠴᠠᠭᠳᠠᠭ᠎ᠠ ᠶᠢᠨ ᠬᠡᠷᠡᠭ ᠬᠢᠨᠠᠨ ᠪᠠᠶᠢᠴᠠᠭᠠᠬᠣ ᠲᠣᠮᠳᠠ ᠪᠡᠨ  ᠬᠡᠷᠡᠭ ᠪᠣᠯᠭᠠᠨ ᠲᠠᠩᠰᠠᠯᠠᠬᠤ᠂ ᠬᠡᠷᠡᠭ ᠢ ᠬᠦᠴᠦᠨ ᠦᠭᠡᠢ ᠪᠣᠯᠭᠠᠬᠣ ᠵᠢᠴᠢ ᠲᠣᠷᠰᠢᠨ ᠪᠠᠶᠢᠴᠠᠭᠠᠬᠣ ᠠᠵᠢᠯᠯᠠᠭ᠎ᠠ ᠳᠤ ᠬᠢᠨᠠᠯᠳᠠ  ᠲᠠᠯᠪᠢᠬᠤ ᠰᠦᠪᠡᠭᠴᠢ ᠶᠢ ᠢᠯᠡᠷᠡᠭᠦᠯᠬᠦ ᠳ᠋ᠡᠭᠡᠨ ᠴᠢᠳᠠᠮᠠᠭᠠᠢ ᠪᠠᠶᠢᠬᠣ ᠴᠢᠳᠠᠪᠣᠷᠢ ᠶᠢ ᠬᠦᠮᠦᠵᠢᠭᠦᠯᠪᠡ︔ ᠢᠳᠡᠪᠬᠢᠳᠠᠢ ᠪᠠᠷ ᠬᠢᠨᠠᠯᠳᠠ ᠲᠠᠯᠪᠢᠬᠣ ᠣᠶᠢᠯᠭᠠᠬᠳᠠᠬᠣᠨ ᠢᠶᠠᠨ ᠬᠣᠪᠢᠷᠠᠭᠣᠯᠵᠣ᠂  ᠬᠠᠳᠠᠭᠣ ᠬᠢᠨᠠᠯᠳᠠ ᠲᠠᠯᠪᠢᠬᠣ ᠪᠠ ᠵᠦᠭᠡᠯᠡᠨ ᠬᠢᠨᠠᠯᠳᠠ ᠲᠠᠯᠪᠢᠬᠣ ᠶᠢ ᠠᠮᠢᠳᠣᠯᠢᠭ ᠢᠶᠠᠷ ᠬᠡᠷᠡᠭᠯᠡᠵᠦ᠂ ᠬᠢᠨᠠᠯᠳᠠ ᠲᠠᠯᠪᠢᠬᠣ ᠲᠣᠭ᠎ᠠ ᠬᠡᠮᠵᠢᠶ᠎ᠡ ᠶᠢ ᠴᠢᠬᠣᠯᠴᠢᠯᠠᠬᠣ ᠶᠢᠨ ᠰᠠᠭᠣᠷᠢᠨ ᠲᠡᠭᠡᠷ᠎ᠡ᠂ ᠬᠢᠨᠠᠯᠳᠠ  ᠲᠠᠯᠪᠢᠬᠣ ᠴᠢᠨᠠᠷ ᠴᠢᠨᠰᠠᠭ᠎ᠠ ᠶᠢ ᠲᠣᠪᠣᠶᠢᠯᠭᠠᠵᠣ᠂︽ ᠬᠣᠶᠠᠷ ᠲᠦᠷᠦᠯ ᠳᠦ ᠬᠢᠨᠠᠯᠳᠠ ᠲᠠᠯᠪᠢᠬᠣ︾ ᠠᠵᠢᠯ ᠤᠨ ᠶᠠᠰᠣ ᠴᠢᠨᠠᠷ ᠦᠷ᠎ᠡ ᠠᠰᠢᠭ ᠢ ᠪᠦᠬᠦ ᠲᠠᠯ᠎ᠠ ᠪᠠᠷ ᠲᠡᠭᠡᠭᠰᠢᠯᠡᠭᠦᠯᠪᠡ᠃

ᠡᠨᠡ ᠣᠳᠠᠭᠠᠨ ᠤ︽ ᠬᠣᠶᠠᠷ ᠲᠦᠷᠦᠯ ᠳᠦ ᠬᠢᠨᠠᠯᠳᠠ ᠲᠠᠯᠪᠢᠬᠤ︾ ᠠᠵᠢᠯ ᠢ ᠦᠷᠨᠢᠭᠦᠯᠬᠦ ᠪᠡᠷ ᠲᠠᠮᠵᠢᠨ᠂ ᠪᠠᠶᠢᠴᠠᠭᠠᠬᠴᠢ ᠺᠠᠳᠠᠷ ᠴᠠᠭᠳᠠᠭᠠᠨ ᠤ ᠲᠣᠰᠬᠠᠢ ᠮᠡᠷᠭᠡᠵᠢᠯ ᠦᠨ ᠬᠡᠪ ᠴᠢᠨᠠᠷ ᠪᠠ ᠬᠢᠨᠠᠯᠳᠠ ᠲᠠᠯᠪᠢᠵᠤ ᠬᠠᠣᠯᠢ ᠬᠡᠷᠡᠭᠵᠢᠭᠦᠯᠬᠦ ᠴᠢᠳᠠᠪᠣᠷᠢ ᠶᠢ ᠲᠡᠭᠡᠭᠰᠢᠯᠡᠭᠦᠯᠦᠭᠰᠡᠨ ᠢᠶᠡᠷ ᠪᠠᠷᠠᠬᠣ ᠦᠭᠡᠢ ᠬᠢᠨᠠᠯᠳᠠ ᠲᠠᠯᠪᠢᠬᠤ ᠠᠵᠢᠯ ᠤᠨ ᠬᠠᠷᠢᠭᠣᠴᠠᠯᠭᠠᠬᠣ  ᠰᠡᠳᠬᠢᠯᠭᠡ᠂  ᠡᠭᠦᠷᠭᠡᠳᠦ ᠰᠡᠳᠬᠢᠯᠭᠡ ᠶᠢ ᠴᠢᠩᠭᠠᠳᠬᠠᠵᠣ᠂  ᠭᠣᠣᠯᠳᠠᠯᠭ᠎ᠠ ᠪᠠᠨ ᠠᠳᠬᠣᠵᠣ᠂ ᠲᠣᠳᠠᠬᠳᠠᠯ ᠢᠶᠠᠨ ᠨᠦᠬᠦᠪᠦᠷᠢᠯᠡᠬᠦ ᠰᠠᠭᠣᠷᠢᠨ ᠲᠡᠭᠡᠷ᠎ᠡ᠂ ᠦᠨᠳᠦᠰᠦᠨ ᠬᠠᠣᠯᠢ ᠠᠴᠠ ᠪᠠᠶᠢᠴᠠᠭᠠᠬᠣ ᠪᠠᠶᠢᠭᠣᠯᠭ᠎ᠠ ᠳᠤ ᠦᠭᠬᠦᠭᠰᠡᠨ ᠬᠠᠣᠯᠢ ᠴᠠᠭᠠᠵᠠ ᠶᠢᠨ ᠬᠢᠨᠠᠯᠳᠠ ᠲᠠᠯᠪᠢᠬᠤ ᠡᠭᠦᠷᠬᠡ ᠴᠢᠳᠠᠪᠣᠷᠢ ᠪᠠᠨ ᠪᠣᠳᠠᠳᠠᠶᠢᠵᠢᠭᠣᠯᠪᠠ᠃ 

ᠲᠠᠷᠠᠭ᠎ᠠ ᠠᠯᠬᠣᠮ ᠳᠤ᠂ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠨᠢ ᠲᠡᠭᠡᠷ᠎ᠡ ᠱᠠᠳᠣᠨ ᠤ ᠪᠠᠶᠢᠴᠠᠭᠠᠬᠣ ᠬᠣᠷᠢᠶ᠎ᠠ  ᠶᠢᠨ ᠨᠢᠭᠡᠳᠦᠯᠳᠠᠢ ᠪᠠᠶᠢᠷᠢᠯᠠᠭᠣᠯᠣᠯᠳᠠ  ᠪᠠ ᠱᠠᠭᠠᠷᠳᠠᠯᠭ᠎ᠠ  ᠶᠢ ᠴᠢᠩᠭ᠎ᠠ ᠵᠢᠷᠦᠮᠯᠡᠨ︽ ᠬᠣᠶᠠᠷ ᠲᠦᠷᠦᠯ ᠳᠦ ᠬᠢᠨᠠᠯᠳᠠ ᠲᠠᠯᠪᠢᠬᠤ︾ ᠠᠵᠢᠯ ᠢ ᠭᠦᠨᠵᠡᠭᠡᠢ ᠦᠷᠨᠢᠭᠦᠯᠵᠦ᠂ ᠪᠠᠶᠢᠴᠠᠭᠠᠬᠴᠢ ᠪᠠ ᠴᠠᠬᠳᠠᠭᠠᠨ ᠤ ᠬᠠᠮᠳᠣ ᠶᠢᠨ ᠲᠠᠨᠢᠯᠳᠠ ᠶᠢ ᠨᠡᠮᠡᠭᠳᠡᠭᠦᠯᠵᠦ᠂ ᠪᠠᠶᠢᠴᠠᠭᠠᠬᠣ ᠪᠠᠶᠢᠭᠣᠯᠭ᠎ᠠ ᠶᠢᠨ ᠬᠠᠣᠯᠢ ᠴᠠᠭᠠᠵᠠ  ᠶᠢᠨ ᠬᠢᠨᠠᠯᠳᠠ ᠲᠠᠯᠪᠢᠬᠤ  ᠲᠦᠪᠰᠢᠨ ᠢᠶᠡᠨ ᠲᠡᠭᠡᠭᠰᠢᠯᠡᠭᠦᠯᠵᠦ᠂︽ ᠬᠣᠶᠠᠷ ᠲᠦᠷᠦᠯ ᠳᠦ ᠬᠢᠨᠠᠯᠳᠠ ᠲᠠᠯᠪᠢᠬᠤ︾ ᠡᠯ᠎ᠡ ᠵᠦᠢᠯ ᠦᠨ ᠠᠵᠢᠯ ᠤᠨ ᠡᠭᠦᠷᠭᠡ ᠪᠡᠨ ᠴᠢᠩᠭ᠎ᠠ ᠠᠳᠬᠣᠵᠣ ᠪᠣᠳᠠᠳᠠᠢ ᠠᠳᠬᠣᠵᠣ᠂ ᠰᠠᠶᠢᠨ ᠦᠷ᠎ᠡ ᠪᠦᠳᠦᠮᠵᠢ ᠣᠯᠬᠣ ᠪᠠᠷ ᠴᠢᠷᠮᠠᠶᠢᠨ᠎ᠠ᠃


ᠢᠷᠡᠯᠲᠡ
ᠪᠠᠶᠠᠨᠨᠠᠭᠤᠷ ᠬᠤᠳᠠ ᠵᠢᠨ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠠᠣ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro