ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠬᠥᠩᠭᠡᠨ ᠢᠶᠠᠷ ᠰᠢᠳᠭᠡᠭᠦᠯᠬᠦ ᠶᠢ ᠭᠣᠷᠢᠳᠠᠵᠤ ᠬᠡᠯᠡᠭᠰᠡᠨ ᠢᠶᠠᠨ ᠵᠠᠯᠭᠢᠭᠠᠳ ᠶᠠᠯ᠎ᠠ ᠰᠢᠳᠭᠡᠯ ᠨᠡᠮᠡᠭᠦᠯᠪᠡ

2022-10-14 16:43:53
ᠵᠣᠬᠢᠶᠠᠭᠴᠢ
ᠣᠳᠬᠣᠨᠪᠢᠯᠢᠭ᠌


ᠣᠶᠢᠷ᠎ᠠ ᠶᠢᠨ ᠡᠳᠦᠷ᠂ ᠡᠷᠢᠶᠡᠨ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠨᠢ ᠬᠠᠤᠯᠢ ᠶᠣᠰᠣᠭᠠᠷ ᠶᠠᠯ᠎ᠠ ᠪᠠᠨ ᠮᠡᠳᠡᠷᠡᠵᠦ ᠰᠢᠳᠭᠡᠯ ᠬᠦᠯᠢᠶᠡᠭᠰᠡᠳ ᠢ ᠠᠭᠤᠴᠢᠯᠠᠨ ᠰᠢᠳᠬᠡᠬᠦ ᠶᠢ ᠲᠣᠬᠢᠷᠠᠭᠤᠯᠤᠨ ᠬᠡᠷᠡᠭᠯᠡᠬᠦ ᠦᠨᠳᠦᠰᠦᠨ ᠨᠥᠬᠥᠴᠡᠯ ᠢᠶᠡᠨ ᠠᠯᠳᠠᠭᠰᠠᠨ ᠨᠢᠭᠡᠨ ᠬᠡᠷᠡᠭ ᠲᠦ ᠡᠰᠡᠷᠭᠦᠴᠡᠬᠦ ᠵᠠᠭᠠᠯᠳᠤᠯᠭ᠎ᠠ ᠭᠠᠷᠭᠠᠭᠠᠳ᠂ ᠲᠠᠬᠢᠨ ᠰᠢᠭᠦᠯᠲᠡ ᠶᠢᠨ ᠰᠢᠭᠦᠬᠦ ᠬᠣᠷᠢᠶ᠎ᠠ ᠥᠭᠡᠷᠡᠴᠢᠯᠡᠨ ᠰᠢᠳᠭᠡᠵᠡᠢ᠃

ᠵᠧᠩ ᠣᠪᠣᠭᠲᠤ ᠵᠡᠷᠭᠡ ᠬᠦᠮᠦᠰ ᠦᠨ ᠶᠠᠯ᠎ᠠ ᠬᠢᠵᠦ ᠣᠯᠤᠭᠰᠠᠨ ᠣᠯᠵᠠᠪᠤᠷᠢ ᠪᠠᠨ ᠨᠢᠭᠤᠨ ᠳᠠᠯᠳᠠᠯᠠᠭᠰᠠᠨ ᠨᠢᠭᠡᠨ ᠬᠡᠷᠡᠭ ᠢ ᠪᠠᠶᠢᠴᠠᠭᠠᠬᠤ ᠪᠠᠶᠢᠭᠤᠯᠭ᠎ᠠ ᠬᠢᠨᠠᠨ ᠵᠠᠭᠠᠯᠳᠤᠬᠤ ᠱᠠᠲᠤᠨ ᠳᠤ᠂ ᠵᠧᠩ ᠣᠪᠣᠭᠲᠤ ᠦᠪᠡᠷ ᠤᠨ ᠰᠠᠨᠠᠭᠠᠴᠢᠯᠠᠭ᠎ᠠ ᠠᠴᠠ ᠪᠠᠨ ᠶᠠᠯ᠎ᠠ ᠪᠠᠨ ᠮᠡᠳᠡᠷᠡᠵᠦ ᠰᠢᠳᠭᠡᠯ ᠬᠦᠯᠢᠶᠡᠬᠦ ᠶᠢ ᠵᠥᠪᠰᠢᠶᠡᠷᠴᠦ᠂ ᠪᠠᠲᠤᠯᠠᠭ᠎ᠠ ᠶᠢᠨ ᠪᠢᠴᠢᠭ ᠲᠦ ᠭᠠᠷ ᠤᠨ ᠦᠰᠦᠭ ᠵᠢᠷᠤᠵᠤ᠂ ᠡᠷᠢᠶᠡᠨ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠠᠴᠠ ᠵᠧᠩ ᠣᠪᠣᠭᠲᠤ ᠳᠤ ᠠᠭᠤᠴᠢᠯᠠᠨ ᠰᠢᠳᠭᠡᠬᠦ ᠶᠠᠯ᠎ᠠ ᠣᠨᠣᠭᠳᠠᠭᠤᠯᠬᠤ ᠰᠠᠨᠠᠭᠤᠯᠭ᠎ᠠ ᠭᠠᠷᠭᠠᠨ᠂ ᠡᠷᠢᠶᠡᠨ ᠬᠣᠲᠠ ᠶᠢᠨ ᠰᠢᠭᠦᠬᠦ ᠬᠣᠷᠢᠶ᠎ᠠ ᠶᠠᠯ᠎ᠠ ᠣᠨᠣᠭᠳᠠᠭᠤᠯᠬᠤ ᠰᠠᠨᠠᠭᠤᠯᠭ᠎ᠠ ᠶᠢ ᠬᠦᠯᠢᠶᠡᠨ ᠠᠪᠴᠤ ᠠᠩᠬᠠᠨ ᠤ ᠰᠢᠭᠦᠨ ᠲᠠᠰᠤᠯᠤᠯᠲᠠ ᠭᠠᠷᠭᠠᠪᠠ᠃  ᠵᠧᠩ ᠣᠪᠣᠭᠲᠤ ᠬᠥᠩᠭᠡᠯᠡᠯᠲᠡ ᠲᠠᠢ ᠰᠢᠳᠭᠡᠭᠦᠯᠦᠭᠰᠡᠨ ᠤ ᠳᠠᠷᠠᠭ᠎ᠠ᠂ ᠣᠨᠣᠭᠳᠠᠭᠤᠯᠤᠭᠰᠠᠨ ᠶᠠᠯ᠎ᠠ ᠰᠢᠳᠭᠡᠯ ᠬᠦᠨᠳᠦᠳᠡᠪᠡ ᠭᠡᠬᠦ ᠰᠢᠯᠲᠠᠭ ᠢᠶᠠᠷ ᠳᠡᠭᠡᠭᠰᠢ ᠵᠠᠭᠠᠯᠳᠤᠵᠤ᠂ ᠶᠠᠯ᠎ᠠ ᠰᠢᠳᠭᠡᠯ ᠢᠶᠡᠨ ᠲᠠᠬᠢᠨ ᠬᠥᠩᠭᠡᠷᠡᠭᠦᠯᠬᠦ ᠶᠢ ᠱᠠᠭᠠᠷᠳᠠᠪᠠ᠃ ᠵᠠᠭᠠᠯᠳᠤᠭᠳᠠᠭᠴᠢ ᠵᠧᠩ ᠣᠪᠣᠭᠲᠤ ᠶᠠᠯ᠎ᠠ ᠪᠠᠨ ᠮᠡᠳᠡᠷᠴᠦ ᠰᠢᠳᠭᠡᠯ ᠬᠦᠯᠢᠶᠡᠭᠰᠡᠨ ᠡᠴᠡ ᠠᠭᠤᠴᠢᠯᠠᠨ ᠰᠢᠳᠭᠡᠭᠦᠯᠦᠭᠰᠡᠨ ᠦ ᠳᠠᠷᠠᠭ᠎ᠠ ᠵᠦᠢ ᠶᠣᠰᠣᠨ ᠤ ᠰᠢᠯᠲᠠᠭᠠᠨ ᠦᠭᠡᠢ ᠪᠡᠷ ᠳᠡᠭᠡᠭᠰᠢ ᠵᠠᠭᠠᠯᠳᠤᠭᠰᠠᠨ ᠨᠢ ᠤᠤᠯ ᠤᠨ ᠶᠠᠯ᠎ᠠ ᠪᠠᠨ ᠮᠡᠳᠡᠷᠡᠵᠦ ᠰᠢᠳᠭᠡᠯ ᠬᠦᠯᠢᠶᠡᠬᠦ ᠪᠠᠲᠤᠯᠠᠭ᠎ᠠ ᠵᠢᠨ ᠪᠢᠴᠢᠭ ᠢᠶᠡᠨ ᠦᠭᠡᠶᠢᠰᠭᠡᠨ ᠪᠤᠴᠠᠭᠠᠭᠰᠠᠨ ᠳᠤ ᠲᠣᠭᠠᠴᠠᠭᠳᠠᠵᠤ᠂ ᠲᠡᠭᠦᠨ ᠦ ᠶᠠᠯ᠎ᠠ ᠪᠠᠨ ᠮᠡᠳᠡᠷᠡᠵᠦ ᠶᠠᠯ᠎ᠠ ᠬᠢᠭᠰᠡᠨ ᠳᠡᠬᠡᠨ ᠭᠡᠮᠰᠢᠭᠰᠡᠨ ᠪᠡᠶᠡᠴᠢ ᠣᠪᠣᠷ ᠦᠭᠡᠢ ᠪᠠᠶᠢᠭ᠎ᠠ ᠶᠢ ᠢᠯᠡᠷᠬᠡᠶᠢᠯᠡᠵᠦ᠂ ᠲᠤᠰ ᠬᠡᠷᠡᠭ ᠲᠤ ᠠᠬᠢᠭᠠᠳ ᠶᠠᠯ᠎ᠠ ᠪᠠᠨ ᠮᠡᠳᠡᠷᠡᠵᠦ ᠰᠢᠳᠭᠡᠯ ᠬᠦᠯᠢᠶᠡᠭᠰᠡᠨ ᠢ ᠠᠭᠤᠴᠢᠯᠠᠨ ᠰᠢᠳᠭᠡᠬᠦ ᠦᠨᠳᠦᠰᠦᠨ ᠨᠥᠬᠥᠴᠡᠯ ᠦᠭᠡᠢ ᠪᠣᠯᠵᠤ᠂ ᠬᠠᠤᠯᠢ ᠪᠠᠷᠢᠯᠲᠠ ᠶᠢᠨ  ᠡᠬᠢ ᠪᠠᠶᠠᠯᠢᠭ ᠢ ᠬᠣᠬᠢᠷᠠᠭᠤᠯᠤᠭᠰᠠᠨ ᠪᠠᠶᠢᠨ᠎ᠠ᠃ ᠡᠭᠦᠨ ᠢ ᠡᠷᠢᠶᠡᠨ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠡᠰᠡᠷᠭᠦᠴᠡᠨ ᠵᠠᠭᠠᠯᠳᠤᠵᠤ᠂ ᠰᠢᠯᠢ ᠶᠢᠨ ᠭᠣᠣᠯ ᠠᠶᠢᠮᠠᠭ ᠤᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠲᠠᠬᠢᠨ ᠰᠢᠭᠦᠭᠡᠳ ᠂ ᠤᠤᠯ ᠤᠨ ᠬᠣᠶᠠᠷ ᠵᠢᠯ ᠵᠢᠨ ᠭᠠᠳᠠᠨ᠎ᠠ ᠠᠷᠪᠠᠨ ᠰᠠᠷ᠎ᠠ  ᠬᠤᠭᠤᠴᠠᠭ᠎ᠠ ᠲᠠᠢ  ᠬᠣᠷᠢᠬᠤ ᠡᠷᠡᠭᠦᠦ ᠶᠢ ᠭᠤᠷᠪᠠᠨ ᠵᠢᠯ ᠤᠨ ᠭᠠᠳᠠᠨ᠎ᠠ ᠬᠣᠶᠠᠷ ᠰᠠᠷ᠎ᠠ ᠬᠤᠭᠤᠴᠠᠭ᠎ᠠ ᠲᠡᠢ ᠬᠣᠷᠢᠬᠤ ᠡᠷᠡᠭᠦᠦ ᠪᠡᠷ ᠥᠭᠡᠷᠡᠴᠢᠯᠡᠨ ᠰᠢᠳᠭᠡᠵᠡᠢ᠃

ᠣᠶᠢᠯᠭᠠᠭᠰᠠᠨ ᠢᠶᠠᠷ᠂ ᠡᠷᠢᠶᠡᠨ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠨᠢ ᠶᠠᠯ᠎ᠠ ᠪᠠᠨ  ᠮᠡᠳᠡᠷᠡᠵᠦ ᠰᠢᠳᠭᠡᠯ ᠬᠦᠯᠢᠶᠡᠭᠰᠡᠳ  ᠢ ᠠᠭᠤᠴᠢᠯᠠᠨ ᠰᠢᠳᠬᠡᠬᠦ ᠳᠦᠷᠢᠮ ᠢ ᠲᠣᠬᠢᠷᠠᠭᠤᠯᠤᠨ ᠬᠡᠷᠡᠭᠯᠡᠬᠦ ᠪᠡᠶᠡᠴᠢ ᠴᠢᠨᠠᠷ᠂ ᠣᠨᠣᠪᠴᠢᠲᠤ ᠴᠢᠨᠠᠷ ᠪᠠ ᠦᠷ᠎ᠡ ᠪᠦᠲᠦᠮᠵᠢᠲᠤ ᠴᠢᠨᠠᠷ ᠢ ᠤᠯᠠᠮ ᠴᠢᠩᠭᠠᠳᠬᠠᠵᠤ᠂ ᠬᠠᠤᠯᠢ  ᠪᠠᠷᠢᠯᠲᠠ ᠵᠢᠨ ᠡᠬᠢ  ᠪᠠᠶᠠᠯᠢᠭ ᠢ ᠵᠣᠬᠢᠰᠲᠠᠢ  ᠵᠤᠬᠢᠴᠠᠭᠤᠯᠵᠤ᠂ ᠡᠷᠡᠭᠦᠦ ᠶᠢᠨ ᠬᠡᠷᠡᠭ ᠰᠢᠢᠳᠪᠦᠷᠢᠯᠡᠬᠦ ᠴᠢᠨᠠᠷ ᠴᠢᠨᠰᠠᠭ᠎ᠠ ᠦᠷ᠎ᠡ ᠪᠦᠲᠦᠮᠵᠢ ᠪᠡᠨ ᠳᠡᠭᠡᠭᠰᠢᠯᠡᠭᠦᠯᠬᠦ ᠶᠢᠨ ᠵᠡᠷᠭᠡᠪᠠᠷ ᠶᠣᠰᠣ ᠶᠠᠷᠢᠵᠦ ᠬᠠᠤᠯᠢ ᠲᠠᠶᠢᠯᠪᠤᠷᠢᠯᠠᠬᠤ ᠠᠵᠢᠯ ᠢ ᠰᠠᠶᠢᠲᠤᠷ ᠬᠢᠵᠦ᠂ ᠲᠤᠬᠠᠢ  ᠵᠢᠨ ᠬᠦᠮᠦᠨ ᠳᠤ ᠶᠠᠯ᠎ᠠ ᠪᠠᠨ  ᠮᠡᠳᠡᠷᠡᠵᠦ ᠰᠢᠳᠭᠡᠯ ᠬᠦᠯᠢᠶᠡᠭᠰᠡᠳ  ᠢ ᠠᠭᠤᠴᠢᠯᠠᠨ ᠰᠢᠳᠬᠡᠬᠦ ᠳᠦᠷᠢᠮ ᠤᠨ ᠠᠭᠤᠯᠭ᠎ᠠ ᠵᠢᠴᠢ ᠬᠠᠤᠯᠢ ᠴᠠᠭᠠᠵᠠ ᠶᠢᠨ ᠦᠷ᠎ᠡ ᠳ᠋ᠦᠩ ᠢ ᠪᠦᠷᠢᠨ ᠣᠶᠢᠯᠠᠭᠠᠭᠤᠯᠵᠤ᠂ ᠶᠠᠯ᠎ᠠ ᠪᠠᠨ  ᠮᠡᠳᠡᠷᠡᠵᠦ ᠰᠢᠳᠭᠡᠯ   ᠬᠦᠯᠢᠶᠡᠭᠰᠡᠳ  ᠢ ᠠᠭᠤᠴᠢᠯᠠᠨ  ᠰᠢᠳᠬᠡᠬᠦ ᠳᠦᠷᠢᠮ ᠤᠨ  ᠭᠦᠨ ᠤᠳᠬ᠎ᠠ ᠪᠣᠯᠣᠨ ᠴᠢᠬᠤᠯᠠ ᠠᠴᠢ ᠬᠣᠯᠪᠣᠭᠳᠠᠯ ᠢ ᠲᠠᠨᠢᠭᠤᠯᠤᠨ᠂ ᠨᠢᠭᠡᠳᠦᠭᠡᠷ ᠰᠢᠭᠦᠯᠲᠡ ᠶᠢᠨ ᠡᠷᠡᠭᠦᠦ ᠶᠢᠨ ᠬᠡᠷᠡᠭ ᠦᠨ ᠳᠡᠭᠡᠭᠰᠢ ᠵᠠᠭᠠᠯᠳᠤᠬᠤ ᠨᠤᠷᠮ᠎ᠠ ᠶᠢ ᠪᠠᠭᠠᠰᠬᠠᠵᠤ᠂ ᠨᠡᠶᠢᠭᠡᠮ ᠦᠨ ᠠᠮᠤᠷ ᠲᠣᠭᠲᠠᠭᠤᠨ ᠢ ᠬᠠᠮᠠᠭᠠᠯᠠᠨ᠂ ᠬᠠᠤᠯᠢ  ᠪᠠᠷᠢᠯᠲᠠ ᠶᠢᠨ ᠲᠥᠪ ᠴᠢᠬᠡᠴᠢ ᠪᠠᠶᠢᠬᠤ ᠶᠢ ᠪᠠᠲᠤᠯᠠᠬᠤ ᠪᠠᠷ ᠪᠠᠶᠢᠨ᠎ᠠ᠃ 

 

  ᠣᠳᠬᠣᠨᠪᠢᠯᠢᠭ᠌ ᠮᠡᠳᠡᠭᠡᠯᠡᠪᠡ


1662694867277210.jpg





ᠢᠷᠡᠯᠲᠡ
ᠡᠷᠢᠶᠡᠨ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro