ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠦᠪᠡᠷᠲᠡᠭᠡᠨ ᠵᠠᠰᠠᠬᠤ ᠤᠷᠤᠨ  ᠤ ᠪᠠᠶᠢᠴᠠᠭᠠᠬᠤ ᠬᠤᠷᠢᠶ᠎ᠠ  ᠶᠢᠨ ᠨᠠᠮ  ᠤᠨ ᠤᠲᠤᠷᠢᠳᠬᠤ ᠲᠤᠭᠤᠶᠢᠯᠠᠩ  ᠤᠨ ᠤᠨᠤᠯ ᠰᠤᠷᠤᠯᠴᠠᠬᠤ ᠭᠤᠤᠯ ᠲᠤᠭᠤᠶᠢᠯᠠᠩ ︵ᠦᠷᠭᠡᠳᠭᠡᠭᠰᠡᠨ ︶  ᠰᠢ ᠵᠢᠨ ᠫᠢᠩ  ᠦᠨ ᠬᠠᠤᠯᠢ  ᠪᠠᠷ ᠵᠠᠰᠠᠬᠤ ᠦᠵᠡᠯ ᠰᠠᠨᠠᠭ᠎ᠠ  ᠶᠢ ᠲᠤᠰᠬᠠᠢ ᠰᠡᠲᠦᠪ  ᠢᠶᠡᠷ ᠰᠤᠷᠤᠯᠴᠠᠪᠠ

2020-12-28 16:51:39
ᠵᠣᠬᠢᠶᠠᠭᠴᠢ
ᠭᠡᠭᠡᠷᠡᠯ

W020201222560351047997.jpg

12 ᠰᠠᠷ᠎ᠠ  ᠶᠢᠨ 8 ᠦ ᠦᠲᠡ  ᠶᠢᠨ ᠬᠤᠶᠢᠨ᠎ᠠ ᠂ ᠦᠪᠡᠷᠲᠡᠭᠡᠨ ᠵᠠᠰᠠᠬᠤ ᠤᠷᠤᠨ  ᠤ ᠪᠠᠶᠢᠴᠠᠭᠠᠬᠤ ᠬᠤᠷᠢᠶ᠎ᠠ  ᠶᠢᠨ ᠨᠠᠮ  ᠤᠨ ᠤᠲᠤᠷᠢᠳᠬᠤ ᠲᠤᠭᠤᠶᠢᠯᠠᠩ  ᠤᠨ ᠤᠨᠤᠯ ᠰᠤᠷᠤᠯᠴᠠᠬᠤ ᠭᠤᠤᠯ ᠲᠤᠭᠤᠶᠢᠯᠠᠩ ︵ᠦᠷᠭᠡᠳᠭᠡᠭᠰᠡᠨ ︶ ᠰᠤᠷᠤᠯᠴᠠᠯᠭ᠎ᠠ  ᠶᠢᠨ ᠬᠤᠷᠠᠯ ᠡᠷᠬᠢᠯᠡᠪᠡ ᠃ ᠯᠢ ᠴᠢ  ᠯᠢᠨ ᠪᠠᠶᠢᠴᠠᠭᠠᠬᠤ ᠲᠠᠷᠤᠭ᠎ᠠ ᠬᠤᠷᠠᠯ ᠡᠷᠬᠢᠯᠡᠵᠤ ᠂ ᠬᠤᠷᠢᠶᠠᠨ  ᠤ ᠤᠲᠤᠷᠢᠳᠬᠤ ᠪᠠᠭ  ᠤᠨ ᠪᠦᠷᠢᠯᠲᠦᠭᠦᠨ ᠂ ᠲᠢᠩᠬᠢᠮ  ᠦᠨ ᠲᠡᠰ  ᠦᠨ ᠺᠠᠳ᠋ᠷ ᠂ ᠡᠯ᠎ᠡ ᠳᠤᠲᠤᠭᠠᠲᠤ ᠪᠠᠶᠢᠭᠤᠯᠤᠮᠵᠢ ᠵᠢᠴᠢ ᠰᠢᠭᠤᠳ ᠬᠤᠷᠢᠶ᠎ᠠ ᠠᠵᠢᠯ ᠦᠢᠯᠡᠰ  ᠦᠨ ᠨᠢᠭᠡᠴᠡ  ᠶᠢᠨ ᠬᠠᠷᠢᠭᠤᠴᠠᠯᠭᠠᠲᠠᠨ ᠬᠤᠷᠠᠯ  ᠳᠤ ᠤᠷᠤᠯᠴᠠᠪᠠ ᠃

W020201222560354836818.jpg

ᠯᠢ ᠴᠢ ᠯᠢᠨ ᠰᠢ ᠵᠢᠨ ᠫᠢᠩ ᠱᠦᠵᠢ  ᠶᠢᠨ ᠲᠦᠪ  ᠦᠨ ᠪᠦᠬᠦ ᠲᠠᠯ᠎ᠠ  ᠪᠠᠷ ᠬᠠᠤᠯᠢ  ᠪᠠᠷ ᠤᠯᠤᠰ  ᠢᠶᠠᠨ ᠵᠠᠰᠠᠬᠤ ᠠᠵᠢᠯ  ᠤᠨ ᠬᠤᠷᠠᠯ ᠲᠡᠭᠡᠷᠡᠬᠢ ᠴᠢᠬᠤᠯᠠ ᠶᠠᠷᠢᠶ᠎ᠠ  ᠶᠢᠨ ᠪᠦᠬᠦ ᠠᠭᠤᠯᠭ᠎ᠠ  ᠶᠢ ᠲᠠᠮᠵᠢᠭᠤᠯᠤᠨ ᠰᠤᠷᠤᠯᠴᠠᠵᠤ ᠂ ᠬᠤᠷᠢᠶᠠᠨ  ᠤ ᠤᠲᠤᠷᠢᠳᠬᠤ ᠪᠠᠭ  ᠤᠨ ᠪᠦᠷᠢᠯᠲᠦᠭᠦᠨ ᠦᠵᠡᠯ ᠰᠠᠨᠠᠭ᠎ᠠ ᠪᠠ ᠠᠵᠢᠯ  ᠤᠨ ᠪᠤᠲᠠᠲᠦ ᠪᠠᠶᠢᠲᠠᠯ ᠲᠠᠢ  ᠪᠠᠨ ᠤᠶᠠᠯᠲᠤᠭᠤᠯᠤᠨ ᠦᠪᠡᠷ  ᠦᠨ ᠰᠤᠷᠤᠯᠴᠠᠯᠭ᠎ᠠ ᠲᠦᠷᠦᠭᠲᠡᠯ  ᠢᠶᠡᠨ ᠰᠤᠯᠢᠯᠴᠠᠪᠠ ᠃ ᠤᠯᠠᠨ  ᠢᠶᠠᠷ  ᠢᠶᠠᠨ ᠰᠠᠨᠠᠯ ᠨᠢᠭᠡᠲᠦᠭᠰᠡᠨ ᠨᠢ ᠂ ᠰᠢ ᠵᠢᠨ ᠫᠢᠩ  ᠦᠨ ᠬᠠᠤᠯᠢ  ᠪᠠᠷ ᠵᠠᠰᠠᠬᠤ ᠦᠵᠡᠯ ᠰᠠᠨᠠᠭ᠎ᠠ ᠨᠢ ᠰᠢᠨ᠎ᠡ ᠴᠠᠭ ᠦᠶ᠎ᠡ  ᠳᠦ ᠶᠠᠭᠤᠨ  ᠳᠤ ᠪᠦᠬᠦ ᠲᠠᠯ᠎ᠠ  ᠪᠠᠷ ᠬᠠᠤᠯᠢ  ᠪᠠᠷ ᠤᠯᠤᠰ  ᠢᠶᠠᠨ ᠵᠠᠰᠠᠬᠤ  ᠶᠢ ᠦᠷᠨᠢᠭᠦᠯᠬᠦ ᠂ ᠪᠦᠬᠦ ᠲᠠᠯ᠎ᠠ  ᠪᠠᠷ ᠬᠠᠤᠯᠢ  ᠪᠠᠷ ᠤᠯᠤᠰ  ᠢᠶᠠᠨ ᠵᠠᠰᠠᠬᠤ  ᠶᠢ ᠬᠡᠷᠬᠢᠨ ᠦᠷᠨᠢᠭᠦᠯᠬᠦ ᠵᠡᠷᠭᠡ ᠨᠢᠭᠡ ᠰᠢᠷᠡᠰ ᠬᠦᠨᠲᠦ ᠶᠡᠬᠡ ᠠᠰᠠᠭᠤᠲᠠᠯ  ᠢ ᠭᠦᠨᠵᠡᠭᠡᠢ ᠬᠠᠷᠢᠭᠤᠯᠵᠤ ᠂ ᠌᠌︿ᠠᠷᠪᠡᠨ ᠲᠦᠷᠪᠡᠲᠦᠭᠡᠷ ᠲᠠᠪᠤᠨ ᠵᠢᠯ ﹀ ᠦᠨ ᠲᠦᠯᠦᠪᠵᠢᠭᠦᠯᠭᠡ ᠪᠠ  2035 ᠤᠨ  ᠤ ᠠᠯᠤᠰ  ᠤᠨ ᠬᠠᠷᠠᠯᠲᠠ  ᠶᠢ ᠪᠡᠶᠡᠯᠡᠭᠦᠯᠬᠦ  ᠳᠦ ᠬᠦᠨᠲᠦ ᠶᠡᠬᠡ ᠪᠠᠶᠢᠯᠲᠤᠬᠤ ᠪᠤᠲᠤᠯᠭ᠎ᠠ  ᠶᠢᠨ ᠤᠳᠬ᠎ᠠ ᠠᠭᠤᠯᠭ᠎ᠠ ᠲᠠᠢ ᠂ ᠪᠠᠶᠢᠴᠠᠭᠠᠬᠤ ᠪᠠᠶᠢᠭᠤᠯᠭ᠎ᠠ  ᠶᠢᠨ ᠪᠦᠬᠦ ᠲᠠᠯ᠎ᠠ  ᠪᠠᠷ ᠬᠠᠤᠯᠢ ᠴᠠᠭᠠᠵᠠ  ᠶᠢᠨ ᠬᠢᠨᠠᠯᠲᠠ ᠲᠠᠯᠪᠢᠬᠤ ᠡᠭᠦᠷᠭᠡ ᠬᠠᠷᠢᠭᠤᠴᠠᠯᠭ᠎ᠠ  ᠪᠠᠨ ᠭᠦᠢᠴᠡᠳᠭᠡᠬᠦ ᠂ ᠪᠠᠶᠢᠴᠠᠭᠠᠬᠤ ᠠᠵᠢᠯ  ᠤᠨ ᠦᠪᠡᠷ ᠪᠡᠶ᠎ᠡ  ᠶᠢᠨ ᠦᠨᠲᠦᠷ ᠬᠢᠷᠢ ᠲᠦᠪᠰᠢᠨ ᠪᠦᠬᠦᠢ ᠬᠦᠭᠵᠢᠯᠲᠡ ᠪᠡᠷ ᠠᠵᠤ ᠠᠬᠤᠢ ᠨᠡᠶᠢᠭᠡᠮ  ᠦᠨ ᠦᠨᠲᠦᠷ ᠬᠢᠷᠢ ᠲᠦᠪᠰᠢᠨ ᠪᠦᠬᠦᠢ ᠬᠦᠭᠵᠢᠯᠲᠡ   ᠳᠤ  ᠦᠢᠯᠡᠴᠢᠯᠡᠬᠦ ᠪᠠ ᠪᠠᠲᠤᠯᠠᠭ᠎ᠠ ᠬᠠᠩᠭᠠᠬᠤ  ᠳᠤ ᠴᠢᠬᠤᠯᠡ ᠵᠢᠷᠤᠮᠯᠠᠯ ᠬᠠᠩᠭᠠᠭᠰᠠᠨ ᠪᠠᠶᠢᠨ᠎ᠠ ᠃

ᠯᠢ ᠴᠢ ᠯᠢᠨ ᠭᠤᠷᠪᠠᠨ ᠵᠦᠢᠯ  ᠦᠨ ᠰᠠᠨᠠᠯ  ᠢ ᠴᠢᠬᠤᠯᠠᠴᠢᠯᠠᠭᠰᠠᠨ ᠪᠠᠶᠢᠨ᠎ᠠ ᠄ ᠨᠢᠭᠡ  ᠳᠦ ᠰᠢ ᠵᠢᠨ ᠫᠢᠩ  ᠦᠨ ᠬᠠᠤᠯᠢ  ᠪᠠᠷ ᠵᠠᠰᠠᠬᠤ ᠦᠵᠡᠯ ᠰᠠᠨᠠᠭ᠎ᠠ  ᠶᠢᠨ ᠭᠤᠤᠯ ᠰᠠᠨᠠᠭ᠎ᠠ  ᠶᠢ ᠪᠦᠬᠦ ᠲᠠᠯ᠎ᠠ  ᠪᠠᠷ ᠤᠨᠤᠪᠴᠢᠲᠠᠢ ᠦᠢᠯᠠᠭᠠᠬᠤ ᠬᠡᠷᠡᠭᠲᠡᠢ ᠃ ᠬᠤᠶᠠᠷ  ᠲᠤ ᠬᠠᠤᠯᠢ ᠪᠠᠷᠢᠬᠤ ᠬᠡᠷᠡᠭ ᠰᠢᠢᠳᠪᠦᠷᠢᠯᠡᠬᠦ  ᠪᠡᠷ ᠭᠤᠤᠯ ᠪᠤᠯᠭᠠᠬᠤ  ᠶᠢ ᠪᠠᠷᠢᠮᠲᠠᠯᠠᠵᠤ ᠂ ︿ᠲᠦᠷᠪᠡᠨ ᠶᠡᠬᠡ ᠪᠠᠶᠢᠴᠠᠭᠠᠬᠤ ﹀ ᠶᠢᠨ ᠪᠦᠬᠦ ᠲᠠᠯ᠎ᠠ  ᠪᠠᠷ ᠵᠤᠬᠢᠴᠠᠩᠭᠤᠢ ᠭᠦᠢᠴᠡᠳ ᠬᠦᠭᠵᠢᠬᠦ  ᠶᠢ ᠠᠬᠢᠭᠤᠯᠬᠤ ᠬᠡᠷᠡᠭᠲᠡᠢ ᠃ ᠭᠤᠷᠪᠠ  ᠳᠤ ᠬᠡᠪ ᠴᠢᠲᠠᠪᠤᠷᠢ  ᠶᠢ ᠬᠦᠴᠦᠯᠡᠨ ᠲᠡᠭᠡᠭᠰᠢᠯᠡᠭᠦᠯᠵᠦ ᠂ ︿ᠲᠦᠷᠪᠡᠨ ᠲᠡᠮᠦᠷ ᠮᠡᠲᠦ ᠪᠠᠲᠤ ᠪᠡᠬᠢ ﹀ ᠪᠠᠶᠢᠴᠠᠭᠠᠬᠤ ᠡᠩᠨᠡᠭᠡ  ᠶᠢ ᠪᠤᠯᠪᠠᠰᠤᠷᠠᠭᠤᠯᠤᠨ᠎ᠠ ᠃


ᠢᠷᠡᠯᠲᠡ
ᠥᠪᠡᠷᠲᠡᠭᠡᠨ ᠵᠠᠰᠠᠬᠤ ᠣᠷᠤᠨ ᠤ ᠪᠠᠶᠢᠴᠠᠭᠠᠬᠤ ᠬᠣᠷᠢᠶ᠎ᠠ ᠶᠢᠨ ᠣᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro