ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠬᠠᠥᠯᠢ ᠪᠠᠷᠢᠯᠲᠠ  ᠶᠢᠨ ᠲᠤᠰᠠᠯᠠᠮᠵᠢ  ᠶᠢᠨ ᠮᠦᠩᠬᠦ  ᠶᠢ ᠲᠤᠰᠬᠤᠨ  ᠤ ᠠᠷᠠᠳ  ᠤᠨ ᠵᠦᠪᠯᠡᠯ   ᠢᠶᠠᠷ ᠬᠢᠨᠠᠨ ᠬᠠᠮᠢᠶᠠᠷᠤᠭᠤᠯᠵᠤ ᠨᠠᠰᠦᠲᠠᠨ  ᠤ ᠠᠮᠢᠳᠤᠷᠠᠯ  ᠳᠤ ᠪᠠᠲᠤᠯᠠᠭ᠎ᠠ ᠬᠠᠩᠭᠠᠵᠠᠢ

2021-01-11 15:00:50
ᠵᠣᠬᠢᠶᠠᠭᠴᠢ
ᠠᠷᠦᠦᠬᠠᠨ

ᠤᠶᠢᠷ᠎ᠠ ᠵᠢᠨ ᠡᠳᠦᠷ᠂ ᠬᠢᠩᠭᠠᠨ  ᠠᠶᠢᠮᠠᠭ  ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ  ᠤ ᠵᠢᠷᠤᠬᠡᠨ ᠭᠠᠴᠠᠭ᠎ᠠ ᠵᠢᠨ ᠰᠢᠡᠭ ᠯᠦᠡᠭ ᠲᠤᠰᠬᠤᠨ  ᠤ ᠵᠤ᠋ ᠱᠦᠵᠢ ᠤᠯᠠᠭᠠᠨᠬᠤᠲᠠ ᠠᠷᠠᠳ  ᠤᠨ ᠪᠠᠶᠢᠴᠠᠭᠠᠬᠤ ᠬᠤᠷᠢᠶ᠎ᠠ  ᠶᠢᠨ ᠪᠠᠶᠢᠴᠠᠭᠠᠭᠴᠢ  ᠶᠢᠨ ᠭᠠᠷ  ᠠᠴᠠ 3 ᠲᠦᠮᠡᠨ ᠲᠦᠭᠦᠷᠢᠭ ᠦᠨ ᠬᠠᠥᠯᠢ  ᠪᠠᠷᠢᠯᠲᠠ  ᠶᠢᠨ  ᠲᠤᠰᠠᠯᠠᠮᠵᠢ  ᠶᠢᠨ ᠮᠦᠩᠬᠦ  ᠶᠢ ᠬᠦᠯᠢᠶᠡᠨ ᠠᠪᠬᠤ  ᠳ᠋ᠦ ᠪᠠᠨ ︽ᠪᠠᠶᠢᠴᠠᠭᠠᠬᠤ ᠬᠤᠷᠢᠶ᠎ᠠ ᠲᠤᠰ ᠲᠤᠰᠠᠯᠠᠮᠵᠢ  ᠶᠢᠨ ᠮᠦᠩᠬᠦ  ᠶᠢ ᠮᠠᠨ  ᠤ ᠲᠤᠰᠬᠤᠨ  ᠤ ᠠᠷᠠᠳ  ᠤᠨ ᠵᠦᠪᠯᠡᠯ   ᠳᠤ ᠲᠤᠰᠢᠶᠠᠨ ᠦᠭᠴᠦ ᠬᠢᠨᠠᠨ ᠬᠠᠮᠢᠶᠠᠷᠤᠭᠤᠯᠤᠭᠰᠠᠨ ᠨᠢ ᠨᠠᠮ ᠪᠠ ᠤᠯᠤᠰ  ᠠᠴᠠ ᠮᠠᠨ  ᠢ ᠢᠲᠡᠭᠡᠵᠦ  ᠪᠠᠶᠢᠭ᠎ᠠ ᠶᠠᠪᠤᠳᠠᠯ ᠮᠦᠨ ᠌᠂ ᠪᠢᠳᠡ ᠲᠤᠰ ᠮᠦᠩᠬᠦ  ᠶᠢ ᠰᠠᠶᠢᠲᠤᠷ ᠬᠠᠮᠢᠶᠠᠷᠴᠤ  ᠼᠤᠤ ᠨᠠᠰᠦᠲᠠᠨ  ᠤ ᠵᠤᠬᠢᠰᠲᠠᠢ ᠵᠠᠷᠤᠯᠠᠭ᠎ᠠ  ᠶᠢ ᠪᠠᠲᠤᠯᠠᠨ᠎ᠠ ︾ ᠭᠡᠵᠦ ᠲᠦᠪ  ᠴᠢᠩᠭ᠎ᠠ ᠪᠡᠷ ᠬᠡᠯᠡᠪᠡ ᠃

ᠼᠤᠤ ᠨᠠᠰᠦᠲᠠᠨ ᠪᠣᠯ ᠨᠢᠭᠡᠨ ᠤᠷᠬᠢᠵᠤ ᠬᠠᠶᠠᠭᠰᠠᠨ ᠬᠡᠷᠡᠭ  ᠦᠨ ᠬᠤᠬᠢᠷᠠᠭᠴᠢ ᠪᠤᠯᠤᠨ᠎ᠠ ᠃ ᠲᠤᠰ ᠬᠡᠷᠡᠭ   ᠢ ᠬᠢᠨᠠᠨ  ᠪᠠᠶᠢᠴᠠᠭᠠᠬᠤ  ᠱᠠᠲᠤᠨ ᠳᠤ ᠂  ᠨᠢᠭᠡᠳᠦᠭᠡᠷ ᠪᠠᠶᠢᠴᠠᠭᠠᠬᠤ ᠬᠡᠯᠲᠡᠰ  ᠦᠨ ᠬᠡᠷᠡᠭ ᠰᠢᠳᠭᠡᠭᠴᠢ ᠼᠤᠤ ᠨᠠᠰᠦᠲᠠᠨ ᠤ ᠪᠠᠶᠢᠳᠠᠯ ᠬᠠᠥᠯᠢ   ᠪᠠᠷᠢᠯᠲᠠ ᠵᠢᠨ ᠲᠤᠰᠠᠯᠠᠮᠵᠢ  ᠵᠢᠨ ᠨᠦᠭᠦᠴᠡᠯ ᠳᠦ ᠨᠡᠶᠢᠴᠡᠬᠦ ᠪᠤᠯᠤᠯᠲᠠᠢ ᠭᠡᠳ ᠰᠦᠪᠡᠭᠴᠢ  ᠶᠢ 12309 ᠪᠠᠶᠢᠴᠠᠭᠠᠬᠤ ᠦᠢᠯᠡᠴᠢᠯᠡᠭᠡᠨ ᠦ ᠲᠦᠪ  ᠲᠦ ᠰᠢᠯᠵᠢᠭᠦᠯᠦᠨ ᠦᠭᠴᠡᠢ᠃ ᠰᠦᠪᠡᠭᠴᠢ ᠶᠢ ᠤᠯᠤᠭᠰᠠᠨ ᠤ ᠳᠠᠷᠠᠭ᠎ᠠ 12309  ᠪᠠᠶᠢᠴᠠᠭᠠᠬᠤ  ᠦᠢᠯᠡᠴᠢᠯᠡᠭᠡᠨ ᠦ  ᠠᠵᠢᠯᠲᠠᠨ ᠴᠠᠭ ᠲᠤᠬᠠᠢ ᠳ᠋ᠤᠨᠢ ᠼᠤᠤ ᠨᠠᠰᠦᠲᠠᠨ ᠤ   ᠪᠠᠶᠢᠭ᠎ᠠ ᠨᠠᠰᠤᠲᠠᠨ ᠢ ᠠᠰᠠᠷᠠᠬᠤ ᠬᠦᠷᠢᠶᠡᠯᠡᠭ ᠲᠠᠢ ᠬᠠᠷᠢᠴᠠᠵᠦ ᠲᠤᠬᠠᠢ ᠶᠢᠨ ᠭᠠᠵᠠᠷ  ᠲᠤ  ᠬᠦᠷᠴᠦ ᠬᠢᠨᠠᠨ ᠬᠠᠷᠭᠤᠭᠤᠯᠬᠤ ᠠᠵᠢᠯ ᠢ ᠦᠷᠨᠢᠭᠦᠯᠵᠡᠢ᠃ ᠤᠶᠢᠯᠠᠭᠠᠭᠰᠠᠨ ᠢᠶᠠᠷ᠂ ᠼᠤᠤ ᠨᠠᠰᠦᠲᠠᠨ 2015 ᠤᠨ ᠤ 5 ᠰᠠᠷ᠎ᠠ ᠳᠤ ᠳᠠᠷᠢᠬᠢᠨ ᠤ ᠮᠡᠰᠡ ᠵᠠᠰᠠᠯ ᠬᠢᠭᠰᠡᠨ ᠦ ᠬᠤᠶᠢᠨ᠎ᠠ᠂  ᠭᠠᠭᠴᠠ ᠬᠦᠦ ᠼᠤᠤ ᠤᠪᠤᠭᠲᠤ ᠨᠢ ᠲᠡᠭᠦᠨ ᠢ ᠨᠠᠰᠤᠲᠠᠨ ᠢ ᠠᠰᠠᠷᠠᠬᠤ ᠬᠦᠷᠢᠶᠡᠯᠡᠭ ᠳᠦ ᠬᠦᠷᠭᠡᠵᠦ ᠠᠰᠠᠷᠠᠬᠤ ᠮᠦᠩᠬᠦ  ᠶᠢ ᠵᠦᠪᠬᠡᠨ 2016 ᠤᠨ ᠤ 8 ᠰᠠᠷ᠎ᠠ ᠬᠦᠷᠲᠡᠯ᠎ᠡ ᠲᠤᠰᠢᠶᠠᠵᠦ᠂ ᠳᠠᠬᠢᠨ ᠶᠠᠭ ᠲᠤᠰᠢᠶᠠᠭᠰᠠᠨ ᠦᠭᠡᠢ ᠮᠦᠷᠲᠠᠬᠡᠨ ᠼᠤᠤ ᠨᠠᠰᠦᠲᠠᠨ ᠢ ᠪᠠᠰᠠ ᠡᠷᠭᠢᠵᠦ ᠦᠵᠡᠭᠰᠡᠨ ᠦᠭᠡᠢ  ᠪᠠᠷ᠎ᠠ ᠲᠠᠰᠤ ᠪᠣᠯᠵᠠᠢ᠃  ᠼᠤᠤ ᠨᠠᠰᠦᠲᠠᠨ ᠬᠦᠨᠳᠦ ᠤᠶᠤᠨ ᠴᠢᠳᠠᠪᠤᠷᠢ ᠶᠢᠨ ᠡᠮᠬᠡᠭ ᠲᠠᠢ ᠪᠦᠭᠡᠳ  ᠳᠠᠷᠢᠬᠢᠨ ᠤ ᠪᠤᠯᠴᠢᠡᠭ ᠤᠨ ᠡᠪᠡᠳᠴᠢᠨ ᠲᠠᠢ ᠪᠤᠯᠬᠤᠷ ᠬᠦᠳᠡᠯᠮᠦᠷᠢᠯᠡᠬᠦ ᠴᠢᠳᠠᠪᠦᠷᠢ ᠪᠠ ᠠᠮᠢᠳᠤᠷᠠᠯ ᠤᠨ ᠴᠢᠳᠠᠪᠤᠷᠢ ᠪᠠᠨ ᠪᠦᠷᠢᠮᠦᠰᠦᠨ  ᠠᠯᠳᠠᠵᠤ᠂ ᠳᠡᠭᠡᠷ᠎ᠡ ᠨᠢ ᠭᠡᠷ ᠪᠠᠶᠢᠰᠢᠩ ᠭᠡᠵᠦ ᠪᠠᠶᠢᠬᠤ ᠦᠭᠡᠢ᠂ ᠶᠠᠮᠠᠷ  ᠴᠤ ᠠᠵᠤ ᠠᠬᠤᠢ  ᠶᠢᠨ ᠢᠷᠡᠯᠲᠠ ᠦᠭᠡᠢ ᠃

ᠪᠠᠶᠢᠳᠠᠯ  ᠢ ᠤᠶᠢᠯᠠᠭᠠᠭᠰᠠᠨ ᠤ ᠳᠠᠷᠠᠭ᠎ᠠ᠂ ᠤᠯᠠᠭᠠᠨᠬᠤᠲᠠ ᠠᠷᠠᠳ  ᠤᠨ ᠪᠠᠶᠢᠴᠠᠭᠠᠬᠤ ᠬᠤᠷᠢᠶ᠎ᠠ ᠵᠢᠨ 12309  ᠪᠠᠶᠢᠴᠠᠭᠠᠬᠤ ᠦᠢᠯᠡᠴᠢᠯᠡᠭᠡᠨ ᠦ ᠲᠦᠪ ᠬᠠᠥᠯᠢ  ᠪᠠᠷᠢᠯᠲᠠ ᠵᠢᠨ ᠲᠤᠰᠠᠯᠠᠮᠵᠢ ᠵᠢᠨ ᠵᠢᠷᠦᠮ ᠢ  ᠡᠬᠢᠯᠡᠭᠦᠯᠬᠦ ᠶᠢᠨ ᠬᠠᠮᠲᠤ᠂ ᠵᠢᠷᠦᠮ  ᠶᠤᠰᠤᠭᠠᠷ ᠬᠢᠩᠭᠠᠨ  ᠠᠶᠢᠮᠠᠭ ᠤᠨ ᠬᠤᠪᠢᠶᠠᠷᠢ ᠬᠤᠷᠢᠶᠠᠨ ᠳᠤ ᠮᠡᠳᠡᠭᠦᠯᠵᠡᠢ᠃ ᠡᠭᠦᠨ ᠦ ᠳᠠᠭᠠᠦ᠂ ᠬᠠᠥᠯᠢ   ᠪᠠᠷᠢᠯᠲᠠ   ᠶᠢᠨ  ᠲᠤᠰᠠᠯᠠᠮᠵᠢ   ᠶᠢᠨ  ᠦᠷ᠎ᠡ ᠪᠦᠲᠦᠮᠵᠢ  ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ ᠲᠦᠯᠦᠭᠡ᠂ᠤᠯᠠᠭᠠᠨᠬᠤᠲᠠ ᠠᠷᠠᠳ  ᠤᠨ ᠪᠠᠶᠢᠴᠠᠭᠠᠬᠤ ᠬᠤᠷᠢᠶ᠎ᠠ ᠼᠤᠤ ᠨᠠᠰᠦᠲᠠᠨ ᠤ ᠰᠠᠭᠤᠭ᠎ᠠ ᠭᠠᠵᠠᠷ ᠤᠨ ᠪᠠᠯᠭᠠᠰᠤᠨ ᠤ ᠵᠠᠰᠠᠭ ᠤᠨ ᠤᠷᠳᠤᠨ᠂ ᠠᠷᠠᠳ ᠤᠨ ᠶᠠᠪᠤᠳᠠᠯ᠂  ᠵᠡᠮᠳᠡᠭᠴᠦᠳ ᠦᠨ ᠬᠤᠯᠪᠤᠭ᠎ᠠ ᠵᠡᠷᠭᠡ ᠰᠠᠯᠠᠭ᠎ᠠ ᠮᠦᠴᠢᠷ ᠲᠠᠢ ᠢᠳᠡᠪᠬᠢᠲᠠᠢ ᠬᠠᠷᠢᠯᠴᠠᠵᠤ ᠼᠤᠤ ᠨᠠᠰᠦᠲᠠᠨ ᠳᠤ  ᠵᠡᠮᠳᠡᠭ ᠬᠦᠮᠦᠨ ᠦ ᠦᠨᠡᠮᠯᠡᠯ ᠪᠠ ᠳᠤᠤᠷ᠎ᠠ  ᠪᠠᠲᠤᠯᠭᠠᠲᠦ ᠡᠷᠦᠬᠡ  ᠶᠢᠨ ᠦᠨᠡᠮᠯᠡᠯ ᠢ  ᠭᠦᠢᠴᠡᠳᠭᠡᠨ ᠦᠭᠴᠡᠢ᠃

ᠤᠯᠤᠰ ᠤᠨ ᠬᠠᠥᠯᠢ   ᠪᠠᠷᠢᠯᠲᠠ   ᠶᠢᠨ  ᠲᠤᠰᠠᠯᠠᠮᠵᠢ   ᠶᠢᠨ ᠮᠦᠩᠬᠦ  ᠶᠢᠨ ᠲᠤᠰᠬᠠᠢ ᠮᠦᠩᠬᠦ ᠶᠢ ᠲᠤᠰᠬᠠᠢ ᠵᠠᠷᠤᠳᠠᠯ ᠳᠤ ᠬᠡᠷᠡᠭᠯᠡᠬᠦ ᠶᠢ ᠪᠠᠲᠤᠯᠠᠬᠤ ᠶᠢᠨ ᠲᠦᠯᠦᠭᠡ᠂ ᠤᠯᠠᠭᠠᠨᠬᠤᠲᠠ ᠠᠷᠠᠳ  ᠤᠨ  ᠪᠠᠶᠢᠴᠠᠭᠠᠬᠤ ᠬᠤᠷᠢᠶ᠎ᠠ ᠬᠢᠩᠭᠠᠨ ᠠᠶᠢᠮᠠᠭ  ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ  ᠤ ᠵᠢᠷᠤᠬᠡᠨ ᠭᠠᠴᠠᠭ᠎ᠠ ᠵᠢᠨ ᠰᠢᠡᠭ ᠯᠦᠡᠭ ᠲᠤᠰᠬᠤᠨ ᠤ ᠵᠦᠪᠯᠡᠯ ᠤᠨ ᠺᠠᠲᠠᠷ ᠲᠠᠢ ᠤᠯᠠᠨ ᠤᠳᠠᠭ᠎ᠠ ᠵᠦᠪᠳᠡᠯᠴᠡᠨ ᠶᠠᠷᠢᠯᠴᠠᠭᠰᠠᠨ ᠦ ᠳᠠᠷᠠᠭ᠎ᠠ ᠲᠤᠰᠬᠤᠨ ᠤ ᠵᠦᠪᠯᠡᠯ ᠢ ᠭᠤᠷᠪᠠᠳᠡᠬᠢ ᠡᠲᠠᠭᠡᠳ ᠢᠶᠠᠷ ᠤᠷᠢᠵᠤ ᠲᠤᠰᠠᠯᠠᠮᠵᠢ  ᠶᠢᠨ ᠮᠦᠩᠬᠦ ᠶᠢᠨ ᠬᠢᠨᠠᠨ ᠬᠠᠮᠢᠶᠠᠷᠤᠭᠴᠢ ᠪᠤᠯᠭᠠᠬᠤ ᠪᠡᠷ ᠳᠤᠭᠲᠠᠨ᠂ ᠬᠤᠶᠠᠷ ᠡᠲᠠᠭᠡᠳ ᠢᠶᠠᠷ ᠢᠶᠠᠨ︽ᠼᠤᠤ ᠨᠠᠰᠦᠲᠠᠨ ᠤ ᠤᠯᠤᠰ ᠤᠨ ᠬᠠᠥᠯᠢ  ᠪᠠᠷᠢᠯᠲᠠ  ᠶᠢᠨ  ᠲᠤᠰᠠᠯᠠᠮᠵᠢ  ᠶᠢᠨ ᠮᠦᠩᠬᠦ   ᠶᠢᠨ ᠬᠠᠮᠢᠶᠠᠷᠤᠯᠲᠠ ᠶᠢᠨ  ᠬᠡᠯᠡᠯᠴᠡᠭᠡᠷ︾ ᠲᠦ ᠭᠠᠷ ᠤᠨ ᠦᠰᠦᠭ  ᠵᠢᠷᠤᠭᠰᠠᠨ ᠪᠠᠶᠢᠨ᠎ᠠ᠃

ᠲᠤᠰ ᠬᠡᠷᠡᠭ ᠦᠨ ᠤᠨᠴᠠᠭᠠᠢ  ᠪᠠᠶᠢᠳᠠᠯ ᠳᠤ ᠵᠤᠷᠢᠭᠤᠯᠤᠨ᠂  ᠭᠠᠷᠳᠠᠨ ᠪᠠᠶᠢᠴᠠᠭᠠᠭᠴᠢ ᠬᠠᠥᠯᠢ ᠴᠠᠭᠠᠵᠠ᠂ ᠶᠤᠰᠤ ᠰᠤᠷᠲᠠᠬᠤᠨ ᠵᠡᠷᠭᠡ ᠪᠦᠬᠦ ᠲᠠᠯ᠎ᠠ ᠠᠴᠠ ᠼᠤᠤ ᠨᠠᠰᠦᠲᠠᠨ ᠤ ᠬᠦᠦ ᠼᠤᠤ ᠤᠪᠤᠭᠲᠤ ᠶᠢ ᠰᠤᠷᠭᠠᠨ ᠬᠦᠮᠦᠵᠢᠭᠦᠯᠦᠨ ᠵᠢᠭᠠᠨ ᠵᠢᠯᠤᠭᠤᠳᠤᠭᠰᠠᠨ ᠠᠴᠠ ᠼᠤᠤ ᠤᠪᠤᠭᠲᠤ ᠪᠤᠷᠤᠭᠤ ᠪᠠᠨ  ᠲᠡᠷᠡ ᠳᠠᠷᠤᠢ ᠮᠡᠳᠡᠷᠡᠭᠰᠡᠨ  ᠪᠠᠶᠢᠨ᠎ᠠ᠃

ᠭᠤᠤᠨᠢ ᠨᠠᠰᠤᠲᠠᠨ ᠨᠠᠶᠢᠭᠡᠮ ᠦᠨ ᠪᠦᠯᠬᠦᠮ ᠦᠨ ᠤᠨᠴᠠᠭᠠᠢ ᠭᠡᠰᠢᠭᠦᠨ ᠪᠤᠯᠤᠭᠰᠠᠨ ᠤ ᠬᠤᠪᠢ  ᠳᠦ ᠂ ᠤᠶᠢᠷ᠎ᠠ ᠶᠢᠨ ᠵᠢᠯ  ᠤᠳ ᠲᠤ ᠨᠠᠮ ᠪᠠ ᠵᠠᠰᠠᠭ  ᠤᠨ ᠤᠷᠳᠥᠨ ᠤ ᠠᠩᠬᠠᠷᠤᠯ  ᠢ ᠳᠡᠭᠡᠳᠦ ᠬᠡᠮᠵᠢᠶ᠎ᠡ ᠪᠡᠷ ᠲᠠᠲᠠᠭᠰᠠᠨ ᠪᠠᠶᠢᠨ᠎ᠠ᠃ ᠨᠠᠰᠤᠲᠠᠶᠢᠴᠣᠳ ᠤᠨ ᠠᠰᠠᠷᠠᠮᠵᠢ ᠲᠠᠢ᠂ ᠲᠦᠰᠢᠭ ᠲᠠᠢ ᠪᠠᠶᠢᠬᠤ ᠶᠢ ᠪᠠᠲᠤᠯᠠᠬᠤ ᠪᠣᠯ ᠠᠷᠠᠳ ᠤᠨ ᠪᠠᠶᠢᠴᠠᠭᠠᠬᠤ ᠬᠤᠷᠢᠶᠠᠨ ᠤ ᠬᠠᠥᠯᠢ  ᠪᠠᠷᠢᠯᠲᠠ  ᠶᠢᠨ  ᠲᠤᠰᠠᠯᠠᠮᠵᠢ   ᠶᠢᠨ ᠠᠵᠢᠯ ᠤᠨ ᠭᠤᠤᠯᠳᠠᠯᠠᠭ᠎ᠠ ᠮᠦᠨ᠃ ᠲᠤᠰ ᠬᠡᠷᠡᠭ ᠨᠢ ᠬᠡᠷᠡᠭ  ᠢ ᠰᠢᠢᠳᠭᠡᠬᠦ  ᠪᠠ ᠬᠠᠥᠯᠢ ᠶᠢ ᠲᠠᠶᠢᠯᠪᠤᠷᠢᠯᠠᠨ ᠶᠤᠰᠥ ᠶᠠᠷᠢᠬᠤ᠂ ᠬᠠᠪᠰᠤᠷᠤᠨ ᠲᠡᠳᠭᠦᠵᠦ ᠠᠪᠤᠷᠠᠨ ᠲᠤᠰᠠᠯᠠᠬᠤ᠂ ᠨᠠᠶᠢᠭᠡᠮ ᠦᠨ ᠵᠦᠷᠢᠴᠡᠯ  ᠢ ᠨᠠᠮᠳᠠᠭᠤᠯᠬᠤ ᠶᠢ ᠤᠷᠭᠠᠨᠢᠭ ᠢᠶᠠᠷ    ᠵᠤᠬᠢᠴᠠᠭᠤᠯᠵᠤ᠂ ᠲᠤᠬᠠᠢ ᠶᠢᠨ ᠬᠦᠮᠦᠨ ᠳᠦ ᠲᠦᠷᠦᠯ ᠰᠠᠳᠤᠨ ᠤ ᠬᠠᠶᠢᠷ᠎ᠠ ᠰᠡᠳᠭᠢᠯᠭᠡ ᠶᠢ ᠳᠠᠬᠢᠨ ᠬᠦᠷᠲᠡᠭᠡᠵᠦ᠂ ᠬᠡᠷᠡᠭ ᠢ  ᠰᠢᠢᠳᠪᠦᠷᠢᠯᠡᠬᠦ ᠵᠢᠨ  ᠳᠠᠭᠠᠤ ᠂ ᠰᠤᠷᠭᠠᠨ ᠬᠦᠮᠦᠵᠢᠭᠦᠯᠬᠦ ᠪᠠ ᠲᠤᠯᠠᠭᠠᠴᠠ ᠬᠦᠷᠲᠡᠭᠡᠬᠦ ᠨᠠᠶᠢᠭᠡᠮ ᠦᠨ ᠦᠷ᠎ᠡ ᠪᠦᠲᠦᠮᠵᠢ  ᠶᠢ ᠤᠯᠵᠠᠢ᠃


ᠢᠷᠡᠯᠲᠡ
ᠬᠢᠩᠭᠠᠨ ᠠᠶᠢᠮᠠᠭ ᠤᠨ ᠤᠯᠠᠭᠠᠨᠬᠤᠲᠠ ᠵᠢᠨ ᠠᠷᠠᠳ  ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro