ᠲᠡᠷᠢᠭᠦᠨ ᠨᠢᠭᠤᠷ  -  ᠨᠦᠬᠦᠷᠰᠡᠭ ᠱᠦᠭᠦᠮᠡᠩ

ᠰᠠᠶᠢᠨ ᠢ ᠨᠢ ᠰᠤᠷᠴᠤ ᠮᠠᠭᠤ ᠶᠢ ᠨᠢ ᠲᠠᠶᠠᠭᠳᠠᠶ᠎ᠠ

2016-04-07 16:49:16
ᠵᠣᠬᠢᠶᠠᠭᠴᠢ
ᠱᠤᠸᠠᠩ ᠶᠢᠨ ᠪᠣᠤ 

    ᠡᠷᠲᠡᠨ ᠠᠴᠠ ᠪᠠᠨ ᠠᠪᠤᠭᠠᠳ ᠮᠠᠨ ᠤ ᠮᠤᠩᠭᠤᠯᠴᠤᠳ ᠢ ᠳᠠᠭᠤᠴᠢ ᠦᠨᠳᠦᠰᠦᠳᠡᠨ᠂ ᠰᠢᠯᠥᠭᠴᠢ ᠦᠨᠳᠦᠰᠦᠳᠡᠨ᠂ ᠪᠥᠵᠢᠭᠴᠦ ᠦᠨᠳᠦᠰᠦᠳᠡᠨ᠂ ᠪᠠᠭᠠᠲᠤᠷ ᠦᠨᠳᠦᠰᠦᠳᠡᠨ ᠬᠡᠵᠤ ᠬᠡᠯᠡᠳᠡᠭ ᠠᠴᠠ ᠭᠠᠳᠠᠨ᠎ᠠ ᠨᠡᠩ ᠴᠦ ᠮᠤᠩᠭᠤᠯ ᠦᠨᠳᠦᠰᠦᠳᠡᠨ ᠢ ᠪᠤᠯᠪᠠᠰᠤᠨ ᠦᠨᠳᠦᠰᠦᠳᠡᠨ ᠭᠡᠳᠡᠭ᠃

    ᠨᠠᠮᠠᠶᠢᠢ ᠪᠠᠭ᠎ᠠ ᠪᠠᠶᠢᠬᠤ ᠳᠤ ᠮᠠᠨ ᠤ ᠪᠣᠭᠤᠷᠤᠯᠴᠤᠳ ᠦᠷᠬᠦᠯᠵᠢ ᠪᠣᠰᠤᠳ ᠢ ᠪᠢᠲᠡᠭᠡᠢ ᠬᠠᠷᠢᠶᠠ᠂ ᠪᠣᠰᠣᠳ ᠢ ᠪᠢᠲᠡᠭᠡᠢ ᠴᠣᠬᠢ᠂ ᠳᠣᠷᠣᠢ ᠪᠠᠭᠤᠷᠡᠢ ᠪᠠᠨ ᠪᠢᠲᠡᠭᠡᠢ ᠡᠯᠡᠭᠯᠡᠵᠦ ᠳᠣᠭᠤᠭᠢᠯᠡ᠂ ᠨᠠᠰᠤᠳᠡᠨ ᠢᠶᠠᠨ ᠬᠦᠨᠳᠦᠳᠭᠡᠵᠤ᠂ ᠨᠢᠯᠬᠠᠰ ᠢᠶᠠᠨ ᠬᠠᠶᠢᠷᠠᠯᠠᠵᠤ ᠶᠠᠪᠤ᠂ ᠬᠤᠳᠠᠯ ᠬᠡᠯᠡᠵᠦ ᠬᠤᠯᠠᠭᠠᠢ ᠬᠢᠬᠦ ᠶᠢ ᠪᠢᠲᠡᠭᠡᠢ ᠰᠤᠷ᠂ ᠬᠦᠮᠦᠨ ᠢ ᠪᠣᠤ ᠮᠡᠬᠡᠯᠡᠭᠡᠷᠡᠢ ᠭᠡᠬᠦ ᠮᠡᠳᠤ ᠪᠠᠷ ᠬᠦᠮᠦᠨ ᠪᠣᠯᠬᠤ ᠶᠤᠰᠤ ᠤᠴᠢᠷ ᠢ ᠵᠢᠭᠠᠵᠤ ᠰᠤᠷᠭᠠᠳᠠᠭ᠃

    ᠭᠡᠳᠡᠯ᠎ᠠ ᠤᠳᠣ ᠪᠣᠯᠳᠡᠯ᠎ᠡ ᠵᠠᠷᠢᠮ ᠬᠦᠮᠦᠨ ᠤᠨᠴᠠᠭᠠᠶᠢᠯᠡᠨ ᠵᠠᠷᠢᠮ ᠵᠠᠯᠠᠭᠤᠴᠤᠳ ᠡᠪᠦᠭᠡ ᠳᠡᠭᠡᠳᠦᠰ ᠤᠨ ᠪᠠᠨ ᠰᠤᠷᠭᠠᠯ᠂ ᠦᠨᠳᠦᠰᠦᠳᠡᠨ ᠤ ᠪᠠᠨ ᠪᠣᠯᠪᠠᠰᠤᠨ ᠰᠠᠶᠢᠬᠠᠨ ᠵᠠᠩ ᠮᠣᠷᠠᠯ ᠢ ᠤᠷᠤ ᠲᠠᠰᠤ ᠮᠠᠷᠲᠠᠭᠠᠳ ᠬᠡᠯᠡᠬᠦ ᠦᠭᠡᠢ ᠮᠠᠭᠤ ᠦᠭᠡ ᠶᠢ ᠬᠡᠯᠡᠵᠦ᠂ ᠦᠢᠯᠡᠳᠬᠦ ᠦᠭᠡᠢ ᠮᠠᠭᠤ ᠬᠡᠷᠡᠭ ᠢ ᠦᠢᠯᠡᠳᠴᠦ ᠲᠡᠷᠡᠴᠢᠯᠡᠨ ᠬᠠᠤᠯᠢ ᠶᠢ ᠵᠦᠷᠢᠴᠡᠵᠤ ᠶᠠᠯ᠎ᠠ ᠬᠢᠵᠦ ᠪᠠᠶᠢᠨ᠎ᠠ᠃ ᠠᠵᠢᠯ ᠠᠯᠪᠠ ᠪᠠᠷ ᠪᠢ ᠲᠡᠳᠡᠭᠡᠷ ᠡᠷᠡᠭᠦᠥ ᠶᠢᠨ ᠬᠡᠷᠡᠭ ᠢ ᠬᠦᠯᠢᠶᠡᠨ ᠠᠪᠴᠤ ᠰᠢᠢᠳᠪᠦᠷᠢᠯᠡᠬᠦ ᠳᠤ ᠪᠠᠨ ᠬᠠᠶᠠ ᠵᠠᠷᠢᠮ ᠨᠢ 《ᠪᠤᠯᠢᠶᠠᠨ ᠲᠡᠭᠡᠷᠡᠮᠳᠡᠭᠰᠡᠨ ᠬᠡᠷᠡᠭ ᠤᠨ ᠰᠡᠵᠢᠭᠲᠡᠨ ᠬᠡᠨ ᠬᠡᠨ᠂ ᠮᠤᠩᠭᠤᠯ ᠦᠨᠳᠦᠰᠦᠳᠡᠨ 》᠂ 《 ᠬᠤᠯᠠᠭᠠᠶᠢᠴᠢ ᠶᠢᠨ ᠬᠡᠷᠡᠭ ᠤᠨ ᠰᠡᠵᠢᠭᠲᠡᠨ ᠬᠡᠨ ᠬᠡᠨ᠂ ᠮᠤᠩᠭᠤᠯ ᠦᠨᠳᠦᠰᠦᠳᠡᠨ 》᠂ 《ᠬᠢᠬᠠᠨ ᠮᠡᠬᠡᠯᠡᠭᠰᠡᠨ ᠬᠡᠷᠡᠭ ᠤᠨ ᠰᠡᠵᠢᠭᠲᠡᠨ ᠬᠡᠨ ᠬᠡᠨ᠂ ᠮᠤᠩᠭᠤᠯ ᠦᠨᠳᠦᠰᠦᠳᠡᠨ 》 ᠭᠡᠬᠦ ᠮᠡᠳᠥ ᠪᠠᠷ ᠬᠠᠤᠯᠢ ᠵᠦᠷᠢᠴᠡᠭᠰᠡᠨ ᠶᠠᠯᠠᠳᠤ ᠠᠵᠢᠯᠯᠠᠭ᠎ᠠ ᠬᠢᠭᠰᠡᠨ ᠬᠡᠷᠡᠭ ᠢ ᠰᠣᠨᠤᠰᠬᠤ ᠳᠠᠭᠠᠨ ᠮᠤᠩᠭᠤᠯ ᠦᠨᠳᠦᠰᠦᠲᠡᠨ ᠭᠡᠳᠡᠭ ᠢ ᠨᠢ ᠰᠤᠨᠤᠰᠤᠭᠰᠠᠭᠠᠷ ᠨᠡᠩ ᠴᠦ ᠬᠠᠴᠠᠷ ᠨᠢᠭᠤᠷ ᠢᠯᠴᠢᠭᠢᠨᠡᠨ ᠳᠣᠲᠣᠷ᠎ᠠ ᠲᠤᠩ ᠵᠤᠪᠠᠲᠠᠭ ᠰᠠᠨ᠃ ᠬᠡᠯᠡᠯᠭᠡᠨ ᠦᠭᠡᠢ ᠮᠠᠭᠤ ᠬᠡᠷᠡᠭ ᠦᠢᠯᠡᠳᠴᠥ ᠬᠠᠤᠯᠢ ᠶᠤᠰᠤᠨ ᠤ ᠰᠢᠳᠬᠡᠯ ᠬᠥᠷᠳᠡᠬᠦ ᠨᠢ ᠦᠨᠳᠦᠰᠦᠳᠡᠨ᠂ ᠠᠷᠠᠰᠤᠲᠡᠨ ᠭᠡᠵᠦ ᠢᠯᠭᠠᠯ ᠦᠭᠡᠢ ᠪᠠᠶᠢᠬᠤ ᠨᠢ ᠶᠠᠷᠢᠶᠠᠨ ᠦᠭᠡᠢ᠂ ᠶᠠᠮᠠᠷ ᠨᠡᠶᠢᠭᠡᠮ ᠶᠠᠮᠠᠷ ᠤᠯᠤᠰ ᠶᠠᠮᠠᠷ ᠦᠨᠳᠦᠰᠦᠳᠡᠨ ᠳᠤ ᠴᠦ ᠪᠦᠷ ᠪᠠᠶᠢᠳᠠᠭ᠃ ᠭᠡᠬᠦ ᠳᠤ ᠪᠠᠨ ᠪᠢᠳᠡ ᠪᠤᠰᠤᠳ ᠤᠨ ᠰᠢᠭᠠᠷᠤ ᠶᠢ ᠬᠠᠶᠠᠵᠤ ᠰᠠᠶᠢᠨ ᠢ ᠨᠢ ᠰᠤᠷᠴᠦ ᠠᠪᠤᠪᠡᠯ ᠲᠠᠭᠠᠷᠠᠨ᠎ᠠ᠃ ᠥᠭᠡᠷ᠎ᠡ ᠶᠢ ᠬᠡᠯᠡᠬᠦ ᠦᠭᠡᠢ ᠦᠩᠭᠡᠷᠡᠭᠰᠡᠨ ᠳᠤ ᠪᠠᠨ ᠮᠠᠨ ᠤ ᠮᠤᠩᠭᠤᠯ ᠬᠦᠮᠦᠨ ᠤ ᠦᠷ᠎ᠡ ᠬᠡᠤᠬᠡᠳ ᠪᠤᠰᠤᠳ ᠢ ᠮᠡᠬᠡᠯᠡᠬᠦ᠂ ᠵᠤᠭᠤᠰ ᠬᠤᠯᠠᠭᠠᠶᠢᠯᠠᠬᠤ᠂ ᠠᠪᠦ ᠡᠵᠢ ᠪᠠᠨ ᠬᠠᠷᠢᠶᠠᠵᠤ ᠵᠣᠳᠣᠬᠤ ᠭᠡᠬᠦ ᠮᠠᠳᠦ ᠶᠢᠨ ᠮᠠᠭᠤ ᠬᠡᠷᠡᠭ ᠬᠢᠬᠦ ᠨᠢ ᠲᠤᠩ ᠴᠦᠬᠡᠨ ᠪᠠᠶᠢᠭᠰᠠᠨ ᠶᠤᠮ᠃ ᠭᠡᠲᠡᠯ᠎ᠡ ᠣᠳᠣ ᠪᠤᠯᠬᠤ ᠳᠤ ᠡᠯᠳᠡᠪ ᠮᠠᠭᠤ ᠬᠡᠷᠡᠭ ᠬᠢᠬᠦ ᠬᠦᠮᠦᠨ ᠵᠥᠩᠳᠡᠭᠡᠨ ᠬᠠᠷᠠᠭᠳᠠᠬᠤ ᠪᠤᠯᠵᠤ ᠪᠠᠶᠢᠨ᠎ᠠ᠃ ᠪᠠᠭ᠎ᠠ ᠤᠴᠢᠷ ᠢᠶᠠᠷ ᠠᠪᠴᠤ ᠬᠡᠯᠡᠪᠡᠯ ᠴᠤᠯᠤ ᠰᠠᠶᠢᠬᠠᠨ ᠦᠨᠢᠶᠠᠨ ᠰᠦᠨ ᠳᠤ ᠪᠠᠨ ᠤᠰᠤ ᠬᠤᠯᠢᠬᠤ᠂ ᠠᠮᠲᠠᠲᠤ ᠰᠠᠶᠢᠬᠠᠨ ᠲᠤᠭᠤᠭᠠᠨ ᠦᠷᠤᠮ᠎ᠡ ᠳᠤ ᠪᠠᠨ ᠭᠤᠯᠢᠷ ᠬᠠᠪᠴᠢᠭᠤᠯᠬᠤ᠂ ᠰᠢᠷᠭᠠᠯ ᠰᠠᠶᠢᠬᠠᠨ ᠰᠢᠷ᠎ᠠ ᠲᠤᠰᠤᠨ ᠳᠤ ᠪᠠᠨ ᠦᠬᠡᠷ ᠤᠨ ᠲᠤᠰᠤ ᠬᠤᠯᠢᠬᠤ᠂ ᠬᠦᠪᠦᠩ ᠴᠠᠭᠠᠨ ᠨᠤᠯᠤᠤᠷ ᠲᠤ ᠪᠠᠨ ᠰᠢᠬᠢᠷ ᠬᠤᠯᠢᠬᠤ ᠵᠡᠷᠭᠡ ᠪᠠᠷ ᠪᠤᠰᠤᠳ ᠢ ᠮᠡᠭᠡᠯᠡᠵᠤ ᠵᠤᠭᠤᠰ ᠬᠤᠵᠢᠳᠠᠭ ᠤᠴᠢᠷ ᠵᠦᠩᠳᠡᠭᠡᠨ ᠰᠣᠨᠤᠰᠳᠠᠳᠠᠭ᠃ ᠡᠳᠡᠭᠡᠷ ᠨᠢ ᠪᠦᠷ ᠦᠨᠳᠦᠨᠰᠦᠲᠡᠨ ᠤ ᠪᠠᠨ ᠪᠤᠯᠪᠠᠰᠦᠨ ᠰᠠᠶᠢᠬᠠᠨ ᠨᠡᠷ᠎ᠡ ᠠᠯᠳᠠᠷ ᠢ ᠭᠤᠳᠤᠭᠠᠵᠤ ᠪᠠᠶᠢᠭ᠎ᠠ ᠶᠠᠪᠤᠳᠠᠯ ᠪᠢᠰᠢᠤ︕ ᠡᠶᠢᠮᠦ ᠪᠠᠷ ᠢᠶᠠᠨ ᠪᠢᠳᠡ ᠬᠦᠮᠦᠨ ᠪᠦᠬᠦᠨ ᠦᠨᠳᠦᠨᠰᠦᠲᠡᠨ ᠤ ᠪᠠᠨ ᠪᠤᠯᠪᠠᠰᠦᠨ ᠰᠠᠶᠢᠬᠠᠨ ᠢᠷᠠᠭᠤ ᠠᠯᠳᠠᠷ ᠢᠶᠠᠨ ᠬᠠᠮᠠᠭᠠᠯᠠᠵᠤ᠂ ᠰᠠᠶᠢᠨ ᠰᠠᠶᠢᠬᠠᠨ ᠵᠠᠩ ᠵᠠᠩᠰᠢᠯ ᠢᠶᠠᠨ ᠵᠠᠯᠭᠠᠮᠵᠢᠯᠡᠨ ᠪᠠᠳᠠᠷᠠᠭᠤᠯᠵᠤ ᠪᠤᠰᠤᠳ ᠤᠨ ᠰᠠᠶᠢᠨ ᠰᠠᠶᠢᠬᠠᠨ ᠢ ᠢᠯᠡᠭᠦᠦ ᠰᠤᠷᠤᠯᠴᠡᠨ ᠮᠠᠭᠤ ᠮᠠᠭᠤᠬᠠᠢ ᠶᠢ ᠡᠷᠡᠰ ᠲᠠᠶᠠᠭᠳᠠᠪᠠᠯ ᠲᠠᠭᠠᠷᠠᠨ᠎ᠠ᠃  

ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro