ᠵᠠᠯᠠᠭᠤ ᠬᠥᠮᠥᠨ ᠠᠮᠢᠳᠤᠷᠠᠯ ᠢᠶᠠᠨ ᠡᠬᠢᠯᠡᠭᠦᠯᠬᠦ ᠳᠤ ᠬᠦᠰᠡᠯ ᠵᠣᠷᠢᠯᠭ᠎ᠠ ᠲᠠᠢ ᠪᠣᠯ ᠨᠥᠬᠦᠴᠡᠯ ᠮᠠᠭᠤ ᠠᠴᠠ ᠠᠶᠤᠬᠤ ᠦᠭᠡᠢ᠂ ᠵᠥᠪ ᠵᠠᠮ ᠢᠶᠠᠷ ᠶᠠᠪᠤᠵᠤ ᠪᠠᠶᠢᠬᠤ ᠳᠤ ᠤᠳᠠᠭᠠᠨ ᠪᠠᠶᠢᠬᠤ ᠠᠴᠠ ᠠᠶᠤᠬᠤ ᠦᠭᠡᠢ ᠭᠡᠳᠡᠭ᠃ ᠭᠡᠪᠡᠴᠦ ᠵᠠᠷᠢᠮ ᠵᠠᠯᠠᠭᠤᠴᠤᠳ ᠪᠤᠷᠤᠭᠤ ᠵᠠᠮ ᠢᠶᠠᠷ ᠣᠷᠣᠭᠠᠳ ᠵᠣᠭᠰᠣᠬᠤ ᠪᠠᠨ ᠮᠡᠳᠡᠬᠦ ᠦᠭᠡᠢ ᠪᠠᠶᠢᠵᠤ᠂ ᠪᠠᠶᠢᠴᠠᠭᠠᠬᠤ ᠲᠤᠰᠢᠶᠠᠯᠲᠠᠨ ᠲᠠᠢ ︽ᠨᠠᠶᠢᠵᠠᠯᠠᠭᠠᠳ︾ ᠬᠠᠮᠤᠭ ᠰᠠᠶᠢᠬᠠᠨ ᠵᠠᠯᠠᠭᠤ ᠨᠠᠰᠤ ᠪᠠᠨ ᠦᠷᠡᠵᠦ ᠶᠠᠪᠤᠵᠤ ᠪᠠᠶᠢᠨ᠎ᠠ᠃
2019 ᠣᠨ ᠤ 12 ᠳ᠋ᠤᠭᠠᠷ ᠰᠠᠷ᠎ᠠ ᠶᠢᠨ ᠨᠢᠭᠡᠨ ᠡᠳᠦᠷ᠂ ᠣᠲᠤᠭ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠪᠠᠶᠢᠴᠠᠭᠠᠬᠤ ᠲᠤᠰᠢᠶᠠᠯᠲᠠᠨ ︽ᠲᠠᠨᠢᠯ ᠵᠣᠴᠢᠨ︾ ᠤ ᠬᠡᠷᠡᠭ ᠢ ᠬᠦᠯᠢᠶᠡᠵᠦ ᠠᠪᠴᠠᠢ᠂ ᠡᠨᠡ ︽ᠲᠠᠨᠢᠯ ᠵᠣᠴᠢᠨ︾ ᠢ ᠰᠢᠶᠣᠣ ᠯᠧᠢ ︵ᠬᠤᠪᠢᠷᠠᠭᠤᠯᠤᠭᠰᠠᠨ ᠨᠡᠷ᠎ᠡ︶ ᠭᠡᠳᠡᠭ᠃
2019 ᠣᠨ ᠤ 9 ᠳ᠋ᠦ᠋ᠭᠡᠷ ᠰᠠᠷ᠎ᠠ ᠶᠢᠨ ᠨᠢᠭᠡᠨ ᠥᠷᠯᠥᠭᠡ᠂ ᠰᠢᠶᠣᠣ ᠯᠧᠢ ︵ᠬᠤᠪᠢᠷᠠᠭᠤᠯᠤᠭᠰᠠᠨ ᠨᠡᠷ᠎ᠡ︶ ᠠᠶᠢᠯ ᠤᠨ ᠭᠠᠳᠠᠭ᠎ᠠ ᠡᠷᠭᠢᠴᠡᠵᠦ ᠪᠠᠶᠢᠬᠤ ᠳᠠᠭᠠᠨ ᠲᠤᠰ ᠠᠶᠢᠯ ᠤᠨ ᠰᠡᠷᠡᠭᠦᠨ ᠪᠠᠶᠢᠰᠢᠩ ᠤᠨ ᠴᠣᠩᠬᠤ ᠨᠢ ᠨᠡᠭᠡᠭᠡᠯᠲᠡ ᠲᠠᠢ ᠪᠠᠶᠢᠬᠤ ᠶᠢ ᠦᠵᠡᠭᠡᠳ ᠮᠠᠭᠤ ᠰᠠᠨᠠᠭ᠎ᠠ ᠲᠥᠷᠥᠵᠦ᠂ ᠴᠣᠩᠬᠤᠨ ᠰᠠ ᠶᠢ ᠤᠷᠠᠵᠤ ᠬᠠᠶᠠᠴᠢᠬᠠᠭᠠᠳ ᠰᠢᠷᠭᠤᠵᠤ ᠣᠷᠣᠵᠠᠢ᠂ ᠰᠡᠷᠡᠭᠦᠨ ᠪᠠᠶᠢᠰᠢᠩ ᠠᠴᠠ ᠭᠡᠷ ᠤᠨ ᠬᠦᠷᠢᠶᠡᠨ ᠳᠤ ᠣᠷᠣᠭᠠᠳ ᠡᠨᠡ ᠠᠶᠢᠯ ᠤᠨ ᠬᠢᠨ ᠡᠭᠦᠳᠡ ᠪᠠᠨ ᠣᠨᠢᠰᠤᠯᠠᠭᠰᠠᠨ ᠦᠭᠡᠢ ᠪᠠᠶᠢᠬᠤ ᠶᠢ ᠮᠡᠳᠡᠭᠡᠳ ᠭᠡᠷ ᠲᠤᠨᠢ ᠣᠷᠣᠵᠤ ᠬᠤᠯᠠᠭᠠᠢ ᠬᠢᠭᠰᠡᠨ ᠪᠠᠶᠢᠨ᠎ᠠ᠃ ᠠᠶᠢᠯ ᠤᠨ ᠡᠵᠡᠨ ᠲᠠᠷᠢᠶᠠᠨ ᠭᠠᠵᠠᠷ ᠠᠴᠠ ᠪᠠᠨ ᠠᠵᠢᠯ ᠬᠢᠵᠦ ᠭᠠᠷᠤᠭᠠᠳ ᠭᠡᠷ ᠲᠡᠭᠡᠨ ᠢᠷᠡᠬᠦ ᠳᠤ ᠭᠡᠷ ᠲᠤᠨᠢ ᠬᠤᠯᠠᠭᠠᠢ ᠣᠷᠣᠭᠰᠠᠨ ᠢ ᠮᠡᠳᠡᠵᠦ ᠲᠡᠷᠡ ᠳᠣᠣᠷ᠎ᠠ ᠪᠠᠨ ᠴᠠᠭᠳᠠᠭ᠎ᠠ ᠳᠤ ᠮᠡᠳᠡᠭᠦᠯᠪᠡ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠠᠷᠤᠢ ᠳᠤᠨᠢ ᠬᠡᠷᠡᠭ ᠪᠣᠯᠭᠠᠨ ᠮᠥᠷᠳᠡᠨ ᠪᠠᠶᠢᠴᠠᠭᠠᠭᠰᠠᠨ ᠪᠠᠶᠢᠨ᠎ᠠ᠂ ᠡᠨᠡ ᠠᠶᠢᠯ ᠤᠨ ᠬᠢᠨ ᠳᠤᠷᠠᠨ ᠮᠠᠨᠠᠭ᠎ᠠ ︵ᠬᠢᠨᠠᠨ ᠡᠵᠡᠮᠳᠡᠬᠦ ᠲᠥᠬᠦᠭᠡᠷᠦᠮᠵᠢ︶ ᠲᠠᠭᠠᠷᠠᠭᠤᠯᠤᠭᠰᠠᠨ ᠪᠣᠯᠬᠤᠷ ᠬᠤᠯᠠᠭᠠᠢ ᠬᠢᠭᠰᠡᠨ ᠰᠢᠶᠣᠣ ᠯᠧᠢ ︵ᠬᠤᠪᠢᠷᠠᠭᠤᠯᠤᠭᠰᠠᠨ ᠨᠡᠷ᠎ᠡ︶ ᠶᠢ ᠲᠡᠷᠡ ᠡᠳᠦᠷ ᠲᠡᠭᠡᠨ ᠪᠠᠷᠢᠪᠴᠢᠯᠠᠵᠠᠢ᠃ ᠰᠢᠶᠣᠣ ᠯᠧᠢ ︵ᠬᠤᠪᠢᠷᠠᠭᠤᠯᠤᠭᠰᠠᠨ ᠨᠡᠷ᠎ᠡ︶ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠬᠤᠶᠠᠷ ᠵᠠᠭᠤ ᠵᠢᠷᠠᠨ ᠳᠥᠷᠪᠡᠳᠦᠭᠡᠷ ᠵᠦᠢᠯ ᠤᠨ ᠲᠣᠭᠲᠠᠭᠠᠯ ᠢ ᠵᠥᠷᠢᠴᠡᠵᠦ᠂ ᠬᠤᠯᠠᠭᠠᠶᠢᠯᠠᠭᠰᠠᠨ ᠶᠠᠯ᠎ᠠ ᠳᠤ ᠬᠦᠷᠴᠦ᠂ ᠳᠡᠭᠡᠷ᠎ᠡ ᠠᠴᠠ ᠨᠢ ᠳᠠᠪᠲᠠᠭᠰᠠᠨ ᠬᠡᠷᠡᠭᠲᠡᠨ ᠪᠣᠯᠬᠤᠷ ᠠᠷᠪᠠᠨ ᠰᠠᠷ᠎ᠠ ᠬᠤᠭᠤᠴᠠᠭ᠎ᠠ ᠲᠠᠢ ᠬᠤᠷᠢᠵᠤ᠂ ᠮᠢᠩᠭᠠᠨ ᠲᠥᠭᠦᠷᠢᠭ ᠵᠣᠭᠤᠰ ᠢᠶᠠᠷ ᠶᠠᠯᠠᠳᠠᠬᠤ ᠪᠠᠷ ᠨᠡᠶᠢᠯᠡᠭᠦᠯᠦᠨ ᠰᠢᠳᠬᠡᠭᠳᠡᠪᠡ᠃
ᠰᠢᠶᠣᠣ ᠯᠧᠢ ︵ᠬᠤᠪᠢᠷᠠᠭᠤᠯᠤᠭᠰᠠᠨ ᠨᠡᠷ᠎ᠡ︶ ︽ᠲᠠᠨᠢᠯ ᠵᠣᠴᠢᠨ︾ ᠪᠣᠯᠣᠭᠰᠠᠨ ᠤ ᠬᠤᠪᠢ ᠳᠤ᠂ 2017 ᠣᠨ ᠤ 5 ᠳ᠋ᠤᠭᠠᠷ ᠰᠠᠷ᠎ᠠ ᠠᠴᠠ 2018 ᠣᠨ ᠤ 3 ᠳ᠋ᠤᠭᠠᠷ ᠰᠠᠷ᠎ᠠ ᠶᠢᠨ ᠬᠤᠭᠤᠷᠣᠨᠳᠤ ᠨᠡᠶᠢᠲᠡ ᠠᠷᠪᠠᠨ ᠭᠤᠷᠪᠠ ᠤᠳᠠᠭ᠎ᠠ ᠠᠶᠢᠯ ᠡᠷᠦᠬᠡ ᠳᠤ ᠣᠷᠣᠵᠤ ᠪᠤᠰᠤᠳ ᠤᠨ ᠡᠳ᠋ ᠪᠣᠳᠠᠰ ᠢ ᠬᠤᠯᠠᠭᠠᠶᠢᠯᠠᠵᠤ᠂ ᠬᠤᠯᠠᠭᠠᠶᠢᠯᠠᠭᠰᠠᠨ ᠶᠠᠯ᠎ᠠ ᠪᠠᠷ ᠨᠢᠭᠡ ᠵᠢᠯ ᠤᠨ ᠭᠠᠳᠠᠨ᠎ᠠ ᠭᠤᠷᠪᠠᠨ ᠰᠠᠷ᠎ᠠ ᠬᠤᠭᠤᠴᠠᠭ᠎ᠠ ᠲᠠᠢ ᠬᠤᠷᠢᠵᠤ᠂ 3000 ᠲᠥᠭᠦᠷᠢᠭ ᠵᠣᠭᠤᠰ ᠢᠶᠠᠷ ᠶᠠᠯᠠᠳᠠᠬᠤ ᠪᠠᠷ ᠨᠡᠶᠢᠯᠡᠭᠦᠯᠦᠨ ᠰᠢᠳᠬᠡᠭᠳᠡᠵᠡᠢ᠃ ᠭᠡᠮᠰᠢᠵᠦ ᠤᠬᠠᠭᠠᠷᠠᠬᠤ ᠪᠠᠨ ᠮᠡᠳᠡᠬᠦ ᠦᠭᠡᠢ ᠲᠡᠷᠡ 2019 ᠣᠨ ᠤ 6 ᠳ᠋ᠤᠭᠠᠷ ᠰᠠᠷ᠎ᠠ ᠶᠢᠨ ᠰᠡᠭᠦᠯᠴᠢ ᠪᠠᠷ ᠡᠷᠡᠭᠦᠦ ᠶᠢᠨ ᠬᠤᠭᠤᠴᠠᠭ᠎ᠠ ᠳᠦᠭᠦᠷᠴᠦ ᠰᠤᠯᠠᠯᠠᠭᠳᠠᠭᠠᠳ 3 ᠰᠠᠷ᠎ᠠ ᠪᠣᠯᠣᠭᠠᠳᠤᠢ ᠪᠠᠷ ᠬᠢᠮᠤᠰᠤ ᠬᠤᠷᠤᠭᠤ ᠬᠥᠳᠡᠯᠭᠡᠳᠡᠭ ᠬᠠᠭᠤᠴᠢᠨ ᠵᠠᠩ ᠨᠢ ᠬᠥᠳᠡᠯᠵᠦ ᠪᠠᠰᠠ ᠬᠤᠯᠠᠭᠠᠶᠢᠯᠠᠭᠰᠠᠨ ᠶᠠᠯ᠎ᠠ ᠬᠢᠪᠡ᠃
ᠡᠨᠡ ᠬᠤᠷᠸ᠎ᠠ ᠳᠤ ᠵᠠᠯᠠᠭᠤ ᠨᠠᠰᠤ ᠠᠴᠠ ᠥᠭᠡᠷ᠎ᠡ ᠨᠠᠨᠳᠢᠨ ᠵᠦᠢᠯ ᠭᠡᠵᠦ ᠦᠭᠡᠢ᠂ ᠰᠢᠶᠣᠣ ᠯᠧᠢ ︵ᠬᠤᠪᠢᠷᠠᠭᠤᠯᠤᠭᠰᠠᠨ ᠨᠡᠷ᠎ᠡ︶ ᠥᠪᠡᠷ ᠤᠨ ᠭᠡᠰᠡᠨ ᠬᠦᠴᠢᠷᠳᠡᠯ ᠪᠠᠶᠢᠬᠤ ᠮᠠᠭᠠᠳ ᠦᠭᠡᠢ᠂ ᠲᠡᠭᠡᠭᠡᠳ ᠪᠤᠷᠤᠭᠤ ᠵᠠᠮ ᠢᠶᠠᠷ ᠶᠠᠪᠤᠭᠰᠠᠨ ᠪᠠᠶᠢᠨ᠎ᠠ᠂ ᠭᠡᠪᠡᠴᠦ ᠤᠤᠯ ᠣᠷᠣᠨ ᠳᠠᠭᠠᠨ ᠬᠠᠷᠢᠵᠤ ᠪᠣᠯᠬᠤ ᠮᠥᠷᠲᠡᠭᠡᠨ ᠳᠠᠬᠢᠭᠠᠳ ᠵᠥᠪ ᠵᠠᠮ ᠡᠷᠢᠵᠦ ᠪᠣᠯᠣᠨ᠎ᠠ᠂ ᠬᠠᠷᠢᠨ ᠪᠠᠶᠢᠨ ᠳᠠᠬᠢᠨ ᠬᠠᠤᠯᠢ ᠴᠠᠭᠠᠵᠠ ᠵᠥᠷᠢᠴᠡᠭᠰᠡᠨ ᠶᠠᠭᠤᠮ᠎ᠠ ᠬᠢᠭᠡᠳ ᠪᠠᠶᠢᠬᠤ ᠪᠢᠰᠢ᠃ ᠬᠠᠤᠯᠢ ᠶᠢᠨ ᠲᠣᠣᠷ ᠠᠴᠠ ᠬᠡᠨ ᠴᠤ ᠪᠤᠯᠲᠠᠵᠤ ᠴᠢᠳᠠᠬᠤ ᠦᠭᠡᠢ᠂ ᠬᠠᠤᠯᠢ ᠵᠥᠷᠢᠴᠡᠬᠦ ᠬᠢᠳᠡᠯ ᠳᠤ ᠭᠠᠷ ᠳᠦᠷᠦᠬᠦ ᠦᠭᠡᠢ ᠪᠠᠶᠢᠬᠤ ᠶᠢ ᠪᠠᠲᠤ ᠴᠡᠭᠡᠵᠢᠯᠡᠵᠦ᠂ ᠬᠠᠤᠯᠢ ᠴᠠᠭᠠᠵᠠ ᠶᠢ ᠮᠡᠳᠡᠵᠦ ᠰᠠᠬᠢᠳᠠᠭ ᠰᠠᠶᠢᠨ ᠢᠷᠭᠡᠨ ᠪᠣᠯᠣᠭᠠᠷᠠᠢ ᠭᠡᠰᠡᠨ ᠢ ᠪᠠᠶᠢᠴᠠᠭᠠᠬᠤ ᠲᠤᠰᠢᠶᠠᠯᠲᠠᠨ ᠳᠠᠶᠠᠭᠠᠷ ᠲᠤ ᠰᠠᠨᠠᠭᠤᠯᠵᠤ ᠪᠠᠶᠢᠨ᠎ᠠ᠃