ᠳᠠᠷᠠᠭ᠎ᠠ ᠪᠢᠲᠡᠭᠡᠢ ᠬᠥᠭᠰᠡᠭᠡᠷᠡᠢ ᠂ ᠬᠡᠷᠡᠭᠦᠯ ᠵᠣᠳᠣᠭᠠᠨ ᠬᠢᠬᠦ ᠥᠪᠡᠷ ᠥᠷᠲᠡᠭ ᠨᠢ ᠬᠡᠲᠦᠷᠬᠡᠢ ᠥᠨᠳᠥᠷ ᠰᠢᠦ
2021 ᠣᠨ 8 ᠰᠠᠷ᠎ᠠ 7 ᠡᠳᠦᠷ᠂ ᠵᠠᠭᠠᠯᠳᠤᠭᠳᠠᠭᠴᠢ ᠰᠢᠶᠤᠤ ᠭᠠᠩ ︵ ᠨᠡᠷ᠎ᠡ ︶ ᠪᠣᠯᠤᠨ ᠬᠣᠸᠷᠯᠠᠭᠳᠠᠭᠴᠢ ᠰᠢᠶᠤᠤ ᠴᠢᠶᠠᠩ ︵ ᠨᠡᠷ᠎ᠡ ︶ ᠠᠷᠢᠬᠢ ᠤᠸᠭᠤᠭᠰᠠᠨ ᠤ ᠳᠠᠷᠠᠭ᠎ᠠ ᠠᠷᠰᠠᠷ ᠤᠴᠢᠷ ᠢᠶᠠᠷ ᠪᠣᠯᠵᠤ ᠬᠡᠷᠡᠯᠳᠦᠵᠦ ᠂ ᠰᠢᠶᠤᠤ ᠭᠠᠩ ᠬᠢᠲᠤᠭ᠎ᠠ ᠪᠠᠷᠢᠨ ᠰᠢᠶᠤᠤ ᠴᠢᠶᠠᠩ ᠢ ᠬᠢᠲᠤᠭᠠᠯᠠᠵᠤ ᠰᠢᠷᠬᠠᠲᠤᠭᠤᠯᠪᠠ ᠃ ᠰᠢᠯᠭᠠᠨ ᠲᠣᠭᠲᠠᠭᠠᠯᠲᠠ ᠪᠠᠷ ᠳᠠᠮᠵᠢᠭᠠᠳ ᠰᠢᠶᠤᠤ ᠴᠢᠶᠠᠩ ᠤᠨ ᠰᠢᠷᠬᠠᠲᠤᠭᠰᠠᠨ ᠬᠡᠮᠵᠢᠶ᠎ᠡ ᠨᠢ ᠬᠦᠨᠳᠦ ᠰᠢᠷᠬᠠᠲᠤᠯ ᠤᠨ ᠬᠣᠶᠠᠳᠤᠭᠠᠷ ᠳᠡᠰ ᠪᠣᠯᠤᠨ᠎ᠠ ᠃ ᠳᠠᠯᠠᠳ ᠬᠤᠰᠢᠭᠤᠨ ᠤ ᠪᠠᠢᠴᠠᠭᠠᠬᠤ ᠬᠤᠷᠢᠶ᠎ᠠ ᠵᠣᠷᠢᠭᠤᠳᠠ ᠰᠢᠷᠬᠠᠳᠤᠭᠤᠯᠤᠭᠰᠠᠨ ᠶᠠᠯ᠎ᠠ ᠳᠤ ᠬᠣᠯᠪᠣᠭᠳᠠᠭᠰᠠᠨ ᠬᠡᠷᠡᠭ ᠢᠶᠡᠷ ᠰᠢᠶᠤᠤ ᠭᠠᠩ ᠳᠤ ᠬᠠᠤᠯᠢ ᠶᠣᠰᠣᠭᠠᠷ ᠠᠯᠪᠠᠨ ᠵᠠᠭᠠᠯᠳᠤᠯᠭ᠎ᠠ ᠭᠠᠷᠭᠠᠵᠤ᠂ ᠰᠢᠭᠦᠬᠦ ᠬᠣᠷᠢᠶ᠎ᠠ ᠬᠠᠤᠯᠢ ᠶᠣᠰᠣᠭᠠᠷ ᠰᠢᠭᠦᠯᠲᠡ ᠬᠢᠬᠦ ᠪᠡᠷ ᠲᠠᠮᠵᠢᠨ᠂ ᠲᠡᠭᠦᠨ ᠢ ᠭᠤᠷᠪᠠᠨ ᠵᠢᠯ ᠬᠤᠭᠤᠴᠠᠭ᠎ᠠ ᠲᠠᠶ ᠬᠣᠷᠢᠬᠤ ᠪᠠᠷ ᠰᠢᠢᠳᠬᠡᠵᠦ᠂ ᠬᠣᠣᠷᠯᠠᠭᠳᠠᠭᠴᠢ ᠳᠤ 20 ᠭᠠᠷᠤᠶ ᠲᠦᠮᠡᠨ ᠲᠥᠭᠥᠷᠢᠭ ᠦᠨ ᠲᠥᠯᠥᠪᠦᠷᠢ ᠥᠭᠬᠦ ᠪᠡᠷ ᠵᠦᠪᠳᠡᠯᠴᠡᠭᠰᠡᠨ ᠪᠠᠢᠨ᠎ᠠ᠃
ᠬᠡᠷᠡᠭ ᠦᠨ ᠲᠤᠬᠠᠢ ᠶᠤᠰᠤ ᠵᠦᠢ᠄
ᠰᠢᠶᠤᠤ ᠭᠠᠩ ᠤᠨ ᠨᠢᠭᠡ ᠴᠠᠭ ᠤᠨ ᠬᠥᠭᠰᠡᠯ ᠨᠢ ᠥᠪᠡᠷ ᠦᠨ ᠪᠡᠶ᠎ᠡ ᠳᠤ ᠪᠠᠨ ᠯᠤᠲᠤ ᠶᠡᠬᠡ ᠠᠵᠤ ᠠᠬᠤᠶ ᠶᠢᠨ ᠬᠣᠬᠢᠷᠠᠯ ᠤᠴᠠᠷᠠᠭᠤᠯᠤᠭᠰᠠᠨ ᠢᠶᠠᠷ ᠪᠠᠷᠠᠬᠤ ᠥᠬᠡᠶ ᠂ ᠪᠠᠰᠠ ᠦᠪᠡᠷ ᠢ ᠪᠠᠨ ᠭᠢᠨᠳᠠᠨ ᠤ ᠪᠣᠯᠭᠠᠭᠰᠠᠨ ᠪᠠᠶᠢᠨ᠎ᠠ ᠂ ᠡᠨᠡ ᠨᠢ ︽ ᠡᠬᠡᠨᠡᠷ ᠳᠡᠭᠡᠷ᠎ᠡ ᠪᠠᠨ ᠢᠰᠢᠭᠡ ᠲᠠᠢ ᠢᠮᠠᠭ᠎ᠠ︾ ᠭᠡᠰᠡᠨ ᠬᠡᠷᠡᠭ ᠪᠣᠯᠵᠤ ᠂ ᠣᠯᠵᠠ ᠨᠢ ᠭᠠᠷᠤᠵᠠ ᠳᠠᠭᠠᠨ ᠬᠥᠷᠬᠥ ᠥᠬᠡᠶ ᠶᠠᠪᠤᠳᠠᠯ ᠪᠣᠯᠤᠨ᠎ᠠ ᠃ ᠨᠠᠢᠵᠠ ᠵᠢᠨ ᠴᠤᠭᠯᠠᠭᠠᠨ ᠳᠤ ᠤᠴᠢᠵᠤ ᠨᠠᠷᠭᠢᠯᠳᠤᠬᠤ ᠂ ᠳᠠᠶᠢᠯᠠᠯᠭ᠎ᠠ ᠳᠤ ᠬᠡᠳᠦᠨ ᠬᠤᠨᠳᠠᠭ᠎ᠠ ᠤᠤᠭᠤᠵᠤ ᠤᠷᠮ᠎ᠠ ᠪᠠᠨ ᠬᠥᠭᠵᠢᠭᠡᠬᠦ ᠪᠣᠯ ᠦᠨᠡᠨ ᠳᠡᠭᠡᠨ ᠪᠠᠶᠠᠷᠯᠠᠭᠤᠰᠢᠲᠠᠶ ᠶᠠᠪᠤᠳᠠᠯ ᠶᠤᠮ᠂ ᠭᠡᠲᠡᠯ᠎ᠡ ᠵᠠᠷᠢᠮ ᠬᠥᠮᠦᠨ ᠪᠡᠶ᠎ᠡ ᠪᠡᠨ ᠪᠠᠷᠢᠬᠤ ᠶᠢ ᠠᠩᠬᠠᠷᠬᠤ ᠦᠭᠡᠢ ᠂ ᠡᠭᠦᠨ ᠦ ᠳ᠋ᠦᠩ ᠳᠦ ᠠᠷᠢᠬᠢ ᠤᠤᠭᠤᠭᠰᠠᠨ ᠤ ᠲᠠᠷᠠᠭ᠎ᠠ ᠦᠭᠡ ᠬᠡᠲᠦᠷᠡᠵᠦ᠂ ᠬᠡᠪ ᠦᠨ ᠪᠠᠶᠢᠳᠠᠯ ᠢᠶᠠᠨ ᠠᠯᠳᠠᠨ᠂ ᠴᠢᠨᠠᠭᠰᠢᠯᠠᠪᠠᠯ ᠠᠷᠢᠬᠢ ᠤᠤᠭᠤᠭᠰᠠᠨ ᠤ ᠲᠠᠷᠠᠭ᠎ᠠ ᠬᠡᠷᠡᠭ ᠥᠳᠥᠭᠡᠵᠦ᠂ ᠬᠦᠨᠳᠦ ᠨᠣᠴᠢᠲᠠᠶ ᠤᠷᠰᠢᠭ ᠲᠠᠲᠠᠳᠠᠭ᠃ ᠬᠡᠷᠡᠭ ᠳᠠᠷᠠᠭ᠎ᠠ ᠰᠠᠶ᠋ᠢ ᠥᠪᠡᠷᠶᠡᠬᠡ ᠤᠷᠰᠢᠭ ᠲᠠᠲᠠᠵᠤ᠂ ᠪᠤᠰᠤᠳ ᠲᠤ ᠬᠣᠬᠢᠷᠠᠯ ᠪᠠᠷᠠᠬᠤ ᠦᠭᠡᠢ ᠥᠪᠡᠷ ᠦᠨ ᠪᠡᠶ᠎ᠡ ᠪᠠ ᠭᠡᠷ ᠦᠨ ᠴᠦ ᠬᠦᠨᠳᠦ ᠶᠡᠬᠡ ᠬᠣᠬᠢᠷᠠᠯ ᠤᠴᠠᠷᠠᠭᠤᠯᠤᠭᠰᠠᠨ ᠢᠶᠠᠨ ᠣᠯᠵᠤ ᠮᠡᠳᠡᠳᠡᠭ᠃ ᠵᠠᠷᠢᠮ ᠬᠥᠮᠦᠨ ᠄ ᠪᠢ ᠲᠤᠬᠠᠶ ᠶᠢᠨ ᠦᠶ᠎ᠡ ᠳᠦ ᠰᠣᠭᠲᠣᠴᠢᠬᠠᠭᠠᠳ ᠶᠠᠭᠤ ᠴᠤ ᠮᠠᠷᠲᠠᠴᠢᠬᠠᠵᠠᠶ ᠭᠡᠵᠦ ᠬᠡᠯᠡᠵᠦ ᠂ ᠭᠡᠪᠡᠴᠦ ᠡᠨᠡ ᠬᠦ ᠰᠢᠯᠲᠠᠭᠠᠨ ᠨᠢ ᠬᠠᠤᠯᠢ ᠴᠠᠭᠠᠵᠠ ᠶᠢᠨ ᠬᠤᠪᠢ ᠳᠤ ᠬᠠᠷᠢᠭᠤᠴᠠᠯᠭ᠎ᠠ ᠠᠴᠠ ᠭᠡᠯᠳᠦᠷᠢᠬᠦ ᠤᠴᠢᠷ ᠰᠢᠯᠲᠠᠭᠠᠨ ᠪᠣᠯᠬᠤ ᠦᠭᠡᠶ ᠶᠤᠮ᠃
ᠬᠠᠤᠯᠢ ᠵᠤᠷᠪᠤᠰ ᠤᠨ ᠬᠡᠯᠬᠢᠶᠡᠰᠦ ᠄
ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ ᠶᠢᠨ ᠠᠷᠪᠠᠨ ᠨᠠᠢᠮᠠᠳᠤᠭᠠᠷ ᠵᠦᠢᠯ ᠦᠨ ᠳᠥᠷᠪᠡᠳᠦᠭᠡᠷ ᠪᠠᠳᠠᠭ ᠢ ᠦᠨᠳᠦᠰᠦᠯᠡᠪᠡᠯ ᠄ ᠰᠣᠭᠲᠣᠭᠤ ᠬᠥᠮᠦᠨ ᠶᠠᠯ᠎ᠠ ᠬᠢᠭᠰᠡᠨ ᠪᠠᠶᠢᠪᠠᠯ ᠡᠷᠡᠭᠦᠦ ᠶᠢᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ᠃
ᠬᠡᠷᠡᠭᠦᠯ ᠵᠣᠳᠣᠭᠠᠨ ᠬᠢᠬᠦ ᠥᠪᠡᠷ ᠦᠨ ᠥᠷᠲᠡᠭ ᠨᠢ ᠬᠡᠳᠦᠶ ᠶᠡᠬᠡ ᠪᠤᠢ
●ᠬᠥᠩᠭᠡᠪᠲᠦᠷ ᠰᠢᠷᠬᠠᠳᠤᠯ ᠄ ᠵᠠᠰᠠᠭ ᠵᠠᠬᠢᠷᠭᠠᠨ ᠢᠶᠠᠷ ᠲᠦᠷ ᠬᠣᠷᠢᠯᠲᠠ ᠲᠠᠪᠤᠨ ᠡᠳᠦᠷ ᠡᠴᠡ ᠠᠷᠪᠠᠨ ᠡᠳᠦᠷ + ᠬᠣᠶᠠᠷ ᠵᠠᠭᠤ ᠠᠴᠠ ᠮᠢᠩᠭᠠᠨ ᠲᠥᠭᠥᠷᠢᠭ ᠦᠨ ᠲᠣᠷᠭᠠᠭᠤᠯᠢ ᠶᠢᠨ ᠵᠣᠭᠣᠰ + ᠡᠮ ᠡᠮᠨᠡᠯᠭᠡ ᠶᠢᠨ ᠵᠠᠷᠤᠳᠠᠯ᠂ ᠠᠵᠢᠯ ᠰᠠᠭᠠᠲᠠᠭᠰᠠᠨ ᠵᠠᠷᠤᠳᠠᠯ ᠵᠡᠷᠭᠡ ᠶᠢᠨ ᠲᠥᠯᠥᠪᠦᠷᠢ + ᠲᠦᠷ ᠬᠣᠷᠢᠬᠤ ᠠᠴᠠ ᠪᠣᠯᠤᠭᠰᠠᠨ ᠬᠣᠬᠢᠷᠠᠯ ᠃
●ᠬᠥᠩᠭᠡᠨ ᠰᠢᠷᠬᠠᠲᠤᠯ᠄ ᠭᠤᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ᠂ ᠬᠣᠷᠢᠵᠤ ᠬᠥᠳᠡᠯᠮᠦᠷᠢᠯᠡᠭᠦᠯᠬᠦ ᠪᠤᠶᠤ ᠵᠠᠬᠢᠷᠤᠨ ᠬᠠᠮᠢᠶᠠᠷᠬᠤ + ᠡᠮ ᠡᠮᠨᠡᠯᠭᠡ ᠶᠢᠨ ᠵᠠᠷᠤᠳᠠᠯ᠂ ᠠᠵᠢᠯ ᠰᠠᠭᠠᠲᠠᠭᠰᠠᠨ ᠵᠠᠷᠤᠳᠠᠯ ᠵᠡᠷᠭᠡ ᠶᠢᠨ ᠲᠥᠯᠥᠪᠦᠷᠢ + ᠡᠷᠡᠭᠦᠦ ᠰᠢᠢᠳᠬᠡᠯ ᠡᠴᠡ ᠪᠣᠯᠤᠭᠰᠠᠨ ᠬᠣᠬᠢᠷᠠᠯ ᠤᠨ ᠣᠷᠣᠯᠭ᠎ᠠ + ᠬᠥᠮᠦᠨ ᠦ ᠪᠡᠶ᠎ᠡ ᠶᠢᠨ ᠡᠷᠬᠡ ᠴᠢᠯᠥᠭᠡ + ᠭᠡᠷ ᠪᠦᠯᠢ ᠪᠠ ᠬᠤᠪᠢ ᠬᠥᠮᠦᠨ ᠳᠦ ᠤᠴᠠᠷᠠᠭᠤᠯᠤᠭᠰᠠᠨ ᠰᠢᠷᠬᠠᠲᠤᠯ᠃
●ᠬᠦᠨᠳᠦ ᠰᠢᠷᠬᠠᠲᠤᠯ᠄ ᠭᠤᠷᠪᠠᠨ ᠵᠢᠯ ᠡᠴᠡ ᠳᠡᠭᠡᠭᠰᠢ ᠠᠷᠪᠠᠨ ᠵᠢᠯ ᠡᠴᠡ ᠳᠣᠭᠣᠭᠰᠢ ᠬᠤᠭᠤᠴᠠᠭ᠎ᠠ ᠲᠠᠶ ᠬᠣᠷᠢᠬᠤ + ᠲᠥᠯᠥᠪᠦᠷᠢ ᠶᠢᠨ ᠮᠥᠩᠭᠥ + ᠡᠮ ᠡᠮᠨᠡᠯᠭᠡ ᠶᠢᠨ ᠵᠠᠷᠤᠳᠠᠯ᠂ ᠠᠵᠢᠯ ᠰᠠᠭᠠᠲᠠᠭᠰᠠᠨ ᠵᠠᠷᠤᠳᠠᠯ ᠵᠡᠷᠭᠡ ᠵᠠᠷᠤᠳᠠᠯ + ᠡᠷᠡᠭᠦᠦ ᠰᠢᠳᠬᠡᠯ ᠢᠶᠡᠷ ᠡᠴᠡ ᠪᠣᠯᠤᠭᠰᠠᠨ ᠣᠷᠣᠯᠭ᠎ᠠ ᠬᠣᠬᠢᠷᠠᠯ + ᠬᠥᠮᠦᠨ ᠦ ᠪᠡᠶ᠎ᠡ ᠶᠢᠨ ᠡᠷᠬᠡ ᠴᠢᠯᠥᠭᠡ + ᠭᠡᠷ ᠪᠦᠯᠢ ᠪᠠ ᠬᠤᠪᠢ ᠬᠥᠮᠦᠨ ᠳᠦ ᠤᠴᠠᠷᠠᠭᠤᠯᠤᠭᠰᠠᠨ ᠬᠣᠬᠢᠷᠠᠯ ᠃
●ᠬᠥᠮᠦᠨ ᠢ ᠦᠬᠦᠭᠦᠯᠦᠭᠰᠡᠨ ᠪᠤᠶᠤ ᠣᠨᠴᠠᠭᠠᠶ ᠬᠠᠷᠭᠢᠰ ᠬᠡᠷᠴᠡᠭᠡᠶ ᠠᠷᠭ᠎ᠠ ᠪᠠᠷᠢᠯ ᠢᠶᠠᠷ ᠬᠥᠮᠦᠨ ᠢ ᠬᠦᠨᠳᠦ ᠰᠢᠷᠬᠠᠲᠤᠭᠤᠯᠵᠤ ᠬᠦᠨᠳᠦ ᠨᠣᠴᠢᠲᠠᠶ ᠵᠡᠮᠳᠡᠭ ᠄ ᠠᠷᠪᠠᠨ ᠵᠢᠯ ᠡᠴᠡ ᠳᠡᠭᠡᠭᠰᠢ ᠬᠤᠭᠤᠴᠠᠭ᠎ᠠ ᠲᠠᠶ ᠬᠣᠷᠢᠬᠤ᠂ ᠬᠤᠭᠤᠴᠠᠭ᠎ᠠ ᠦᠭᠡᠢ ᠬᠣᠷᠢᠬᠤ ᠪᠤᠶᠤ ᠠᠯᠠᠬᠤ ᠡᠷᠡᠭᠦᠦ + ᠲᠥᠯᠥᠪᠦᠷᠢ ᠶᠢᠨ ᠮᠥᠩᠭᠥ + ᠡᠮ ᠡᠮᠨᠡᠯᠭᠡ ᠶᠢᠨ ᠵᠠᠷᠤᠳᠠᠯ᠂ ᠠᠵᠢᠯ ᠰᠠᠭᠠᠲᠠᠭᠰᠠᠨ ᠵᠠᠷᠤᠳᠠᠯ ᠵᠡᠷᠭᠡ ᠵᠠᠷᠤᠳᠠᠯ + ᠡᠷᠡᠭᠦᠦ ᠪᠡᠷ ᠡᠴᠡ ᠪᠣᠯᠤᠭᠰᠠᠨ ᠣᠷᠣᠯᠭ᠎ᠠ ᠬᠣᠬᠢᠷᠠᠯ + ᠬᠥᠮᠦᠨ ᠦ ᠪᠡᠶ᠎ᠡ ᠶᠢᠨ ᠡᠷᠬᠡ ᠴᠢᠯᠥᠭᠡ + ᠭᠡᠷ ᠪᠦᠯᠢ ᠪᠠ ᠬᠤᠪᠢ ᠬᠥᠮᠦᠨ ᠳᠦ ᠤᠴᠠᠷᠠᠭᠤᠯᠤᠭᠰᠠᠨ ᠬᠣᠬᠢᠷᠠᠯ᠃
ᠡᠳᠡᠭᠡᠷ ᠨᠡᠮᠡᠯᠲᠡ ᠥᠪᠡᠷ ᠦᠨ ᠥᠷᠲᠡᠭ----- ᠬᠡᠷᠡᠭ ᠠᠴᠠ ᠨᠡᠷ᠎ᠡ ᠲᠥᠷᠥ ᠨᠢ ᠂ ᠥᠪᠡᠷ ᠦᠨ ᠪᠡᠶ᠎ᠡ ᠭᠡᠷ ᠦᠨ ᠬᠥᠮᠦᠰ ᠴᠡᠷᠢᠭ ᠲᠦ ᠣᠷᠣᠬᠤ ᠂ ᠨᠠᠮ ᠳᠤ ᠣᠷᠣᠬᠤ ᠵᠡᠷᠭᠡ ᠂ ᠰᠡᠳᠬᠢᠯ ᠰᠠᠨᠠᠭ᠎ᠠ ᠬᠦᠨᠳᠦ ᠨᠣᠴᠢᠲᠠᠶ ᠰᠠᠮᠠᠷᠠᠭᠤᠯᠤᠨᠠ ᠃
ᠪᠠᠢᠴᠠᠭᠠᠬᠤ ᠲᠤᠰᠢᠶᠠᠯᠳᠠᠨ ᠤ ᠰᠠᠨᠠᠭᠤᠯᠤᠮᠵᠢ᠄
ᠶᠡᠷᠦ ᠶᠢᠨ ᠦᠭᠡᠨ ᠳᠦ ᠠᠲᠠ ᠴᠢᠳᠬᠥᠷ ᠭᠡᠳᠡᠭ ᠂ ᠠᠷᠢᠬᠢ ᠤᠤᠭᠤᠭᠰᠠᠨ ᠤ ᠳᠠᠷᠠᠭ᠎ᠠ ᠬᠡᠷᠡᠭᠦᠯ ᠵᠣᠳᠣᠭᠠᠨ ᠬᠢᠬᠦ ᠥᠪᠡᠷ ᠦᠨ ᠥᠷᠲᠡᠭ ᠨᠢ ᠥᠨᠳᠥᠷ ᠂ ᠵᠣᠭᠣᠰ ᠪᠡᠶ᠎ᠡ ᠲᠠ ᠪᠦᠬᠦᠨ ᠪᠠᠭ᠎ᠠ ᠂ ᠪᠢᠲᠡᠭᠡᠶ ᠬᠤᠨᠳᠠᠭ᠎ᠠ ᠳᠤ ᠬᠣᠪᠳᠣᠭᠯᠠ ᠪᠢᠲᠡᠭᠡᠶ ᠂ ᠵᠣᠳᠣᠭᠠᠨ ᠬᠢᠬᠦ ᠥᠪᠡᠷ ᠦᠨ ᠥᠷᠲᠡᠭ ᠨᠢ ᠥᠨᠳᠥᠷ ᠂ ︽ᠳᠡᠶᠢᠯᠦᠭᠳᠡᠪᠡᠯ ᠡᠮᠨᠡᠯᠭᠡ ᠳᠦ ᠂ ᠭᠢᠨᠳᠠᠨ ᠳᠤ ᠵᠣᠭᠣᠰ ᠳᠥᠯᠥᠨ᠎ᠡ ᠂ ᠬᠥᠮᠦᠨ ᠢᠶᠡᠨ ᠠᠯᠳᠠᠴᠢᠬᠠᠭᠠᠳ ᠪᠠᠰᠠ ᠴᠡᠷᠢᠭ ᠶᠠᠪᠤᠳᠠᠯ ᠢ ᠶᠠᠭᠠᠬᠢᠭᠰᠠᠨ ᠴᠤ ᠬᠢᠵᠦ ᠪᠣᠯᠬᠤ ᠥᠬᠡᠶ ︕