ᠲᠡᠷᠢᠭᠦᠨ ᠨᠢᠭᠤᠷ  -   ᠪᠠᠶᠢᠴᠠᠭᠠᠬᠤ ᠶᠠᠪᠤᠳᠠᠯ ᠢ ᠢᠯᠡ ᠪᠣᠯᠭᠠᠬᠤ

ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠶᠢᠨ ᠳᠡᠳ᠋ ᠪᠠᠶᠢᠴᠠᠭᠠᠬᠤ ᠳᠠᠷᠤᠭ᠎ᠠ ᠰᠦ ᠯᠢ ᠬᠤᠩ ᠤᠷᠢᠯᠭ᠎ᠠ ᠪᠠᠷ ᠦᠥᠰᠢᠨ ᠬᠤᠰᠢᠭᠤᠨ ᠤ ᠲᠣᠲᠤᠭᠠᠳᠤ ᠶᠢ ᠬᠠᠮᠠᠭᠠᠯᠠᠬᠤ ᠳᠤᠪᠴᠢᠶᠠᠨ  ᠳᠤ ᠬᠦᠷᠴᠦ ᠬᠤᠥᠷ ᠴᠠᠭᠠᠵᠠᠯᠠᠬᠤ ᠲᠤᠰᠬᠠᠢ ᠰᠡᠳᠦᠪᠲᠦ ᠲᠠᠶᠢᠯᠤᠮᠵᠢ ᠬᠢᠪᠡ

2022-02-25 16:33:49
ᠵᠣᠬᠢᠶᠠᠭᠴᠢ
ᠰᠦ ᠯᠢ ᠬᠤᠩ


3.jpg

 

2022 ᠣᠨ ᠤ 2 ᠰᠠᠷ᠎ᠠ ᠶᠢᠨ 22 ᠤ ᠡᠳᠦᠷ ᠂ ︽ ᠬᠤᠥᠷᠳᠦ ᠡᠳ᠋ ᠢ ᠴᠠᠭᠠᠵᠠᠯᠠᠬᠤ ᠬᠠᠥᠯᠢ︾ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ ᠂ ᠬᠠᠥᠯᠢ ᠪᠠᠷᠢᠬᠤ ᠺᠠᠳ᠋ᠷ ᠴᠠᠭᠳᠠᠭ᠎ᠠ ᠳᠤ ᠬᠤᠥᠷ ᠴᠠᠭᠠᠵᠠᠯᠠᠬᠤ ᠠᠵᠢᠯ ᠤᠨ ᠴᠢᠬᠤᠯᠠ ᠴᠢᠨᠠᠷ ᠪᠠ ᠵᠠᠶᠢᠯᠠᠰᠢ ᠦᠭᠡᠢ ᠴᠢᠨᠠᠷ ᠢ  ᠭᠦᠢᠴᠡᠳ ᠲᠠᠨᠢᠭᠤᠯᠵᠤ ᠂ ᠦᠷᠭᠡᠨ ᠣᠯᠠᠨ ᠠᠷᠠᠳ ᠲᠦᠮᠡᠨ ᠳᠤ  ᠬᠤᠥᠷᠳᠦ ᠡᠳ᠋ ᠠᠴᠠ ᠬᠤᠯᠠ ᠵᠠᠶᠢᠳᠠᠵᠤ ᠂ ᠬᠤᠥᠷᠳᠦ ᠡᠳ᠋  ᠢ ᠡᠰᠡᠷᠭᠦᠴᠡᠬᠦ ᠤᠬᠠᠮᠰᠠᠷ ᠢ ᠤᠯᠠᠮ ᠴᠢᠨᠠᠭᠰᠢᠲᠠ ᠪᠣᠢ ᠪᠣᠯᠭᠠᠬᠤ ᠶᠢᠨ ᠲᠦᠯᠦᠭᠡ ᠂ ᠣᠷᠳᠤᠰ ᠬᠤᠲᠠ ᠵᠢᠨ‌ᠬᠤᠥᠷᠳᠦ ᠡᠳ᠋ ᠢ  ᠰᠡᠷᠭᠡᠶᠢᠯᠡᠬᠦ ᠤᠬᠠᠭᠤᠯᠭ᠎ᠠ ᠬᠦᠮᠤᠵᠢᠯ ᠤᠨ ᠯᠧᠺᠲ᠋ᠣᠷ ᠤᠨ ᠪᠦᠯᠬᠦᠮ ᠤᠨ ᠭᠤᠣᠯ ᠪᠠᠭᠰᠢ ᠂ ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠭᠦᠨ᠂ ᠳᠡᠳ᠋ ᠪᠠᠶᠢᠴᠠᠭᠠᠬᠤ ᠳᠠᠷᠤᠭ᠎ᠠ  ᠰᠦ ᠯᠢ ᠬᠤᠩ ᠤᠷᠢᠯᠭ᠎ᠠ ᠪᠠᠷ ᠦᠥᠰᠢᠨ ᠬᠤᠰᠢᠭᠤᠨ ᠤ ᠪᠣᠳᠠᠳᠤ ᠪᠠᠶᠢᠳᠠᠯ ᠲᠠᠢ  ᠤᠶᠠᠯᠳᠤᠭᠤᠯᠤᠨ ᠦᠥᠰᠢᠨ ᠬᠤᠰᠢᠭᠤᠨ ᠤ ᠲᠣᠲᠤᠭᠠᠳᠤ ᠶᠢ ᠬᠠᠮᠠᠭᠠᠯᠠᠬᠤ ᠲᠣᠪᠴᠢᠶ᠎ᠠ  ᠳᠤ ᠬᠦᠷᠴᠦ ᠂︽ ᠠᠮᠢ ᠨᠠᠰᠤ ᠪᠠᠨ ᠨᠠᠨᠳᠢᠩᠨᠠᠨ ᠬᠠᠶᠢᠷᠠᠯᠠᠵᠤ ᠂ ᠬᠤᠥᠷᠳᠦ ᠡᠳ᠋ ᠠᠴᠠ ᠬᠤᠯᠠᠳᠤᠭᠠᠷᠠᠢ︾ ᠭᠡᠬᠦ ᠭᠤᠥᠯ ᠰᠡᠳᠦᠪ ᠤᠨ ᠲᠣᠭᠤᠷᠢᠨ ᠳᠤ ᠬᠤᠥᠷᠳᠦ ᠡᠳ᠋ ᠢ  ᠰᠡᠷᠭᠡᠶᠢᠯᠡᠬᠦ ᠤᠬᠠᠭᠤᠯᠭ᠎ᠠ ᠵᠢᠨ‌‍ᠲ᠋ᠠᠶᠢᠯᠤᠮᠵᠢ ᠬᠢᠪᠡ ᠃


2.jpg


ᠳᠡᠳ᠋ ᠪᠠᠶᠢᠴᠠᠭᠠᠬᠤ ᠳᠠᠷᠤᠭ᠎ᠠ  ᠰᠦ ᠯᠢ ᠬᠤᠩ ᠭᠤᠭᠴᠤᠭ᠎ᠠ  ᠠᠪᠴᠠᠯᠳᠤᠭᠰᠠᠨ PPT ᠂ ᠠᠮᠢᠳᠤ ᠳᠦᠷᠰᠦᠯᠢᠭ ᠪᠢᠴᠢᠯ  ᠸᠢᠳᠢᠤ᠋᠂ ᠲᠦᠭᠦᠮ ᠣᠶᠢᠯᠠᠭᠠᠮᠵᠢᠲᠠᠢ ᠬᠡᠷᠡᠭ ᠤᠨ ᠵᠢᠱᠢᠶ᠎ᠡ ᠪᠠᠷ ᠲᠠᠶᠢᠯᠪᠤᠷᠢᠯᠠᠬᠤ ᠵᠡᠷᠭᠡ ᠬᠡᠯᠪᠡᠷᠢ ᠪᠠᠷ ᠬᠤᠥᠷᠳᠦ ᠡᠳ᠋ ᠤᠨ ᠠᠩᠭᠢᠯᠠᠯ  ᠪᠠ ᠣᠨᠴᠢᠯᠢᠭ ᠢ ᠵᠢᠭᠠᠵᠤ ᠂ ᠬᠤᠥᠷ ᠲᠠᠲᠠᠬᠤ ᠠᠴᠠ ᠪᠣᠯᠵᠤ ᠬᠠᠥᠯᠢ ᠶᠢ ᠵᠦᠷᠢᠴᠡᠵᠦ ᠶᠠᠯ᠎ᠠ ᠬᠢᠬᠦ ᠂  ᠬᠤᠥᠷᠳᠦ ᠡᠳ᠋ ᠤᠨ ᠬᠤᠥᠷ ᠬᠦᠨᠦᠭᠡᠯ ᠵᠢᠴᠢ  ᠬᠤᠥᠷᠳᠦ ᠡᠳ᠋ ᠢ ᠬᠡᠷᠬᠢᠨ ᠰᠡᠷᠭᠡᠶᠢᠯᠡᠬᠦ ᠵᠡᠷᠭᠡ ᠣᠯᠠᠨ ᠲᠠᠯ᠎ᠠ  ᠠᠴᠠ ᠬᠠᠥᠯᠢ ᠪᠠᠷᠢᠬᠤ ᠺᠠᠳ᠋ᠷ ᠴᠠᠭᠳᠠᠭ᠎ᠠ ᠳᠤ ᠭᠦᠨ ᠬᠦᠨᠵᠡᠭᠡᠢ ᠮᠡᠳᠡᠯᠭᠡ  ᠲᠥᠭᠡᠮᠡᠯᠵᠢᠭᠦᠯᠬᠦ ᠬᠦᠮᠦᠵᠢᠯ ᠬᠦᠷᠲᠡᠭᠡᠵᠡᠢ ᠃ ᠲᠠᠶᠢᠯᠤᠮᠵᠢ ᠬᠢᠬᠦ ᠪᠠᠷ ᠳᠠᠮᠵᠢᠨ  ᠬᠠᠥᠯᠢ  ᠪᠠᠷᠢᠬᠤ ᠺᠠᠳ᠋ᠷ ᠴᠠᠭᠳᠠᠭ᠎ᠠ ᠳᠤ ᠬᠤᠥᠷ ᠰᠡᠷᠭᠡᠶᠢᠯᠡᠬᠦ ᠬᠠᠥᠯᠢ ᠴᠠᠭᠠᠵᠠ ᠶᠢᠨ ᠮᠡᠳᠡᠯᠭᠡ ᠶᠢ ᠪᠦᠲᠦᠮᠵᠢᠲᠡᠢ ᠤᠬᠠᠭᠤᠯᠵᠤ ᠂ ᠲᠣᠲᠤᠭᠠᠳᠤ ᠶᠢ ᠬᠠᠮᠠᠭᠠᠯᠠᠬᠤ ᠺᠠᠳ᠋ᠷ ᠴᠠᠭᠳᠠᠭ᠎ᠠ  ᠶᠢᠨ ᠬᠤᠥᠷ ᠢ ᠲᠠᠨᠢᠬᠤ ᠂ ᠬᠤᠥᠷ ᠢ ᠰᠡᠷᠭᠡᠶᠢᠯᠡᠬᠦ ᠴᠢᠳᠠᠪᠤᠷᠢ ᠶᠢ ᠤᠯᠠᠮ ᠳᠡᠭᠡᠭᠰᠢᠯᠡᠭᠦᠯᠵᠦ ᠂ ᠬᠤᠥᠷᠳᠦ ᠡᠳ᠋ ᠢ ᠰᠡᠷᠭᠡᠶᠢᠯᠡᠬᠦ  ᠢᠳᠡᠪᠬᠢ ᠴᠢᠨᠠᠷ ᠢ ᠳᠡᠭᠡᠭᠰᠢᠯᠡᠭᠦᠯᠵᠡᠢ ᠃ ᠪᠣᠯᠪᠠᠰᠤᠷᠠᠯ  ᠤᠨ  ᠬᠤᠷᠠᠯ ᠳᠤ  ᠂ ᠳᠡᠳ᠋ ᠪᠠᠶᠢᠴᠠᠭᠠᠬᠤ ᠳᠠᠷᠤᠭ᠎ᠠ  ᠰᠦ ᠯᠢ ᠬᠤᠩ  ᠪᠠᠰᠠ ᠬᠤᠷᠢᠶᠠᠨ ᠤ ᠪᠡᠨ ᠣᠶᠢᠷ᠎ᠠ ᠶᠢᠨ10 ᠵᠢᠯ ᠳᠤ ᠰᠢᠢᠳᠪᠦᠷᠢᠯᠡᠨ ᠦᠩᠭᠡᠷᠡᠭᠰᠡᠨ ᠬᠤᠥᠷᠳᠦ ᠡᠳ᠋ ᠤᠨ ᠶᠠᠯᠠᠲᠤ ᠬᠡᠷᠡᠭ ᠤᠨ ᠣᠨᠴᠠᠯᠢᠭ  ᠂ ᠬᠡᠷᠡᠭ ᠰᠢᠢᠳᠪᠦᠷᠢᠯᠡᠭᠰᠡᠨ ᠲᠤᠷᠰᠢᠯᠭ᠎ᠠ ᠵᠢᠴᠢ ᠬᠦᠴᠢᠷᠳᠡᠯᠭᠡ ᠶᠢᠨ ᠲᠣᠬᠠᠢ ᠦᠥᠰᠢᠨ ᠬᠤᠰᠢᠭᠤᠨ ᠤ ᠲᠣᠲᠤᠭᠠᠳᠤ ᠶᠢ ᠬᠠᠮᠠᠭᠠᠯᠠᠬᠤ ᠺᠠᠳ᠋ᠷ ᠴᠠᠭᠳᠠᠭ᠎ᠠ  ᠲᠠᠢ  ᠭᠦᠢᠴᠡᠳ ᠶᠠᠷᠢᠯᠴᠠᠵᠠᠢ ᠃


4.jpg


ᠬᠠᠮᠤᠭ ᠰᠡᠭᠦᠯ ᠳᠤ ᠂ ᠳᠡᠳ᠋ ᠪᠠᠶᠢᠴᠠᠭᠠᠬᠤ ᠳᠠᠷᠤᠭ᠎ᠠ ‌‍ ᠰᠦ ᠯᠢ ᠬᠤᠩ ᠦᠥᠰᠢᠨ ᠬᠤᠰᠢᠭᠤᠨ ᠤ ᠲᠣᠲᠤᠭᠠᠳᠤ ᠶᠢ ᠬᠠᠮᠠᠭᠠᠯᠠᠬᠤ  ᠲᠣᠪᠴᠢᠶ᠎ᠠ ᠶᠢᠨ ᠺᠠᠳ᠋ᠷ ᠴᠠᠭᠳᠠᠭ᠎ᠠ  ᠨᠠᠷ ᠲᠠᠢ ᠬᠤᠥᠷ ᠴᠠᠭᠠᠵᠠᠯᠠᠬᠤ ᠲᠤᠰᠬᠠᠢ ᠰᠡᠳᠦᠪᠲᠦ ᠲᠠᠶᠢᠯᠤᠮᠵᠢ ᠶᠢᠨ ᠲᠣᠬᠠᠢ ᠲᠠᠨᠢᠯᠲᠠ ᠂ ᠣᠶᠢᠯᠠᠭᠠᠯᠲᠠ ᠂ ᠣᠯᠤᠯᠲᠠ ᠲᠦᠷᠦᠭᠳᠡᠯ ᠢᠶᠠᠨ ᠶᠠᠷᠢᠯᠴᠠᠭᠰᠠᠨ  ᠳᠤ ᠂ ᠺᠠᠳ᠋ᠷ ᠴᠠᠭᠳᠠᠭ᠎ᠠ  ᠨᠠᠷ  ᠪᠦᠷ ᠬᠤᠥᠷ ᠲᠠᠲᠠᠬᠤ ᠶᠢ  ᠲᠡᠪᠴᠢᠵᠦ ᠂ ᠬᠤᠥᠷ ᠴᠠᠭᠠᠵᠠᠯᠠᠬᠤ ᠵᠣᠷᠢᠭ ᠢᠶᠠᠨ ᠢᠯᠡᠳᠬᠡᠵᠦ ᠂ ᠬᠤᠥᠷ ᠲᠠᠲᠠᠬᠤ  ᠠᠵᠢᠯᠯᠠᠭ᠎ᠠ ᠳᠤ ᠢᠳᠡᠪᠬᠢᠲᠠᠢ ᠴᠣᠬᠢᠯᠲᠠ ᠦᠭᠴᠦ ᠂ ᠬᠤᠥᠷᠳᠦ ᠡᠳ᠋ ᠢ ᠣᠯᠠᠨ ᠲᠦᠮᠡᠨ ᠠᠴᠠ ᠬᠤᠯᠠᠳᠤᠭᠤᠯᠵᠤ ᠂ ᠡᠷᠡᠭᠦᠯ ᠪᠣᠯᠪᠠᠰᠣᠨ ᠠᠮᠢᠳᠤᠷᠠᠯ ᠤᠨ ᠠᠷᠭ᠎ᠠ ᠬᠡᠯᠪᠡᠷᠢ ᠶᠢ ᠪᠣᠢ  ᠪᠣᠯᠭᠠᠨ᠎ᠠ ᠭᠡᠵᠡᠢ ᠃ ᠬᠣᠢᠢᠰᠢᠳᠠ᠂ ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠬᠤᠥᠷ ᠴᠠᠭᠠᠵᠠᠯᠠᠬᠤ ᠤᠬᠠᠭᠤᠯᠭ᠎ᠠ ᠶᠢᠨ ᠡᠷᠴᠢᠮ ᠢᠶᠠᠨ ᠤᠯᠠᠮ ᠨᠢᠭᠡ ᠠᠯᠬᠤᠮ ᠴᠢᠩᠭᠠᠷᠠᠭᠤᠯᠵᠤ ᠂ ᠬᠤᠥᠷ ᠴᠠᠭᠠᠵᠠᠯᠠᠬᠤ ᠤᠬᠠᠭᠤᠯᠭ᠎ᠠ  ᠬᠦᠮᠦᠵᠢᠯ ᠤᠨ ᠠᠵᠢᠯ ᠢ ᠰᠠᠶᠢᠲᠤᠷ ᠬᠢᠵᠦ ᠂ ᠡᠷᠡᠭᠦᠯ ᠮᠡᠨᠳᠦ ᠠᠮᠤᠷ ᠲᠦᠪᠰᠢᠨ ᠠᠮᠢᠳᠤᠷᠠᠯ ᠤᠨ ᠣᠷᠴᠢᠨ ᠲᠣᠭᠤᠷᠢᠨ ᠢ ᠪᠣᠢ ᠪᠣᠯᠭᠠᠵᠤ ᠂ ᠰᠢᠨ᠎ᠡ ᠴᠠᠭ ᠦᠶ᠎ᠡ ᠶᠢᠨ ᠠᠮᠤᠷ ᠲᠦᠪᠰᠢᠨ ᠡᠶ᠎ᠡ ᠵᠣᠬᠢᠴᠠᠩᠭᠤᠢ ᠴᠡᠴᠡᠭᠯᠡᠨ ᠬᠦᠭᠵᠢᠭᠰᠡᠨ ᠨᠡᠶᠢᠭᠡᠮ ᠢ ᠪᠠᠶᠢᠭᠤᠯᠬᠤ ᠳᠤ ᠬᠦᠴᠦᠨ ᠴᠢᠳᠠᠯ ᠢᠶᠠᠨ ᠡᠷᠬᠦᠨ᠎ᠡ ᠃

 


ᠢᠷᠡᠯᠲᠡ
ᠣᠷᠳᠤᠰ ᠬᠤᠲᠠ ᠵᠢᠨ ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro