ᠣᠷᠠᠳ ᠤᠨ ᠬᠣᠶᠢᠳᠣ ᠬᠣᠰᠢᠭᠣ᠂ ᠣᠷᠠᠳ ᠤᠨ ᠲᠣᠮᠳᠠᠳᠣ ᠬᠣᠰᠢᠭᠣᠨ ᠤ ᠠᠷᠠᠳ ᠤᠨ ᠪᠠᠶᠢᠴᠠᠭᠠᠬᠤ ᠬᠣᠷᠢᠶ᠎ᠠ ᠬᠠᠮᠳᠣᠷᠠᠨ ᠰᠢᠬᠦᠬᠦ ᠲᠢᠩᠬᠢᠮ ᠦᠨ ᠦᠵᠡᠭᠦᠯᠭᠡ ᠶᠢ ᠵᠣᠬᠢᠶᠠᠨ ᠪᠠᠶᠢᠭᠣᠯᠵᠤ᠂ ᠬᠣᠣᠰ ᠬᠡᠯᠡ ᠪᠡᠷ ᠲᠢᠩᠬᠢᠮ ᠳᠦ ᠭᠠᠷᠬᠤ ᠴᠢᠳᠠᠪᠣᠷᠢ ᠶᠢ ᠲᠡᠭᠡᠭᠰᠢᠯᠡᠭᠦᠯᠪᠡ
2020 ᠣᠨ ᠤ12 ᠰᠠᠷ᠎ᠠ ᠶᠢᠨ18 ᠦ ᠡᠳᠦᠷ᠂ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠪᠠ ᠣᠷᠠᠳ ᠤᠨ ᠲᠣᠮᠳᠠᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠬᠠᠮᠳᠣᠷᠠᠨ ᠪᠦᠬᠦ ᠬᠣᠳᠠ ᠶᠢᠨ ᠠᠩᠬᠠᠳᠣᠭᠠᠷ ᠣᠳᠠᠭᠠᠨ ᠤ ᠮᠤᠩᠭᠣᠯ ᠬᠡᠯᠡ ᠪᠡᠷ ᠵᠠᠷᠭᠣ ᠳᠤ ᠣᠷᠣᠯᠴᠠᠬᠰᠠᠨ ᠲᠢᠩᠬᠢᠮ ᠦᠨ ᠰᠢᠭᠦᠯᠳᠡ ᠤᠨ ᠦᠵᠡᠭᠦᠯᠭᠡ ᠵᠢᠴᠢ ᠦᠨᠡᠯᠡᠨ ᠶᠠᠷᠢᠯᠴᠠᠬᠣ ᠠᠵᠢᠯᠯᠠᠭ᠎ᠠ ᠦᠷᠨᠢᠭᠦᠯᠪᠡ᠃ ᠲᠣᠰ ᠣᠳᠠᠭᠠᠨ ᠤ ᠲᠢᠩᠬᠢᠮ ᠦᠨ ᠰᠢᠭᠦᠯᠳᠡ ᠤᠨ ᠦᠵᠡᠭᠦᠯᠭᠡ ᠨᠢ ᠬᠢᠯᠢ ᠬᠢᠵᠠᠭᠠᠷ ᠣᠷᠣᠨ ᠤ ᠴᠦᠬᠡᠨ ᠲᠣᠭᠠᠳᠣ ᠦᠨᠳᠦᠰᠦᠳᠡᠨ ᠦ ᠣᠷᠣᠨ ᠤ ᠨᠡᠶᠢᠭᠡᠮ ᠦᠨ ᠲᠣᠬᠳᠠᠭᠣᠨ ᠢ ᠬᠠᠮᠠᠭᠠᠯᠠᠵᠤ᠂ ᠦᠨᠳᠦᠰᠦᠳᠡᠨ ᠦ ᠣᠷᠣᠨ ᠤ ᠪᠠᠶᠢᠴᠠᠭᠠᠬᠣ ᠠᠵᠢᠯ ᠤᠨ ᠬᠦᠭᠵᠢᠯᠳᠡ ᠶᠢᠨ ᠤᠨᠴᠠᠯᠢᠭᠲᠤ ᠵᠠᠮ ᠢ ᠢᠳᠡᠪᠬᠢᠳᠠᠢ ᠡᠷᠢᠯᠬᠢᠯᠡᠨ᠂ ᠬᠠᠣᠯᠢ ᠬᠡᠷᠡᠭᠵᠢᠭᠦᠯᠬᠦ ᠪᠠ ᠦᠨᠳᠦᠰᠦᠳᠡᠨ ᠦ ᠲᠦᠷᠦ ᠶᠢᠨ ᠪᠣᠳᠣᠯᠭ᠎ᠠ ᠶᠢ ᠬᠡᠷᠡᠭᠵᠢᠭᠦᠯᠬᠦ ᠶᠢ ᠬᠠᠷᠢᠯᠴᠠᠨ ᠣᠶᠠᠯᠳᠣᠭᠣᠯᠬᠣ ᠶᠢ ᠪᠠᠷᠢᠮᠳᠠᠯᠠᠵᠤ᠂ ᠡᠯ᠎ᠡ ᠦᠨᠳᠦᠰᠦᠳᠡᠨ ᠦ ᠲᠣᠬᠠᠢ ᠶᠢᠨ ᠬᠦᠮᠦᠨ ᠦ ᠬᠠᠣᠯᠢ ᠶᠣᠰᠣᠨ ᠤ ᠡᠷᠬᠡ ᠠᠰᠢᠭ ᠢ ᠪᠠᠳᠣᠯᠠᠬᠣ ᠳᠤ ᠰᠠᠭᠣᠷᠢᠯᠠᠬᠰᠠᠨ ᠪᠠᠶᠢᠨ᠎ᠠ᠃ ᠣᠯᠠᠨ ᠲᠦᠮᠡᠨ ᠨᠡᠩ ᠢᠯᠠᠩᠭᠣᠶᠠ ᠴᠦᠬᠡᠨ ᠲᠣᠭᠠᠳᠣ ᠦᠨᠳᠦᠰᠦᠳᠡᠨ ᠦ ᠣᠯᠠᠨ ᠲᠦᠮᠡᠨ ᠦ ᠠᠩᠬᠠᠷᠣᠯ ᠤᠨ ᠴᠡᠭ ᠡᠴᠡ ᠡᠭᠦᠰᠴᠦ᠂ ᠦᠨᠳᠦᠰᠦᠳᠡᠨ ᠦ ᠣᠷᠣᠨ ᠤ ᠵᠠᠩ ᠲᠠᠳᠬᠠᠯ ᠢ ᠬᠦᠨᠳᠦᠳᠭᠡᠨ᠂ ᠦᠨᠳᠦᠰᠦᠳᠡᠨ ᠦ ᠪᠦᠯᠬᠦᠮᠳᠡᠯ ᠢ ᠬᠠᠮᠠᠭᠠᠯᠠᠬᠣ ᠪᠠ ᠠᠬᠢᠭᠣᠯᠬᠣ ᠪᠠᠷ ᠵᠣᠬᠰᠣᠴᠠ ᠪᠣᠯᠭᠠᠨ᠂ ᠮᠤᠩᠭᠣᠯ ᠬᠡᠯᠡᠨ ᠦ ᠵᠠᠷᠭᠣ ᠤᠨ ᠠᠵᠢᠯᠯᠠᠭ᠎ᠠ ᠶᠢ ᠪᠦᠳᠦᠮᠵᠢᠳᠠᠢ ᠦᠷᠨᠢᠭᠦᠯᠵᠦ᠂ ᠡᠯ᠎ᠡ ᠦᠨᠳᠦᠰᠦᠳᠡᠨ ᠦ ᠡᠷᠬᠡ ᠲᠡᠭᠰᠢ ᠪᠡᠷ ᠵᠠᠷᠭᠣ ᠶᠢᠨ ᠡᠷᠬᠡ ᠬᠦᠷᠳᠡᠬᠦ ᠶᠢ ᠬᠠᠮᠠᠭᠠᠯᠠᠨ᠂ ︽ ᠬᠠᠣᠯᠢ ᠴᠠᠭᠠᠵᠠ ᠶᠢᠨ ᠬᠢᠨᠠᠯᠳᠠ ᠶᠢ ᠴᠢᠩᠭᠠᠳᠬᠠᠵᠣ᠂ ᠲᠦᠪ ᠭᠣᠣᠯᠴᠢ ᠰᠢᠳᠣᠷᠭᠣ ᠶᠣᠰᠣ ᠶᠢ ᠬᠠᠮᠠᠭᠠᠯᠠᠬᠣ︾ ᠪᠠᠷ ᠭᠣᠣᠯ ᠱᠣᠭᠣᠮ ᠪᠣᠯᠭᠠᠨ᠂ ᠪᠠᠶᠢᠴᠠᠭᠠᠬᠣ ᠪᠠᠶᠢᠭᠣᠯᠭ᠎ᠠ ᠶᠢᠨ ᠡᠭᠦᠷᠭᠡ ᠴᠢᠳᠠᠪᠣᠷᠢ ᠶᠢᠨ ᠦᠢᠯᠡᠳᠦᠯ ᠢ ᠭᠦᠢᠴᠡᠳ ᠪᠠᠳᠠᠷᠠᠭᠣᠯᠵᠤ᠂ ᠴᠦᠬᠡᠨ ᠲᠣᠭᠠᠳᠣ ᠦᠨᠳᠦᠰᠦᠳᠡᠨ ᠦ ᠣᠯᠠᠨ ᠲᠦᠮᠡᠨ ᠦ ᠪᠠᠶᠢᠴᠠᠭᠠᠬᠣ ᠪᠠᠶᠢᠭᠣᠯᠭ᠎ᠠ ᠶᠢ ᠮᠡᠳᠡᠬᠦ ᠬᠡᠮᠵᠢᠶ᠎ᠡ ᠪᠣᠯᠣᠨ ᠬᠠᠨᠤᠮᠵᠢ ᠶᠢᠨ ᠬᠡᠮᠵᠢᠶ᠎ᠡ ᠶᠢ ᠨᠡᠮᠡᠭᠳᠡᠭᠦᠯᠦᠨ᠎ᠡ᠃
ᠲᠣᠰ ᠣᠳᠠᠭᠠᠨ ᠤ ᠲᠢᠩᠬᠢᠮ ᠦᠨ ᠰᠢᠭᠦᠯᠳᠡ ᠤᠨ ᠦᠵᠡᠭᠦᠯᠭᠡ ᠵᠢᠴᠢ ᠦᠨᠡᠯᠡᠨ ᠶᠠᠷᠢᠯᠴᠠᠬᠣ ᠬᠣᠷᠠᠯ ᠳᠤ ᠣᠷᠣᠯᠴᠠᠬᠰᠠᠳ ᠭᠡᠪᠡᠯ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶᠠᠨ ᠤ ᠲᠡᠳ᠋ ᠪᠠᠶᠢᠴᠠᠭᠠᠬᠣ ᠲᠠᠷᠣᠭ᠎ᠠ᠂ ᠪᠠᠶᠢᠴᠠᠭᠠᠬᠣ ᠲᠣᠰᠢᠶᠠᠯᠳᠠᠨ ᠤ ᠲᠣᠰᠠᠯᠠᠬᠴᠢ᠂ ᠣᠷᠠᠳ ᠤᠨ ᠲᠣᠮᠳᠠᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠶᠢᠨ ᠣᠷᠣᠨ ᠲᠤᠭᠠᠲᠦ ᠪᠠᠶᠢᠴᠠᠭᠠᠬᠣ ᠲᠣᠰᠢᠶᠠᠯᠳᠠᠨ᠂ ᠣᠷᠠᠳ ᠤᠨ ᠬᠣᠶᠢᠳᠣ ᠬᠣᠰᠢᠭᠣᠨ ᠤ ᠬᠠᠣᠯᠢ ᠴᠠᠭᠠᠵᠠ ᠶᠢᠨ ᠲᠣᠪᠴᠢᠶ᠎ᠠ ᠶᠢᠨ ᠬᠠᠣᠯᠢ ᠴᠠᠭᠠᠵᠠ ᠶᠢᠨ ᠲᠣᠰᠠᠯᠠᠮᠵᠢ ᠦᠵᠡᠭᠦᠯᠬᠦ ᠲᠦᠪ ᠦᠨ ᠬᠠᠣᠯᠢᠴᠢ ᠵᠢᠴᠢ ᠠᠷᠠᠳ ᠤᠨ ᠡᠶᠡᠳᠡᠭᠦᠯᠦᠭᠴᠢ ᠵᠡᠷᠭᠡ ᠪᠣᠯᠣᠨ᠎ᠠ᠃
ᠲᠣᠰ ᠬᠡᠷᠡᠭ ᠪᠣᠯ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠡᠴᠡ ᠵᠠᠭᠠᠯᠳᠣᠬᠰᠠᠨ ᠨᠢᠭᠡᠨ ᠠᠯᠪᠠᠨ ᠤ ᠮᠦᠩᠬᠦ ᠶᠢ ᠨᠡᠭᠦᠯᠭᠡᠨ ᠬᠡᠷᠡᠭᠯᠡᠭᠰᠡᠨ ᠶᠠᠯ᠎ᠠ ᠶᠢᠨ ᠬᠡᠷᠡᠭ ᠪᠣᠯᠣᠨ᠎ᠠ᠃ ᠵᠠᠭᠠᠯᠳᠣᠬᠳᠠᠬᠴᠢ ᠰᠠᠬᠢᠯᠭ᠎ᠠ ᠪᠠᠳᠣ ᠬᠢᠨᠠᠨ ᠪᠠᠶᠢᠴᠠᠭᠠᠬᠣ ᠵᠦᠪᠯᠠᠯ ᠤᠨ ᠪᠠᠶᠢᠴᠠᠭᠠᠯᠳᠠ ᠵᠢᠴᠢ ᠬᠢᠨᠠᠨ ᠪᠠᠶᠢᠴᠠᠭᠠᠵᠤ ᠵᠠᠭᠠᠯᠳᠣᠬᠣ ᠱᠠᠳᠤᠨ ᠳᠤ ᠴᠦᠮ ᠮᠤᠩᠭᠣᠯ ᠬᠡᠯᠡ ᠪᠡᠷ ᠵᠠᠷᠭᠣ ᠳᠤ ᠣᠷᠣᠯᠴᠠᠬᠣ ᠱᠠᠭᠠᠷᠳᠠᠯᠭ᠎ᠠ ᠲᠣᠷᠠᠳᠣᠬᠰᠠᠨ ᠦᠭᠡᠢ ᠲᠣᠯᠠ ᠡᠨᠡᠬᠦ ᠱᠠᠲᠤᠨ ᠳ᠋ᠦ ᠪᠦᠬᠦ ᠬᠡᠷᠡᠭ ᠦᠨ ᠭᠡᠷᠡᠴᠢ ᠶᠢ ᠪᠦᠷ ᠬᠢᠳᠠᠳ ᠬᠡᠯᠡ ᠪᠡᠷ ᠬᠢᠭᠰᠡᠨ ᠪᠠᠶᠢᠨ᠎ᠠ᠃ ᠮᠠᠨ ᠤ ᠬᠣᠷᠢᠶ᠎ᠠ ᠠᠴᠠ ᠠᠯᠪᠠᠨ ᠵᠠᠭᠠᠯᠳᠣᠯᠭ᠎ᠠ ᠬᠢᠭᠰᠡᠨ ᠦ ᠲᠠᠷᠠᠭ᠎ᠠ᠂ ᠵᠠᠭᠠᠯᠳᠣᠬᠳᠠᠬᠴᠢ ᠠᠴᠠ ᠮᠤᠩᠭᠤᠯ ᠬᠡᠯᠡ ᠪᠡᠷ ᠵᠠᠷᠭᠣ ᠳᠤ ᠣᠷᠣᠯᠴᠠᠬᠣ ᠱᠠᠭᠠᠷᠳᠠᠯᠭ᠎ᠠ ᠲᠣᠷᠠᠳᠪᠠ᠃ ᠮᠠᠨ ᠦ ᠬᠣᠷᠢᠶ᠎ᠠ ᠶᠢᠨ ᠣᠷᠣᠨ ᠲᠤᠭᠠᠲᠦ ᠪᠠᠶᠢᠴᠠᠭᠠᠬᠣ ᠲᠣᠰᠢᠶᠠᠯᠳᠠᠨ᠂ ᠪᠠᠶᠢᠴᠠᠭᠠᠬᠴᠢ ᠶᠢᠨ ᠲᠣᠰᠠᠯᠠᠬᠴᠢ ᠵᠢᠴᠢ ᠪᠢᠴᠢᠭᠡᠴᠢ ᠡᠴᠡ ᠲᠣᠰ ᠬᠡᠷᠡᠭ ᠦᠨ13 ᠪᠣᠳᠢ ᠬᠡᠷᠡᠭ ᠦᠨ ᠡᠪᠬᠡᠮᠡᠯ ᠦᠨ ᠭᠡᠷᠡᠴᠢ ᠪᠠᠷᠢᠮᠳᠠ ᠶᠢᠨ ᠭᠣᠣᠯ ᠭᠡᠷᠡᠴᠢᠯᠡᠬᠦ ᠠᠭᠣᠯᠭ᠎ᠠ ᠶᠢ ᠮᠤᠩᠭᠣᠯ ᠢᠶᠠᠷ ᠣᠷᠴᠢᠭᠣᠯᠣᠨ᠂ ᠲᠢᠩᠬᠢᠮ ᠦᠨ ᠪᠦᠬᠦ ᠰᠢᠭᠦᠯᠳᠡ ᠶᠢᠨ ᠶᠠᠪᠣᠴᠠ ᠳᠤ ᠮᠤᠩᠭᠣᠯ ᠬᠡᠯᠡ ᠬᠡᠷᠡᠭᠯᠡᠵᠦ᠂ ᠮᠤᠩᠭᠣᠯ ᠬᠡᠯᠡ ᠪᠡᠷ ᠰᠢᠭᠦᠨ ᠠᠰᠠᠭᠣᠵᠣ᠂ ᠭᠡᠷᠡᠴᠢ ᠭᠠᠷᠭᠠᠵᠤ ᠭᠡᠷᠡᠴᠢ ᠲᠣᠯᠭᠠᠨ ᠂ ᠠᠯᠪᠠᠨ ᠵᠠᠭᠠᠯᠳᠣᠯᠭ᠎ᠠ ᠶᠢᠨ ᠰᠠᠨᠠᠯ ᠭᠠᠷᠭᠠᠬᠰᠠᠨ ᠪᠠ ᠬᠠᠷᠢᠭᠣ ᠮᠠᠷᠭᠣᠵᠤ᠂ ᠵᠠᠭᠠᠯᠳᠣᠬᠳᠠᠬᠴᠢ ᠶᠢᠨ ᠦᠪᠡᠷ ᠦᠨ ᠦᠨᠳᠦᠰᠦᠳᠡᠨ ᠦ ᠦᠭᠡ ᠬᠡᠯᠡ ᠦᠰᠦᠭ ᠪᠢᠴᠢᠭ ᠢᠶᠡᠷ ᠵᠠᠷᠭᠤᠯᠳᠤᠬᠤ ᠡᠷᠬᠡ ᠶᠢ ᠬᠠᠣᠯᠢ ᠶᠣᠰᠣᠭᠠᠷ ᠪᠠᠳᠣᠯᠠᠵᠣ᠂ ᠨᠡᠶᠢᠭᠡᠮ ᠦᠨ ᠦᠷ᠎ᠡ ᠪᠦᠳᠦᠮᠵᠢ᠂ ᠣᠯᠣᠰ ᠲᠦᠷᠦ ᠶᠢᠨ ᠦᠷ᠎ᠡ ᠪᠦᠳᠦᠮᠵᠢ᠂ ᠬᠠᠣᠯᠢ ᠴᠠᠭᠠᠵᠠ ᠶᠢᠨ ᠦᠷ᠎ᠡ ᠪᠦᠳᠦᠮᠵᠢ ᠶᠢᠨ ᠣᠷᠭᠠᠨᠢᠭ ᠨᠢᠭᠡᠳᠦᠯ ᠢ ᠪᠡᠶᠡᠯᠡᠭᠦᠯᠵᠠᠢ᠃
ᠲᠢᠩᠬᠢᠮ ᠦᠨ ᠰᠢᠭᠦᠯᠳᠡ ᠲᠠᠭᠣᠰᠣᠬᠰᠠᠨ ᠤ ᠲᠠᠷᠠᠭ᠎ᠠ᠂ ᠲᠢᠩᠬᠢᠮ ᠦᠨ ᠰᠢᠭᠦᠯᠳᠡ ᠶᠢ ᠦᠨᠡᠯᠡᠨ ᠶᠠᠷᠢᠯᠴᠠᠬᠣ ᠬᠣᠷᠠᠯ ᠬᠣᠷᠠᠯᠳᠣᠭᠣᠯᠵᠤ᠂ ᠦᠵᠡᠭᠦᠯᠭᠡ ᠳᠦ ᠣᠷᠣᠯᠴᠠᠬᠰᠠᠨ ᠬᠦᠮᠦᠰ ᠡᠴᠡ ᠠᠯᠪᠠᠨ ᠵᠠᠭᠠᠯᠳᠣᠬᠴᠢ ᠶᠢᠨ ᠲᠢᠩᠬᠢᠮ ᠦᠨ ᠰᠢᠭᠦᠯᠳᠡ ᠳᠦ ᠣᠷᠣᠯᠴᠠᠬᠰᠠᠨ ᠠᠵᠢᠯᠯᠠᠭ᠎ᠠ ᠶᠢ ᠦᠨᠡᠯᠡᠨ ᠶᠠᠷᠢᠯᠴᠠᠵᠣ᠂ ᠠᠯᠪᠠᠨ ᠵᠠᠭᠠᠯᠳᠣᠬᠴᠢ ᠶᠢᠨ ᠲᠢᠩᠬᠢᠮ ᠦᠨ ᠪᠦᠬᠦ ᠰᠢᠭᠦᠯᠳᠡ ᠶᠢᠨ ᠶᠠᠪᠣᠴᠠ ᠳᠤ ᠮᠤᠩᠭᠣᠯ ᠬᠡᠯᠡ ᠪᠡᠷ ᠶᠠᠷᠢᠵᠤ᠂ ᠦᠭᠡ ᠬᠡᠯᠡᠯᠭᠡ ᠨᠢ ᠪᠠᠷᠢᠮᠵᠢᠶ᠎ᠠ ᠪᠦᠭᠡᠳ ᠵᠢᠷᠦᠮᠵᠢᠯ ᠲᠠᠢ᠂ ᠡᠮᠬᠢ ᠴᠡᠭᠴᠡ ᠲᠠᠢ᠂ ᠵᠠᠭᠠᠯᠳᠣᠯᠭ᠎ᠠ ᠬᠢᠭᠰᠡᠨ ᠨᠢ ᠣᠨᠣᠪᠴᠢᠳᠠᠢ ᠪᠦᠭᠡᠳ ᠪᠦᠷᠢᠨ ᠭᠦᠢᠴᠡᠳ᠂ ᠭᠡᠷᠡᠴᠢ ᠪᠠᠷᠢᠮᠳᠠ ᠨᠢ ᠬᠦᠴᠦᠳᠠᠢ ᠵᠡᠷᠭᠡ ᠲᠠᠯ᠎ᠠ ᠪᠠᠷ ᠲᠡᠭᠡᠳᠦ ᠬᠡᠮᠵᠢᠶ᠎ᠡ ᠪᠡᠷ ᠦᠨᠡᠯᠡᠬᠦ ᠶᠢᠨ ᠬᠠᠮᠳᠣ ᠰᠠᠨᠠᠯ ᠪᠠ ᠰᠠᠨᠠᠭᠣᠯᠭ᠎ᠠ ᠲᠣᠷᠠᠳᠣᠬᠰᠠᠨ ᠪᠠᠶᠢᠨ᠎ᠠ᠃
ᠣᠶᠢᠷ᠎ᠠ ᠶᠢᠨ ᠵᠢᠯ ᠳᠦ᠂ ᠣᠷᠠᠳ ᠤᠨ ᠬᠣᠶᠢᠳᠣ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ ᠣᠯᠠᠨ ᠵᠣᠶᠢᠯ ᠤᠨ ᠠᠷᠭ᠎ᠠ ᠬᠡᠮᠵᠢᠶ᠎ᠡ ᠶᠢ ᠢᠳᠡᠪᠬᠢᠳᠠᠢ ᠬᠡᠷᠡᠭᠯᠡᠨ ᠬᠣᠣᠰ ᠬᠡᠯᠡᠨ ᠦ ᠴᠢᠳᠠᠪᠣᠷᠢᠳᠠᠨ ᠢ ᠲᠠᠰᠣᠷᠠᠯᠳᠠ ᠦᠭᠡᠢ ᠬᠦᠮᠦᠵᠢᠭᠦᠯᠵᠤ᠂ ᠴᠦᠬᠡᠨ ᠲᠣᠭᠠᠳᠣ ᠦᠨᠳᠦᠰᠦᠳᠡᠨ ᠦ ᠲᠣᠬᠠᠢ ᠶᠢᠨ ᠬᠦᠮᠦᠨ ᠤ ᠵᠠᠷᠭᠤ ᠬᠢᠬᠦ ᠳ᠋ᠦ ᠲᠦᠭᠦᠮ ᠦᠵᠡᠭᠦᠯᠬᠦ ᠪᠡᠷ ᠴᠢᠷᠮᠠᠶᠢᠵᠤ᠂ ᠴᠦᠬᠡᠨ ᠲᠣᠭᠠᠳᠣ ᠦᠨᠳᠦᠰᠦᠳᠡᠨ ᠤ ᠲᠣᠬᠠᠢ ᠶᠢᠨ ᠬᠦᠮᠦᠨ ᠤ ᠵᠠᠷᠭᠣᠯᠳᠣᠬᠣ ᠡᠷᠬᠡ ᠶᠢ ᠦᠨᠡᠨᠬᠦ ᠪᠠᠳᠣᠯᠠᠪᠠ᠃
ᠣᠷᠠᠳ ᠤᠨ ᠬᠣᠶᠢᠳᠣ ᠬᠣᠰᠢᠭᠣ᠂ ᠣᠷᠠᠳ ᠤᠨ ᠲᠣᠮᠳᠠᠳᠣ ᠬᠣᠰᠢᠭᠣᠨ ᠤ ᠬᠣᠶᠠᠷ ᠪᠠᠶᠢᠴᠠᠭᠠᠬᠣ ᠬᠣᠷᠢᠶ᠎ᠠ ᠲᠤᠰ ᠤᠳᠠᠭᠠᠨ ᠤ ᠮᠤᠩᠭᠣᠯ ᠬᠡᠷᠡᠭ ᠦᠨ ᠲᠢᠩᠬᠢᠮ ᠦᠨ ᠰᠢᠭᠦᠯᠳᠡ ᠶᠢᠨ ᠦᠵᠡᠭᠦᠯᠭᠡ ᠪᠠᠷ ᠲᠠᠮᠵᠢᠨ᠂ ᠲᠣᠷᠰᠢᠯᠭ᠎ᠠ ᠪᠠᠨ ᠰᠣᠯᠢᠯᠴᠠᠨ᠂ ᠬᠣᠶᠠᠷ ᠬᠣᠷᠢᠶ᠎ᠠ ᠶᠢᠨ ᠬᠣᠣᠰ ᠬᠡᠯᠡᠨ ᠦ ᠵᠠᠷᠭᠣ ᠶᠢᠨ ᠠᠵᠢᠯ ᠢ ᠰᠣᠳᠣᠯᠣᠨ᠂ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠢ ᠲᠡᠭᠦᠯᠳᠡᠷᠵᠢᠭᠦᠯᠪᠡ᠃