ᠨᠠᠰᠤᠵᠢᠯ ᠤᠨ ᠬᠢᠬᠠᠨ ᠮᠡᠬᠡᠯᠡᠯ ᠦᠨ ᠬᠡᠯᠪᠡᠷᠢ ᠪᠠᠶᠢᠳᠠᠯ ᠣᠯᠠᠨ ᠪᠠᠶᠢᠳᠠᠭ ᠂ ᠦᠷᠭᠡᠨ ᠤᠯᠠᠨ ᠨᠠᠰᠤᠲᠠᠶᠢᠴᠤᠳ ᠪᠢᠲᠡᠭᠡᠶ ᠮᠡᠬᠡᠯᠡᠭᠳᠡᠴᠢᠬᠡ ︕
ᠶᠡᠷᠦ ᠶᠢᠨ ᠦᠭᠡᠨ ᠳᠦ ᠨᠠᠰᠤᠲᠠᠨ ᠠᠮᠤᠭᠤᠯᠠᠩ ᠪᠣᠯᠪᠠᠰᠤ ᠬᠡᠷ ᠪᠦᠯᠢ ᠠᠮᠤᠭᠤᠯᠠᠩ᠂ ᠭᠡᠷ ᠪᠦᠯᠢ ᠠᠮᠤᠭᠤᠯᠠᠩ ᠪᠣᠯᠪᠠᠰᠤ ᠨᠡᠶᠢᠭᠡᠮ ᠠᠮᠤᠭᠤᠯᠠᠩ ᠭᠡᠳᠡᠭ᠃ ᠨᠠᠰᠤᠲᠠᠶᠢᠴᠤᠳ ᠤᠨ ᠠᠰᠠᠷᠠᠮᠵᠢ ᠲᠠᠶ ᠂ ᠦᠮᠦᠭ ᠲᠦᠰᠢᠭ ᠲᠠᠶ ᠪᠠᠶᠢᠬᠤ ᠶᠢ ᠬᠡᠷᠬᠢᠨ ᠪᠠᠲᠤᠯᠠᠬᠤ ᠪᠣᠶ ︖ ᠨᠠᠰᠤᠲᠠᠶᠢᠴᠤᠳ ᠤᠨ ︽ ᠨᠠᠰᠤᠵᠢᠯ ᠤᠨ ᠠᠰᠠᠷᠠᠮᠵᠢ ᠶᠢᠨ ᠮᠥᠩᠭᠥ ︾ ᠶᠢ ᠰᠠᠶᠢᠲᠤᠷ ᠰᠠᠬᠢᠨ ᠬᠠᠮᠠᠭᠠᠯᠠᠬᠤ ᠨᠢ ᠬᠠᠯᠠᠮᠰᠢᠯ ᠰᠡᠳᠦᠪ ᠪᠤᠯᠵᠦ ᠪᠠᠢᠢᠨ᠎ᠠ ᠃
ᠳᠣᠣᠷ᠎ᠠ ᠬᠣᠷᠢᠨᠭᠡᠷ ᠰᠢᠶᠠᠨ ᠤ ᠪᠠᠶᠢᠴᠠᠭᠠᠬᠤ ᠬᠣᠷᠢᠶ᠎ᠠ ᠲᠠᠶ ᠬᠠᠮᠲᠤ ᠨᠠᠰᠤᠵᠢᠯ ᠤᠨ ᠬᠢᠬᠠᠨ ᠮᠡᠬᠡᠯᠡᠯ ᠤᠨ ᠬᠣᠶᠠᠷ ᠬᠡᠷᠡᠭ ᠦᠨ ᠵᠢᠱᠢᠶ᠎ᠡ ᠶᠢ ᠦᠵᠡᠶ᠎ᠡ᠄
ᠵᠢᠱᠢᠶ᠎ᠡ ᠨᠢᠭᠡ᠄
ᠨᠢᠭᠡᠨ ᠡᠳᠦᠷ ᠯᠢ ᠡᠮᠡᠭᠡ ᠭᠠᠳᠠᠭᠰᠢ ᠭᠠᠷᠴᠤ ᠨᠣᠭᠣᠭ᠎ᠠ ᠬᠤᠳᠠᠯᠳᠤᠨ ᠠᠪᠬᠤ ᠦᠶ᠎ᠡ ᠳᠦ ᠪᠠᠨ ᠭᠡᠨᠡᠳᠲᠡ ︽ ᠦᠵᠡᠭᠡᠴᠢ ︾ ᠲᠠᠶ ᠲᠠᠭᠠᠷᠠᠯᠳᠤᠪᠠ᠃ᠡᠨᠡ ᠬᠦ ︽ ᠶᠡᠬᠡ ᠠᠷᠰᠢ ︾ ᠣᠮᠣᠭ ᠲᠡᠭᠦᠯᠳᠡᠷ ᠪᠠᠢᠵᠤ ᠂ ᠦᠭᠡ ᠶᠠᠷᠢᠶ᠎ᠠ ᠴᠢᠷᠠᠶ ᠵᠢᠰᠦ ᠶᠢ ᠠᠵᠢᠭᠯᠠᠵᠤ ᠰᠢᠨᠵᠢᠬᠦ ᠴᠢᠳᠠᠪᠤᠷᠢ ᠪᠠᠷ ᠢᠶᠠᠨ ᠯᠢ ᠡᠮᠡᠭᠡ ᠶᠢ ᠦᠨᠡᠮᠰᠢᠭᠦᠯᠵᠡᠶ ᠃ ︽ ᠶᠡᠬᠡ ᠠᠷᠰᠢ ︾ ᠶᠢᠨ ᠬᠡᠯᠡᠬᠦ ᠪᠡᠷ ᠂ ᠯᠢ ᠡᠮᠡᠭᠡ ᠶᠢᠨ ᠥᠬᠢᠨ ᠨᠢ ᠠᠷᠪᠠᠨ ᠡᠳᠦᠷ ᠦᠨ ᠳᠣᠲᠣᠷ᠎ᠠ ︽ ᠴᠢᠰᠤᠨ ᠭᠠᠮᠰᠢᠭ ︾ ᠲᠤ ᠤᠴᠠᠷᠠᠬᠤ ᠪᠣᠯᠤᠨ᠎ᠠ ᠭᠡᠨ᠎ᠡ ᠂ ᠯᠢ ᠡᠮᠡᠭᠡ ᠤᠷᠢᠳ ᠢᠶᠠᠷ 5500 ᠲᠥᠭᠥᠷᠢᠭ ᠦᠨ ᠪᠡᠯᠡᠨ ᠵᠣᠭᠣᠰ ᠢᠶᠠᠷ ︽ ᠨᠢᠭᠤᠴᠠ ᠡᠷᠳᠡᠮ ᠢ ᠬᠤᠷᠠᠮᠳᠠᠭᠤᠯᠪᠠᠯ ︾᠂ ︽ ᠶᠡᠬᠡ ᠠᠷᠰᠢ ︾ ᠰᠠᠶ᠋ᠢ ︽ ᠤᠪᠠᠳᠢᠰ ᠭᠠᠷᠭᠠᠵᠤ ᠭᠠᠶ ᠭᠠᠮᠰᠢᠭ ᠢ ᠨᠢ ᠠᠷᠢᠯᠭᠠᠵᠤ ︾ ᠴᠢᠳᠠᠨ᠎ᠠ ᠃ ᠨᠠᠰᠤ ᠠᠭᠰᠢᠷᠠᠭᠰᠠᠨ ᠯᠢ ᠡᠮᠡᠭᠡ ᠰᠠᠨᠳᠤᠷᠴᠤ᠂ ᠭᠡᠷ ᠲᠡᠬᠡᠨ ᠬᠠᠷᠢᠭᠠᠳ 5500 ᠲᠥᠭᠥᠷᠢᠭ ᠦᠨ ᠪᠡᠯᠡᠨ ᠵᠣᠭᠣᠰ ᠭᠠᠷᠭᠠᠨ ᠠᠪᠴᠤ ︽ᠤᠪᠠᠳᠢᠰ ᠤᠨ ᠵᠣᠭᠣᠰ︾ ᠪᠣᠯᠭᠠᠪᠠ᠃ ᠶᠡᠬᠡ ᠠᠷᠰᠢ ᠬᠠᠷᠢᠨ ︽ ᠤᠪᠠᠳᠢᠰ ᠤᠨ ᠮᠥᠩᠭᠥ ︾ ᠶᠢ ᠣᠯᠤᠭᠰᠠᠨ ᠤ ᠳᠠᠷᠠᠭ᠎ᠠ ᠂ ᠠᠮᠠᠨ ᠠᠶ᠎ᠠ ᠪᠠᠷ ᠢᠶᠠᠨ ᠬᠠᠰᠢ ᠶᠠᠰᠢ ᠠᠢᠢᠯᠠᠳᠤᠭᠠᠳ ᠤᠷᠭᠤᠨ ᠲᠤᠲᠠᠭᠠᠪᠠ ᠃ ᠡᠴᠦᠰ ᠲᠡᠬᠡᠨ ᠣᠶᠢᠷ᠎ᠠ ᠬᠠᠪᠢ ᠶᠢᠨ ᠠᠶᠢᠯ ᠡᠷᠦᠬᠡ ᠶᠢᠨ ᠬᠠᠮᠵᠢᠯᠴᠠᠭ᠎ᠠ ᠪᠠᠷ ᠲᠤᠰ ︽ ᠶᠡᠬᠡ ᠠᠷᠰᠢ ︾ ᠶᠢ ᠲᠤᠬᠠᠶ ᠶᠢᠨ ᠭᠠᠵᠠᠷ ᠤᠨ ᠴᠠᠭᠳᠠᠭ᠎ᠠ ᠨᠠᠷ ᠪᠠᠷᠢᠪᠴᠢᠯᠠᠵᠠᠶ ᠃
ᠵᠢᠱᠢᠶ᠎ᠡ ᠬᠤᠶᠠᠷ
ᠨᠢᠭᠡᠨ ᠰᠢᠶᠠᠨ ᠤ ᠪᠡᠶ᠎ᠡ ᠰᠤᠪᠢᠯᠠᠯᠲᠠ ᠶᠢᠨ ᠭᠠᠵᠠᠷ ︽ᠬᠦᠯ ᠢ ᠤᠬᠢᠶᠠᠵᠤ ᠬᠣᠣᠷ ᠢ ᠭᠠᠳᠠᠭᠰᠢᠯᠠᠭᠤᠯᠬᠤ︾ ᠪᠠᠷ ᠬᠠᠯᠬᠠᠪᠴᠢ ᠪᠣᠯᠭᠠᠵᠤ᠂ ᠳᠠᠪᠤᠰᠤ ᠲᠠᠶ ᠤᠰᠤᠨ ᠤ ᠬᠢᠮᠢ ᠶᠢᠨ ᠤᠷᠪᠠᠯ ᠢ ᠴᠠᠬᠢᠯᠭᠠᠨ ᠢᠶᠠᠷ ᠵᠠᠳᠠᠯᠤᠭᠰᠠᠨ ᠤ ᠲᠠᠷᠠᠭ᠎ᠠ ᠬᠠᠷᠠᠯᠠᠭᠤᠯᠬᠤ ᠶᠣᠰᠣ ᠶᠢ ᠠᠰᠢᠭᠯᠠᠨ ᠡᠭᠦᠨ ᠢᠶᠡᠷ ︽ᠬᠦᠯ ᠤᠬᠢᠶᠠᠪᠠᠯ ᠬᠣᠣᠷ ᠢ ᠭᠠᠳᠠᠭᠰᠢᠯᠠᠭᠤᠯᠵᠤ ᠪᠣᠯᠤᠨ᠎ᠠ︾ ᠭᠡᠵᠡᠶ ᠃ ᠰᠤᠶᠤᠯ ᠤᠨ ᠮᠦᠷ ᠢᠶᠡᠷ ᠵᠠᠮᠨᠠᠭᠠ ᠦᠭᠡᠢ ᠵᠠᠩ ᠨᠠᠰᠤᠲᠠᠨ ᠪᠠᠶᠠᠷᠲᠠᠶ ᠪᠠᠷ ᠲᠤᠷᠰᠢᠵᠤ ᠦᠵᠡᠵᠡᠶ᠂ ᠲᠤᠰ ᠪᠡᠶ᠎ᠡ ᠰᠤᠪᠢᠯᠠᠯᠲᠠ ᠶᠢᠨ ᠭᠠᠵᠠᠷ ᠨᠢ ᠡᠨᠡ ︽ᠬᠦᠯ ᠤᠬᠢᠶᠠᠬᠤ ᠲᠤᠰᠬᠠᠶ ᠤᠰᠤ︾ ᠪᠣᠯ ᠳᠡᠭᠡᠳᠦᠰ ᠡᠴᠡ ᠤᠯᠠᠮᠵᠢᠯᠠᠭᠰᠠᠨ ᠨᠢᠭᠤᠴᠠ ᠵᠣᠷ ᠪᠠᠢᠢᠵᠤ᠂ ᠬᠡᠷᠡᠭᠯᠡᠭᠴᠢᠳ ᠢ ᠬᠠᠪᠰᠤᠷᠴᠤ ᠬᠣᠣᠷ ᠢ ᠪᠡᠶ᠎ᠡ ᠡᠴᠡ ᠨᠢ ᠭᠠᠳᠠᠭᠰᠢᠯᠠᠭᠤᠯᠳᠠᠭ᠂ ᠨᠢᠭᠡ ᠤᠳᠠᠭ᠎ᠠ 500 ᠲᠥᠭᠥᠷᠢᠭ ᠬᠡᠷᠡᠭᠯᠡᠨ᠎ᠡ ᠭᠡᠨ᠎ᠡ᠃ ᠵᠠᠩ ᠨᠠᠰᠤᠲᠠᠨ ᠨᠠᠰᠤᠵᠢᠯ ᠤᠨ ᠠᠰᠠᠷᠠᠮᠵᠢ ᠶᠢᠨ ᠮᠥᠩᠭᠥ ᠪᠡᠷ ᠢᠶᠡᠨ ᠨᠢᠭᠡ ᠬᠤᠪᠢ ︽ᠵᠢᠯ ᠦᠨ ᠺᠠᠷᠲ ︾ ᠬᠤᠳᠠᠯᠳᠤᠨ ᠠᠪᠤᠭᠠᠳ᠂ ᠭᠠᠳᠠᠭᠠᠳᠤ ᠳᠤ ᠰᠤᠷᠤᠯᠴᠠᠵᠤ ᠪᠠᠶᠢᠭ᠎ᠠ ᠥᠬᠢᠨ ᠨᠢ ᠬᠠᠷᠢᠵᠤ ᠢᠷᠡᠭᠰᠡᠨ ᠦ ᠳᠠᠷᠠᠭ᠎ᠠ ᠰᠠᠶ᠋ᠢ ᠮᠡᠬᠡᠯᠡᠭᠳᠡᠭᠰᠡᠨ ᠢᠶᠡᠨ ᠮᠡᠳᠡᠭᠡᠳ ᠴᠠᠭᠳᠠᠭ᠎ᠠ ᠳᠤ ᠲᠦᠷᠭᠡᠨ ᠮᠡᠳᠡᠭᠦᠯᠵᠡᠶ ᠃
ᠰᠢᠨᠵᠢᠯᠡᠬᠦ ᠤᠬᠠᠭᠠᠨ ᠢ ᠡᠷᠬᠢᠮᠯᠡᠨ ᠳᠡᠭᠡᠳᠦᠯᠡᠵᠦ ᠂ ᠮᠤᠬᠤᠷ ᠪᠢᠰᠢᠷᠡᠯ ᠢ ᠡᠰᠡᠷᠭᠦᠴᠡᠬᠦ ᠪᠣᠯ ᠨᠠᠰᠤᠵᠢᠯ ᠤᠨ ᠬᠢᠬᠠᠨ ᠮᠡᠬᠡᠯᠡᠯ ᠢ ᠰᠡᠷᠭᠡᠶᠢᠯᠡᠬᠦ ᠬᠣᠶᠠᠷ ᠵᠦᠢᠯ ᠦᠨ ᠰᠢᠵᠢᠷ ᠠᠯᠲᠠᠨ ᠵᠢᠷᠥᠮ ᠮᠥᠨ ᠃ ᠬᠠᠤᠯᠢ ᠪᠤᠰᠤ ᠡᠲᠡᠭᠡᠳ ᠦᠷᠭᠦᠯᠵᠢ ᠵᠠᠷᠢᠮ ᠨᠠᠰᠤᠲᠠᠶᠢᠴᠤᠳ ᠤᠨ ᠰᠡᠷᠭᠡᠶᠢᠯᠡᠬᠦ ᠤᠬᠠᠮᠰᠠᠷ ᠢᠶᠠᠷ ᠳᠤᠲᠠᠮᠠᠭ ᠪᠠᠶᠢᠬᠤ ᠣᠨᠴᠠᠯᠢᠭ ᠢ ᠠᠰᠢᠭᠯᠠᠨ ᠮᠡᠬᠡᠯᠡᠯ ᠶᠠᠪᠤᠭᠤᠯᠳᠠᠭ ᠃ ᠵᠦᠶᠯ ᠵᠢᠰᠦᠮ ᠦᠨ ︽ ᠵᠣᠭᠣᠰ ᠵᠠᠷᠤᠬᠤ ᠵᠦᠶᠯᠡᠰ ︾ ᠲᠣᠬᠢᠶᠠᠯᠳᠤᠬᠤ ᠦᠶ᠎ᠡ ᠳᠦ ᠂ ᠦᠷ᠎ᠡ ᠬᠡᠸᠬᠡᠳ ᠨᠢ ᠴᠠᠭ ᠲᠤᠬᠠᠶ ᠳᠤᠨᠢ ᠡᠴᠢᠭᠡ ᠡᠬᠡ ᠶᠢᠨ ᠢᠶᠡᠨ ︽ ᠪᠣᠭᠣᠮᠲᠠ ᠰᠠᠬᠢᠭᠴᠢ︾ ᠪᠤᠯᠬᠤ ᠴᠢᠬᠤᠯᠠᠲᠠᠶ ᠮᠥᠷᠲᠡᠭᠡᠨ ᠪᠠᠰᠠ ᠥᠷᠭᠡᠨ ᠣᠯᠠᠨ ᠨᠠᠰᠤᠲᠠᠶᠢᠴᠤᠳ ᠤᠨ ᠰᠡᠷᠭᠡᠶᠢᠯᠡᠬᠦ ᠤᠬᠠᠮᠰᠠᠷ ᠢ ᠴᠢᠩᠭᠠᠳᠬᠠᠬᠤ ᠴᠢᠬᠤᠯᠠᠲᠠᠶ ᠪᠠᠶᠢᠳᠠᠭ ᠃ ᠬᠣᠷᠢᠨᠭᠡᠷ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠨᠠᠰᠤᠲᠠᠶᠢᠴᠤᠳ ᠤᠨ ᠡᠳ᠋ ᠬᠥᠷᠥᠩᠭᠡ ᠶᠢᠨ ᠠᠮᠤᠷ ᠲᠦᠪᠰᠢᠨ ᠢ ᠦᠷᠭᠦᠯᠵᠢᠯᠡᠨ ᠬᠠᠮᠠᠭᠠᠯᠠᠵᠤ ᠂ ᠥᠷᠭᠡᠨ ᠣᠯᠠᠨ ᠨᠠᠰᠤᠲᠠᠶᠢᠴᠤᠳ ᠢ ᠥᠲᠡᠯᠦᠭᠡ ᠨᠠᠰᠤᠨ ᠳᠠᠭᠠᠨ ᠦᠮᠦᠭ ᠲᠦᠰᠢᠭ ᠲᠠᠶ ᠂ ᠠᠰᠠᠷᠠᠮᠵᠢ ᠲᠠᠶ ᠂ ᠪᠠᠶᠠᠷ ᠴᠡᠩᠭᠡᠯ ᠲᠡᠶ ᠂ ᠠᠮᠤᠷ ᠠᠮᠤᠭᠤᠯᠠᠩ ᠪᠠᠢᠢᠯᠭᠠᠬᠤ ᠶᠢᠨ ᠲᠦᠯᠦᠭᠡ ᠢᠮᠠᠭᠲᠠ ᠴᠢᠷᠮᠠᠢᠢᠨᠠ ︕