ᠬᠣᠷᠴᠢᠨ ᠪᠠᠷᠠᠭᠣᠨ ᠭᠠᠷᠣᠨ ᠡᠮᠦᠨᠡᠲᠦ ᠬᠣᠰᠢᠭᠣᠨ ᠤ ᠠᠷᠠᠳ ᠤᠨ ᠪᠠᠶᠢᠴᠠᠭᠠᠬᠤ ᠬᠣᠷᠢᠶᠠ᠌᠌ ︽ ᠰᠢᠭᠤᠳ ᠨᠡᠪᠲᠡᠷᠡᠭᠦᠯᠭᠡ ᠪᠠᠷ ᠪᠠᠷᠠᠭ᠎ᠠ ᠬᠣᠳᠠᠯᠳᠣᠬᠣ︾ ᠬᠡᠯᠪᠡᠷᠢ ᠪᠠᠷ ᠲᠣᠯᠬᠣ ᠴᠡᠭ ᠪᠣᠯᠭᠠᠵᠦ ᠬᠠᠪᠰᠣᠷᠣᠨ ᠲᠡᠳᠭᠦᠵᠦ ᠪᠠᠶᠢᠭ᠎ᠠ ᠭᠠᠴᠠᠭᠠᠨ ᠤ ᠪᠠᠨ ᠮᠠᠯᠴᠢᠨ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠪᠡ
︽ᠬᠡᠷᠡᠭᠯᠡᠭᠡᠨ ᠢᠶᠡᠷ ᠶᠠᠳᠠᠭᠤ ᠶᠢ ᠲᠡᠳᠬᠦᠬᠦ ︾ ᠶᠢ ᠦᠷᠭᠡᠳᠬᠡᠵᠦ ᠭᠦᠨᠵᠡᠭᠡᠶᠢᠷᠡᠭᠦᠯᠦᠨ ᠂ ᠶᠠᠳᠠᠭᠤ ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠦᠷ᠎ᠡ ᠪᠦᠲᠦᠮᠵᠢ ᠶᠢ ᠤᠯᠠᠮ ᠨᠢᠭᠡ ᠠᠯᠬᠤᠮ ᠪᠡᠬᠢᠵᠢᠭᠦᠯᠬᠦ ᠶᠢᠨ ᠲᠦᠯᠦᠭᠡ᠂ ᠤᠶᠢᠷ᠎ᠠ ᠶᠢᠨ ᠡᠳᠦᠷ ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ ᠤ ᠪᠠᠶᠢᠴᠠᠭᠠᠬᠤ ᠬᠣᠷᠢᠶᠠᠨ ᠤ ᠺᠠᠳ᠋ᠷ ᠴᠠᠭᠳᠠᠭ᠎ᠠ ᠬᠠᠪᠰᠤᠷᠤᠨ ᠲᠡᠳᠭᠦᠵᠦ ᠪᠠᠶᠢᠭ᠎ᠠ ᠠᠯᠳᠡᠷ ᠰᠤᠮᠤᠨ ᠤ ᠬᠥᠨᠳᠡᠯᠡᠨ ᠭᠠᠴᠠᠭᠠᠨ ᠤ ᠲᠤᠬᠠᠶ ᠶᠢᠨ ᠭᠠᠵᠠᠷ ᠤᠨ ᠬᠣᠶᠠᠷ ᠵᠥᠪᠯᠡᠯ ᠤᠨ ᠺᠠᠳ᠋ᠷ ᠲᠠᠶ ᠬᠠᠮᠲᠤᠷᠠᠨ ᠂ ︽ᠰᠢᠭᠤᠳ ᠨᠡᠪᠲᠡᠷᠡᠭᠦᠯᠭᠡ ᠪᠡᠷ ᠪᠠᠷᠠᠭ᠎ᠠ ᠬᠣᠳᠠᠯᠳᠣᠬᠣ︾ ᠬᠡᠯᠪᠡᠷᠢ ᠪᠠᠷ ᠲᠤᠯᠬᠤ ᠴᠡᠭ ᠪᠣᠯᠭᠠᠵᠦ᠂ ᠮᠠᠯᠴᠢᠨ ᠲᠠᠷᠢᠶᠠᠴᠢᠳ ᠢ ᠬᠠᠪᠰᠤᠷᠤᠨ ᠡᠯᠧᠺᠲ᠋ᠷᠣᠨ ᠬᠤᠳᠠᠯᠳᠤᠭᠠᠨ ᠤ ᠠᠷᠭ᠎ᠠ ᠵᠠᠮ ᠢᠶᠠᠷ ᠲᠤᠰ ᠭᠠᠵᠠᠷ ᠤᠨ ᠦᠢᠯᠡᠳᠪᠦᠷᠢᠯᠡᠭᠰᠡᠨ ᠣᠨᠴᠠᠯᠢᠭᠲᠤ ᠲᠠᠷᠢᠶᠠᠯᠠᠩ ᠮᠠᠯ ᠠᠵᠣ ᠠᠬᠣᠢ ᠶᠢᠨ ᠪᠦᠲᠦᠭᠡᠭᠳᠡᠬᠦᠨ ᠢ ᠪᠣᠷᠣᠯᠠᠭᠤᠯᠵᠤ ᠂ ᠬᠠᠪᠰᠤᠷᠤᠨ ᠲᠡᠳᠭᠦᠵᠦ ᠪᠠᠶᠢᠭ᠎ᠠ ᠭᠠᠵᠠᠷ ᠤᠨ ᠮᠠᠯᠴᠢᠨ ᠲᠠᠷᠢᠶᠠᠴᠢᠨ ᠦ ᠣᠷᠣᠯᠭ᠎ᠠ ᠶᠢ ᠨᠡᠮᠡᠭᠳᠡᠭᠦᠯᠦᠨ ᠂ ᠭᠠᠴᠠᠭ᠎ᠠ ᠲᠣᠰᠬᠣᠨ ᠤ ᠬᠠᠮᠲᠤ ᠶᠢᠨ ᠠᠵᠤ ᠠᠬᠤᠢ ᠶᠢᠨ ᠰᠢᠨ᠎ᠡ ᠢ ᠡᠭᠦᠳᠴᠦ ᠬᠥᠭᠵᠢᠬᠦ ᠶᠢ ᠠᠬᠢᠭᠣᠯᠪᠠ ᠃
ᠭᠠᠷ ᠢᠶᠠᠷ ᠦᠶᠯᠡᠳᠪᠦᠷᠢᠯᠡᠭᠰᠡᠨ ᠮᠣᠩᠭᠣᠯ ᠶᠧᠪᠡᠩ ᠪᠣᠯᠤᠨ ᠴᠠᠶᠢᠯᠭᠠᠭᠰᠠᠨ ᠡᠷᠳᠡᠨᠢ ᠰᠢᠰᠢ ᠶᠢᠨ ᠪᠤᠳᠠᠭ᠎ᠠ ᠪᠣᠯ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ ᠤ ᠠᠯᠳᠠᠷ ᠰᠤᠮᠤ ᠶᠢᠨ ᠲᠤᠬᠠᠶ ᠶᠢᠨ ᠭᠠᠵᠠᠷ ᠤᠨ ᠣᠨᠴᠠᠯᠢᠭᠲᠤ ᠲᠠᠷᠢᠶᠠᠯᠠᠩ ᠤᠨ ᠪᠦᠲᠦᠭᠡᠭᠳᠡᠬᠦᠨ ᠪᠣᠯᠤᠨ᠎ᠠ᠃ ᠲᠤᠬᠠᠶ ᠶᠢᠨ ᠭᠠᠵᠠᠷ ᠤᠨ ᠣᠨᠴᠠᠯᠢᠭᠲᠤ ᠲᠠᠷᠢᠶᠠᠯᠠᠩ ᠤᠨ ᠪᠦᠲᠦᠭᠡᠭᠳᠡᠬᠦᠨ ᠦ ᠠᠯᠳᠠᠷᠰᠢᠯ ᠢ ᠳᠡᠭᠡᠭᠰᠢᠯᠡᠭᠦᠯᠵᠦ᠂ ᠪᠣᠷᠣᠯᠠᠭᠤᠯᠬᠤ ᠠᠷᠭ᠎ᠠ ᠵᠠᠮ ᠢ ᠨᠢ ᠤᠯᠠᠮ ᠨᠢᠭᠡ ᠠᠯᠬᠤᠮ ᠦᠷᠭᠡᠳᠭᠡᠬᠦ ᠵᠢᠨ ᠲᠥᠯᠥᠭᠡ ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ ᠤ ᠪᠠᠶᠢᠴᠠᠭᠠᠬᠤ ᠬᠣᠷᠢᠶᠠᠨ ᠤ ᠲᠣᠰᠬᠣᠨ ᠳᠤ ᠰᠠᠭᠤᠭ᠎ᠠ ᠺᠠᠲᠠᠷ ᠴᠠᠭᠳᠠᠭ᠎ᠠ ᠡᠴᠡ ᠶᠠᠳᠠᠭᠤ ᠶᠢ ᠲᠡᠳᠬᠦᠬᠦ ᠰᠢᠨ᠎ᠡ ᠵᠠᠭᠪᠤᠷ ᠢ ᠢᠳᠡᠪᠬᠢᠲᠡᠶ ᠬᠠᠶᠢᠨ ᠰᠦᠪᠡᠭᠴᠢᠯᠡᠵᠦ ᠂ ᠰᠢᠭᠤᠳ ᠨᠡᠪᠲᠡᠷᠡᠭᠦᠯᠭᠡ ᠪᠠᠷ ᠳᠠᠮᠵᠢᠵᠦ ︽ ᠪᠠᠷᠠᠭ᠎ᠠ ᠬᠣᠳᠠᠯᠳᠣᠬᠣ ︾ ᠰᠢᠭᠤᠳ ᠨᠡᠪᠲᠡᠷᠡᠭᠦᠯᠦᠭᠴᠢ ᠪᠣᠯᠵᠦ᠂ ᠡᠮᠦᠨᠡᠬᠢ ᠬᠤᠭᠤᠴᠠᠭᠠᠨ ᠤ ᠬᠥᠳᠡᠭᠡ ᠲᠣᠰᠬᠣᠨ ᠤ ᠡᠯᠧᠺᠲ᠋ᠷᠣᠨ ᠬᠤᠳᠠᠯᠳᠤᠭᠠᠨ ᠤ ᠶᠠᠪᠤᠳᠠᠯ ᠤᠨ ᠪᠣᠯᠪᠠᠰᠤᠷᠠᠭᠤᠯᠤᠯ ᠢᠶᠠᠷ ᠳᠠᠮᠵᠢᠵᠦ ᠂ ᠪᠣᠷᠣᠯᠠᠭᠤᠯᠬᠤ ᠂ ᠡᠵᠡᠩᠨᠡᠬᠦ ᠵᠡᠷᠭᠡ ᠲᠠᠯ᠎ᠠ ᠶᠢᠨ ᠲᠤᠷᠰᠢᠯᠭ᠎ᠠ ᠶᠢ ᠰᠤᠷᠤᠯᠴᠠᠨ ᠡᠵᠡᠮᠰᠢᠵᠦ ᠂ ︽ᠪᠠᠷᠠᠭ᠎ᠠ ᠬᠣᠳᠠᠯᠳᠣᠬᠣ︾ᠴᠢᠳᠠᠪᠤᠷᠢ ᠪᠠᠨ ᠳᠡᠭᠡᠭᠰᠢᠯᠡᠭᠦᠯᠬᠦ ᠶᠢᠨ ᠬᠠᠮᠲᠦ ᠪᠠᠰᠠ ᠹᠢᠯᠢᠮ ᠦᠨ ᠡᠮᠦᠨᠡᠬᠢ ᠥᠷᠭᠡᠨ ᠣᠯᠠᠨ ᠰᠦᠯᠵᠢᠶᠡᠨ ᠦ ᠦᠵᠡᠭᠴᠢᠳ ᠲᠤ ᠲᠤᠬᠠᠶ ᠶᠢᠨ ᠭᠠᠵᠠᠷ ᠤᠨ ᠡᠷᠳᠡᠨᠢ ᠰᠢᠰᠢ ᠵᠡᠷᠭᠡ ᠲᠠᠷᠢᠮᠠᠯ ᠤᠨ ᠥᠩ ᠰᠢᠮᠡᠯᠢᠭ ᠰᠠᠶᠢᠨ ᠰᠠᠶᠢᠬᠠᠨ ᠤᠷᠭᠤᠯᠲᠠ ᠶᠢᠨ ᠣᠷᠴᠢᠨ ᠲᠣᠭᠣᠷᠢᠨ ᠢ ᠦᠵᠡᠭᠦᠯᠵᠦ᠂ ᠪᠠᠰᠠ ᠡᠷᠳᠡᠨᠢ ᠰᠢᠰᠢ ᠶᠢᠨ ᠪᠤᠳᠠᠭ᠎ᠠ ᠴᠠᠶᠢᠯᠭᠠᠬᠤ᠂ ᠮᠣᠩᠭᠣᠯ ᠶᠧᠪᠡᠩ ᠬᠢᠬᠦ ᠵᠡᠷᠭᠡ ᠠᠷᠭ᠎ᠠ ᠶᠢ ᠰᠢᠭᠤᠳ ᠨᠡᠪᠲᠡᠷᠡᠭᠦᠯᠵᠦ᠂ ᠬᠡᠷᠡᠩᠯᠡᠭᠴᠢᠳ ᠢ ᠬᠤᠳᠠᠯᠳᠤᠨ ᠠᠪᠬᠤ ᠳᠦ ᠰᠠᠨᠠᠭ᠎ᠠ ᠠᠮᠤᠷ ᠪᠠᠶᠢᠯᠭᠠᠵᠤ ᠂ ᠲᠠᠷᠢᠶᠠᠯᠠᠩ ᠤᠨ ᠪᠦᠲᠦᠭᠡᠭᠳᠡᠬᠦᠨ ᠢ ᠦᠨᠡᠨ ᠬᠦ ︽ᠭᠠᠳᠠᠭᠰᠢ ᠭᠠᠷᠭᠠᠵᠤ︾᠂ ᠬᠡᠷᠡᠭᠯᠡᠭᠴᠢᠳ ᠢ ᠦᠨᠡᠨ ᠬᠦ ︽ᠣᠷᠣᠭᠤᠯᠵᠤ ᠠᠪᠴᠢᠷᠠᠭᠰᠠᠨ︾ ᠪᠠᠶᠢᠨ᠎ᠠ᠃
ᠡᠨᠡ ᠨᠢ ︽ᠰᠢᠭᠤᠳ ᠨᠡᠪᠲᠡᠷᠡᠭᠦᠯᠭᠡ ᠪᠡᠷ ᠪᠠᠷᠠᠭ᠎ᠠ ᠬᠣᠳᠠᠯᠳᠣᠬᠣ︾ᠬᠡᠯᠪᠡᠷᠢ ᠲᠠᠮᠵᠢᠨ ᠠᠯᠳᠠᠷ ᠰᠤᠮᠤ ᠶᠢᠨ ᠲᠤᠬᠠᠶ ᠶᠢᠨ ᠭᠠᠵᠠᠷ ᠤᠨ ᠦᠶᠯᠡᠳᠪᠦᠷᠢᠯᠡᠭᠰᠡᠨ ᠲᠠᠷᠢᠶᠠᠯᠠᠩ ᠮᠠᠯ ᠠᠵᠣ ᠠᠬᠣᠢ ᠶᠢᠨ ᠴᠢᠨᠠᠷ ᠰᠠᠶᠢᠲᠠᠶ ᠤᠨᠴᠠᠯᠢᠭᠲᠤ ᠪᠦᠲᠦᠭᠡᠭᠳᠡᠬᠦᠨ ᠢ ᠪᠣᠷᠣᠯᠠᠭᠤᠯᠬᠤ ᠵᠠᠮ ᠢ ᠨᠠᠭᠡᠭᠡᠨ ᠦᠭᠴᠦ᠂ ᠲᠠᠳᠡ ᠪᠡᠭᠡᠵᠢᠩ ᠂ ᠱᠠᠩᠬᠠᠶ ᠂ ᠭᠤᠸᠠᠩᠳᠦ᠋ᠩ ᠂ ᠬᠤᠪᠧᠶ ᠵᠡᠷᠭᠡ ᠣᠯᠠᠨ ᠭᠠᠵᠠᠷ ᠣᠷᠣᠨ ᠤ ᠵᠠᠬᠢᠶᠠᠯᠠᠭ᠎ᠠ ᠶᠢ ᠲᠤᠰᠤᠭᠰᠠᠨ ᠪᠠᠶᠢᠨ᠎ᠠ ᠃ ᠰᠢᠭᠤᠳ ᠨᠡᠪᠲᠡᠷᠡᠭᠦᠯᠭᠡ ᠵᠢᠨ ᠦᠵᠡᠭᠴᠢᠳ 5000 ᠬᠥᠮᠦᠨ ᠤᠳᠠᠭ᠎ᠠ ᠳᠤ ᠬᠦᠷᠴᠦ ᠂ ᠦᠵᠡᠭᠰᠡᠨ ᠬᠥᠮᠦᠨ ᠦ ᠲᠣᠭ᠎ᠠ ᠨᠡᠶᠢᠲᠡ 20000 ᠤᠳᠠᠭ᠎ᠠ ᠶᠢ ᠳᠠᠪᠠᠵᠦ᠂ ᠡᠭᠦᠨ ᠳᠦ ᠮᠣᠩᠭᠣᠯ ᠶᠧᠪᠡᠩ 110 ᠭᠠᠷᠤᠶ ᠤᠭᠤᠲᠠ ᠬᠤᠳᠠᠯᠳᠤᠵᠤ᠂ ᠡᠷᠳᠡᠨᠢ ᠰᠢᠰᠢ 300 ᠭᠠᠷᠤᠶ ᠵᠢᠩ ᠬᠣᠳᠠᠯᠳᠣᠵᠦ᠂ ᠲᠠᠪᠤᠨ ᠲᠠᠷᠢᠶ᠎ᠠ ᠬᠣᠯᠢᠮᠠᠭ ᠠᠮᠤ ᠵᠡᠷᠭᠡ ᠶᠢ 80 ᠭᠠᠷᠤᠶ ᠬᠠᠶᠢᠷᠴᠠᠭ ᠬᠣᠳᠠᠯᠳᠣᠵᠦ᠂ ᠲᠤᠬᠠᠶ ᠶᠢᠨ ᠭᠠᠵᠠᠷ ᠤᠨ ᠮᠠᠯᠴᠢᠨ ᠲᠠᠷᠢᠶᠠᠴᠢᠨ ᠳᠤ ᠨᠡᠶᠢᠲᠡ 8000 ᠭᠠᠷᠤᠶ ᠲᠥᠭᠥᠷᠢᠭ ᠦᠨ ᠣᠷᠣᠯᠭ᠎ᠠ ᠨᠡᠮᠡᠭᠳᠡᠭᠦᠯᠦᠭᠰᠡᠨ ᠪᠠᠶᠢᠨ᠎ᠠ᠃