ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

              

2021-02-18 17:24:53
ᠵᠣᠬᠢᠶᠠᠭᠴᠢ
ᠠᠷᠤᠤᠬᠠᠨ


2a2272fdf9ec4206ac75204631827031.jpeg


ᠤᠶᠢᠷ᠎ᠠ ᠵᠢᠨ ᠡᠳᠦᠷ᠂ ᠤᠯᠠᠭᠠᠨᠬᠤᠲᠠ ᠶᠢᠨ ᠠᠷᠠᠳ ᠤᠨ ᠪᠠᠶᠢᠴᠠᠭᠠᠬᠤ ᠬᠤᠷᠢᠶ᠎ᠠ ᠨᠢᠭᠡᠨ ᠬᠢᠬᠠᠨ ᠮᠡᠬᠡᠯᠡᠭᠰᠡᠨ ᠬᠡᠷᠡᠭ  ᠢ ᠰᠢᠢᠳᠪᠦᠷᠢᠯᠡᠪᠡ᠃ ᠶᠠᠯᠠᠲᠦ ᠬᠡᠷᠡᠭ  ᠤᠨ ᠰᠡᠵᠢᠭᠲᠡᠨ ᠵᠤᠤ ᠤᠪᠤᠭᠲᠤ 2020 ᠤᠨ ᠤ 4 ᠰᠠᠷ᠎ᠠ ᠠᠴᠠ ᠡᠬᠢᠯᠡᠨ ᠸᠢᠴᠠᠲ ᠪᠠᠷ ᠤᠷᠢᠳ ᠬᠤᠵᠢᠳ ᠭᠤᠷᠪᠡᠨ ᠡᠮᠡᠭᠲᠡᠢ ᠪᠡᠷ ᠤᠪᠯᠠᠵᠤ᠂ ᠬᠤᠬᠢᠷᠠᠭᠴᠢ ᠸᠡᠩ ᠤᠪᠤᠭᠲᠤ ᠢ 3 ᠲᠦᠮᠡᠨ ᠲᠦᠭᠦᠷᠢᠭ  ᠮᠡᠬᠡᠯᠡᠵᠡᠢ᠃

ᠬᠡᠷᠡᠭ ᠦᠨ ᠪᠤᠲᠠᠲᠦ ᠶᠠᠪᠤᠳᠠᠯ᠄

ᠶᠠᠯᠠᠲᠦ ᠬᠡᠷᠡᠭ  ᠤᠨ ᠰᠡᠵᠢᠭᠲᠡᠨ ᠵᠤᠤ ᠤᠪᠤᠭᠲᠤ ︵52 ᠨᠠᠰᠤᠲᠠᠢ ᠡᠷᠡᠭᠲᠡᠢ︶ ᠡᠮᠡᠭᠲᠡᠢ  ᠶᠢᠨ ᠤᠨᠴᠠᠯᠢᠭ  ᠪᠦᠬᠦᠢ ᠸᠢᠴᠠᠲ  ᠶᠢᠨ ᠲᠤᠯᠤᠭᠠᠢ ᠶᠢᠨ ᠬᠦᠷᠦᠭ ᠪᠠ ᠨᠡᠷᠡᠶᠢᠳᠤᠯ  ᠢᠶᠠᠷ  ᠬᠡᠭᠡᠨᠴᠢᠷ ᠡᠮᠡᠭᠲᠡᠢ  ᠪᠡᠷ ᠤᠪᠯᠠᠵᠤ᠂  74 ᠨᠠᠰᠦᠲᠠᠢ ᠸᠠᠩ ᠤᠪᠤᠭᠲᠤ  ᠲᠠᠢ ᠵᠤᠭᠤᠭᠲᠠᠵᠤ ᠲᠠᠭᠠᠰᠢᠶᠠᠯ  ᠢ  ᠨᠢ ᠤᠯᠤᠭᠰᠠᠨ ᠤ ᠳᠠᠷᠠᠭ᠎ᠠ᠂ ᠪᠠᠩᠵᠠᠯ ᠡᠮᠦᠰᠴᠦ ᠤᠷᠲᠤ ᠭᠡᠵᠢᠭᠡ ᠲᠠᠯᠪᠢᠨ  ᠲᠡᠭᠦᠨ ᠲᠠᠢ ᠬᠤᠶᠠᠷ ᠤᠳᠠᠭ᠎ᠠ  ᠠᠭᠤᠯᠵᠠᠵᠠᠢ᠃ ᠬᠣᠶᠠᠭᠤᠯᠠ ᠢᠨᠠᠭ ᠤᠨ ᠬᠠᠷᠢᠴᠠᠭ᠎ᠠ ᠪᠠᠶᠢᠭᠤᠯᠤᠭᠰᠠᠨ ᠤ ᠳᠠᠷᠠᠭ᠎ᠠ᠂ ᠵᠤᠤ ᠤᠪᠤᠭᠲᠤ ᠡᠪᠡᠳᠴᠢᠨ ᠢᠶᠡᠨ ᠵᠠᠰᠠᠭᠤᠯᠬᠤ ᠰᠢᠯᠲᠠᠭ ᠢᠶᠠᠷ ᠸᠠᠩ ᠤᠪᠤᠭᠲᠤ  ᠵᠢᠨ ᠵᠤᠭᠤᠰ ᠢ ᠮᠡᠬᠡᠯᠡᠵᠡᠢ᠃  ᠰᠡᠭᠦᠯᠡᠷ ᠨᠢ ᠪᠠᠰᠠ  ᠦᠪᠡᠷ ᠦᠨ ᠢᠶᠡᠨ ᠦᠬᠢᠨ ᠢᠶᠡᠷ ᠤᠪᠯᠠᠨ ᠸᠠᠩ ᠤᠪᠤᠭᠲᠤ ᠲᠠᠢ ᠸᠢᠴᠠᠲ ᠪᠡᠷ ᠬᠠᠷᠢᠯᠴᠠᠵᠤ᠂  ᠡᠵᠢ ᠪᠡᠨ ᠡᠪᠡᠳᠴᠢᠨ ᠢᠶᠡᠷ ᠨᠠᠰᠦ ᠪᠠᠷᠠᠭᠰᠠᠨ ᠭᠡᠵᠦ ᠭᠠᠰᠢᠭᠤᠳᠠᠨ᠂ ᠸᠠᠩ ᠤᠪᠤᠭᠲᠤ ᠲᠠᠢ ᠡᠴᠢᠭᠡ ᠦᠬᠢᠨ ᠦ ᠬᠠᠷᠢᠴᠠᠭ᠎ᠠ ᠪᠠᠶᠢᠭᠤᠯᠵᠤ᠂ ᠠᠮᠢᠳᠤᠷᠠᠯ ᠤᠨ ᠰᠦᠢᠳᠭᠡᠯ ᠪᠠ ᠰᠤᠷᠤᠯᠭ᠎ᠠ ᠶᠢᠨ ᠰᠦᠢᠳᠭᠡᠯ ᠨᠡᠬᠡᠨ ᠠᠪᠴᠠᠢ᠃ ᠡᠭᠦᠨ ᠢᠶᠡᠷ ᠪᠠᠷᠠᠬᠤ ᠦᠭᠡᠢ ᠲᠡᠷᠡ ᠪᠠᠰᠠ ︽ᠡᠵᠢ︾ ᠵᠢᠨ ᠢᠶᠡᠨ ᠵᠦᠢᠷᠡᠢ ᠦᠬᠢᠨ ᠳᠡᠭᠦᠦ ᠶᠢ ᠬᠤᠳᠠᠯ ᠢᠶᠠᠷ ᠵᠤᠬᠢᠶᠠᠨ᠂ᠦᠪᠡᠷ  ᠦᠨ ᠪᠡᠶ᠎ᠠ ᠪᠠᠨ ᠸᠠᠩ ᠤᠪᠤᠭᠲᠤ  ᠳ᠋ᠦ ᠲᠠᠨᠢᠯᠴᠠᠭᠤᠯᠤᠨ ᠦᠭᠴᠦ ᠠᠭᠤᠯᠵᠠᠭᠰᠠᠨ ᠤ ᠳᠠᠷᠠᠭ᠎ᠠ ᠳᠠᠬᠢᠨ ᠢᠨᠠᠭ ᠤᠨ ᠬᠠᠷᠢᠴᠠᠭ᠎ᠠ ᠪᠠᠶᠢᠭᠤᠯᠤᠭᠰᠠᠨ ᠪᠦᠭᠡᠳ ᠦᠷᠬᠦᠯᠵᠢᠯᠡᠨ ᠸᠠᠩ ᠤᠪᠤᠭᠲᠤ ᠡᠴᠡ ᠵᠤᠭᠤᠰ  ᠮᠦᠡᠭᠭᠦ ᠨᠡᠬᠡᠨ ᠠᠪᠴᠠᠢ᠃ ᠲᠡᠭᠡᠭᠡᠳ 11 ᠰᠠᠷ᠎ᠠ  ᠪᠤᠯᠬᠤ ᠳᠤ  ᠵᠤᠤ  ᠤᠪᠤᠭᠲᠤ ᠬᠤᠳᠠᠯ ᠢᠶᠠᠷ ᠵᠤᠬᠢᠶᠠᠭᠰᠠᠨ ᠭᠤᠷᠪᠡᠨ ᠡᠮᠡᠭᠲᠡᠢ ᠶᠢᠨ ᠪᠡᠶ᠎ᠡ ᠬᠡᠮ  ᠢᠶᠡᠷ ᠸᠠᠩ ᠤᠪᠤᠭᠲᠤ   ᠠᠴᠠ ᠨᠡᠶᠢᠲᠡ 3 ᠲᠦᠮᠡ ᠭᠠᠷᠤᠢ ᠲᠦᠭᠦᠷᠢᠭ ᠮᠡᠬᠡᠯᠡᠨ  ᠠᠪᠤᠭᠰᠠᠨ ᠪᠠᠶᠢᠨ᠎ᠠ᠃

ᠪᠠᠷᠢᠪᠴᠢᠯᠠᠭᠳᠠᠭᠰᠠᠨ ᠤ ᠳᠠᠷᠠᠭ᠎ᠠ᠂ ᠵᠤᠤ ᠤᠪᠤᠭᠲᠤ ᠰᠦᠯᠵᠢᠶ᠎ᠡ  ᠪᠠᠷ ᠳᠠᠮᠵᠢᠨ ᠪᠤᠰᠤᠳ ᠢ ᠬᠢᠬᠠᠨ ᠮᠡᠬᠡᠯᠡᠭᠰᠡᠨ ᠠᠵᠢᠯᠯᠠᠭ᠎ᠠ  ᠳᠤ  ᠪᠠᠨ ᠲᠦᠢᠯ  ᠢᠶᠡᠷ ᠭᠡᠮᠰᠢᠵᠦ᠂ ᠬᠤᠬᠢᠷᠠᠭᠴᠢ ᠸᠡᠩ ᠤᠪᠤᠭᠲᠤ ᠤᠨ ᠪᠦᠬᠦ ᠬᠤᠬᠢᠷᠡᠯ ᠢ ᠰᠠᠨᠠᠭᠠᠴᠢᠯᠠᠭ᠎ᠠ  ᠡᠴᠡ ᠪᠡᠨ ᠲᠦᠯᠦᠭᠰᠡᠨ ᠪᠦᠭᠡᠳ ᠲᠡᠭᠦᠨ ᠦ ᠠᠭᠤᠴᠢᠯᠠᠯ ᠢ ᠤᠯᠤᠭᠰᠠᠨ ᠪᠠᠶᠢᠨ᠎ᠠ᠃ ᠤᠳᠤᠬᠠᠨ  ᠳ᠋ᠦ᠂ ᠤᠯᠠᠭᠠᠨᠬᠤᠲᠠ ᠶᠢᠨ ᠠᠷᠠᠳ ᠤᠨ ᠪᠠᠶᠢᠴᠠᠭᠠᠬᠤ ᠬᠤᠷᠢᠶ᠎ᠠ ᠲᠤᠰ ᠬᠡᠷᠡᠭ ᠢ ᠤᠯᠠᠭᠠᠨᠬᠤᠲᠠ ᠶᠢᠨ ᠠᠷᠠᠳ ᠤᠨ ᠰᠢᠭᠦᠬᠦ ᠬᠤᠷᠢᠶᠠᠨ  ᠳᠤ ᠠᠯᠪᠠᠨ ᠵᠠᠭᠠᠯᠳᠤᠯᠭ᠎ᠠ  ᠭᠠᠷᠭᠠᠪᠠ ᠃


1613639434132322.gif


ᠬᠤᠯᠪᠤᠭᠳᠠᠭᠰᠠᠨ ᠶᠠᠯ᠎ᠠ ᠵᠢᠨ ᠲᠠᠶᠢᠯᠤᠮᠵᠢ᠄

ᠬᠢᠬᠠᠨ ᠮᠡᠬᠡᠯᠡᠭᠰᠡᠨ ᠶᠠᠯ᠎ᠠ ᠪᠣᠯ ᠬᠠᠤᠯᠢ ᠪᠤᠰᠤ ᠪᠠᠷ ᠡᠵᠡᠮᠰᠢᠬᠦ  ᠪᠡᠷ ᠵᠣᠷᠢᠯᠭ᠎ᠠ ᠪᠣᠯᠭᠠᠵᠤ ᠂ ᠪᠣᠳᠠᠲᠤ ᠬᠡᠷᠡᠭ ᠢ ᠬᠤᠳᠠᠯ ᠢᠶᠠᠷ ᠵᠣᠬᠢᠶᠠᠬᠤ᠂ ᠡᠰᠡᠬᠦᠯ᠎ᠡ ᠦᠨᠡᠨ ᠪᠠᠶᠢᠳᠠᠯ ᠢ ᠨᠢᠭᠤᠨ ᠳᠠᠯᠳᠠᠯᠠᠬᠤ ᠠᠷᠭ᠎ᠠ ᠪᠠᠷ ᠠᠯᠪᠠᠨ ᠤ ᠪᠠ ᠠᠮᠢᠨ  ᠦ ᠵᠣᠭᠣᠰ ᠮᠥᠩᠭᠥ ᠡᠳ᠋ ᠪᠣᠳᠠᠰ   ᠂ ᠲᠣᠭ᠎ᠠ ᠬᠡᠮᠵᠢᠶ᠎ᠡ ᠨᠢ ᠨᠡᠯᠢᠶᠡᠳ ᠶᠡᠬᠡ  ᠦᠢᠯᠡ ᠠᠵᠢᠯᠯᠠᠭ᠎ᠠ ᠃ ᠲᠤᠰ ᠬᠡᠷᠡᠭ ᠲᠦ᠂ ᠵᠤᠤ ᠤᠪᠤᠭᠲᠤ ︽ᠪᠦᠭᠦᠲᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠭᠦᠦ ᠵᠢᠨ ᠬᠠᠥᠯᠢ︾ ᠵᠢᠨ ᠬᠤᠶᠠᠷ ᠵᠠᠭᠤ ᠵᠢᠷᠠᠨ ᠵᠢᠷᠭᠤᠳᠤᠭᠠᠷ ᠵᠦᠢᠯ ᠢ ᠵᠦᠷᠢᠴᠡᠭᠰᠡᠨ ᠲᠤᠯᠠ᠂ ᠬᠠᠮᠢᠶ᠎ᠠ ᠪᠦᠬᠦᠢ ᠬᠠᠥᠯᠢ  ᠴᠠᠭᠠᠵᠠ ᠵᠢᠨ ᠶᠤᠰᠤᠭᠠᠷ ᠬᠠᠦᠯᠢ ᠵᠢᠨ ᠵᠠᠯᠬᠠᠭᠠᠯ ᠬᠦᠷᠲᠡᠬᠦ ᠪᠤᠯᠤᠨ᠎ᠠ᠃ 

 ᠪᠠᠶᠢᠴᠠᠭᠠᠬᠤ ᠲᠤᠰᠢᠶᠠᠯᠲᠠᠨ ᠤ ᠰᠠᠨᠠᠭᠤᠯᠤᠮᠵᠢ᠄

ᠤᠶᠢᠷ᠎ᠠ ᠶᠢᠨ ᠵᠢᠯ  ᠤᠳ ᠲᠦ᠂ ᠰᠦᠯᠵᠢᠶᠡᠨ ᠦ ᠶᠠᠯᠠᠳᠤ  ᠠᠵᠢᠯᠯᠠᠭ᠎ᠠ ᠲᠦᠢᠯ ᠢᠶᠠᠷ ᠰᠠᠮᠠᠭᠤᠷᠠᠵᠤ᠂ ᠶᠠᠯ᠎ᠠ ᠵᠢᠨ ᠲᠦᠷᠦᠯ ᠵᠦᠢᠯ ᠨᠢ ᠴᠦ ᠤᠯᠠᠨ ᠶᠠᠡᠭᠵᠦ ᠶᠢᠨ ᠪᠤᠯᠵᠠᠢ᠃ ᠰᠦᠯᠵᠢᠶ᠎ᠡ  ᠪᠡᠷ ᠵᠤᠭᠤᠭᠳᠠᠬᠤ ᠨᠢ ᠬᠦᠮᠦᠰ ᠦᠨ ᠬᠤᠭᠤᠷᠤᠨᠳᠤᠬᠢ ᠬᠠᠷᠢᠴᠠᠭ᠎ᠠ ᠶᠢ ᠤᠶᠢᠷᠠᠲᠤᠭᠤᠯᠬᠤ ᠶᠢᠨ ᠵᠡᠷᠭᠡᠪᠡᠷ ᠪᠠᠰᠠ ᠠᠮᠤᠷ ᠲᠦᠪᠰᠢᠨ ᠦ  ᠳᠠᠯᠳᠠ ᠬᠡᠮ ᠢ ᠠᠪᠴᠢᠷᠠᠭᠰᠠᠨ ᠪᠠᠶᠢᠨ᠎ᠠ᠃ ᠭᠤᠶᠤ ᠰᠠᠶᠢᠬᠠᠨ ᠲᠤᠯᠤᠭᠠᠢ ᠶᠢᠨ ᠬᠦᠷᠦᠭ ᠪᠠ  ᠤᠷᠠᠨ ᠭᠤᠶᠤ ᠶᠠᠷᠢᠶ᠎ᠠ ᠬᠦᠭᠡᠷᠦᠭᠡᠨ ᠦ ᠠᠷᠤ   ᠳᠦ ᠴᠤᠬᠤᠮ  ᠶᠠᠮᠠᠷ ᠬᠦᠮᠦᠨ ᠪᠠᠶᠢᠨ᠎ᠠ ᠭᠡᠳᠡᠭ  ᠢ ᠬᠡᠨ  ᠴᠦ ᠪᠠᠲᠤᠯᠠᠬᠤ ᠶᠢᠨ ᠠᠷᠭ᠎ᠠ ᠦᠭᠡᠢ ᠶᠤᠮ᠃ ᠬᠤᠪᠢ ᠬᠦᠮᠦᠨ  ᠬᠠᠥᠯᠢ ᠶᠤᠰᠤᠨ ᠤ ᠪᠡᠶ᠎ᠡ ᠶᠢᠨ ᠡᠷᠬᠡ ᠪᠠ ᠡᠳ᠋ ᠬᠦᠷᠦᠡᠭᠭᠡ ᠶᠢᠨ ᠡᠷᠬᠡ ᠬᠠᠯᠳᠠᠯᠠᠭ᠎ᠠ  ᠳᠤ ᠤᠴᠠᠷᠠᠬᠤ ᠠᠴᠠ ᠵᠠᠶᠢᠯᠠᠰᠬᠢᠬᠦ ᠶᠢᠨ ᠲᠦᠯᠦᠭᠡ᠂ ᠰᠦᠯᠵᠢᠶ᠎ᠡ ᠪᠡᠷ  ᠨᠠᠶᠢᠵᠠᠯᠠᠬᠤ ᠳᠤ ᠪᠠᠨ ᠬᠤᠪᠢ ᠵᠢᠨ ᠨᠢᠭᠤᠴᠠ ᠪᠠᠨ ᠰᠠᠶᠢᠲᠤᠷ ᠬᠠᠮᠠᠭᠠᠯᠠᠵᠤ᠂ ᠲᠠᠨᠢᠯ ᠪᠤᠰᠤ ᠬᠦᠮᠦᠨ  ᠳᠤ ᠬᠤᠪᠢ ᠬᠦᠮᠦᠨ ᠦ ᠮᠡᠳᠡᠭᠡ ᠵᠠᠩᠭᠢ ᠪᠠᠨ ᠵᠠᠳᠠᠷᠠᠭᠤᠯᠵᠤ  ᠪᠣᠯᠬᠤ ᠦᠭᠡᠢ᠂ ᠲᠠᠨᠢᠯ ᠪᠤᠰᠤ ᠬᠦᠮᠦᠨ ᠤ ᠴᠦᠷᠭᠡᠯᠡᠭᠡ ᠶᠢ ᠳᠠᠷᠤᠵᠤ ᠪᠣᠯᠬᠤ ᠦᠭᠡᠢ᠂ ᠮᠦᠨ ᠵᠤᠭᠤᠭᠳᠠᠵᠤ ᠪᠠᠶᠢᠭ᠎ᠠ ᠡᠲᠡᠭᠡᠳ  ᠢᠶᠡᠨ ᠰᠤᠬᠤᠷ ᠪᠠᠯᠠᠢ ᠪᠡᠷ ᠢᠲᠡᠭᠡᠵᠦ ᠪᠣᠯᠬᠤ ᠦᠭᠡᠢ᠂ ᠬᠤᠪᠢ ᠬᠦᠮᠦᠨ ᠦ ᠡᠳ᠋ ᠬᠤᠭᠰᠢᠯ  ᠢᠶᠠᠨ ᠰᠠᠶᠢᠲᠤᠷ ᠬᠠᠮᠠᠭᠠᠯᠠᠵᠤ᠂ ᠠᠮᠤᠷ ᠲᠦᠪᠰᠢᠨ ᠦ ᠰᠡᠷᠭᠡᠶᠢᠯᠡᠯᠲᠡ ᠶᠢᠨ ᠤᠬᠠᠮᠰᠠᠷ ᠢᠶᠠᠨ ᠳᠡᠭᠡᠭᠰᠢᠯᠡᠭᠦᠯᠬᠦ ᠬᠡᠷᠡᠭᠲᠡᠢ᠃


ᠢᠷᠡᠯᠲᠡ
 ᠶᠢᠨ  
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro