ᠲᠡᠷᠢᠭᠦᠨ ᠨᠢᠭᠤᠷ  -  ᠪᠠᠶᠢᠴᠠᠭᠠᠬᠤ ᠬᠥᠳᠡᠯᠦᠯ ᠪᠠᠶᠢᠳᠠᠯ

ᠤᠯᠤᠰ ᠤᠨ ᠦᠨᠳᠦᠰᠦᠨ ᠬᠠᠤᠯᠢ ᠶᠢᠨ ᠡᠳᠦᠷ ᠂ ᠶᠡᠬᠡ ᠪᠠᠢ᠌ᠴᠠᠭᠠᠬᠤ ᠲᠤᠰᠢᠶᠠᠯᠲᠠᠨ ᠠᠴᠠ ᠪᠠᠭᠰᠢ ᠰᠤᠷᠤᠭᠴᠢᠳ ᠲᠤ ᠣᠨᠴᠠᠭᠠᠶ ᠪᠡᠯᠡᠭ ᠬᠦᠷᠭᠡᠯ᠎ᠡ

2021-12-07 19:45:09
ᠵᠣᠬᠢᠶᠠᠭᠴᠢ
ᠨᠠᠪᠴᠢ


W020211206628244498066.jpg


12 ᠳ᠋ᠤᠭᠠᠷ ᠰᠠᠷ᠎ᠠ ᠶᠢᠨ 3 ᠤ ᠡᠳᠦᠷ ᠂ ᠤᠯᠤᠰ ᠤᠨ ᠦᠨᠳᠦᠰᠦᠨ ᠬᠠᠸᠯᠢ ᠶᠢᠨ ᠡᠳᠦᠷ ᠬᠦᠷᠴᠦ ᠢᠷᠡᠬᠦ ᠲᠠᠰᠢᠷᠠᠮ ᠢᠶᠠᠷ ᠂ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ ᠂ ᠪᠠᠶᠢᠴᠠᠭᠠᠬᠤ ᠳᠠᠷᠤᠭ᠎ᠠ ᠯᠢ ᠴᠢ ᠯᠢᠨ ᠬᠠᠸᠯᠢ ᠪᠠᠷ ᠵᠠᠰᠠᠬᠤ ᠰᠤᠷᠭᠠᠭᠤᠯᠢ ᠵᠢᠨ ᠳᠡᠳ᠋ ᠵᠠᠬᠢᠷᠤᠯ ᠤᠨ ᠬᠤᠪᠢ ᠪᠠᠷ ᠬᠥᠬᠡᠬᠣᠲᠠ ᠶᠢᠨ ᠬᠣᠶᠠᠳᠤᠭᠠᠷ ᠳᠤᠮᠳᠠᠳᠤ ᠰᠤᠷᠭᠠᠭᠤᠯᠢ ᠶᠢᠨ 50 ᠪᠠᠭᠰᠢ ᠰᠣᠷᠣᠭᠴᠢ ᠂ ᠬᠡᠷ ᠦᠨ ᠠᠬᠠᠮᠠᠳ ᠤᠨ ᠲᠥᠯᠥᠭᠡᠯᠡᠭᠴᠢ ᠶᠢ  ᠲᠤᠰᠬᠠᠶᠢᠯᠠᠨ ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶ᠎ᠠ  ᠳᠦ ᠤᠷᠢᠵᠤ ᠂ ᠬᠠᠸᠯᠢ ᠪᠠᠷ ᠵᠠᠰᠠᠬᠤ ᠬᠢᠴᠢᠶᠡᠯ ᠦᠨ ᠲᠠᠩᠬᠢᠮ ᠨᠡᠭᠡᠭᠡᠵᠦ ᠂ ᠬᠠᠸᠯᠢ ᠪᠠᠷ ᠵᠠᠰᠠᠬᠤ ᠢᠲᠡᠭᠡᠯ ᠪᠢᠰᠢᠷᠡᠯ ᠪᠠ ᠬᠠᠸᠯᠢ ᠪᠠᠷ ᠵᠠᠰᠠᠬᠤ ᠬᠠᠮᠠᠭᠠᠯᠠᠯᠲᠠ ᠶᠢᠨ ᠲᠤᠬᠠᠶ ᠬᠠᠮᠲᠤ ᠪᠠᠷ ᠶᠠᠷᠢᠯᠴᠠᠪᠠ ᠃
     《ᠨᠠᠰᠤᠨ ᠳᠤ ᠥᠯᠥ ᠬᠦᠷᠦᠭᠰᠡᠳ ᠰᠦᠯᠵᠢᠶ᠎ᠡ ᠪᠡᠷ ᠰᠢᠭᠤᠳ ᠨᠡᠪᠲᠡᠷᠡᠭᠦᠯᠵᠦ ᠪᠣᠯᠤᠨ᠎ᠠ ᡂᠢ ᠦᠭᠡᠢ ᡂᠢ︖ ᠶᠠᠭᠤᠨ ᠤ ᠤᠴᠢᠷ  ᠠᠴᠠ︽ ᠬᠣᠶᠠᠷ  ᠢ ᠬᠥᠩᠭᠡᠯᠡᠬᠦ  ᠲᠥᠷᠥ  ᠶᠢᠨ ᠪᠣᠳᠣᠯᠭ᠎ᠠ  ᠶᠢ ᠨᠡᠶᠢᠲᠡᠯᠡᠨ  ᠬᠡᠷᠡᠭᠵᠢᠭᠦᠯᠦᠭᠰᠡᠨ ᠪᠤᠶ ︖  ᠰᠦᠨᠢ ᠭᠡᠷ ᠲᠦ ᠪᠠᠶᠢᠨ ᠬᠠᠷᠢᠳᠠᠭ ᠦᠭᠡᠢ᠂ ᠰᠦᠯᠵᠢᠶᠡᠨ ᠳᠦ ᠰᠢᠨᠤᠭᠰᠠᠨ ︽ᠠᠯᠢᠶ᠎ᠠ ᠬᠡᠥᠬᠡᠳ ︾  ᠶᠠᠭᠠᠬᠢᠳᠠᠭ ᠪᠢᠯᠡ︖ 《 ᠨᠠᠰᠤᠨ ᠳᠤ ᠥᠯᠥ ᠬᠦᠷᠦᠭᠰᠡᠳ ᠸᠢᠴᠠᠲ  ᠢᠶᠡᠷ ᠬᠠᠭᠤᠷᠮᠠᠭ N95 ᠠᠮᠠᠪᠴᠢ  ᠶᠢ ᠫᠠᠨᠽᠠᠯᠠᠵᠤ ᠂ ᠦᠨᠡᠨ ᠪᠣᠳᠠᠲᠠᠶ ᠪᠤᠰᠤ ᠮᠡᠳᠡᠭᠡ ᠵᠠᠩᠭᠢ   ᠡᠴᠡ  ᠪᠣᠯᠵᠤ ᠰᠦᠯᠵᠢᠶ᠎ᠡ ᠪᠡᠷ ᠭᠠᠩᠰᠠᠷᠠᠬᠤ ᠭᠡᠮ ᠳᠦ  ᠨᠡᠷᠪᠡᠭᠳᠡᠭᠰᠡᠨ ᠭᠡᠵᠦ  ᠳᠠᠮᠵᠢᠭᠤᠯᠤᠭᠰᠠᠨ ᠂ ᠲᠠᠨᠢᠯ ᠪᠤᠰᠤ ᠬᠥᠮᠦᠰ ᠲᠡᠶ <  ᠰᠦᠯᠵᠢᠶ᠎ᠡ ᠪᠡᠷ ᠵᠤᠭᠤᠭᠲᠠᠵᠤ > ᠬᠢᠬᠠᠭᠳᠠᠭᠰᠠᠨ ᠪᠠᠶᠢᠨ᠎ᠠ …… ︾ ᠯᠢ ᠴᠢ ᠯᠢᠨ ᠪᠠᠭᠰᠢ ᠰᠤᠷᠤᠭᠴᠢᠳ ᠤᠨ ᠭᠡᠷ ᠦᠨ ᠠᠬᠠᠮᠠᠳ ᠤᠨ ᠠᠩᠬᠠᠷᠴᠤ ᠪᠠᠶᠢᠭ᠎ᠠ 《 ᠪᠠᠭ᠎ᠠ 》 ᠠᠰᠠᠭᠤᠳᠠᠯ  ᠠᠴᠠ ᠭᠠᠷᠳᠠᠵᠤ ᠂ ᠨᠠᠰᠤᠨ ᠳᠤ ᠥᠯᠥ ᠬᠦᠷᠦᠭᠰᠡᠳ ᠢ ᠬᠠᠮᠠᠭᠠᠯᠠᠬᠤ ᠬᠠᠯᠠᠮᠰᠢᠯ ᠴᠡᠭ ᠂ ᠬᠦᠴᠢᠷ ᠠᠰᠠᠭᠤᠳᠠᠯ ᠂ ᠪᠡᠷᠬᠡᠰᠢᠶᠡᠯ  ᠲᠡᠶ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ ᠂ ᠰᠢᠨ᠎ᠡ ᠪᠡᠷ ᠵᠠᠰᠠᠪᠤᠷᠢ ᠣᠷᠣᠭᠤᠯᠤᠭᠰᠠᠨ ᠨᠠᠰᠤᠨ ᠳᠤ ᠥᠯᠥ ᠬᠦᠷᠦᠭᠰᠡᠳ ᠢ ᠬᠠᠮᠠᠭᠠᠯᠠᠬᠤ ᠬᠠᠸᠯᠢ ᠪᠠ ᠨᠠᠰᠤᠨ ᠳᠤ ᠥᠯᠥ ᠬᠦᠷᠦᠭᠰᠡᠳ ᠦᠨ ᠶᠠᠯ᠎ᠠ ᠬᠢᠬᠦ ᠶᠢ ᠰᠡᠷᠭᠡᠶᠢᠯᠡᠬᠦ ᠬᠠᠸᠯᠢ ᠳ᠋ᠡᠬᠢ ︽ ᠬᠡᠷ ᠪᠦᠯᠢ ᠂ ᠰᠤᠷᠭᠠᠭᠤᠯᠢ ᠂ ᠨᠡᠶᠢᠭᠡᠮ ᠂ ᠰᠦᠯᠵᠢᠶ᠎ᠡ ᠂ ᠵᠠᠰᠠᠭ ᠤᠨ ᠣᠷᠳᠣᠨ ᠂ ᠬᠠᠸᠯᠢ ᠴᠠᠭᠠᠵᠠ ︾ ᠵᠢᠷᠭᠤᠭᠠᠨ ᠶᠡᠬᠡ ᠬᠠᠮᠠᠭᠠᠯᠠᠯᠲᠠ ᠶᠢᠨ ᠰᠢᠰᠲ᠋ᠧᠮ ᠢ ᠰᠢᠰᠲ᠋ᠧᠮ ᠲᠡᠶ ᠲᠠᠶᠢᠯᠪᠤᠷᠢᠯᠠᠨ ᠵᠢᠭᠠᠵᠤ ᠂ ︽ ᠵᠢᠷᠭᠤᠭᠠᠨ ᠶᠡᠬᠡ ᠬᠠᠮᠠᠭᠠᠯᠠᠯᠲᠠ ︾  ᠬᠡᠷᠬᠢᠨ ︽ ᠪᠠᠭᠠᠴᠤᠳ ︾ ᠶᠢ  ᠦᠨᠡᠨᠬᠦ ᠰᠠᠬᠢᠨ ᠬᠠᠮᠠᠭᠠᠯᠠᠬᠤ ᠶᠢ ᠠᠮᠢᠳᠤᠯᠢᠭ ᠢᠶᠠᠷ ᠲᠣᠳᠣᠷᠬᠠᠶᠢᠯᠠᠨ  ᠶᠠᠷᠢᠯ᠎ᠠ᠃


W020211206628244939647.jpg


ᠯᠢ ᠴᠢ ᠯᠢᠨ ᠬᠠᠤᠯᠢ ᠴᠠᠭᠠᠵᠠ ᠶᠢᠨ ᠦᠢᠯᠡᠳᠦᠯᠭᠡ ᠶᠢᠨ ᠳᠤᠮᠳᠠ ᠢᠯᠡᠷᠡᠭᠦᠯᠦᠭᠰᠡᠨ ᠨᠠᠰᠤᠨ ᠳᠤ ᠥᠯᠥ ᠬᠦᠷᠦᠭᠰᠡᠳ ᠰᠦᠯᠵᠢᠶ᠎ᠡ ᠶᠢ ᠠᠰᠢᠭᠯᠠᠨ ᠬᠠᠤᠯᠢ ᠶᠢ ᠵᠥᠷᠢᠴᠡᠵᠦ ᠶᠠᠯ᠎ᠠ ᠬᠢᠭᠰᠡᠨ ᠪᠤᠶᠤ ᠬᠠᠯᠳᠠᠯᠭ᠎ᠠ ᠳᠤ ᠤᠴᠠᠷᠠᠭᠰᠠᠨ ᠬᠡᠷᠡᠭ ᠦᠨ ᠵᠢᠱᠢᠶ᠎ᠡ ᠶᠢ ᠦᠨᠳᠦᠰᠦᠯᠡᠵᠦ ᠂ ᠨᠠᠰᠤᠨ ᠳᠤ ᠥᠯᠥ ᠭᠦᠷᠦᠭᠰᠡᠳ ᠢ ᠬᠠᠮᠠᠭᠠᠯᠠᠬᠤ ᠬᠠᠸᠯᠢ ᠳᠤ ᠰᠢᠨ᠎ᠡ ᠪᠡᠷ ᠨᠡᠮᠡᠭᠰᠡᠨ ᠰᠦᠯᠵᠢᠶᠡᠨ ᠦ ᠬᠠᠮᠠᠭᠠᠯᠠᠯᠲᠠ ᠶᠢᠨ ᠲᠤᠰᠬᠠᠶ ᠪᠦᠯᠦᠭ ᠦᠨ ᠠᠭᠤᠯᠭ᠎ᠠ ᠲᠠᠶ ᠤᠶᠠᠯᠳᠤᠭᠤᠯᠤᠨ ᠂ ᠰᠤᠷᠤᠭᠴᠢᠳ ᠲᠤ ᠰᠦᠯᠵᠢᠶᠡᠨ ᠦ ᠬᠡᠪ ᠪᠣᠯᠪᠠᠰᠤᠷᠠᠯ ᠤᠨ ᠬᠥᠮᠦᠵᠢᠯ ᠬᠢᠵᠦ ᠂ ᠰᠤᠷᠤᠭᠴᠢᠳ ᠢ ᠬᠥᠲᠥᠯᠦᠨ ᠵᠢᠯᠣᠭᠣᠳᠴᠤ ᠪᠠᠶᠢᠭᠠᠳ ᠰᠦᠯᠵᠢᠶ᠎ᠡ ᠶᠢ ᠰᠢᠨᠵᠢᠯᠡᠬᠦ ᠤᠬᠠᠭᠠᠨᠴᠢ ᠪᠠᠷ ᠂ ᠬᠠᠸᠯᠢ ᠶᠣᠰᠣᠭᠠᠷ ᠂ ᠪᠣᠯᠪᠠᠰᠤᠨ ᠢᠶᠠᠷ ᠂ ᠣᠶᠤᠨᠴᠢ ᠪᠠᠷ ᠬᠡᠷᠡᠭᠯᠡᠭᠦᠯᠵᠦ ᠂ ᠬᠡᠷ ᠦᠨ ᠠᠬᠠᠮᠠᠳ ᠲᠤ  ᠰᠦᠯᠵᠢᠶ᠎ᠡ ᠶᠢ ᠬᠡᠷᠡᠭᠯᠡᠬᠦ ᠦᠶᠯᠡ ᠠᠵᠢᠯᠯᠠᠭ᠎ᠠ ᠪᠠᠨ ᠵᠢᠷᠤᠮᠵᠢᠭᠤᠯᠬᠤ ᠂ ᠨᠠᠰᠤᠨ ᠳᠤ ᠥᠯᠥ ᠭᠦᠷᠦᠭᠰᠡᠳ ᠦᠨ ᠰᠦᠯᠵᠢᠶ᠎ᠡ ᠶᠢ ᠬᠡᠷᠡᠭᠯᠡᠬᠦ ᠦᠶᠯᠡ ᠠᠵᠢᠯᠯᠠᠭ᠎ᠠ ᠶᠢ ᠬᠥᠲᠥᠯᠦᠨ ᠵᠢᠯᠣᠭᠣᠳᠬᠤ ᠪᠠ ᠬᠢᠨᠠᠯᠲᠠ ᠲᠠᠯᠪᠢᠬᠤ ᠶᠢ ᠴᠢᠩᠭᠠᠳᠬᠠᠬᠤ ᠶᠢ ᠰᠠᠨᠠᠭᠤᠯᠵᠠᠢ ᠃   
      ᠯᠢ ᠴᠢ ᠯᠢᠨ ᠪᠠᠶᠢᠴᠠᠭᠠᠬᠤ  ᠪᠠᠶᠢᠭᠤᠯᠭ᠎ᠠ  ᠬᠡᠷᠬᠢᠨ 《 ᠬᠣᠶᠠᠷ ᠬᠠᠤᠯᠢ 》 ᠶᠢ ᠬᠡᠷᠡᠭᠵᠢᠭᠦᠯᠬᠦ ᠪᠡᠷ ᠠᠵᠠ ᠲᠣᠬᠢᠶᠠᠯ ᠪᠣᠯᠭᠠᠬᠤ ᠲᠤᠬᠠᠶ ᠨᠠᠷᠢᠨ ᠲᠠᠨᠢᠯᠴᠠᠭᠤᠯᠵᠤ ᠂ 《ᠨᠢᠭᠡᠳᠦᠭᠡᠷ ᠪᠠᠶᠢᠴᠠᠭᠠᠬᠤ ᠰᠠᠨᠠᠭᠤᠯᠭ᠎ᠠ》 ᠪᠠᠷ ᠬᠥᠲᠥᠯᠦᠮᠵᠢ ᠪᠣᠯᠭᠠᠵᠤ᠂ ᠬᠢᠨᠠᠨ ᠵᠢᠯᠣᠭᠣᠳᠬᠤ ᠠᠴᠠ ᠪᠢᠰᠢ ᠣᠷᠣᠯᠠᠬᠤ ᠦᠭᠡᠢ ᠪᠠᠶᠢᠬᠤ ᠶᠢ ᠪᠠᠷᠢᠮᠲᠠᠯᠠᠵᠤ᠂ ᠨᠠᠰᠤᠨ ᠳᠤ ᠦᠯᠤ ᠬᠥᠷᠦᠭᠰᠡᠳ ᠢ ᠬᠠᠮᠠᠭᠠᠯᠠᠬᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠲᠤᠰᠢᠶᠠᠯ ᠬᠠᠷᠢᠭᠤᠴᠠᠯᠭ᠎ᠠ ᠪᠠᠨ ᠦᠨᠡᠨ ᠬᠦ ᠭᠦᠢᠴᠡᠳᠬᠡᠵᠦ᠂ ᠡᠯ᠎ᠡ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠪᠠ ᠬᠣᠯᠪᠣᠭᠳᠠᠯ ᠪᠦᠬᠥᠢ ᠨᠢᠭᠡᠴᠢ ᠶᠢᠨ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠶᠢ ᠲᠦᠯᠬᠢᠨ ᠠᠬᠢᠭᠤᠯᠵᠤ᠂ ᠨᠠᠰᠤᠨ ᠳᠤ ᠦᠯᠤ ᠬᠥᠷᠦᠭᠰᠡᠳ ᠢ ᠬᠠᠮᠠᠭᠠᠯᠠᠬᠤ ᠬᠣᠯᠪᠣᠭᠳᠠᠯ ᠪᠦᠬᠥᠢ ᠬᠠᠤᠯᠢ ᠴᠠᠭᠠᠵᠠ ᠬᠠᠤᠯᠢ ᠲᠣᠭᠲᠠᠭᠠᠯ ᠢ ᠪᠣᠳᠠᠲᠠᠶ ᠪᠠᠷ ᠨᠠᠶᠢᠳᠠᠪᠤᠷᠢᠵᠢᠭᠤᠯᠵᠤ᠂ ᠨᠠᠰᠤᠨ ᠳᠤ ᠦᠯᠤ ᠬᠥᠷᠦᠭᠰᠡᠳ ᠢ ᠬᠠᠮᠠᠭᠠᠯᠠᠬᠤ ᠨᠡᠶᠢᠯᠡᠮᠡᠯ ᠬᠦᠴᠦᠨ ᠦ ᠪᠦᠷᠢᠯᠳᠦᠯ ᠢ  ᠠᠭᠢᠭᠤᠯᠤᠨ᠎ᠠ ᠭᠡᠵᠡᠢ᠃
     

W020211206628245276439 (2).png


 ᠡᠨᠡ ᠤᠳᠠᠭᠠᠨ ᠤ ᠬᠠᠤᠯᠢ ᠪᠠᠷ ᠵᠠᠰᠠᠬᠤ ᠬᠢᠴᠢᠶᠡᠯ ᠨᠢ ᠰᠢᠨ᠎ᠡ ᠰᠡᠪᠡᠭᠦᠨ ᠂ ᠠᠮᠢᠳᠤᠯᠢᠭ ᠰᠣᠨᠢᠷᠬᠠᠯᠲᠠᠶ  ᠪᠢᠠᠵᠤ ᠂ ᠰᠤᠷᠤᠭᠴᠢᠳ  ᠬᠠᠶᠠ ᠨᠠᠷᠢᠨ ᠬᠢᠨᠠᠮᠠᠭᠠᠶ ᠲᠡᠮᠳᠡᠭᠯᠡᠵᠦ ᠂  ᠬᠠᠶᠠ 《 ᠯᠢ ᠪᠠᠭᠰᠢ 》 ᠲᠠᠶ ᠢᠳᠡᠪᠬᠢᠲᠡᠶ ᠪᠡᠷ ᠬᠠᠷᠢᠯᠴᠠᠵᠤ ᠂ ᠠᠬᠤᠶ ᠲᠠᠯᠠᠪᠠᠶ  ᠶᠢᠨ ᠠᠭᠤᠷ ᠠᠮᠢᠰᠬᠤᠯ ᠬᠦᠷ ᠬᠥᠭᠵᠢᠶᠡᠨ ᠲᠡᠶ  ᠪᠠᠶᠢᠯ᠎ᠠ ᠃ ᠯᠢ ᠴᠢ ᠯᠢᠨ ᠣᠯᠠᠨ ᠤ ᠠᠰᠠᠭᠤᠯᠲᠠ ᠶᠢ ᠬᠦᠯᠢᠴᠡᠩᠭᠦᠶ ᠪᠡᠷ ᠨᠠᠷᠢᠨ ᠨᠢᠮᠪᠠᠶ  ᠬᠠᠷᠢᠭᠤᠯᠵᠤ ᠯᠡ ᠪᠠᠶᠢᠯ᠎ᠠ᠃   
      ᠯᠢ ᠴᠢ ᠯᠢᠨ ᠢᠯᠡᠷᠬᠡᠶᠢᠯᠡᠬᠦ ᠳᠡᠭᠡᠨ ᠂ ᠪᠠᠭᠰᠢ ᠪᠣᠯ ᠴᠡᠴᠡᠷᠯᠢᠭᠴᠢ  ᠪᠠᠶᠢᠵᠤ ᠂ ᠡᠬᠡ ᠣᠷᠣᠨ ᠤ ᠪᠠᠨ ᠢᠷᠡᠭᠡᠳᠦᠶ ᠶᠢ ᠴᠣᠭᠴᠠᠯᠠᠬᠤ ᠴᠢᠬᠤᠯᠠ ᠬᠠᠷᠢᠭᠤᠴᠠᠯᠭ᠎ᠠ ᠶᠢ ᠡᠭᠦᠷᠭᠡᠯᠡᠵᠦ ᠪᠠᠶᠢᠳᠠᠭ ᠂ ᠡᠭᠦᠨ ᠳᠦ ᠥᠪᠡᠷ ᠦᠨ ᠡᠨᠡ ᠬᠦ ᠬᠠᠸᠯᠢ ᠪᠠᠷ ᠵᠠᠰᠠᠬᠤ  ᠰᠤᠷᠭᠠᠭᠤᠯᠢ  ᠵᠢᠨ ᠳᠡᠳ᠋ ᠵᠠᠬᠢᠷᠤᠯ ᠢ ᠪᠠᠭᠲᠠᠭᠠᠭᠰᠠᠨ ᠪᠠᠭᠰᠢ ᠪᠦᠬᠦᠨ ᠦ ᠡᠭᠦᠷᠭᠡ ᠬᠠᠷᠢᠭᠤᠴᠠᠯᠭ᠎ᠠ ᠬᠦᠨᠳᠦ ᠶᠡᠬᠡ ᠪᠠᠶᠢᠳᠠᠭ ᠃ ᠬᠦᠰᠡᠬᠦ ᠨᠢ  ᠪᠦᠬᠦᠶᠢᠯᠡ  ᠪᠠᠭᠰᠢ ᠨᠠᠷ ᠲᠠᠶ ᠬᠠᠮᠲᠤ ᠪᠠᠷ ᠴᠢᠷᠮᠠᠶᠢᠨ ᠠᠵᠢᠯᠯᠠᠵᠤ ᠂ ᠬᠡᠸᠬᠡᠳ ᠦᠳ ᠢ ᠴᠥᠮ ᠡᠷᠡᠭᠦᠯ ᠢᠶᠡᠷ ᠥᠰᠬᠡᠨ ᠪᠣᠶᠢᠵᠢᠭᠤᠯᠵᠤ ᠂ ᠨᠠᠩ ᠢᠯᠡᠭᠦᠸ ᠬᠠᠶᠢᠷ᠎ᠠ ᠬᠠᠯᠠᠮᠵᠢ ᠬᠦᠷᠲᠡᠭᠡᠵᠦ ᠂ ᠦᠨᠳᠦᠰᠦᠲᠡᠨ ᠦ ᠰᠡᠷᠭᠦᠨ ᠮᠠᠨᠳᠤᠯᠲᠠ ᠶᠢᠨ ᠶᠡᠬᠡ ᠡᠭᠦᠷᠭᠡ ᠶᠢ ᠡᠭᠦᠷᠭᠡᠯᠡᠬᠦ ᠴᠠᠭ ᠦᠶ᠎ᠡ ᠶᠢᠨ ᠬᠦᠴᠦᠨ  ᠪᠤᠯᠭᠠᠶ᠎ᠠ ᠭᠡᠵᠡᠶ ᠃   
     ᠠᠵᠢᠯᠯᠠᠭ᠎ᠠ ᠶᠢᠨ ᠳᠤᠮᠳᠠ ᠂ ᠪᠠᠭᠰᠢ ᠰᠤᠷᠤᠭᠴᠢᠳ ᠪᠠ ᠬᠡᠷ ᠦᠨ ᠠᠬᠠᠮᠠᠳ ᠪᠠᠰᠠ 12309 ᠪᠠᠶᠢᠴᠠᠭᠠᠬᠤ ᠦᠶᠯᠡᠴᠢᠯᠡᠭᠡᠨ ᠦ ᠲᠥᠪ ᠂ ᠥᠪᠥᠷ ᠮᠣᠩᠭᠣᠯ ᠤᠨ ᠪᠠᠶᠢᠴᠠᠭᠠᠬᠤ ᠲᠡᠸᠬᠡ ᠶᠢᠨ ᠳᠡᠯᠭᠡᠨ ᠦᠵᠡᠭᠦᠯᠬᠦ ᠣᠷᠳᠣᠨ ᠂ ᠪᠠᠶᠢᠴᠠᠭᠠᠬᠤ ᠲᠣᠮᠣ ᠳ᠋ᠠᠶᠢᠲ᠋ᠠ ᠶᠢᠨ ᠲᠥᠪ ᠵᠡᠷᠭᠡ ᠴᠢᠳᠠᠮᠵᠢᠳᠤ ᠣᠷᠣᠨ ᠢᠶᠠᠷ ᠲᠣᠭᠣᠷᠢᠨ ᠦᠵᠡᠪᠡ ᠃  ᠰᠢᠨ᠎ᠡ ᠰᠡᠪᠡᠭᠦᠨ ︽ ᠪᠠᠶᠢᠴᠠᠭᠠᠬᠤ ᠠᠵᠢᠯ ᠤᠨ ᠠᠩᠬᠠᠨ ᠤ ᠥᠩᠭᠡᠷᠡᠯᠲᠡ ︾ ᠨᠢ ᠰᠤᠷᠤᠭᠴᠢᠳ ᠤᠨ ᠬᠠᠸᠯᠢ ᠴᠠᠭᠠᠵᠠ ᠶᠢᠨ ᠲᠤᠬᠠᠶ ᠰᠣᠨᠢᠭᠤᠴᠢ ᠰᠡᠳᠬᠢᠯᠭᠡ ᠶᠢ ᠬᠥᠭᠵᠢᠭᠡᠵᠦ ᠂ ᠨᠠᠩ ᠴᠤ ᠬᠠᠸᠯᠢ ᠴᠠᠭᠠᠵᠠ ᠶᠢᠨ ᠠᠵᠢᠯ ᠂ ᠪᠠᠶᠢᠴᠠᠭᠠᠬᠤ ᠠᠵᠢᠯ ᠤᠨ ᠲᠤᠬᠠᠶ ᠬᠦᠰᠡᠯ ᠡᠷᠡᠮᠡᠯᠵᠡᠯ ᠢ ᠲᠥᠷᠥᠭᠦᠯᠦᠭᠰᠡᠨ ᠪᠠᠶᠢᠨ᠎ᠠ ᠃
     ᠥᠪᠡᠷᠲᠡᠭᠡᠨ ᠵᠠᠰᠠᠬᠤ ᠣᠷᠣᠨ ᠤ ᠪᠠᠶᠢᠴᠠᠭᠠᠬᠤ ᠬᠣᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠳᠡᠳ᠋ ᠱᠦᠵᠢ ᠂ ᠳᠡᠳ᠋ ᠪᠠᠶᠢᠴᠠᠭᠠᠬᠤ ᠳᠠᠷᠤᠭ᠎ᠠ ᠵᠢᠶᠠᠨ ᠰᠢᠶᠤᠤ ᠸᠸᠨ ᠳᠡᠭᠡᠷᠡᠬᠢ ᠠᠵᠢᠯᠯᠠᠭ᠎ᠠ ᠳᠤ ᠣᠷᠣᠯᠴᠠᠵᠠᠶ ᠃
    
    

 

 

 


ᠢᠷᠡᠯᠲᠡ
ᠥᠪᠡᠷᠲᠡᠭᠡᠨ ᠵᠠᠰᠠᠬᠤ ᠣᠷᠤᠨ ᠤ ᠪᠠᠶᠢᠴᠠᠭᠠᠬᠤ ᠬᠣᠷᠢᠶ᠎ᠠ ᠶᠢᠨ ᠣᠷᠴᠢᠭᠤᠯᠭ᠎ᠠ ᠶᠢᠨ ᠭᠠᠵᠠᠷ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro