ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠵᠡᠭᠦᠨᠭᠠᠷ ᠬᠣᠰᠢᠭᠤᠨ ᠤ ᠪᠠᠶᠢᠴᠠᠭᠠᠬᠤ ᠰᠢᠭᠦᠭᠦ ᠬᠤᠷᠢᠶ᠎ᠠ ᠬᠤᠶᠠᠷ ᠬᠤᠷᠢᠶ᠎ᠠ ᠢᠷᠭᠡᠨ ᠦ ᠬᠠᠸᠯᠢ ᠶᠢᠨ ᠪᠢᠴᠢᠭ ᠢ ᠬᠠᠮᠲᠤᠪᠡᠷ ᠰᠣᠷᠣᠯᠴᠠᠪᠠ

2020-12-31 15:15:03
ᠵᠣᠬᠢᠶᠠᠭᠴᠢ
ᠶᠢᠷᠲᠢᠨᠴᠦ

ᠣᠷᠴᠢᠮᠬᠠᠨ᠂ ᠵᠡᠭᠦᠨᠭᠠᠷ ᠬᠣᠰᠢᠭᠤᠨ ᠤ ᠪᠠᠶᠢᠴᠠᠭᠠᠬᠤ ᠬᠣᠷᠢᠶ᠎ᠠ ᠺᠠᠳ᠋ᠷ ᠴᠠᠭᠳᠠᠭ᠎ᠠ  ᠪᠠᠨ ᠵᠣᠬᠢᠶᠠᠨ ᠪᠠᠶᠢᠭᠤᠯᠤᠨ ᠵᠡᠭᠦᠨᠭᠠᠷ ᠬᠣᠰᠢᠭᠤᠨ ᠤ ᠰᠢᠭᠦᠬᠦ ᠬᠣᠷᠢᠶᠠᠨ ᠳᠤ ᠬᠦᠷᠴᠦ ︽ ᠪᠦᠭᠦᠳᠡ ᠨᠠᠶᠢᠷᠠᠮᠳᠠᠬᠤ ᠲᠤᠮᠳᠠᠳᠦ ᠠᠷᠠᠳ ᠤᠯᠤᠰ ᠤᠨ ᠢᠷᠭᠡᠨ ᠦ ᠬᠠᠸᠯᠢ ᠶᠢᠨ ᠪᠢᠴᠢᠭ︾ ᠢ ᠬᠠᠮᠲᠤᠪᠠᠷ ᠰᠤᠷᠤᠯᠴᠠᠪᠠ ᠃

ᠲᠤᠰ ᠤᠳᠠᠭᠠᠨ ᠤ ᠰᠤᠷᠤᠯᠴᠠᠯᠭ᠎ᠠ ᠨᠢ ᠢᠷᠭᠡᠨ ᠦ ᠬᠠᠤᠯᠢ ᠶᠢᠨ ᠪᠢᠴᠢᠭ ᠪᠣᠯᠤᠨ ᠪᠠᠶᠢᠴᠠᠭᠠᠬᠤ ᠠᠵᠢᠯ ᠢᠶᠠᠷ ᠭᠣᠣᠯ ᠰᠡᠳᠦᠪ ᠪᠣᠯᠭᠠᠵᠤ ᠂ ᠢᠷᠭᠡᠨ ᠦ ᠬᠠᠸᠯᠢ ᠶᠢᠨ ᠪᠢᠴᠢᠭ ᠦᠨ ᠬᠡᠷᠡᠭᠵᠢᠭᠦᠯᠦᠯᠲᠡ ᠶᠢᠨ ᠨᠡᠶᠢᠭᠡᠮ ᠪᠠ ᠬᠣᠯᠪᠣᠭᠳᠠᠯ ᠪᠦᠬᠦᠢ ᠠᠵᠢᠯ ᠢ ᠥᠷᠨᠢᠭᠦᠯᠬᠦ ᠳᠦ ᠦᠵᠡᠭᠦᠯᠬᠦ ᠨᠥᠯᠥᠭᠡ ᠶᠢ ᠵᠠᠳᠠᠯᠬᠤ ᠣᠷᠴᠢᠨ ᠳᠤ ᠶᠠᠪᠣᠭᠳᠠᠭᠣᠯᠪᠠ᠃

ᠬᠤᠷᠠᠯ  ᠠᠴᠠ ᠱᠠᠭᠠᠷᠳᠠᠭᠰᠠᠨ ᠨᠢ ᠂ ᠰᠢᠭᠦᠬᠦ ᠬᠣᠷᠢᠶ᠎ᠠ ᠪᠠᠶᠢᠴᠠᠭᠠᠬᠤ ᠬᠣᠷᠢᠶ᠎ᠠ  ᠶᠢᠨ ᠺᠠᠳ᠋ᠷ ᠴᠠᠭᠳᠠᠭ᠎ᠠ ᠢᠷᠭᠡᠨ  ᠦ ᠬᠠᠸᠯᠢ  ᠶᠢᠨ ᠪᠢᠴᠢᠭ  ᠦᠨ ᠲᠤᠰᠬᠠᠶ ᠮᠡᠷᠭᠡᠵᠢᠯ  ᠦᠨ ᠨᠡᠷ᠎ᠡ ᠲᠣᠮᠢᠶ᠎ᠠ  ᠳ᠋ᠡᠬᠢ ᠤᠶᠢᠯᠠᠭᠠᠯᠲᠠ ᠪᠠᠨ ᠴᠢᠩᠭᠠᠳᠬᠠᠵᠤ ᠂ ᠪᠣᠳᠠᠲᠠᠶ ᠠᠵᠢᠯ ᠤᠨ ᠳᠤᠮᠳᠠ ᠢᠷᠭᠡᠨ ᠦ ᠬᠠᠸᠯᠢ ᠶᠢᠨ ᠪᠢᠴᠢᠭ ᠦᠨ ᠶᠡᠷᠦᠩᠬᠡᠶ ᠳᠦᠷᠢᠮ ᠪᠠ ᠡᠯ᠎ᠡ ᠬᠤᠪᠢᠶᠠᠷᠢ  ᠲᠦᠷᠢᠮ ᠤᠨ ᠭᠣᠸᠯ  ᠠᠭᠤᠯᠭ᠎ᠠ ᠪᠠ ᠭᠣᠸᠯᠳᠠᠯᠭ᠎ᠠ ᠲᠠᠶ ᠠᠰᠠᠭᠤᠳᠠᠯ ᠢ ᠰᠠᠶᠢᠲᠤᠷ ᠡᠵᠡᠮᠰᠢᠵᠦ ᠂ ᠢᠷᠭᠡᠨ ᠦ ᠬᠠᠸᠯᠢ ᠶᠢᠨ ᠪᠢᠴᠢᠭ ᠦᠨ ᠢᠷᠭᠡᠨ ᠦ ᠬᠡᠷᠡᠭ ᠦᠨ ᠠᠵᠢᠯᠯᠠᠭ᠎ᠠ  ᠳ᠋ᠡᠬᠢ ᠡᠷᠬᠡ ᠲᠡᠭᠰᠢ ᠂ ᠰᠠᠶᠢᠨ ᠳᠤᠷ᠎ᠠ ᠶᠢᠨ ᠂  ᠠᠳᠠᠯᠢ ᠲᠡᠭᠰᠢ ᠂ ᠦᠨᠡᠨᠴᠢ ᠢᠲᠡᠭᠡᠮᠵᠢᠲᠡᠶ ᠪᠠᠶᠬᠤ ᠵᠡᠷᠭᠡ ᠦᠨᠳᠦᠰᠦᠨ ᠵᠠᠷᠴᠢᠮ  ᠢ ᠰᠠᠶᠢᠲᠤᠷ ᠲᠣᠳᠣᠷᠬᠠᠶᠢᠯᠠᠨ ᠲᠠᠶᠢᠯᠪᠤᠷᠢᠯᠠᠵᠤ ᠂ ᠢᠷᠭᠡᠨ ᠦ ᠬᠠᠸᠯᠢ ᠶᠢᠨ ᠪᠢᠴᠢᠭ ᠦᠨ ᠪᠡᠶᠡᠴᠢ ᠴᠣᠭᠴᠠ ᠡᠷᠬᠡ ᠲᠡᠭᠰᠢ ᠪᠠᠶᠢᠬᠤ ᠶᠢ ᠪᠠᠷᠢᠮᠲᠠᠯᠠᠬᠤ᠂ ᠡᠳ᠋ ᠬᠥᠷᠥᠩᠭᠡ ᠶᠢᠨ ᠡᠷᠬᠡ ᠠᠰᠢᠭ ᠢ ᠬᠠᠮᠠᠭᠠᠯᠠᠬᠤ ᠂ ᠠᠷᠠᠯᠵᠢᠶᠠᠨ ᠤ  ᠭᠦᠢᠯᠭᠡᠭᠡᠨ ᠳᠦ ᠳᠥᠭᠥᠮ ᠦᠵᠡᠭᠦᠯᠬᠦ ᠂ ᠬᠦᠮᠦᠨ ᠦ ᠨᠡᠷ᠎ᠡ ᠬᠦᠨᠳᠦ ᠶᠢ ᠬᠠᠮᠠᠭᠠᠯᠠᠬᠤ ᠂ ᠭᠡᠷ ᠪᠦᠯᠢ ᠶᠢᠨ ᠡᠶ᠎ᠡ ᠵᠣᠬᠢᠴᠠᠯ ᠢ ᠠᠬᠢᠭᠤᠯᠬᠤ᠂ ᠡᠷᠬᠡ ᠳᠦ ᠬᠠᠯᠳᠠᠭᠰᠠᠨ ᠬᠠᠷᠢᠭᠤᠴᠠᠯᠭ᠎ᠠ ᠨᠡᠬᠡᠮᠵᠢᠯᠡᠬᠦ ᠵᠡᠷᠭᠡ ᠦᠨᠳᠦᠰᠦᠨ ᠱᠠᠭᠠᠷᠳᠠᠯᠭ᠎ᠠ ᠶᠢᠨ ᠳᠣᠬᠠᠢ ᠰᠠᠶᠢᠲᠤᠷ ᠳᠣᠲᠣᠷᠬᠠᠢᠯᠠᠨ ᠲᠠᠢᠯᠪᠣᠷᠢᠯᠠᠵᠣ᠂ ᠢᠷᠭᠡᠨ ᠦ ᠬᠠᠸᠯᠢ ᠶᠢᠨ ᠪᠢᠴᠢᠭ ᠦᠨ ᠠᠯᠢ ᠤᠯᠠᠨ ᠰᠢᠨ᠎ᠡ ᠲᠣᠭᠲᠠᠭᠠᠯ ᠰᠢᠨ᠎ᠡ ᠤᠬᠠᠭᠳᠠᠬᠤᠨ ᠰᠢᠨ᠎ᠡ ᠵᠣᠷᠢᠭ ᠰᠠᠨᠠᠭ᠎ᠠ  ᠶᠢ ᠰᠠᠶᠢᠲᠤᠷ ᠳᠣᠲᠣᠷᠬᠠᠢᠯᠠᠨ ᠲᠠᠶᠢᠯᠪᠤᠷᠢᠯᠠᠨ᠎ᠠ᠃ ᠤᠳᠤᠷᠢᠳᠬᠤ ᠺᠠᠳ᠋ᠷ ᠢᠷᠭᠡᠨ ᠦ ᠬᠠᠤᠯᠢ ᠶᠢᠨ ᠪᠢᠴᠢᠭ ᠢ ᠰᠤᠷᠤᠯᠴᠠᠬᠤ ᠂ ᠵᠢᠷᠤᠮᠯᠠᠬᠤ ᠂ ᠬᠠᠮᠠᠭᠠᠯᠠᠬᠤ  ᠶᠢ ᠨᠢᠭᠡ ᠵᠦᠢᠯ ᠦᠨ ᠴᠢᠬᠤᠯᠠ ᠠᠵᠢᠯ ᠤᠨ ᠡᠭᠦᠷᠭᠡ ᠪᠣᠯᠭᠠᠵᠤ ᠂ ᠬᠠᠸᠯᠢ ᠪᠠᠷᠢᠵᠤ ᠬᠡᠷᠡᠭ ᠰᠢᠶᠳᠪᠦᠷᠢᠯᠡᠬᠦ ᠶᠠᠪᠤᠴᠠ ᠳᠤ ᠢᠷᠭᠡᠨ ᠦ ᠬᠠᠸᠯᠢ ᠶᠢᠨ ᠪᠢᠴᠢᠭ ᠢ  ᠠᠰᠢᠭᠯᠠᠨ ᠠᠷᠠᠳ ᠲᠦᠮᠡᠨ ᠦ ᠡᠷᠬᠡ ᠠᠰᠢᠭ ᠢ ᠬᠠᠮᠠᠭᠠᠯᠠᠨ᠂ ᠵᠥᠷᠢᠴᠡᠯ ᠵᠢᠭᠤᠷᠠᠯᠳᠤᠭᠠᠨ ᠢ  ᠠᠷᠢᠯᠭᠠᠵᠣ᠂ ᠨᠡᠶᠢᠭᠡᠮ ᠦᠨ ᠡᠶ᠎ᠡ ᠵᠣᠬᠢᠴᠠᠯ ᠪᠠ ᠲᠣᠭᠲᠠᠭᠤᠨ ᠪᠠᠶᠢᠳᠠᠯ ᠢ ᠠᠬᠢᠭᠤᠯᠬᠤ ᠴᠢᠳᠠᠪᠤᠷᠢ ᠪᠠ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ᠃ ᠡᠭᠦᠨ ᠦ ᠬᠠᠮᠲᠤ ᠢᠷᠭᠡᠨ ᠦ ᠬᠠᠤᠯᠢ ᠶᠢᠨ ᠪᠢᠴᠢᠭ ᠦᠨ ᠤᠬᠠᠭᠤᠯᠭ᠎ᠠ ᠶᠢᠨ ᠠᠵᠢᠯ ᠢ ᠰᠠᠶᠢᠲᠤᠷ ᠬᠢᠵᠦ ᠂ ᠢᠷᠭᠡᠨ ᠦ ᠬᠠᠤᠯᠢ ᠶᠢᠨ ᠪᠢᠴᠢᠭ ᠢ ᠣᠯᠠᠨ ᠲᠦᠮᠡᠨ ᠦ ᠳᠡᠷᠭᠡᠳᠡ ᠬᠦᠷᠭᠡᠵᠦ ᠂ ᠣᠯᠠᠨ ᠲᠦᠮᠡᠨ ᠦ ᠰᠡᠳᠬᠢᠯ ᠳᠦ ᠣᠷᠣᠭᠤᠯᠵᠤ ᠂ ᠣᠯᠠᠨ ᠲᠦᠮᠡᠨ ᠢ ᠬᠥᠲᠥᠯᠥᠨ ᠵᠢᠯᠣᠭᠣᠳᠴᠤ᠂ ᠲᠡᠳᠡᠨ ᠳ᠋ᠦ ᠢᠷᠭᠡᠨ ᠦ ᠬᠠᠤᠯᠢ ᠶᠢᠨ ᠪᠢᠴᠢᠭ ᠪᠣᠯ ᠲᠣᠰ ᠪᠡᠶ᠎ᠡ ᠶᠢᠨ ᠡᠷᠬᠡ ᠠᠰᠢᠭ ᠢᠶᠠᠨ ᠬᠠᠮᠠᠭᠠᠯᠠᠬᠤ ᠬᠠᠤᠯᠢ ᠶᠢᠨ ᠪᠢᠴᠢᠭ ᠮᠦᠷᠲᠡᠭᠡᠨ ᠨᠡᠶᠢᠭᠡᠮ ᠦᠨ ᠪᠦᠬᠦ  ᠭᠡᠰᠢᠭᠦᠨ ᠦ ᠡᠷᠬᠡᠪᠰᠢ ᠵᠢᠷᠤᠮᠯᠠᠬᠤ ᠬᠡᠷᠡᠭᠲᠡᠶ ᠵᠢᠷᠤᠮᠵᠢᠯ ᠮᠥᠨ  ᠭᠡᠰᠡᠨ ᠢ  ᠲᠠᠨᠢᠭᠤᠯᠤᠨ᠎ᠠ ᠃

ᠪᠣᠯᠪᠠᠰᠤᠷᠠᠯ ᠳᠤ ᠣᠷᠣᠯᠴᠠᠭᠰᠠᠨ ᠪᠠᠶᠢᠴᠠᠭᠠᠬᠤ ᠺᠠᠳ᠋ᠷ ᠴᠠᠭᠳᠠᠭ᠎ᠠ ᠨᠠᠷ ᠬᠣᠶᠢᠰᠢᠳᠠ ᠶᠢᠨ ᠪᠠᠶᠢᠴᠠᠭᠠᠬᠤ ᠠᠵᠢᠯ ᠤᠨ ᠳᠤᠮᠳᠠ ᠢᠷᠭᠡᠨ ᠦ ᠬᠠᠸᠯᠢ ᠶᠢᠨ ᠪᠢᠴᠢᠭ ᠢ ᠭᠦᠨᠵᠡᠭᠡᠶ ᠲᠤᠭᠤᠰᠢᠯᠠᠭᠤᠯᠬᠤ ᠪᠠᠷ ᠠᠵᠠ ᠲᠣᠬᠢᠶᠠᠯ ᠪᠣᠯᠭᠠᠵᠤ ᠂ ᠢᠷᠭᠡᠨ ᠦ ᠬᠡᠷᠡᠭ ᠦᠨ ᠪᠠᠶᠢᠴᠠᠭᠠᠬᠤ ᠠᠵᠢᠯ ᠤᠨ ᠳᠣᠲᠠᠭᠳᠠᠯ ᠢᠶᠠᠨ  ᠨᠥᠬᠥᠪᠥᠷᠢᠯᠡᠵᠦ ᠂ ᠢᠷᠭᠡᠨ ᠦ ᠬᠠᠤᠯᠢ ᠶᠢᠨ ᠪᠢᠴᠢᠭ ᠦᠨ ᠰᠢᠰᠲ᠋ᠧᠮᠵᠢᠭᠰᠡᠨ ᠰᠡᠳᠬᠢᠬᠦᠶ ᠶᠢ ᠢᠷᠭᠡᠨ ᠦ ᠬᠡᠷᠡᠭ ᠦᠨ ᠪᠠᠶᠢᠴᠠᠭᠠᠬᠤ ᠠᠵᠢᠯ ᠳᠤ ᠵᠣᠬᠢᠴᠠᠭᠤᠯᠤᠨ ᠂ ᠢᠷᠭᠡᠨ ᠦ ᠬᠠᠤᠯᠢ ᠶᠢᠨ ᠪᠢᠴᠢᠭ ᠢ ᠰᠠᠶᠢᠲᠤᠷ ᠬᠡᠷᠡᠭᠵᠢᠭᠦᠯᠵᠦ ᠂ ᠠᠷᠠᠳ ᠲᠦᠮᠡᠨ ᠦ ᠬᠠᠸᠯᠢ ᠶᠣᠰᠣᠨ ᠤ ᠡᠷᠬᠡ ᠠᠰᠢᠭ ᠢ ᠨᠡᠩ ᠰᠠᠶᠢᠲᠤᠷ ᠪᠠᠲᠤᠯᠠᠨ᠎ᠠ ᠭᠡᠵᠦ ᠬᠤᠶᠢᠨ᠎ᠠ ᠬᠤᠶᠢᠨ᠎ᠠ ᠠᠴᠠ ᠪᠠᠨ ᠢᠯᠡᠷᠬᠡᠶᠢᠯᠡᠵᠦ ᠪᠠᠶᠢᠯ᠎ᠠ᠃


ᠢᠷᠡᠯᠲᠡ
ᠤᠷᠳᠤᠰ ᠬᠤᠳᠠ ᠵᠢᠨ ᠵᠡᠭᠦᠨᠭᠠᠷ ᠬᠣᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro