ᠮᠠᠨ ᠤ ᠤᠷᠤᠨ ᠤ ᠡᠮᠡᠭᠳᠡᠢ ᠪᠠᠶᠢᠴᠠᠭᠠᠬᠤ ᠲᠤᠰᠢᠶᠠᠯᠳᠠᠨ ᠨᠠᠷ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠡᠮᠡᠭᠳᠡᠶᠢᠴᠤᠳ ᠤᠨ ᠠᠷᠪᠠᠨ ᠨᠢᠭᠡᠳᠤᠭᠡᠷ ᠤᠳᠠᠭᠠᠨ ᠤ ᠲᠦᠯᠦᠭᠡᠯᠡᠭᠴᠢᠳ ᠤᠨ ᠬᠤᠷᠠᠯ ᠳᠤ ᠤᠷᠤᠯᠴᠠᠪᠠ
ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠡᠮᠡᠭᠳᠡᠶᠢᠴᠤᠳ ᠤᠨ ᠠᠷᠪᠠᠨ ᠨᠢᠭᠡᠳᠤᠭᠡᠷ ᠤᠳᠠᠭᠠᠨ ᠤ ᠲᠦᠯᠦᠭᠡᠯᠡᠭᠴᠢᠳ ᠤᠨ ᠬᠤᠷᠠᠯ 2015 ᠤᠨ ᠤ 10 ᠰᠠᠷ᠎ᠠ ᠶᠢᠨ 19 ᠤ ᠡᠳᠤᠷ ᠠᠴᠠ 21 ᠤ ᠡᠳᠤᠷ ᠪᠤᠯᠳᠠᠯ᠎ᠠ ᠬᠦᠭᠡᠬᠤᠳᠡ ᠳᠤ ᠬᠤᠷᠠᠯᠳᠤᠪᠠ᠃ ᠦᠪᠡᠷᠳᠡᠭᠡᠨ ᠵᠠᠰᠠᠬᠤ ᠤᠷᠤᠨ ᠤ ᠠᠷᠠᠳ ᠤᠨ ᠪᠠᠶᠢᠴᠠᠭᠠᠬᠤ ᠬᠤᠷᠢᠶᠠᠨ ᠤ ᠸᠸᠢ ᠶᠠ ᠯᠢ ᠪᠠᠶᠢᠩᠭᠤ ᠶᠢᠨ ᠲᠡᠳ᠋ ᠪᠠᠶᠢᠴᠠᠭᠠᠬᠤ ᠲᠠᠷᠤᠭ᠎ᠠ᠂ ᠵᠠᠩ ᠮᠢᠨ ᠲᠡᠳ᠋ ᠪᠠᠶᠢᠴᠠᠭᠠᠬᠤ ᠲᠠᠷᠤᠭ᠎ᠠ ᠵᠢᠴᠢ ᠦᠨᠳᠤᠰᠤᠨ ᠱᠠᠳᠤᠨ ᠤ ᠪᠠᠶᠢᠴᠠᠭᠠᠬᠤ ᠪᠠᠶᠢᠭᠤᠯᠭ᠎ᠠ ᠠᠴᠠ ᠢᠷᠡᠭᠰᠡᠨ ᠨᠠᠶᠢᠳᠠ 9 ᠬᠦᠮᠦᠨ ᠬᠤᠷᠠᠯ ᠳᠤ ᠤᠷᠤᠯᠴᠠᠵᠠᠢ᠃ ᠲᠦᠯᠦᠭᠡᠯᠡᠭᠴᠢᠳ ᠦᠪᠡᠷᠳᠡᠭᠡᠨ ᠵᠠᠰᠠᠬᠤ ᠤᠷᠤᠨ ᠤ ᠡᠮᠡᠭᠳᠡᠶᠢᠴᠤᠳ ᠤᠨ ᠠᠷᠪᠠᠳᠤᠭᠠᠷ ᠬᠤᠭᠤᠴᠠᠭᠠᠨ ᠤ ᠬᠦᠢᠴᠡᠳᠭᠡᠬᠦ ᠺᠣᠮᠢᠰ ᠤᠨ ᠠᠵᠢᠯ ᠤᠨ ᠮᠡᠳᠡᠬᠦᠯᠤᠯᠳᠡ ᠶᠢ ᠰᠤᠨᠤᠰᠤᠭᠰᠠᠠ ᠪᠦᠭᠡᠳ ᠬᠢᠨᠠᠨ ᠶᠠᠷᠢᠯᠴᠠᠵᠤ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠡᠮᠡᠭᠳᠡᠶᠢᠴᠤᠳ ᠤᠨ ᠠᠷᠪᠠᠨ ᠨᠢᠭᠡᠳᠤᠭᠡᠷ ᠬᠤᠭᠤᠴᠠᠭᠠᠨ ᠤ ᠬᠦᠢᠴᠡᠳᠭᠡᠬᠦ ᠺᠣᠮᠢᠰ ᠪᠠ ᠰᠢᠨ᠎ᠠ ᠨᠢᠭᠡ ᠬᠤᠭᠤᠴᠠᠭᠠᠨ ᠤ ᠦᠪᠡᠷᠳᠡᠭᠡᠨ ᠵᠠᠰᠠᠬᠤ ᠤᠷᠤᠨ ᠤ ᠡᠮᠡᠭᠳᠡᠶᠢᠴᠤᠳ ᠤᠨ ᠬᠤᠯᠪᠤᠭᠠᠨ ᠤ ᠲᠡᠷᠢᠬᠦᠯᠡᠭᠴᠢ᠂ ᠲᠡᠳ᠋ ᠲᠡᠷᠢᠬᠦᠯᠡᠭᠴᠢ᠂ ᠪᠠᠶᠢᠩᠭᠤ ᠶᠢᠨ ᠭᠡᠰᠢᠬᠦᠨ ᠢ ᠰᠤᠩᠭᠤᠪᠠ᠃
10 ᠰᠠᠷ᠎ᠠ ᠶᠢᠨ 21 ᠤ ᠡᠳᠤᠷ ᠤᠨ ᠬᠤᠷᠠᠯ ᠲᠡᠬᠦᠰᠬᠦ ᠶᠤᠰᠤᠯᠡᠯ ᠲᠡᠭᠡᠷ᠎ᠡ᠂ ᠬᠦᠤᠳᠠᠭᠤᠯᠠ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠡᠮᠡᠭᠳᠡᠶᠢᠴᠤᠳ ᠤᠨ ᠬᠤᠯᠪᠤᠭᠠᠨ ᠤ ᠲᠡᠷᠢᠬᠦᠯᠡᠭᠴᠢ ᠪᠠᠷ ᠰᠤᠩᠭᠤᠭᠳᠠᠪᠠ᠃ ᠬᠦᠤᠳᠠᠭᠤᠯᠠ ᠴᠢᠬᠤᠯᠠᠴᠢᠯᠠᠬᠤ ᠳᠠᠭᠠᠨ᠄ ᠡᠯ᠎ᠡ ᠱᠠᠳᠤᠨ ᠤ ᠡᠮᠡᠭᠳᠡᠶᠢᠴᠤᠳ ᠤᠨ ᠬᠤᠯᠪᠤᠭ᠎ᠠ ᠨᠤᠭᠤᠳ ᠴᠠᠭ ᠦᠶ᠎ᠡ ᠶᠢᠨ ᠬᠦᠨᠳᠤ ᠡᠬᠦᠷᠭᠡ ᠶᠢ ᠡᠬᠦᠷᠭᠡᠯᠡᠨ᠂ ᠡᠭᠡ ᠤᠯᠤᠰ ᠤᠨ ᠤᠮᠠᠷᠠᠳᠤ ᠶᠢᠨ ᠦᠵᠡᠰᠬᠦᠯᠡᠩ ᠰᠠᠶᠢᠬᠠᠨ ᠤᠷᠤᠨ ᠪᠦᠰᠠ ᠶᠢ ᠪᠤᠢ ᠪᠤᠯᠭᠠᠬᠤ ᠠᠮᠢ ᠠᠬᠤᠢ ᠶᠢᠨ ᠦᠢᠯᠡᠳᠤᠯᠭᠡ ᠳᠤ ᠢᠳᠡᠪᠬᠢᠳᠠᠢ ᠤᠷᠤᠯᠴᠠᠵᠤ᠂ ᠲᠤᠮᠳᠠᠳᠤ ᠶᠢᠨ ᠡᠷᠬᠢᠮ ᠰᠠᠶᠢᠬᠠᠨ ᠶᠤᠰᠤ ᠮᠤᠷᠠᠯ ᠢ ᠤᠯᠠᠮᠵᠢᠯᠠᠨ᠂ ᠪᠤᠯᠪᠠᠰᠤᠨ ᠡᠶ᠎ᠡ ᠵᠤᠬᠢᠴᠠᠯᠳᠤ ᠨᠠᠶᠢᠭᠡᠮ ᠤᠨ ᠭᠡᠪ ᠵᠠᠩᠰᠢᠯ ᠢ ᠤᠬᠠᠮᠰᠠᠷ ᠠᠴᠠ ᠪᠠᠨ ᠲᠡᠯᠭᠡᠷᠡᠬᠦᠯᠵᠤ᠂ ᠭᠡᠪ ᠪᠤᠯᠪᠠᠰᠤᠷᠠᠯ ᠤᠨ ᠴᠢᠳᠠᠪᠤᠷᠢ ᠪᠠᠨ ᠲᠡᠭᠡᠭᠰᠢᠯᠡᠬᠦᠯᠦᠨ᠂ ᠪᠡᠶ᠎ᠡ ᠪᠠᠨ ᠬᠦᠨᠳᠤᠳᠭᠡᠬᠦ ᠪᠡᠶ᠎ᠡ ᠪᠠᠨ ᠢᠳᠡᠭᠡᠬᠦ ᠦᠪᠡᠷ ᠢᠶᠠᠨ ᠲᠤᠭᠳᠠᠨᠢᠬᠤ ᠦᠪᠡᠷ ᠢᠶᠠᠨ ᠬᠦᠴᠦᠷᠭᠡᠭᠵᠢᠬᠦ ᠰᠠᠶᠢᠨ ᠰᠠᠶᠢᠬᠠᠨ ᠲᠦᠷᠢ ᠪᠠᠶᠢᠳᠠᠯ ᠢ ᠪᠦᠬᠦ ᠲᠠᠯ᠎ᠠ ᠪᠠᠷ ᠪᠤᠢ ᠪᠤᠯᠭᠠᠬᠤ ᠭᠡᠷᠡᠭᠳᠡᠢ᠃ ᠡᠯ᠎ᠡ ᠱᠠᠳᠤᠨ ᠤ ᠡᠮᠡᠭᠳᠡᠶᠢᠴᠤᠳ ᠤᠨ ᠬᠤᠯᠪᠤᠭᠠᠨ ᠤ ᠵᠤᠬᠢᠶᠠᠨ ᠪᠠᠶᠢᠭᠤᠯᠤᠯᠳᠠ ᠤᠯᠤᠰ ᠲᠦᠷᠦ ᠶᠢᠨ ᠴᠢᠨᠡᠷ ᠢᠶᠠᠨ ᠦᠨᠡᠨᠬᠦ ᠪᠠᠬᠢᠵᠢᠬᠦᠯᠵᠤ᠂ ᠲᠡᠷᠢᠬᠦᠨ ᠤ ᠴᠢᠨᠠᠷ ᠢ ᠲᠤᠪᠤᠶᠢᠯᠭᠠᠨ᠂ ᠤᠯᠠᠨ ᠲᠦᠮᠡᠨᠴᠢ ᠴᠢᠨᠠᠷ ᠢ ᠴᠢᠩᠭᠠᠷᠠᠭᠤᠯᠵᠤ᠂ ᠨᠠᠮ ᠪᠠ ᠵᠠᠰᠠᠭ ᠤᠨ ᠤᠷᠳᠤᠨ ᠤ ᠡᠮᠡᠭᠳᠡᠶᠢᠴᠤᠳ ᠲᠠᠢ ᠬᠠᠷᠢᠯᠴᠠᠬᠤ ᠬᠦᠬᠦᠷᠭᠡ ᠶᠢᠨ ᠦᠢᠯᠡᠳᠤᠯ ᠢ ᠨᠡᠩ ᠰᠠᠶᠢᠨ ᠪᠠᠳᠠᠷᠠᠭᠤᠯᠵᠤ᠂ ᠶᠡᠭᠡ ᠬᠤᠷᠠᠯ ᠠᠴᠠ ᠲᠤᠷᠠᠳᠤᠭᠰᠠᠠ ᠡᠯ᠎ᠡ ᠵᠦᠢᠯ ᠤᠨ ᠬᠠᠷᠠᠯᠳᠠ ᠡᠬᠦᠷᠭᠡ ᠶᠢ ᠪᠦᠬᠦ ᠲᠠᠯ᠎ᠠ ᠪᠠᠷ ᠪᠡᠶᠡᠯᠡᠬᠦᠯᠬᠦ ᠶᠢᠨ ᠲᠦᠯᠦᠭᠡ ᠰᠢᠨᠳᠠᠷᠠᠰᠢ ᠦᠭᠡᠢ ᠴᠢᠷᠮᠠᠶᠢᠰᠤᠭᠠᠢ ᠭᠡᠵᠡᠢ᠃
ᠬᠤᠶᠢᠰᠢᠳᠠ ᠶᠢᠨ ᠲᠠᠪᠤᠨ ᠵᠢᠯ ᠪᠤᠯ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠲᠦᠷᠪᠡᠨ ᠪᠦᠬᠦ ᠲᠠᠯ᠎ᠠ︾ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠶᠢ ᠨᠠᠶᠢᠳᠠᠪᠤᠷᠢᠵᠢᠭᠤᠯᠵᠤ᠂ ᠡᠭᠡ ᠤᠯᠤᠰ ᠤᠨ ᠤᠮᠠᠷᠠᠳᠤ ᠶᠢᠨ ᠦᠵᠡᠰᠬᠦᠯᠡᠩᠳᠤ ᠰᠠᠶᠢᠬᠠᠨ ᠤᠷᠤᠨ ᠪᠦᠰᠠ ᠶᠢ ᠪᠤᠢ ᠪᠤᠯᠭᠠᠬᠤ ᠵᠠᠩᠬᠢᠯᠠᠭ᠎ᠠ ᠶᠢᠨ ᠲᠠᠪᠤᠨ ᠵᠢᠯ ᠪᠤᠯᠤᠨ᠎ᠠ᠂ ᠮᠦᠨᠴᠤ ᠪᠦᠬᠦ ᠤᠷᠤᠨ ᠤ ᠡᠮᠡᠭᠳᠡᠶᠢᠴᠤᠳ᠂ ᠪᠠᠭᠠᠴᠤᠳ ᠭᠡᠤᠭᠡᠳ ᠤᠨ ᠠᠵᠢᠯ ᠤᠨ ᠦᠭᠡᠷᠡᠴᠢᠯᠡᠯᠳᠡ ᠰᠢᠨᠡᠴᠢᠯᠡᠯᠳᠡ ᠬᠦᠭᠵᠢᠯᠳᠠ ᠶᠢ ᠠᠬᠢᠭᠤᠯᠬᠤ ᠴᠢᠬᠤᠯᠠ ᠴᠠᠭ ᠦᠶ᠎ᠡ ᠪᠤᠯᠤᠨ᠎ᠠ᠃ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠡᠮᠡᠭᠳᠡᠢ ᠪᠠᠶᠢᠴᠠᠭᠠᠬᠤ ᠲᠤᠰᠢᠶᠠᠯᠳᠠᠨ ᠤ ᠨᠡᠶᠢᠭᠡᠮᠯᠢᠭ ᠭᠤᠤᠯᠳᠠᠯᠭ᠎ᠠ ᠪᠠᠨ ᠲᠤᠭᠤᠷᠢᠭᠤᠯᠤᠨ᠂ ᠪᠦᠬᠦ ᠲᠠᠯ᠎ᠠ ᠳᠤ ᠦᠢᠯᠡᠴᠢᠯᠡᠨ᠂ ᠪᠦᠬᠦ ᠤᠷᠤᠨ ᠤ ᠡᠮᠡᠭᠳᠡᠢ ᠪᠠᠶᠢᠴᠠᠭᠠᠬᠤ ᠲᠤᠰᠢᠶᠠᠯᠳᠠᠨ ᠢ ᠪᠦᠯᠬᠦᠮᠳᠡᠬᠦᠯᠤᠨ ᠲᠠᠶᠢᠴᠢᠯᠠᠵᠤ ᠤᠳᠤᠬᠢᠴᠢᠯᠠᠭᠰᠠᠠ ᠦᠪᠤᠷ ᠮᠤᠩᠭᠤᠯ ᠤᠨ ᠪᠦᠳᠤᠭᠡᠨ ᠪᠠᠶᠢᠭᠤᠯᠤᠯᠳᠠ ᠳᠤ ᠤᠷᠤᠯᠴᠠᠬᠤ ᠬᠠᠷᠢᠭᠤᠴᠠᠯᠭ᠎ᠠ ᠪᠠ ᠡᠬᠦᠷᠭᠡ ᠪᠠᠨ ᠦᠨᠡᠨᠬᠦ ᠡᠬᠦᠷᠭᠡᠯᠡᠵᠤ᠂ ᠦᠨᠳᠤᠰᠤᠨ ᠱᠠᠳᠤᠨ ᠳᠤ ᠰᠠᠭᠤᠷᠢᠯᠠᠨ᠂ ᠡᠮᠡᠭᠳᠡᠶᠢᠴᠤᠳ ᠲᠤ ᠦᠢᠯᠡᠴᠢᠯᠠᠵᠤ᠂ ᠲᠤᠰ ᠪᠡᠶ᠎ᠡ ᠶᠢᠨ ᠪᠠᠶᠢᠭᠤᠯᠤᠯᠳᠠ ᠪᠠᠨ ᠴᠢᠩᠭᠠᠳᠬᠠᠨ᠂ ᠪᠠᠶᠢᠴᠠᠭᠠᠬᠤ ᠠᠵᠢᠯ ᠤᠨ ᠰᠢᠨᠵᠢᠯᠡᠬᠦ ᠤᠬᠠᠭᠠᠨᠴᠢ ᠪᠠᠷ ᠬᠦᠭᠵᠢᠬᠦ ᠶᠢ ᠠᠬᠢᠭᠤᠯᠬᠤ ᠪᠤᠯᠤᠨ᠎ᠠ᠃