ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠡᠷᠡᠭᠦᠦ ᠶᠢᠨ ᠬᠡᠷᠡᠭ ᠤᠨ ᠨᠡᠶᠢᠳᠡᠯᠢᠭ ᠵᠢᠱᠢᠶ᠎ᠡ

2015-12-29 09:27:24
ᠵᠣᠬᠢᠶᠠᠭᠴᠢ
0

    ᠨᠢᠭᠡ ᠵᠠᠭᠠᠯᠳᠤᠭᠳᠠᠭᠴᠢ ᠴᠢᠩ ×× ‍ᠤᠨ‌ᠡᠩ ᠤᠨ ᠪᠠᠷᠠᠭ᠎ᠠ ᠶᠢ ᠳᠠᠯᠳᠠᠭᠤᠷ ᠠᠷᠠᠯᠵᠢᠶᠠᠯᠠᠭᠰᠠᠨ ᠶᠠᠯᠠᠲᠤ ᠬᠡᠷᠡᠭ 2013 ᠤᠨ ᠤ 3 ᠰᠠᠷ᠎ᠠ ᠶᠢᠨ ᠰᠡᠭᠦᠯᠴᠢ ᠪᠠᠷ᠂ ᠪᠡᠭᠡᠵᠢᠩ ᠤᠨ ᠱᠢ ᠵᠢᠢ ᠷᠦᠢ ᠰᠢ ᠭᠠᠳᠠᠭᠠᠳᠤ ᠠᠷᠠᠯᠵᠢᠶᠠᠨ ᠤ ᠺᠤᠮᠫᠠᠨᠢ ᠨᠢ ᠾᠸ᠋ᠨᠠᠨ‌ᠮᠤᠵᠢ ᠶᠢᠨ ᠠᠨ ᠶᠠᠩ ᠬᠤᠲᠠ ᠶᠢᠨ ᠶᠢᠨ ᠬᠤᠢ ᠲᠡᠮᠦᠷᠯᠢᠭ ᠤᠨ ᠺᠤᠮᠫᠠᠨᠢ ᠲᠠᠢ ᠲᠤᠨ ᠪᠦᠷᠢ ᠳᠡᠭᠡᠨ7350 ᠲᠦᠭᠦᠷᠢᠭ ᠢᠶᠠᠷ 60 ᠲᠣᠨ ᠲᠡᠮᠦᠷ ᠪᠤᠯᠪᠠᠰᠤᠷᠠᠭᠤᠯᠬᠤ ᠴᠢᠯᠠᠭᠤ ᠬᠤᠳᠠᠯᠳᠠᠵᠣ ᠠᠪᠬᠤ ᠭᠡᠷ᠎ᠡ ᠲᠤᠭᠲᠠᠨ᠂ ᠭᠡᠷ᠎ᠡ ᠭᠦᠢᠴᠡᠳᠭᠡᠬᠦ ᠭᠠᠵᠠᠷ ᠨᠢ ᠡᠷᠢᠶᠡᠨ ᠬᠤᠲᠠ ᠪᠠᠷ ᠪᠤᠯᠵᠤᠨ ᠲᠤᠭᠲᠠᠪᠠ᠃ ᠪᠠᠷᠠᠭ᠎ᠠ ᠡᠷᠢᠶᠡᠨ ᠳᠤ ᠬᠦᠷᠦᠭᠰᠡᠨ ᠤ ᠲᠠᠷᠠᠭ᠎ᠠ᠂ 3 ᠰᠠᠷ᠎ᠠ ᠶᠢᠨ 22 ᠤ ᠡᠳᠦᠷ ᠵᠠᠭᠠᠯᠳᠤᠭᠳᠠᠭᠴᠢ ᠴᠢᠩ ×× ᠱᠢ ᠵᠢᠢ ᠷᠦᠢ ᠰᠢ ᠭᠠᠳᠠᠭᠠᠳᠤ ᠠᠷᠠᠯᠵᠢᠶᠠᠨ ᠤ ᠺᠤᠮᠫᠠᠨᠢ ᠶᠢᠨ ᠵᠣᠣ ×× ᠤ ᠨᠠᠶᠢᠳᠠᠯᠭ᠎ᠠ ᠢᠶᠠᠷ ᠲᠤᠰ 60 ᠲᠤᠨ ᠪᠠᠷᠠᠭ᠎ᠠ ᠶᠢ ᠮᠤᠩᠭᠤᠯ ᠤᠯᠤᠰ ᠤᠨ ᠵᠠᠮ ᠤᠨ ᠡᠭᠦᠳᠠ ᠬᠤᠲᠠ ᠳᠤ ᠬᠦᠷᠭᠡᠬᠦ ᠪᠠᠷ ᠲᠤᠭᠲᠠᠪᠠ᠃ ᠴᠢᠩ ×× ᠲᠡᠮᠦᠷ ᠪᠤᠯᠪᠠᠰᠤᠷᠠᠭᠤᠯᠬᠤ ᠴᠢᠯᠠᠭᠤ ᠮᠡᠨ ᠤ ᠤᠯᠤᠰ ᠤᠨ ᠪᠤᠭᠤᠮᠲᠠ ᠠᠴᠠ ᠬᠢᠵᠠᠭᠠᠷᠯᠠᠵᠤ ᠭᠠᠷᠭᠠᠬᠤ ᠪᠠᠷᠠᠭ᠎ᠠ ᠳᠤ ᠪᠠᠭᠲᠠᠬᠤ ᠶᠢ ᠮᠡᠳᠡᠵᠤ ᠪᠠᠶᠢᠲᠠᠯ᠎ᠠ᠂ 3 ᠰᠠᠷ᠎ᠠ ᠶᠢᠨ 23 ᠤ ᠡᠳᠤᠷ ᠡᠷᠢᠶᠡᠨ ᠬᠤᠲᠠ ᠶᠢᠨ ᠯᠢ ᠵᠦᠩ ᠪᠠᠷᠠᠭᠠᠨ ᠤ ᠭᠦᠢᠯᠭᠡᠭᠡᠨ ᠤ ᠺᠤᠮᠫᠠᠨᠢ ᠶᠢᠨ ᠬᠦ᠋×× ︵ᠠᠰᠲᠠᠭᠠᠨ ᠰᠢᠢᠳᠪᠦᠷᠢᠯᠡᠪᠠ︶ ᠲᠠᠢ ᠬᠤᠷᠰᠢᠵᠤ᠂ ᠬᠦ᠋×× ᠳᠤ ᠡᠯ᠎ᠡ ᠵᠦᠢᠯ ᠤᠨ ᠰᠦᠢᠳᠭᠡᠯ ᠲᠣᠨ ᠪᠦᠷᠢ ᠳᠡᠭᠡᠨ 1400 ᠲᠦᠭᠦᠷᠢᠭ ᠦᠭᠬᠦ ᠪᠠᠷ ᠲᠤᠭᠲᠠᠵᠤ᠂ ᠲᠤᠰ ᠡᠳᠦᠷ ᠲᠤ ᠡᠷᠢᠶᠠᠨ ᠬᠤᠲᠠ ᠶᠢᠨ ᠨᠡᠭᠦᠷᠡᠰᠦᠨ ᠬᠡᠢ ᠶᠢᠨ ᠭᠠᠵᠠᠷ ‍ᠤᠨ‌ᠤᠷᠴᠢᠮ ᠳᠤ 20 ᠲᠤᠨ ᠲᠡᠮᠤᠷ ᠪᠤᠯᠪᠠᠰᠤᠷᠠᠭᠤᠯᠬᠤ ᠴᠢᠯᠠᠭᠤ ᠶᠢ ᠲᠡᠷᠭᠡᠨ ᠨᠤᠮᠸ᠋ᠷ 17-03 ᠪᠤᠯᠬᠤ ᠮᠤᠩᠭᠤᠯ ᠤᠯᠤᠰ ᠤᠨ ᠪᠠᠷᠠᠭᠠᠨ ᠤ ᠲᠡᠷᠭᠡᠨ ᠳᠡᠭᠡᠷ᠎ᠡ ᠲᠡᠭᠡᠭᠡᠵᠦ ᠲᠠᠷᠠᠭ᠎ᠠ ᠨᠢ ᠲᠤᠰ ᠲᠡᠷᠭᠡ ᠶᠢ ᠯᠢ ᠵᠦᠩ ᠪᠠᠷᠠᠭᠠᠨ ᠤ ᠭᠦᠢᠯᠭᠡᠭᠡᠨ ᠤ ᠺᠤᠮᠫᠠᠨᠢ ᠶᠢᠨ ᠬᠦᠷᠢᠶᠡᠨ ᠳᠤ ᠠᠪᠠᠴᠢᠵᠤ᠂ ᠲᠡᠮᠦᠷ ᠪᠤᠯᠪᠠᠰᠤᠷᠠᠭᠤᠯᠬᠤ ᠴᠢᠯᠠᠭᠤ ᠶᠢᠨ ᠳᠡᠭᠡᠷ᠎ᠡ ᠰᠦᠯᠢᠶᠦᠤ ᠬᠠᠶᠢᠷᠴᠠᠭ᠂ ᠰᠢᠯᠢᠨ ᠴᠤᠮᠤ ᠵᠡᠷᠭᠡ ᠪᠤᠳᠠᠰ ᠢ ᠬᠢᠪᠠ᠃ 3 ᠰᠠᠷ᠎ᠠ ᠶᠢᠨ 25 ᠤ ᠡᠳᠦᠷ᠂ ᠬᠦ᠋×× ᠪᠠᠷᠠᠭᠠᠨ ᠤ ᠲᠡᠷᠭᠡᠨ ᠳᠤ ᠲᠡᠮᠦᠷ ᠪᠤᠯᠪᠠᠰᠤᠷᠠᠭᠤᠯᠬᠤ ᠴᠢᠯᠠᠭᠤ ᠲᠡᠭᠡᠭᠰᠡᠨ ᠪᠠᠶᠢᠳᠠᠯ ᠢᠶᠠᠨ ᠨᠢᠭᠤᠵᠤ᠂ ᠡᠷᠢᠶᠠᠨ ᠬᠤᠲᠠ ᠶᠢᠨ ᠶᠢᠨ ᠨᠡᠤ ᠠᠷᠠᠯᠵᠢᠶᠠᠨ ᠤ ᠺᠤᠮᠫᠠᠨᠢ ᠳᠤ ᠲᠤᠰ ᠲᠡᠷᠭᠡ ᠪᠠᠷᠠᠭ᠎ᠠ ᠢ ᠬᠢᠯᠢ ᠠᠴᠠ ᠭᠠᠷᠭᠠᠬᠤ ᠢᠶᠠᠷ ᠪᠤᠭᠤᠮᠲᠠ ᠳᠤ ᠮᠡᠳᠡᠭᠦᠯᠬᠦ ᠪᠠᠷ ᠨᠠᠶᠢᠳᠠᠪᠠ᠃ ᠡᠷᠢᠶᠠᠨ ᠬᠤᠲᠠ ᠶᠢᠨ ᠶᠢᠨ ᠨᠡᠤ ᠠᠷᠠᠯᠵᠢᠶᠠᠨ ᠤ ᠺᠤᠮᠫᠠᠨᠢ ᠲᠤᠬᠠᠢ ᠶᠢᠨ ᠲᠠᠯᠠᠪᠠᠢ ᠳᠤ ᠪᠤᠲᠠᠲᠠᠢ ᠪᠤᠳᠠᠰ ᠢ ᠬᠠᠶᠢᠨ ᠪᠠᠶᠢᠴᠠᠭᠠᠭᠰᠠᠨ ᠦᠭᠡᠢ ᠪᠠᠶᠢᠳᠠᠯ ᠳᠤᠤᠷ᠎ᠠ ᠡᠷᠢᠶᠠᠨ ᠬᠤᠲᠠ ᠶᠢᠨ ᠡᠷᠭᠡ ᠪᠠᠷᠠᠭᠠᠨ ᠤ ᠭᠦᠢᠯᠭᠡᠭᠡᠨ ᠢ ᠤᠷᠤᠯᠠᠬᠤ ᠺᠤᠮᠫᠠᠨᠢ ᠳᠤ ᠨᠠᠶᠢᠳᠠᠵᠤ ᠲᠤᠰ ᠪᠠᠷᠠᠭ᠎ᠠ ᠶᠢ ᠪᠤᠭᠤᠮᠲᠠ ᠳᠤ ᠮᠡᠳᠡᠭᠦᠯᠪᠠ᠂ ᠡᠷᠭᠡ ᠪᠠᠷᠠᠭᠠᠨ ᠤ ᠭᠦᠢᠯᠭᠡᠭᠡᠨ ᠢ ᠤᠷᠤᠯᠠᠬᠤ ᠺᠤᠮᠫᠠᠨᠢ 070520130053119851 ᠨᠤᠮᠸ᠋ᠷ ᠭᠠᠳᠠᠭᠠᠳᠤ ᠳᠤ ᠭᠠᠷᠭᠠᠬᠤ ᠪᠤᠭᠤᠮᠲᠠ ᠳᠤ ᠮᠡᠳᠡᠭᠦᠯᠬᠦ ᠳᠠᠩᠰᠠ ᠢᠶᠠᠷ ᠡᠷᠢᠶᠠᠨ ᠪᠤᠭᠤᠮᠲᠠ ᠳᠤ ᠲᠤᠰ ᠲᠡᠷᠭᠡ ᠰᠤᠯᠠ ᠪᠠᠷᠠᠭ᠎ᠠ ᠶᠢ ᠮᠡᠳᠡᠭᠦᠯᠵᠤ᠂ ᠳᠠᠷᠠᠭ᠎ᠠ ᠡᠳᠦᠷ ᠨᠢ ᠲᠤᠰ ᠲᠡᠷᠭᠡ ᠪᠠᠷᠠᠭ᠎ᠠ ᠶᠢ ᠬᠢᠯᠢ ᠠᠴᠠ ᠭᠠᠷᠭᠠᠪᠠ᠃ 2013 ᠤᠨ ᠤ 3 ᠰᠠᠷ᠎ᠠ ᠶᠢᠨ 24 ᠤ ᠡᠳᠦᠷ᠂ ᠴᠢᠩ ×× ᠮᠤᠩᠭᠤᠯ ᠤᠯᠤᠰ ᠤᠨ ᠬᠦᠮᠦᠨ ᠰᠠᠷᠠ ᠪᠤᠯᠤᠨ ᠲᠠᠪᠠᠭᠳᠤᠷᠵᠢ ︵ᠮᠤᠩᠭᠤᠯ ᠤᠯᠤᠰ ᠤᠨ ᠴᠠᠭᠳᠠᠭ᠎ᠠ ᠠᠴᠠ ᠪᠠᠶᠢᠴᠠᠭᠠᠵᠤ ᠪᠠᠶᠢᠨ᠎ᠠ︶ ᠶᠢ ᠨᠠᠶᠢᠳᠠᠵᠤ ᠦᠯᠠᠳᠡᠭᠰᠡᠨ 40 ᠲᠤᠨ ᠲᠡᠮᠦᠷ ᠪᠤᠯᠪᠠᠰᠤᠷᠠᠭᠤᠯᠬᠤ ᠴᠢᠯᠠᠭᠤ ᠶᠢ ᠬᠢᠯᠢ ᠠᠴᠠ ᠭᠠᠷᠭᠠᠯᠭᠠᠬᠤ ᠪᠠᠷ ᠲᠤᠨ ᠪᠦᠷᠢ ᠳᠡᠭᠡᠨ ᠡᠯ᠎ᠡ ᠵᠦᠢᠯ ᠤᠨ ᠰᠦᠢᠳᠭᠡᠯ 1300 ᠲᠦᠭᠦᠷᠢᠭ ᠦᠭᠬᠦ ᠪᠠᠷ ᠲᠤᠭᠲᠠᠪᠠ᠃ ᠲᠤᠰ ᠡᠲᠦᠷ᠂ ᠳᠡᠭᠡᠷᠡᠬᠢ ᠲᠡᠮᠦᠷ ᠪᠤᠯᠪᠠᠰᠤᠷᠠᠭᠤᠯᠬᠤ ᠴᠢᠯᠠᠭᠤ ᠶᠢ ᠲᠡᠷᠭᠡᠨ ᠨᠤᠮᠸ᠋ᠷ 62-68᠂ 72-97 ᠪᠤᠯᠬᠤ ᠬᠤᠶᠠᠷ ᠮᠤᠩᠭᠤᠯ ᠤᠯᠤᠰ ᠤᠨ ᠪᠠᠷᠠᠭᠠᠨ ᠤ ᠲᠡᠷᠭᠡᠨ ᠳᠡᠭᠡᠷ᠎ᠡ ᠲᠡᠭᠡᠭᠡᠵᠤ᠂ ᠲᠡᠮᠦᠷ ᠪᠤᠯᠪᠠᠰᠤᠷᠠᠭᠤᠯᠬᠤ ᠴᠢᠯᠠᠭᠤ ᠶᠢᠨ ᠳᠡᠭᠡᠷ᠎ᠡ ᠱᠠᠯᠠᠨ ᠴᠢᠯᠠᠭᠤ᠂ ᠰᠢᠷᠡᠭᠡ᠂ ᠱᠠᠹᠠ ᠵᠡᠷᠭᠡ ᠰᠤᠯᠠ ᠪᠤᠳᠠᠰ ᠢ ᠲᠡᠭᠡᠭᠡᠵᠦ ᠲᠠᠯᠪᠢᠪᠠ᠃ 3 ᠰᠠᠷ᠎ᠠ ᠶᠢᠨ 27 ᠤ ᠡᠳᠦᠷ᠂ ᠰᠠᠷᠠ ᠲᠡᠷᠭᠡᠨ ᠳᠡᠭᠡᠷ᠎ᠡ ᠲᠡᠮᠦᠷ ᠪᠤᠯᠪᠠᠰᠤᠷᠠᠭᠤᠯᠬᠤ ᠴᠢᠯᠠᠭᠤ ᠲᠡᠭᠡᠭᠡᠭᠰᠡᠨ ᠪᠠᠶᠢᠳᠠᠯ ᠢ ᠨᠢᠭᠤᠨ᠂ ᠡᠷᠢᠶᠡᠨ ᠬᠤᠲᠠ ᠶᠢᠨ ᠵᠢᠢ ᠯᠢ ᠠᠷᠠᠯᠵᠢᠶᠠᠨ ᠤ ᠺᠤᠮᠫᠠᠨᠢ ᠶᠢ ᠨᠠᠶᠢᠳᠠᠵᠤ ᠲᠤᠰ ᠲᠡᠷᠭᠡ ᠰᠤᠯᠠ ᠪᠠᠷᠠᠭ᠎ᠠ ᠶᠢ ᠭᠠᠳᠠᠭᠠᠳᠣ ᠳᠤ ᠭᠠᠷᠭᠠᠬᠤ ᠢᠶᠠᠷ ᠪᠤᠭᠤᠮᠲᠠ ᠳᠤ ᠮᠡᠳᠡᠭᠦᠯᠪᠡ᠃ ᠲᠤᠰ ᠡᠲᠦᠷ ᠡᠷᠢᠶᠡᠨ ᠬᠤᠲᠠ ᠶᠢᠨ ᠵᠢᠢ ᠯᠢ ᠠᠷᠠᠯᠵᠢᠶᠠᠨ ᠤ ᠺᠤᠮᠫᠠᠨᠢ070520130053120168᠂ 070520130053120244 ᠨᠤᠮᠸ᠋ᠷ ᠭᠠᠳᠠᠭᠠᠳᠤ ᠳᠤ ᠭᠠᠷᠭᠠᠬᠤ ᠪᠤᠭᠤᠮᠲᠠ ᠳᠤ ᠮᠡᠳᠡᠭᠦᠯᠬᠦ ᠳᠠᠩᠰᠠ ᠢᠶᠠᠷ ᠡᠷᠢᠶᠠᠨ ᠪᠤᠭᠤᠮᠲᠠ ᠳᠤ ᠲᠤᠰ ᠬᠤᠶᠠᠷ ᠲᠡᠷᠭᠡ ᠰᠤᠯᠠ ᠪᠠᠷᠠᠭ᠎ᠠ ᠶᠢ ᠮᠡᠳᠡᠭᠦᠯᠵᠤ᠂ ᠳᠠᠷᠠᠭ᠎ᠠ ᠡᠳᠦᠷ ᠨᠢ ᠬᠤᠶᠠᠷ ᠲᠡᠷᠭᠡ ᠪᠠᠷᠠᠭ᠎ᠠ ᠶᠢ ᠬᠢᠯᠢ ᠠᠴᠠ ᠭᠠᠷᠭᠠᠪᠠ᠃ ᠳᠡᠭᠡᠷᠡᠬᠢ ᠭᠤᠷᠪᠠᠨ ᠲᠡᠷᠭᠡ ᠲᠡᠮᠦᠷ ᠪᠤᠯᠪᠠᠰᠤᠷᠠᠭᠤᠯᠬᠤ ᠴᠢᠯᠠᠭᠤ ᠮᠤᠩᠭᠤᠯ ᠤᠯᠤᠰ ᠤᠨ ᠵᠠᠮ ᠤᠨ ᠡᠭᠦᠳᠡ ᠬᠤᠲᠠ ᠳᠤ ᠬᠦᠷᠦᠭᠰᠡᠨ ᠤ ᠳᠠᠷᠠᠭ᠎ᠠ᠂ ᠱᠢ ᠵᠢᠢ ᠷᠦᠢ ᠰᠢ ᠭᠠᠳᠠᠭᠠᠳᠤ ᠠᠷᠠᠯᠵᠢᠶᠠᠨ ᠤ ᠺᠤᠮᠫᠠᠨᠢ ᠶᠢᠨ ᠵᠣᠣ×× ᠴᠢᠩ ×× ᠳᠤ ᠤᠷᠤᠯᠠᠨ ᠭᠦᠢᠴᠡᠳᠭᠡᠭᠰᠡᠨ ᠵᠠᠷᠤᠳᠠᠯ 15000 ᠲᠦᠭᠦᠷᠢᠭ ᠦᠭᠴᠦ᠂ ᠡᠯ᠎ᠡ ᠵᠦᠢᠯ ᠤᠨ ᠵᠠᠷᠦᠳᠠᠯ ᠠᠴᠠ ᠭᠠᠳᠠᠨ᠎ᠠ ᠴᠢᠩ ×× 58200 ᠲᠦᠭᠦᠷᠢᠭ ᠤᠯᠪᠠ᠃ ᠡᠷᠢᠶᠠᠨ ᠪᠤᠭᠤᠮᠲᠠ ᠶᠢᠨ ᠵᠢᠱᠢᠨ ᠲᠤᠭᠠᠴᠠᠭᠰᠠᠨ ᠢᠶᠠᠷ᠄《ᠬᠡᠷᠡᠭ ᠲᠤ ᠬᠤᠯᠪᠤᠭᠳᠠᠭᠰᠠᠨ ᠲᠡᠮᠦᠷ ᠪᠤᠯᠪᠠᠰᠤᠷᠠᠭᠤᠯᠬᠤ ᠴᠢᠯᠠᠭᠤ ᠶᠢᠨ ᠭᠠᠶᠢᠯᠢ ᠳᠠᠷᠤᠭᠰᠠᠨ ᠦᠨ᠎ᠡ ᠨᠢ ᠠᠷᠠᠳ ᠤᠨ ᠵᠤᠭᠤᠰ 89809.72 ᠲᠦᠭᠦᠷᠢᠭ ᠪᠤᠯᠤᠨ᠎ᠠ》 ᠭᠡᠪᠡ᠃ 2013 ᠣᠨ ᠤ 5 ᠰᠠᠷ᠎ᠠ ᠶᠢᠨ 30 ᠤ ᠡᠳᠦᠷ ᠴᠢᠩ ×× ᠡᠩ ᠤᠨ ᠪᠠᠷᠠᠭ᠎ᠠ ᠶᠢ ᠳᠠᠯᠳᠠᠭᠤᠷ ᠠᠷᠠᠯᠵᠢᠶᠠᠯᠠᠭᠰᠠᠨ ᠶᠠᠯ᠎ᠠ ᠬᠢᠭᠰᠡᠨ ᠰᠡᠵᠢᠭᠲᠡᠨ ᠢᠶᠠᠷ ᠡᠷᠢᠶᠠᠨ ᠬᠤᠲᠠ ᠶᠢᠨ ᠬᠢᠯᠢ ᠵᠢᠨ‌‍ᠪᠤᠭᠤᠮᠲᠠ ᠶᠢᠨ ᠬᠠᠤᠯᠢ ᠪᠤᠰᠤ ᠠᠷᠠᠯᠵᠢᠶ᠎ᠠ ᠶᠢ ᠴᠠᠭᠳᠠᠨ ᠪᠠᠶᠢᠴᠠᠭᠠᠬᠤ ᠬᠤᠪᠢᠶᠠᠷᠢ ᠲᠤᠪᠴᠢᠶᠠᠨ ᠳᠤ ᠡᠷᠡᠭᠦᠦ ᠶᠢᠨ ᠬᠡᠷᠡᠭ ᠤᠨ ᠲᠦᠷ ᠬᠤᠷᠢᠯᠲᠠ ᠪᠠᠷ ᠬᠤᠷᠢᠭᠳᠠᠵᠦ᠂ 6 ᠰᠠᠷ᠎ᠡ ᠶᠢᠨ 27 ᠤ ᠡᠳᠦᠷ ᠡᠷᠢᠶᠠᠨ ᠬᠤᠲᠠ ᠶᠢᠨ ᠬᠢᠯᠢ ᠵᠢᠨ‌‍ᠪᠤᠭᠤᠮᠲᠠ ᠶᠢᠨ ᠬᠠᠤᠯᠢ ᠪᠤᠰᠤ ᠠᠷᠠᠯᠵᠢᠶ᠎ᠠ ᠶᠢ ᠴᠠᠭᠳᠠᠨ ᠪᠠᠶᠢᠴᠠᠭᠠᠬᠤ ᠬᠤᠪᠢᠶᠠᠷᠢ ᠲᠤᠪᠴᠢᠶᠠᠨ ᠳᠤ ᠪᠠᠲᠤᠯᠠᠭ᠎ᠠ‌ᠠᠪᠴᠦ ᠰᠢᠭᠦᠯᠲᠡ ᠬᠦᠯᠢᠶᠡᠪᠠ᠃ ᠲᠤᠰ ᠬᠡᠷᠡᠭ ᠢ ᠡᠷᠢᠶᠠᠨ ᠬᠤᠲᠠ ᠶᠢᠨ ᠬᠢᠯᠢ ᠶᠢᠨ ᠪᠤᠭᠤᠮᠲᠠ ᠬᠠᠤᠯᠢ ᠪᠤᠰᠤ ᠠᠷᠠᠯᠵᠢᠶ᠎ᠠ ᠶᠢ ᠴᠠᠭᠳᠠᠨ ᠪᠠᠶᠢᠴᠠᠭᠠᠬᠤ ᠬᠤᠪᠢᠶᠠᠷᠢ ᠲᠤᠪᠴᠢᠶᠠᠨ ᠠᠴᠠ ᠮᠥᠷᠳᠡᠨ ᠪᠠᠶᠢᠴᠠᠭᠠᠵᠦ ᠳᠠᠭᠤᠰᠤᠭᠠᠳ᠂ 8 ᠰᠠᠷ᠎ᠠ ᠶᠢᠨ 6 ᠤ ᠡᠳᠦᠷ ᠰᠢᠯᠢ ᠶᠢᠨ ᠭᠤᠣᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ ᠳᠤ ᠵᠠᠭᠠᠯᠳᠤᠯᠭ᠎ᠠ ᠪᠠᠨ ᠰᠢᠯᠵᠢᠭᠦᠯᠪᠡ᠃ ᠮᠠᠨ ᠤ ᠬᠤᠷᠢᠶ᠎ᠠ ᠬᠡᠷᠡᠭ ᠢ ᠬᠦᠯᠢᠶᠡᠨ ᠠᠪᠤᠭᠰᠠᠨ ᠤ ᠳᠠᠷᠠᠭ᠎ᠠ ᠵᠠᠭᠠᠯᠳᠤᠭᠳᠠᠭᠴᠢ ᠳᠤ ᠥᠮᠥᠭᠯᠡᠭᠴᠢ ᠵᠠᠯᠠᠬᠤ ᠡᠷᠬᠡ ᠲᠠᠢ ᠶᠢ ᠮᠡᠳᠡᠭᠳᠡᠨ᠂ ᠵᠠᠭᠠᠯᠳᠤᠭᠳᠠᠭᠴᠢ ᠶᠢ ᠬᠠᠤᠯᠢ ᠶᠣᠰᠣᠭᠠᠷ ᠪᠠᠶᠢᠴᠠᠭᠠᠨ ᠰᠢᠭᠦᠨ ᠠᠰᠠᠭᠤᠵᠤ᠂ ᠬᠡᠷᠡᠭ ᠤᠨ ᠪᠦᠬᠦᠶᠢᠯᠡ ᠮᠠᠲᠸ᠋ᠷᠢᠶᠠᠯ ᠢ ᠬᠢᠨᠠᠨ ᠪᠠᠶᠢᠴᠠᠭᠠᠪᠠ᠃ 2013 ᠣᠨ ᠤ 9 ᠰᠠᠷ᠎ᠠ ᠶᠢᠨ 21 ᠤ ᠡᠳᠦᠷ ᠮᠠᠨ ᠤ ᠬᠤᠷᠢᠶ᠎ᠠ ᠲᠤᠰ ᠬᠡᠷᠡᠭ ᠢ ᠰᠢᠯᠢ ᠶᠢᠨ ᠭᠤᠣᠯ ᠠᠶᠢᠮᠠᠭ ᠤᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ ᠳᠤ ᠰᠢᠯᠵᠢᠭᠦᠯᠥᠨ ᠬᠦᠷᠭᠡᠵᠦ᠂ ᠰᠢᠯᠢ ᠶᠢᠨ ᠭᠤᠣᠯ ᠠᠶᠢᠮᠠᠭ ᠤᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠰᠢᠭᠦᠨ ᠲᠠᠰᠤᠯᠤᠭᠰᠠᠨ ᠨᠢ᠄ ᠵᠠᠭᠠᠯᠳᠤᠭᠳᠠᠭᠴᠢ ᠴᠢᠩ ×× ᠢ ᠬᠤᠶᠠᠷ ᠵᠢᠯ ᠤᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠭᠡᠭᠡᠳ ᠭᠤᠷᠪᠠᠨ ᠵᠢᠯ ᠬᠤᠶᠢᠰᠢᠯᠠᠭᠤᠯᠤᠨ ᠭᠦᠢᠴᠡᠳᠭᠡᠵᠦ᠂ 10 ᠲᠦᠮᠡᠨ ᠲᠥᠭᠦᠷᠢᠭ ᠢᠶᠠᠷ ᠨᠡᠶᠢᠯᠡᠭᠦᠯᠦᠨ ᠶᠠᠯᠠᠳᠠᠪᠠ᠃ 

    ᠰᠢᠯᠢ ᠶᠢᠨ ᠭᠤᠤᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ 2014 ᠤᠨ ᠤ 6 ᠰᠠᠷᠠᠶᠢᠨ 30 ᠤ ᠡᠳᠦᠷ

     ᠬᠤᠶᠠᠷ ᠵᠠᠭᠠᠯᠳᠤᠭᠳᠠᠭᠴᠢ ᠴᠤ᠋××᠂ ᠰᠦ᠋×× ᠤᠨ ᠵᠣᠷᠢᠭᠤᠳᠠ ᠬᠦᠮᠦᠨ ᠠᠯᠠᠭᠰᠠᠨ᠂ ᠲᠤᠨᠤᠨ ᠳᠡᠭᠡᠷᠡᠮᠳᠡᠭᠰᠡᠨ᠂ ᠵᠠᠭᠠᠯᠳᠤᠭᠳᠠᠭᠴᠢ ᠴᠤ᠋×× ᠤ ᠨᠥᠵᠢᠳᠯᠡᠭᠰᠡᠨ᠂ ᠵᠠᠭᠠᠯᠳᠤᠭᠳᠠᠭᠴᠢ ᠰᠦ᠋×× ᠤᠨ ᠵᠣᠷᠢᠭᠤᠳᠠ ᠬᠦᠮᠦᠨ ᠢ ᠭᠡᠮᠲᠦᠭᠡᠭᠰᠡᠨ ᠶᠠᠯᠠᠲᠤ ᠬᠡᠷᠡᠭ 2012 ᠣᠨ ᠤ 6 ᠰᠠᠷ᠎ᠠ ᠶᠢᠨ 8 ᠤ ᠡᠳᠦᠷ ᠤᠨ ᠣᠷᠤᠢ ᠠᠴᠠ ᠳᠠᠷᠠᠭ᠎ᠠ ᠡᠳᠦᠷ ᠤᠨ ᠦᠷ ᠪᠤᠯᠲᠠᠯ᠎ᠠ᠂ ᠵᠠᠭᠠᠯᠳᠤᠭᠳᠠᠭᠴᠢ ᠴᠤ᠋××᠂ ᠰᠦ᠋×× ᠬᠤᠶᠠᠭᠤᠯᠠ ᠴᠤ᠋×× ᠤ ᠭᠡᠷ ᠲᠤ ᠠᠷᠢᠬᠢ ᠤᠤᠭᠤᠬᠤ ᠲᠤᠮᠳᠠ ᠬᠤᠶᠠᠭᠤᠯᠠ ᠴᠤ᠋×× ᠪᠤᠯᠤᠨ ᠰᠡ᠊×× ︵ᠬᠤᠤᠷᠯᠠᠭᠳᠠᠭᠴᠢ᠂ ᠡᠷᠡᠭᠲᠠᠢ᠂ 44 ᠨᠠᠰᠤᠲᠠᠢ︶ ᠤᠨ ᠬᠡᠥᠬᠡᠨ ᠲᠠᠢ ᠢᠨᠠᠭᠯᠠᠵᠤ ᠪᠠᠶᠢᠬᠤ ᠬᠤᠭᠤᠴᠠᠭᠠᠨ ᠳᠤ ᠵᠣᠭᠤᠰ ᠵᠢᠭᠡᠯᠡᠭᠰᠡᠨ ᠤᠴᠢᠷ ᠢ ᠶᠠᠷᠢᠯᠴᠠᠵᠤ᠂ ᠴᠤ᠋××ᠰᠦ᠋×× ᠲᠤ ᠰᠡ᠊ ×× ᠤᠨ ᠳᠤ ᠶᠠᠪᠤᠶ᠎ᠠ ᠭᠡᠬᠦ ᠳᠤ ᠰᠦ᠋×× ᠵᠦᠪᠰᠢᠶᠡᠷᠡᠪᠡ᠃ 6 ᠰᠠᠷ᠎ᠠ ᠶᠢᠨ 9 ᠤ ᠡᠳᠦᠷ ᠤᠨ ᠦᠷ ᠤᠨ ᠭᠤᠷᠪᠠᠨ ᠴᠠᠭ ᠤᠷᠴᠢᠮ᠂ ᠵᠠᠭᠠᠯᠳᠤᠭᠳᠠᠭᠴᠢ ᠴᠤ᠋×× ᠦᠪᠡᠷ ᠤᠨ ᠭᠡᠷ ᠤᠨ ᠪᠠᠭ᠎ᠠ ᠬᠦᠮᠦᠷᠭᠡᠨ ᠠᠴᠠ ᠨᠢᠭᠡ ᠰᠠᠨᠳᠤᠤ ᠶᠢᠨ ᠲᠤᠯᠤᠭᠠᠢ ᠠᠪᠴᠤ᠂ ᠪᠦᠰ ᠢᠶᠠᠷ ᠰᠠᠨᠳᠤᠤ ᠶᠢᠨ ᠲᠤᠯᠤᠭᠠᠢ ᠶᠢ ᠪᠤᠭᠤᠵᠤ᠂ ᠳᠡᠭᠦᠦ ᠪᠠᠶᠠᠨᠰᠢᠳᠤᠷᠭᠤ ᠪᠤᠯᠤᠨ ᠠᠳᠢᠶ᠎ᠠ ᠬᠤᠶᠠᠷ ᠢᠶᠠᠷ ᠰᠡ᠊ ×× ᠤᠨ ᠭᠡᠷ ᠲᠤ ᠬᠦᠷᠭᠡᠯᠭᠡᠪᠡ᠃ ᠴᠤ᠋××᠂ ᠰᠦ᠋×× ᠬᠤᠶᠠᠷ ᠰᠡ᠊ ×× ᠤᠨ ᠭᠡᠷ ᠲᠤ ᠤᠷᠤᠭᠰᠠᠨ ᠤ ᠳᠠᠷᠠᠭ᠎ᠠ᠂ ᠴᠤᠯᠮᠣᠨ ᠬᠠᠨᠵᠣᠨ ᠳᠡᠭᠡᠷ᠎ᠡ ᠰᠠᠭᠤᠵᠦ ᠪᠠᠶᠢᠭᠰᠠᠨ ᠰᠡ᠊ ×× ᠲᠠᠢ ᠪᠠᠭ᠎ᠠ ᠤᠴᠢᠷ ᠲᠤ ᠬᠡᠯᠡ ᠠᠮᠠ ᠪᠤᠯᠬᠤ ᠳᠤ᠂ ᠰᠦ᠋×× ᠭᠡᠷ ᠤᠨ ᠵᠣᠣᠬᠠᠨ ᠤ ᠰᠢᠷᠠᠮᠦ ᠢ ᠠᠪᠴᠤ ᠰᠡ᠊ ×× ᠤᠨ ᠥᠭᠡᠳᠡ ᠰᠢᠳᠡᠬᠦ ᠳᠤ ᠰᠡ᠊ ×× ᠤᠨ ᠲᠤᠯᠤᠭᠠᠢ ᠢ ᠣᠨᠣᠪᠠ᠃ ᠰᠦ᠋×× ᠳᠠᠬᠢᠨ ᠵᠣᠣᠬᠠᠨ ᠰᠢᠷᠡᠮᠦ ᠶᠢ ᠪᠠᠷᠢᠨ ᠬᠠᠨᠵᠤᠨ ᠳᠡᠭᠡᠷ᠎ᠡ ᠭᠠᠷᠴᠤ᠂ ᠵᠣᠣᠬᠠᠨ ᠰᠢᠷᠡᠮᠦ ᠵᠢᠨ‌ᠢᠷᠲᠠᠢ ᠲᠠᠯ᠎ᠠ ᠪᠠᠷ ᠨᠢ ᠰᠡ᠊ ×× ᠤᠨ ᠲᠣᠯᠣᠭᠠᠢ ᠳᠡᠭᠡᠷ᠎ᠡ ᠬᠡᠳᠦ ᠴᠠᠪᠴᠢᠵᠤ᠂ ᠵᠣᠣᠬᠠᠨ ᠰᠢᠷᠠᠮᠤ ᠬᠠᠭᠠᠷᠡᠬᠤ ᠳᠤ ᠰᠠᠶ᠋ᠢ ᠭᠠᠷ ᠵᠤᠭᠰᠤᠪᠠ᠃ ᠰᠡ᠊ ×× ᠲᠠᠬᠢᠵᠤ ᠴᠤᠬᠢᠭᠳᠠᠬᠤ ᠠᠴᠠ ᠠᠶᠤᠭᠠᠳ᠂ ᠪᠠᠶ᠎ᠡ ᠵᠠᠰᠠᠬᠤ ᠪᠠᠷ ᠰᠢᠯᠲᠠᠭᠯᠠᠨ ᠭᠡᠷ ᠠᠴᠠ ᠭᠠᠷᠴᠤ ᠳᠤᠲᠠᠭᠠᠪᠠ᠃ ᠴᠤ᠋×× ᠦᠪᠡᠷ ᠤᠨ ᠠᠪᠴᠢᠷᠠᠭᠰᠠᠨ ᠰᠠᠨᠳᠤᠤ ᠤᠨ ᠲᠤᠯᠤᠭᠠᠢ ᠢ ᠪᠠᠷᠢᠵᠤ᠂ ᠰᠡ᠊ ×× ᠤᠨ ᠬᠤᠶᠢᠨ᠎ᠠ ᠠᠴᠠ ᠲᠠᠭᠤᠵᠤ᠂ ᠰᠠᠨᠳᠤᠤ ᠶᠢᠨ ᠲᠤᠯᠤᠭᠠᠢ ᠪᠠᠷ ᠰᠡ᠊ ×× ᠤᠨ ᠪᠡᠶ᠎ᠡ ᠳᠡᠭᠡᠷ᠎ᠡ ᠴᠠᠪᠴᠢᠪᠠ᠃ ᠰᠡ᠊ ×× ᠭᠡᠷ ᠤᠨ ᠬᠤᠶᠢᠨ᠎ᠠ ᠬᠦᠷᠴᠦ ᠭᠠᠵᠠᠷ ᠤᠶᠢᠴᠢᠬᠤ ᠳᠤ᠂ ᠴᠤ᠋×× ᠰᠡ᠊ ×× ᠤᠨ ᠪᠡᠶ᠎ᠠ ᠳᠡᠭᠡᠷ᠎ᠡ ᠲᠠᠬᠢᠨ ᠰᠠᠨᠳᠤᠤ ᠤᠨ ᠲᠤᠯᠤᠭᠠᠢ ᠪᠠᠷ ᠬᠡᠳᠦ ᠴᠠᠪᠴᠢᠵᠣ᠂ ᠰᠡ᠊ ×× ᠤᠨ ᠬᠤᠶᠠᠷ ᠬᠦᠯ ᠠᠴᠠ ᠨᠢ ᠪᠠᠷᠢᠵᠤ ᠭᠡᠷ ᠤᠨ ᠬᠠᠨᠵᠤᠨ ᠤ ᠬᠠᠵᠠᠭᠤ ᠳᠤ ᠴᠢᠷᠴᠦ ᠤᠷᠤᠭᠤᠯᠤᠨ‌‍ᠴᠤ᠋×× ᠰᠠᠨᠳᠤᠤ ᠤᠨ ᠲᠤᠯᠤᠭᠠᠢ ᠪᠠᠷ ᠰᠡ᠊ ×× ᠤᠨ ᠬᠤᠶᠠᠷ ᠬᠦᠯ ᠤᠨ ᠰᠢᠷᠪᠦᠰᠦ ᠢ ᠤᠭᠲᠤᠯᠤᠨ ᠳᠠᠰᠤᠯᠵᠤ᠂ ᠳᠠᠬᠢᠨ ᠪᠡᠶ᠎ᠠ ᠳᠡᠭᠡᠷ᠎ᠡ ᠨᠢ ᠬᠡᠳᠦ ᠢᠰᠭᠦᠯᠪᠡ᠃ ᠵᠠᠯᠭᠠᠭᠠᠳ‌‍ᠴᠤ᠋×× ᠰᠡ᠊ ×× ᠤᠨ ᠡᠬᠡᠨᠡᠷ ᠴᠡ᠊×× ︵ᠬᠤᠤᠷᠯᠠᠭᠳᠠᠭᠴᠢ᠂ ᠡᠮᠡᠭᠲᠡᠢ᠂36 ᠨᠠᠰᠦᠲᠠᠢ︶ ᠢᠶᠠᠷ ᠬᠡᠦᠬᠡᠨ ᠳᠡᠭᠡᠨ ᠤᠳᠠᠰᠤ ᠠᠪᠴᠦ ᠳᠠᠭᠤᠳᠠᠵᠤ ᠠᠪᠴᠢᠷᠠ ᠭᠡᠪᠠ᠃ ᠴᠡ᠊×× ᠵᠤᠭᠰᠤᠭᠠᠳ ᠬᠦᠳᠡᠯᠬᠦ ᠦᠭᠡᠢ ᠢ ᠦᠵᠡᠭᠡᠳ᠂ ᠰᠦ᠋××ᠴᠤ᠋×× ᠤ ᠭᠠᠷ ᠠᠴᠠ ᠰᠠᠨᠳᠤᠤ ᠶᠢᠨ ᠲᠤᠯᠤᠭᠠᠢ ᠢ ᠠᠪᠴᠤ᠂ ᠴᠡ᠊×× ᠤᠨ ᠲᠤᠯᠤᠭᠠᠢ ᠪᠣᠯᠣᠨ ᠭᠠᠷ ᠳᠡᠭᠡᠷ᠎ᠡ ᠴᠠᠪᠴᠢᠪᠠ᠃ ᠲᠠᠷᠠᠭ᠎ᠠ ᠨᠢ ᠰᠦ᠋×× ᠰᠡ᠊ ×× ᠪᠠᠰᠠ ᠠᠮᠢᠰᠬᠤᠬ᠎ᠠ ᠲᠠᠢ ᠪᠠᠶᠢᠬᠤ ᠢ ᠦᠵᠡᠨ᠂ ᠰᠠᠨᠳᠤᠤ ᠤᠨ ᠲᠤᠯᠤᠭᠠᠢ ᠪᠠᠷ ᠳᠠᠬᠢᠨ ᠰᠡ᠊ ×× ᠤᠨ ᠲᠤᠯᠤᠭᠠᠢ ᠪᠤᠯᠤᠨ ᠪᠡᠶ᠎ᠡ ᠳᠡᠭᠡᠷ᠎ᠡ ᠴᠠᠪᠴᠢᠪᠠ᠃ ᠡᠨᠡ ᠦᠶ᠎ᠡ ᠲᠡᠭᠷᠢ ᠭᠡᠭᠡᠷᠡᠬᠦ ᠳᠤ᠂ ᠴᠡ᠊×× ᠰᠡ᠊ ×× ᠢ ᠬᠠᠨᠵᠤᠨ ᠳᠡᠭᠡᠷ᠎ᠡ ᠭᠠᠷᠭᠠᠶ᠎ᠠ ᠭᠡᠵᠦ ᠭᠤᠶᠤᠴᠢᠯᠠᠬᠤ ᠳᠤ᠂ ᠴᠤ᠋×× ᠪᠤᠯᠤᠨ ᠴᠡ᠊×× ᠬᠤᠶᠠᠷ ᠬᠦᠮᠦᠨ ᠰᠡ᠊ ×× ᠢ ᠬᠠᠨᠵᠤᠨ ᠳᠡᠭᠡᠷ᠎ᠡ ᠭᠠᠷᠭᠠᠵᠤ ᠬᠡᠪᠲᠡᠭᠦᠯᠦᠭᠡᠳ᠂ ᠳᠡᠭᠡᠷ᠎ᠡ ᠠᠴᠠ ᠨᠢ ᠬᠦᠨᠵᠢᠯᠡ ᠬᠤᠴᠢᠵᠤ ᠦᠭᠭᠦᠭᠡᠳ᠂ ᠴᠡ᠊×× ᠵᠣᠣᠬᠠᠨ ᠤ ᠦᠨᠡᠰᠦ ᠪᠠᠷ ᠭᠠᠵᠠᠷ ᠳᠡᠭᠡᠷᠡᠬᠢ ᠴᠢᠰᠦ ᠢ ᠴᠡᠪᠡᠷᠯᠡᠪᠡ᠃ ᠡᠨᠡ ᠬᠤᠭᠤᠷᠤᠨᠳᠤ ᠴᠤ᠋×× ᠰᠡ᠊ ×× ᠤᠨ ᠠᠶᠠᠭᠠᠨ ᠬᠤᠷᠭᠤᠨ ᠠᠴᠠ ᠨᠢᠭᠡ ᠪᠤᠤᠳᠤ ᠭᠠᠷᠭᠠᠨ ᠠᠪᠴᠦ ᠬᠠᠨᠵᠤᠨ ᠳᠡᠭᠡᠷ᠎ᠡ ᠲᠠᠯᠪᠢᠪᠠ᠃ ᠰᠦ᠋×× ᠬᠠᠨᠵᠤᠨ ᠳᠡᠭᠡᠷ᠎ᠡ ᠭᠠᠷᠬᠤ ᠳᠤ ᠰᠡ᠊ ×× ᠪᠠᠰᠠ ᠠᠮᠢᠰᠬᠤᠭ᠎ᠠ ᠲᠠᠢ ᠪᠠᠶᠢᠬᠤ ᠢ ᠦᠵᠡᠨ᠂ ᠬᠠᠨᠵᠤᠨ ᠳᠡᠭᠡᠷ᠎ᠡ ᠪᠠᠶᠢᠭᠰᠠᠨ ᠪᠤᠤᠳᠤ ᠶᠢ ᠠᠪᠴᠦ ᠰᠡ᠊ ×× ᠤᠨ ᠲᠣᠯᠣᠭᠠᠢ ᠳᠡᠭᠡᠷ᠎ᠡ ᠬᠡᠳᠦ ᠴᠠᠪᠴᠢᠪᠠ᠃ ᠵᠠᠯᠭᠠᠭᠠᠳ ᠴᠤ᠋×× ᠬᠦᠮᠦᠨ ᠳᠤ ᠰᠡᠵᠢᠭᠯᠡᠭᠳᠡᠬᠦ ᠠᠴᠠ ᠠᠶᠤᠵᠤ᠂ ᠰᠦ᠋×× ᠢ ᠰᠡ᠊ ×× ᠤᠨ ᠬᠤᠨᠢ ᠶᠢ ᠨᠢ ᠬᠤᠷᠤᠭᠠᠨ ᠠᠴᠠ ᠭᠠᠷᠭᠠᠴᠢᠬ᠎ᠠ ᠭᠡᠪᠡ᠃ ᠰᠦ᠋×× ᠲᠡᠭᠡᠭᠡᠳ ᠭᠠᠷᠴᠤ ᠬᠤᠨᠢ ᠶᠢ ᠬᠤᠷᠤᠭᠠᠨ ᠠᠴᠠ ᠨᠢ ᠭᠠᠷᠭᠠᠪᠠ᠃ ᠵᠠᠭᠠᠯᠳᠤᠭᠳᠠᠭᠴᠢ ᠰᠦ᠋×× ᠭᠠᠷᠤᠭᠰᠠᠨ ᠤ ᠳᠠᠷᠠᠭ᠎ᠠ᠂ ᠵᠠᠭᠠᠯᠳᠤᠭᠳᠠᠭᠴᠢ ᠴᠤ᠋×× ᠴᠡ᠊×× ᠤ ᠦᠮᠦᠳᠦ ᠶᠢ ᠡᠪᠦᠳᠦᠭ ᠬᠦᠷᠲᠡᠯ᠎ᠡ ᠨᠢ ᠲᠠᠶᠢᠯᠵᠤ᠂ ᠥᠪᠡᠷ ᠤᠨ ᠥᠮᠦᠳᠦ ᠪᠠᠨ ᠪᠠᠰᠠ‌ᠡᠪᠦᠳᠦᠭ ᠬᠦᠷᠲᠡᠯ᠎ᠡ ᠲᠠᠶᠢᠯᠵᠤ᠂ ᠴ᠊×× ᠢ ᠬᠠᠨᠵᠤᠨ ᠳᠡᠭᠡᠷ᠎ᠡ ᠳᠠᠷᠦᠵᠤ ᠬᠡᠪᠲᠡᠪᠠ᠃ ᠰᠦ᠋×× ᠬᠤᠨᠢ ᠶᠢ ᠭᠠᠷᠭᠠᠭᠠᠳ ᠭᠡᠷ ᠲᠤ ᠤᠷᠦᠬᠤ ᠳᠤ᠂ ᠴᠤ᠋×× ᠴᠡ᠊×× ᠤᠨ ᠭᠠᠷ ᠲᠤ ᠵᠡᠭᠦᠵᠤ ᠪᠠᠶᠢᠭᠰᠠᠨ ᠬᠤᠶᠠᠷ ᠮᠦᠩᠭᠦᠨ ᠪᠦᠭᠡᠵᠢ ᠢ ᠪᠤᠯᠢᠶᠠᠨ ᠠᠪᠴᠤ ᠰᠦ᠋×× ᠲᠤ ᠦᠭᠴᠦ᠂ ᠰᠦ᠋×× ᠢ ᠭᠠᠳᠠᠨ᠎ᠠ ᠭᠠᠷᠴᠤ ᠬᠠᠷᠠᠵᠤ ᠪᠠᠢ ᠭᠡᠪᠡ᠃ ᠰᠦ᠋×× ᠭᠠᠷᠤᠭᠰᠠᠨ ᠤ ᠳᠠᠷᠠᠭ᠎ᠠ᠂ᠴᠤ᠋×× ᠠᠯᠪᠠᠳᠠᠯᠭ᠎ᠠ ᠪᠠᠷ ᠴᠡ᠊×× ᠲᠠᠢ ᠪᠡᠯᠭᠡ ᠶᠢᠨ ᠬᠠᠷᠢᠴᠠᠭ᠎ᠠ ᠡᠭᠦᠰᠪᠡ᠃ ᠳᠠᠷᠠᠭ᠎ᠠ ᠨᠢ ᠴᠤ᠋×× ᠳᠠᠬᠢᠨ ᠴᠡ᠊×× ᠪᠠᠷ ᠬᠡᠦᠬᠡᠨ ᠢ ᠨᠢ ᠳᠠᠭᠤᠳᠠᠭᠤᠯᠪᠠ᠃ ᠴᠡ᠊×× ᠤᠲᠠᠰᠤ ᠠᠪᠴᠤ ᠬᠡᠦᠬᠡᠨ ᠢᠶᠠᠨ ᠳᠠᠭᠤᠳᠠᠭᠠᠳ ᠭᠡᠷ ᠠᠴᠠ ᠭᠠᠷᠴᠤ ᠬᠤᠨᠢ ᠤᠰᠤᠯᠬᠤ ᠳᠤ᠂ ᠴᠤ᠋×× ᠠᠷᠤ ᠠᠴᠠ ᠨᠢ ᠳᠠᠭᠠᠵᠤ ᠭᠠᠷᠴᠤ ᠴᠤᠭ ᠬᠤᠨᠢ ᠤᠰᠤᠯᠠᠪᠠ᠃ ᠬᠤᠶᠠᠷ ᠬᠦᠮᠦᠨ ᠬᠤᠨᠢ ᠤᠰᠤᠯᠬᠤ ᠳᠤ᠂ ᠨᠠ᠊××ᠰᠡ᠊ ×× ᠤᠨ ᠳᠤ ᠢᠷᠡᠪᠡ᠃ ᠴᠡ᠊×× ᠴᠤ᠋××᠂ ᠰᠦ᠋×× ᠠᠩᠬᠠᠷᠤᠮᠵᠢ ᠦᠭᠡᠢ ᠳᠤ᠂ ᠨᠠ᠊×× ᠲᠤ ᠤᠴᠢᠷ ᠭᠠᠷᠴᠠᠢ ᠭᠡᠳ ᠨᠠ᠊×× ᠤᠨ ᠮᠤᠲ᠋ᠤᠷ ᠳᠡᠭᠡᠷ᠎ᠡ ᠰᠠᠭᠤᠵᠤ ᠲᠤᠬᠠᠢ ᠶᠢᠨ ᠲᠠᠯᠠᠪᠠᠢ ᠠᠴᠠ ᠳᠤᠲᠠᠭᠠᠨ ᠶᠠᠪᠤᠪᠠ᠃ ᠴᠤ᠋××᠂ ᠰᠦ᠋×× ᠴᠡ᠊×× ᠤᠨ ᠳᠤᠲᠠᠭᠠᠭᠰᠠᠨ ᠢ ᠦᠵᠡᠭᠡᠳ ᠲᠤᠬᠠᠢ ᠶᠢᠨ ᠲᠠᠯᠠᠪᠠᠢ ᠠᠴᠠ ᠳᠤᠲᠠᠭᠠᠨ ᠶᠠᠪᠦᠪᠠ᠃ ᠳᠤᠲᠤᠭᠠᠳᠤ ᠢ ᠬᠠᠮᠠᠭᠠᠯᠠᠬᠤ ᠳᠤᠪᠴᠢᠶ᠎ᠠ 2012 ᠤᠨ ᠤ 6 ᠰᠠᠷ᠎ᠠ ᠶᠢᠨ 10 ᠤ ᠡᠳᠦᠷ ᠤᠨ ᠦᠳᠡ ᠶᠢᠨ ᠡᠮᠦᠨ᠎ᠡ ᠵᠢᠷᠦᠬᠡ ᠪᠠᠯᠭᠠᠰᠦᠨ ᠤ ᠳᠤᠮᠳᠠᠤ᠋ᠰᠦ ᠭᠠᠴᠠᠭᠠᠨ ᠤ ᠮᠠᠯᠴᠢᠨ ᠪᠠ᠊×× ᠤᠨ ᠭᠡᠷ ᠤᠨ ᠵᠤᠭᠤᠷᠢᠨ ᠠᠴᠠ ᠵᠠᠭᠠᠯᠳᠤᠭᠳᠠᠭᠴᠢ ᠴᠤ᠋××᠂ ᠰᠦ᠋×× ᠢ ᠪᠠᠷᠢᠪᠴᠢᠯᠠᠪᠠ᠃ ᠵᠠᠭᠠᠯᠳᠤᠭᠳᠠᠭᠴᠢ ᠴᠣ××6 ᠰᠠᠷ᠎ᠠ ᠶᠢᠨ 11 ᠤ ᠡᠳᠦᠷ ᠵᠣᠷᠢᠭᠤᠳᠠ ᠬᠦᠮᠦᠨ ᠠᠯᠠᠭᠰᠠᠨ ᠶᠠᠯ᠎ᠠ ᠬᠢᠭᠰᠡᠨ ᠰᠡᠵᠢᠭᠲᠡᠨ ᠢᠶᠠᠷ ᠰᠦᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠤᠷᠢᠯᠲᠠ ᠪᠠᠷ ᠬᠤᠷᠢᠭᠳᠠᠵᠦ᠂ 7 ᠰᠠᠷ᠎ᠡ ᠶᠢᠨ 13 ᠤ ᠡᠳᠦᠷ ᠰᠦᠨᠢᠳ ᠪᠠᠷᠠᠭᠤᠨ ᠬᠤᠰᠢᠭᠤᠨ ᠤ ᠪᠠᠶᠢᠴᠠᠭᠠᠬᠤ ᠬᠤᠷᠢᠶᠠᠨ ᠤ ᠵᠥᠪᠰᠢᠶᠡᠷᠡᠯ ᠢᠶᠠᠷ ᠪᠠᠷᠢᠪᠴᠢᠯᠠᠭᠳᠠᠪᠠ᠃ ᠵᠠᠭᠠᠯᠳᠤᠭᠳᠠᠭᠴᠢ ᠰᠦ᠋×× 6 ᠰᠠᠷ᠎ᠠ ᠶᠢᠨ 11 ᠤ ᠡᠳᠦᠷ ᠵᠣᠷᠢᠭᠤᠳᠠ ᠬᠦᠮᠦᠨ ᠠᠯᠠᠭᠰᠠᠨ ᠶᠠᠯ᠎ᠠ ᠬᠢᠭᠰᠡᠨ ᠰᠡᠵᠢᠭᠲᠡᠨ ᠢᠶᠠᠷ ᠰᠦᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠤᠷᠢᠯᠲᠠ ᠪᠠᠷ ᠬᠤᠷᠢᠭᠳᠠᠵᠦ᠂ 7 ᠰᠠᠷ᠎ᠡ ᠶᠢᠨ 13 ᠤ ᠡᠳᠦᠷ ᠰᠦᠨᠢᠳ ᠪᠠᠷᠠᠭᠤᠨ ᠬᠤᠰᠢᠭᠤᠨ ᠤ ᠪᠠᠶᠢᠴᠠᠭᠠᠬᠤ ᠬᠤᠷᠢᠶᠠᠨ ᠤ ᠵᠥᠪᠰᠢᠶᠡᠷᠡᠯ ᠢᠶᠠᠷ ᠪᠠᠷᠢᠪᠴᠢᠯᠠᠭᠳᠠᠪᠠ᠃ ᠬᠠᠤᠯᠢ ᠶᠢᠨ ᠡᠮᠴᠢ ᠶᠢᠨ ᠰᠢᠯᠭᠠᠨ ᠪᠠᠶᠢᠴᠠᠭᠠᠭᠰᠠᠨ ᠢᠶᠠᠷ᠄ 《 ᠬᠤᠤᠷᠯᠠᠭᠳᠠᠭᠴᠢ ᠰᠡ᠊ ×× ᠤᠨ ᠪᠡᠶ᠎ᠠ ᠶᠢᠨ ᠤᠯᠠᠨ ᠬᠡᠰᠡᠭ ᠭᠠᠳᠠᠷ ᠰᠢᠷᠬᠠᠨ ᠠᠴᠠ ᠶᠡᠭᠡ ᠬᠡᠮᠵᠢᠶᠡᠨ ᠤ ᠴᠢᠰᠦ ᠠᠯᠲᠠᠭᠳᠠᠭᠰᠠᠨ ᠠᠴᠠ ᠪᠤᠯᠵᠤ ᠦᠬᠦᠪᠡ᠂ ᠬᠤᠤᠷᠯᠠᠭᠳᠠᠭᠴᠢ ᠴᠡ᠊×× ᠶᠢᠨ ᠰᠢᠷᠬ᠎ᠠ ᠬᠥᠩᠭᠡᠨ ᠰᠢᠷᠬ᠎ᠠ ᠪᠤᠯᠤᠨ᠎ᠠ》 ᠭᠡᠪᠡ᠃ ᠰᠦᠨᠢᠳ ᠪᠠᠷᠠᠭᠤᠨ ᠬᠤᠰᠢᠭᠤᠨ ᠤ ᠦᠨ᠎ᠡ ᠬᠠᠩᠰᠢ ᠦᠨᠡᠯᠡᠨ ᠵᠢᠱᠢᠬᠦ ᠲᠦᠪ ᠤᠨ ᠰᠢᠯᠭᠠᠨ ᠪᠠᠶᠢᠴᠠᠭᠠᠭᠰᠠᠨ ᠢᠶᠠᠷ᠄ 《ᠵᠠᠭᠠᠯᠳᠤᠭᠳᠠᠭᠴᠢ ᠴᠤ᠋××᠂ ᠰᠦ᠋×× ᠤᠨ ᠪᠤᠯᠢᠶᠠᠭᠰᠠᠨ ᠪᠤᠳᠠᠰ ᠤᠨ ᠥᠨ᠎ᠡ ᠨᠢ ᠠᠷᠠᠳ ᠤᠨ ᠵᠣᠭᠤᠰ ᠲᠠᠪᠢᠨ ᠲᠦᠭᠦᠷᠢᠭ ᠪᠤᠯᠤᠨ᠎ᠠ 》 ᠭᠡᠪᠡ᠃ ᠲᠤᠰ ᠬᠡᠷᠡᠭ ᠢ ᠰᠦᠨᠢᠳ ᠪᠠᠷᠠᠭᠤᠨ ᠬᠤᠰᠢᠭᠤᠨ ᠤ ᠲᠣᠲᠣᠭᠠᠳᠤ ᠶᠢ ᠬᠠᠮᠠᠭᠠᠯᠠᠬᠤ ᠲᠣᠪᠴᠢᠶᠠᠨ ᠠᠴᠠ ᠮᠥᠷᠳᠡᠨ ᠪᠠᠶᠢᠴᠠᠭᠠᠵᠦ ᠳᠠᠭᠤᠰᠤᠭᠠᠳ᠂ 2012 ᠣᠨ ᠤ 9 ᠰᠠᠷ᠎ᠠ ᠶᠢᠨ 11 ᠤ ᠡᠳᠦᠷ ᠴᠤ᠋×× ᠰᠦ᠋×× ᠤᠨ ᠵᠤᠷᠢᠭᠤᠳᠠ ᠬᠦᠮᠦᠨ ᠠᠯᠠᠭᠰᠠᠨ᠂ ᠲᠣᠨᠤᠨ ᠳᠡᠭᠡᠷᠡᠮᠳᠡᠭᠰᠡᠨ᠂ ᠴᠣ×× ᠤ ᠬᠦᠴᠦᠷᠬᠡᠭᠯᠡᠨ ᠨᠦᠵᠢᠳᠯᠡᠭᠰᠡᠨ᠂ ᠰᠦ᠋×× ᠤᠨ ᠵᠤᠷᠢᠭᠤᠳᠠ ᠬᠦᠮᠦᠨ ᠢ ᠰᠢᠷᠬᠠᠳᠤᠭᠤᠯᠤᠭᠰᠠᠨ ᠬᠡᠷᠡᠭ ᠢ ᠰᠦᠨᠢᠳ ᠪᠠᠷᠠᠭᠤᠨ ᠬᠤᠰᠢᠭᠤᠨ ᠤ ᠪᠠᠶᠢᠴᠠᠭᠠᠬᠤ ᠬᠤᠷᠢᠶᠠᠨ ᠳᠤ ᠰᠢᠯᠵᠢᠭᠦᠯᠦᠨ ᠬᠦᠷᠭᠡᠪᠡ᠂ ᠲᠤᠰ ᠬᠤᠷᠢᠶ᠎ᠠ ᠨᠢ ᠬᠡᠷᠡᠭ ᠤᠨ ᠬᠤᠯᠪᠣᠭᠳᠠᠯ ᠪᠦᠬᠦᠢ ᠬᠠᠷᠢᠶᠠᠯᠠᠯ ᠤᠨ ᠳᠣᠭᠲᠠᠭᠠᠯ ᠢᠶᠠᠷ 2012 ᠣᠨ ᠤ 10 ᠰᠠᠷ᠎ᠠ ᠶᠢᠨ 29 ᠤ ᠡᠳᠦᠷ ᠰᠢᠯᠢ ᠶᠢᠨ ᠭᠤᠤᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶᠠᠨ ᠳᠤ ᠮᠡᠳᠡᠭᠦᠯᠪᠡ᠃ ᠰᠢᠯᠢ ᠶᠢᠨ ᠭᠤᠤᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ ᠬᠡᠷᠡᠭ ᠢ ᠬᠦᠯᠢᠶᠡᠨ ᠠᠪᠤᠭᠰᠠᠨ ᠤ ᠳᠠᠷᠠᠭ᠎ᠠ ᠵᠠᠭᠠᠯᠳᠤᠭᠳᠠᠭᠴᠢ ᠳᠤ ᠥᠮᠥᠭᠯᠡᠭᠴᠢ ᠵᠠᠯᠠᠬᠤ ᠡᠷᠬᠡ ᠲᠠᠢ ᠶᠢ ᠮᠡᠳᠡᠭᠳᠡᠨ᠂ ᠬᠤᠤᠷᠯᠠᠭᠳᠠᠭᠴᠢ ᠵᠢᠴᠢ ᠬᠤᠤᠷᠯᠠᠭᠳᠠᠭᠴᠢ ᠶᠢᠨ ᠣᠶᠢᠷ᠎ᠠ ᠲᠦᠷᠦᠯ ᠰᠠᠳᠤᠨ ᠳᠤ ᠡᠷᠡᠭᠦᠦ ᠶᠢᠨ ᠬᠡᠷᠡᠭ ᠢ ᠳᠠᠭᠠᠯᠳᠤᠭᠰᠠᠨ ᠢᠷᠭᠡᠨ ᠤ ᠵᠠᠷᠭᠤ ᠬᠢᠬᠦ ᠡᠷᠬᠡ ᠲᠠᠢ ᠶᠢ ᠮᠡᠳᠡᠭᠳᠡᠵᠦ᠂ ᠵᠠᠭᠠᠯᠳᠤᠭᠳᠠᠭᠴᠢ ᠶᠢ ᠬᠠᠤᠯᠢ ᠶᠣᠰᠣᠭᠠᠷ ᠪᠠᠶᠢᠴᠠᠭᠠᠨ ᠰᠢᠭᠦᠨ ᠠᠰᠠᠭᠤᠵᠤ᠂ ᠬᠡᠷᠡᠭ ᠤᠨ ᠪᠦᠬᠦᠶᠢᠯᠡ ᠮᠠᠲᠸ᠋ᠷᠢᠶᠠᠯ ᠢ ᠬᠢᠨᠠᠨ ᠪᠠᠶᠢᠴᠠᠭᠠᠪᠠ᠃ 2013 ᠣᠨ ᠤ 5 ᠰᠠᠷ᠎ᠠ ᠶᠢᠨ 8 ᠤ ᠡᠳᠦᠷ ᠰᠢᠯᠢ ᠶᠢᠨ ᠭᠤᠤᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ ᠲᠤᠰ ᠬᠡᠷᠡᠭ ᠢ ᠰᠢᠯᠢ ᠶᠢᠨ ᠭᠤᠣᠯ ᠠᠶᠢᠮᠠᠭ ᠤᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ ᠳᠤ ᠰᠢᠯᠵᠢᠭᠦᠯᠥᠨ ᠬᠦᠷᠭᠡᠪᠡ᠃᠂ ᠰᠢᠯᠢ ᠶᠢᠨ ᠭᠤᠣᠯ ᠠᠶᠢᠮᠠᠭ ᠤᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠶᠢᠨ ᠰᠢᠭᠦᠨ ᠲᠠᠰᠤᠯᠤᠭᠰᠠᠨ ᠨᠢ᠄ ⑴ ᠵᠠᠭᠠᠯᠳᠤᠭᠳᠠᠭᠴᠢ ᠴᠣ×× ᠢ ᠵᠣᠷᠢᠭᠤᠳᠠ ᠬᠦᠮᠦᠨ ᠠᠯᠠᠭᠰᠠᠨ ᠶᠠᠯ᠎ᠠ ᠪᠠᠷ ᠠᠯᠠᠬᠤ ᠡᠷᠡᠭᠦᠦ ᠪᠠᠷ ᠰᠢᠳᠭᠡᠵᠦ᠂ ᠤᠯᠤᠰ ᠲᠥᠷᠦ ᠶᠢᠨ ᠡᠷᠬᠡ ᠶᠢ ᠨᠢ ᠨᠠᠰᠤᠨ ᠲᠤᠷᠰᠢᠳᠠ ᠬᠠᠰᠤᠨ᠎ᠠ︔ ᠲᠣᠨᠣᠨ ᠳᠡᠭᠡᠷᠡᠮᠳᠡᠭᠰᠡᠨ ᠶᠠᠯ᠎ᠠ ᠪᠠᠷ ᠲᠠᠪᠤᠨ ᠵᠢᠯ ᠤᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠭᠡᠵᠦ᠂ 3000 ᠲᠥᠭᠦᠷᠢᠭ ᠢᠶᠠᠷ ᠨᠡᠶᠢᠯᠡᠭᠦᠯᠦᠨ ᠶᠠᠯᠠᠳᠠᠨ᠎ᠠ︔ ᠨᠥᠵᠢᠳᠯᠡᠭᠰᠡᠨ ᠶᠠᠯ᠎ᠠ ᠪᠠᠷ ᠲᠠᠪᠤᠨ ᠵᠢᠯ ᠤᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠭᠡᠨ᠎ᠡ︔ ᠬᠡᠳᠦᠨ ᠶᠠᠯ᠎ᠠ ᠶᠢ ᠨᠡᠶᠢᠯᠡᠭᠦᠯᠦᠨ ᠠᠯᠠᠬᠤ ᠡᠷᠡᠭᠦᠦ ᠪᠠᠷ ᠰᠢᠳᠭᠡᠵᠦ᠂ ᠤᠯᠤᠰ ᠲᠦᠷᠥ ᠶᠢᠨ ᠡᠷᠬᠡ ᠶᠢ ᠨᠢ ᠨᠠᠰᠤᠨ ᠲᠤᠷᠰᠢᠳᠠ ᠬᠠᠰᠤᠵᠦ᠂ 3000 ᠲᠥᠭᠦᠷᠢᠭ ᠢᠶᠠᠷ ᠨᠡᠶᠢᠯᠡᠭᠦᠯᠦᠨ ᠶᠠᠯᠠᠳᠠᠪᠠ᠃ ⑵ ᠵᠠᠭᠠᠯᠳᠤᠭᠳᠠᠭᠴᠢ ᠰᠦ᠋×× ᠢ ᠵᠣᠷᠢᠭᠤᠳᠠ ᠬᠦᠮᠦᠨ ᠠᠯᠠᠭᠰᠠᠨ ᠶᠠᠯ᠎ᠠ ᠪᠠᠷ ᠠᠯᠠᠬᠤ ᠡᠷᠡᠭᠦᠦ ᠪᠠᠷ ᠰᠢᠳᠭᠡᠵᠦ᠂ ᠤᠯᠤᠰ ᠲᠥᠷᠦ ᠶᠢᠨ ᠡᠷᠬᠡ ᠶᠢ ᠨᠢ ᠨᠠᠰᠤᠨ ᠲᠤᠷᠰᠢᠳᠠ ᠬᠠᠰᠤᠨ᠎ᠠ︔ ᠲᠣᠨᠣᠨ ᠳᠡᠭᠡᠷᠡᠮᠳᠡᠭᠰᠡᠨ ᠶᠠᠯ᠎ᠠ ᠪᠠᠷ ᠳᠥᠷᠪᠡᠨ ᠵᠢᠯ ᠤᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠭᠡᠵᠦ᠂ 3000 ᠲᠦᠭᠦᠷᠢᠭ ᠢᠶᠠᠷ ᠶᠠᠯᠠᠳᠠᠬᠤ ᠪᠠᠷ ᠨᠡᠶᠢᠯᠡᠭᠦᠯᠦᠨ ᠰᠢᠳᠭᠡᠨ᠎ᠡ︔ ᠵᠣᠷᠢᠭᠤᠳᠠ ᠬᠦᠮᠦᠨ ᠢ ᠭᠡᠮᠲᠦᠭᠡᠭᠰᠡᠨ ᠶᠠᠯ᠎ᠠ ᠪᠠᠷ ᠬᠤᠶᠠᠷ ᠵᠢᠯ ᠤᠨ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠭᠡᠨ᠎ᠡ︔ ᠬᠡᠳᠦᠨ ᠶᠠᠯ᠎ᠠ ᠶᠢ ᠨᠡᠶᠢᠯᠡᠭᠦᠯᠦᠨ ᠠᠯᠠᠬᠤ ᠡᠷᠡᠭᠦᠦ ᠪᠠᠷ ᠰᠢᠳᠭᠡᠵᠦ᠂ ᠤᠯᠤᠰ ᠲᠥᠷᠦ ᠶᠢᠨ ᠡᠷᠬᠡ ᠶᠢ ᠨᠢ ᠨᠠᠰᠤᠨ ᠲᠤᠷᠰᠢᠳᠠ ᠬᠠᠰᠤᠵᠦ᠂ 3000 ᠲᠥᠭᠦᠷᠢᠭ ᠢᠶᠠᠷ ᠨᠡᠶᠢᠯᠡᠭᠦᠯᠦᠨ ᠶᠠᠯᠠᠳᠠᠪᠠ᠃ ᠰᠢᠯᠢ ᠶᠢᠨ ᠭᠤᠤᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ 2014 ᠤᠨ ᠤ 6 ᠰᠠᠷᠠᠶᠢᠨ 30 ᠤ ᠡᠳᠦᠷ 

ᠢᠷᠡᠯᠲᠡ
ᠰᠢᠯᠢ ᠶᠢᠨ ᠭᠤᠤᠯ ᠠᠶᠢᠮᠠᠭ ᠤᠨ ᠪᠠᠶᠢᠴᠠᠭᠠᠬᠤ ᠬᠤᠪᠢᠶᠠᠷᠢ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro