ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠨᠢᠭᠡ ᠡᠲᠡᠭᠡᠳ ᠨᠢ ᠣᠷᠢᠳᠠᠪᠡᠷ ᠭᠠᠷ ᠬᠦᠳᠡᠯᠦᠭᠰᠡᠨ ᠪᠠᠢᠢᠳᠠᠯ ᠳᠤᠤᠷ᠎ᠠ᠂ ᠨᠦᠭᠦᠭᠡ ᠡᠲᠡᠭᠡᠳ ᠨᠢ ᠭᠡᠳᠡᠷᠭᠦ ᠴᠣᠬᠢᠯᠲᠠ ᠦᠭᠬᠦ ᠠᠵᠢᠯᠯᠠᠭ᠎ᠠ ᠨᠢ ᠵᠦᠢ ᠶᠣᠰᠣᠨ ᠤ ᠬᠠᠮᠠᠭᠠᠯᠠᠯᠲᠠ ᠳᠤ ᠲᠣᠭᠠᠴᠢᠭᠳᠠᠨ᠎ᠠ ᠦᠦ︖

2022-10-29 20:15:57
ᠵᠣᠬᠢᠶᠠᠭᠴᠢ
ᠢᠷᠭᠤᠢ


微信图片_20221029183349.jpg


2021 ᠣᠨ  ᠳᠤ᠂ ᠾᠧᠦ ᠣᠪᠣᠭᠲᠣ ᠪᠣᠯᠣᠨ ᠦ᠋ ᠣᠪᠣᠭᠲᠣ ᠦᠣᠰᠢᠨ ᠬᠤᠰᠢᠭᠤᠨ ᠤ  ᠨᠢᠭᠡᠨ  ᠪᠠᠯᠭᠠᠰᠣ ᠶᠢᠨ  ᠨᠢᠭᠡᠨ  ᠪᠠᠭᠤᠳᠠᠯ ᠳᠤ  ᠢᠬᠢᠷ ᠰᠢᠬᠢᠷ ᠣᠴᠢᠷ ᠠᠴᠠ ᠬᠡᠯᠡ ᠠᠮᠠ ᠪᠣᠯᠵᠤ ᠦ᠋ ᠣᠪᠣᠭᠲᠣ᠂ ᠾᠧᠦ ᠣᠪᠣᠭᠲᠣ ᠶᠢᠨ ᠲᠣᠯᠣᠭᠠᠢ ᠶᠢ ᠨᠢᠭᠡ ᠨᠢᠳᠣᠷᠭᠠᠳᠣᠪᠠ᠂ ᠾᠧᠦ ᠣᠪᠣᠭᠲᠣ ᠢᠴᠢᠩᠭᠦᠷᠡᠨ ᠠᠭᠤᠷᠯᠠᠬᠤ ᠳᠠᠭᠠᠨ ᠦ᠋ ᠣᠪᠣᠭᠲᠣ ᠶᠢ ᠬᠠᠷᠢᠭᠤ  ᠵᠣᠳᠣᠵᠣ ᠬᠤᠶᠠᠷ ᠡᠲᠡᠭᠡᠳ ᠢᠶᠠᠷ ᠢᠶᠠᠨ ᠬᠠᠷᠢᠯᠴᠠᠨ ᠵᠣᠳᠣᠯᠴᠠᠪᠠ᠃ ᠵᠣᠳᠤᠯᠴᠠᠭᠠᠨ ᠤ ᠳᠣᠮᠳᠠ ᠾᠧᠦ ᠣᠪᠣᠭᠲᠣ᠂ ᠦ᠋ ᠣᠪᠣᠭᠲᠣ ᠤᠨ ᠭᠤᠷᠪᠠᠨ ᠰᠢᠳᠦ ᠶᠢ ᠨᠢ ᠣᠨᠠᠭᠠᠪᠠ᠃ ᠬᠢᠨᠠᠨ ᠲᠣᠭᠲᠠᠭᠠᠭᠰᠠᠨ ᠢᠶᠠᠷ ᠦ᠋ ᠣᠪᠣᠭᠲᠣ ᠤᠨ ᠰᠢᠷᠬ᠎ᠠ ᠨᠢ ᠭᠦᠩᠭᠡᠨ ᠰᠢᠷᠬ᠎ᠠ ᠶᠢᠨ ᠬᠤᠶᠠᠳᠣᠭᠠᠷ ᠳᠡᠰ ᠲᠤ ᠬᠦᠷᠪᠡ᠃  ᠡᠴᠦᠰ  ᠲᠦ ᠦᠣᠰᠢᠨ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ ᠾᠧᠦ ᠣᠪᠣᠭᠲᠣ ᠶᠢ ᠵᠤᠷᠢᠭᠤᠳᠠ ᠭᠡᠮᠳᠦᠭᠡᠭᠰᠡᠨ ᠶᠠᠯ᠎ᠠ ᠪᠠᠷ ᠵᠢᠷᠭᠤᠭᠠᠨ ᠰᠠᠷ᠎ᠠ ᠬᠤᠷᠢᠵᠤ ᠬᠦᠳᠡᠯᠮᠦᠷᠢᠯᠡᠭᠦᠯᠬᠦ ᠪᠠᠷ ᠰᠢᠳᠭᠡᠵᠦ᠂ ᠨᠢᠭᠡ ᠵᠢᠯ ᠠᠯᠭᠤᠷᠯᠠᠬᠤ ᠪᠠᠷ ᠰᠢᠭᠦᠨ ᠲᠠᠰᠤᠯᠵᠠᠢ᠃ ᠦ᠋ ᠣᠪᠣᠭᠲᠣ ᠴᠦ ᠬᠦᠮᠦᠨ ᠢ ᠵᠣᠳᠣᠭᠰᠠᠨ ᠪᠣᠯᠬᠤᠷ ᠲᠣᠲᠣᠭᠠᠳᠣ ᠶᠢ ᠬᠠᠮᠠᠭᠠᠯᠠᠬᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠰᠢᠳᠭᠡᠯ ᠣᠯᠪᠠ᠃

ᠳᠡᠭᠡᠷᠡᠬᠢ ᠬᠡᠷᠡᠭ ᠢ ᠪᠠᠶᠢᠴᠠᠭᠠᠬᠤ ᠶᠠᠪᠤᠴᠠ ᠳᠣᠮᠳᠠ᠂ ᠾᠧᠦ ᠣᠪᠣᠭᠲᠣ  ᠶᠡᠷᠦ ᠨᠢ᠄ ︽ᠦ᠋ ᠣᠪᠣᠭᠲᠣ ᠣᠷᠢᠳᠠᠪᠡᠷ ᠭᠠᠷ ᠬᠦᠳᠡᠯᠵᠦ ᠨᠠᠮᠠᠶᠢ ᠵᠣᠳᠣᠭᠰᠠᠨ ᠠᠴᠠ ᠪᠢ ᠰᠠᠶ᠋ᠢ ᠬᠠᠷᠢᠭᠤ ᠵᠣᠳᠣᠪᠠ᠂  ᠮᠢᠨᠦ ᠦᠢᠯᠡ ᠠᠵᠢᠯᠯᠠᠭ᠎ᠠ ᠪᠣᠯ ᠵᠦᠢ ᠶᠣᠰᠣᠨ ᠤ ᠬᠠᠮᠠᠭᠠᠯᠠᠯᠲᠠ ᠮᠦᠨ︾ ᠭᠡᠵᠦ ᠣᠮᠤᠭ ᠲᠡᠭᠦᠯᠳᠡᠷ ᠶᠠᠷᠢᠵᠤ ᠪᠠᠶᠢᠯ᠎ᠠ ᠃ ᠤᠳᠤᠬᠠᠨ ᠳᠤ ᠣᠯᠠᠩᠬᠢ ᠬᠦᠮᠦᠰ᠂ ᠾᠧᠦ ᠤᠪᠤᠭᠲᠤ ᠰᠢᠭ᠋ ᠵᠦᠢ ᠶᠣᠰᠣᠨ ᠤ ᠬᠠᠮᠠᠭᠠᠯᠠᠯᠲᠠ ᠳᠤ ᠪᠣᠷᠣᠭᠤ ᠲᠠᠨᠢᠯᠲᠠ ᠲᠠᠢ᠂ ᠲᠡᠭᠡᠪᠡᠯ ᠵᠦᠢ ᠶᠣᠰᠣᠨ ᠤ ᠬᠠᠮᠠᠭᠠᠯᠠᠯᠲᠠ ᠭᠡᠵᠦ ᠴᠣᠬᠤᠮ ᠶᠠᠭᠤ ᠪᠤᠢ︖

ᠵᠦᠢ ᠶᠣᠰᠣᠨ ᠤ ᠬᠠᠮᠠᠭᠠᠯᠠᠯᠲᠠ ᠶᠢᠨ ᠮᠦᠨ ᠴᠢᠨᠠᠷ ᠪᠣᠯ ᠬᠠᠣᠯᠢ ᠪᠣᠰᠤ ᠬᠠᠯᠳᠠᠯᠭ᠎ᠠ ᠶᠢ ᠬᠤᠷᠢᠭᠯᠠᠵᠣ᠂ ᠬᠠᠣᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠳᠤ ᠪᠠᠶᠢᠨ᠎ᠠ᠂ ᠪᠣᠰᠣᠳ ᠬᠦᠮᠦᠨ ᠳᠤ ᠴᠣᠬᠢᠭᠳᠠᠭᠠᠳ ᠭᠡᠳᠡᠷᠭᠦ ᠴᠣᠬᠢᠯᠲᠠ ᠦᠭᠬᠦ ᠨᠢ ᠶᠡᠷᠦ ᠳᠡᠭᠡᠨ ᠬᠠᠷᠢᠯᠴᠠᠨ ᠵᠣᠳᠣᠯᠴᠠᠭᠰᠠᠨ ᠳᠤ ᠲᠣᠭᠠᠴᠢᠭᠳᠠᠨ᠎ᠠ᠃ ᠤᠴᠢᠷ ᠨᠢ᠂ ᠲᠤᠬᠠᠢ ᠶᠢᠨ ᠦᠶᠡᠰ ᠬᠤᠶᠠᠷ ᠡᠲᠡᠭᠡᠳ ᠢᠶᠠᠷ ᠢᠶᠠᠨ ᠪᠦᠷ ᠡᠰᠡᠷᠭᠦ ᠡᠲᠡᠭᠡᠳ ᠢᠶᠠᠨ ᠬᠠᠣᠯᠢ ᠪᠣᠰᠤ ᠢᠶᠠᠷ ᠬᠤᠬᠢᠷᠠᠭᠤᠯᠬᠤ ᠶᠢ ᠬᠦᠭᠡᠭᠡᠴᠡᠯᠳᠦᠵᠣ᠂ ᠵᠦᠢ ᠶᠣᠰᠣᠨ ᠤ ᠬᠠᠮᠠᠭᠠᠯᠠᠯᠲᠠ ᠶᠢᠨ ᠵᠣᠷᠢᠯᠭ᠎ᠠ ᠦᠨᠳᠦᠰᠦᠨ  ᠳᠡᠭᠡᠨ ᠣᠷᠣᠰᠢᠬᠤ ᠦᠭᠡᠢ᠂ ᠡᠶᠢᠮᠦ ᠠᠴᠠ ᠵᠦᠢ ᠶᠣᠰᠣᠨ ᠤ ᠬᠠᠮᠠᠭᠠᠯᠠᠯᠲᠠ ᠪᠣᠯᠵᠤ ᠪᠦᠷᠢᠯᠳᠦᠬᠦ ᠦᠭᠡᠢ᠃


1᠂ ᠵᠦᠢ ᠶᠣᠰᠣᠨ ᠤ ᠬᠠᠮᠠᠭᠠᠯᠠᠯᠲᠠ ᠨᠢ ᠳᠣᠣᠷᠠᠬᠢ ᠲᠠᠪᠣᠨ ᠨᠦᠬᠦᠴᠡᠯ ᠳᠤ ᠨᠡᠶᠢᠴᠡᠬᠦ ᠬᠡᠷᠡᠭᠲᠡᠢ᠄

ᠨᠢᠭᠡ᠂  ᠵᠦᠢ ᠶᠣᠰᠣᠨ ᠤ ᠬᠠᠮᠠᠭᠠᠯᠠᠯᠲᠠ ᠨᠢ ᠵᠠᠪᠠᠯ ᠬᠠᠣᠯᠢ ᠪᠣᠰᠤ ᠬᠠᠯᠳᠠᠯᠭ᠎ᠠ ᠳᠤ ᠵᠣᠷᠢᠭᠤᠯᠤᠭᠰᠠᠨ ᠪᠠᠶᠢᠬᠤ ᠬᠡᠷᠡᠭᠲᠡᠢ᠃ ( ᠬᠤᠶᠠᠷ ᠬᠦᠮᠦᠨ ᠵᠢᠴᠢ ᠬᠤᠶᠠᠷ ᠠᠴᠠ ᠳᠡᠭᠡᠭᠰᠢᠬᠢ ᠬᠦᠮᠦᠨ ᠬᠡᠷᠡᠭᠦᠯ  ᠵᠣᠳᠣᠭᠠᠨ ᠬᠢᠵᠤ᠂  ᠨᠢᠭᠡ ᠡᠲᠡᠭᠡᠳ ᠨᠢ ᠣᠷᠢᠳᠠᠪᠡᠷ ᠭᠠᠷ  ᠬᠦᠳᠡᠯᠵᠦ᠂ ᠨᠦᠭᠦᠭᠡ  ᠡᠲᠡᠭᠡᠳ ᠨᠢ ᠭᠡᠳᠡᠷᠭᠦ ᠴᠣᠬᠢᠯᠲᠠ ᠦᠭᠬᠦ ᠠᠵᠢᠯᠯᠠᠭ᠎ᠠ ᠨᠢ  ᠵᠦᠢ ᠶᠣᠰᠣᠨ ᠤ ᠬᠠᠮᠠᠭᠠᠯᠠᠯᠲᠠ ᠳᠤ ᠲᠣᠭᠠᠴᠢᠭᠳᠠᠬᠤ ᠦᠭᠡᠢ ᠃ ᠬᠠᠣᠯᠢ ᠪᠣᠰᠤ ᠬᠠᠯᠳᠠᠯᠭ᠎ᠠ ᠨᠢ ᠡᠷᠬᠡᠪᠰᠢ  ᠪᠣᠰᠣᠳᠴᠢ  ᠲᠠᠯ᠎ᠠ ᠪᠠᠷ ᠦᠨᠡᠨᠬᠦ  ᠣᠷᠣᠰᠢᠵᠤ  ᠪᠠᠶᠢᠬᠤ ᠬᠡᠷᠡᠭᠲᠡᠢ᠂ ᠬᠠᠷᠢᠨ  ᠪᠡᠶᠡᠴᠢ ᠲᠠᠯ᠎ᠠ ᠶᠢᠨ ᠲᠠᠭᠠᠮᠠᠭᠯᠠᠯ ᠪᠢᠰᠢ᠃︶

ᠬᠤᠶᠠᠷ᠂ ᠬᠠᠣᠯᠢ ᠪᠣᠰᠤ ᠬᠠᠯᠳᠠᠯᠭ᠎ᠠ ᠨᠢ ᠵᠠᠪᠠᠯ  ᠶᠠᠭ ᠰᠠᠶᠢᠬᠠᠨ ᠶᠠᠪᠣᠭᠳᠠᠵᠤ ᠪᠠᠶᠢᠬᠤ ᠬᠡᠷᠡᠭᠲᠡᠢ᠃ ( ᠰᠠᠨᠠᠭᠠᠴᠢᠯᠠᠭ᠎ᠠ ᠠᠴᠠ ᠪᠠᠨ ᠬᠠᠣᠯᠢ ᠪᠣᠰᠤ ᠬᠠᠯᠳᠠᠯᠭ᠎ᠠ ᠬᠢᠬᠦ ᠪᠠᠨ ᠵᠣᠭᠰᠣᠭᠰᠠᠨ᠂ ᠡᠰᠡᠭᠦᠯ᠎ᠡ ᠨᠢᠭᠡᠨᠲᠡ ᠬᠠᠣᠯᠢ ᠪᠣᠰᠤ ᠬᠠᠯᠳᠠᠯᠭ᠎ᠠ ᠬᠢᠵᠦ ᠳᠠᠭᠤᠰᠣᠭᠰᠠᠨ ᠦᠢᠯᠡ ᠠᠵᠢᠯᠯᠠᠭᠠᠲᠠᠨ ᠳᠤ ᠴᠢᠭᠯᠡᠭᠦᠯᠦᠭᠰᠡᠨ ᠦᠢᠯᠡ ᠠᠵᠢᠯᠯᠠᠭ᠎ᠠ ᠨᠢ ᠵᠦᠢ ᠶᠣᠰᠣᠨ ᠤ ᠬᠠᠮᠠᠭᠠᠯᠠᠯᠲᠠ ᠳᠤ ᠲᠣᠭᠠᠴᠢᠭᠳᠠᠬᠤ ᠦᠭᠡᠢ᠃ )             

ᠭᠤᠷᠪᠠ᠂ ᠵᠦᠢ ᠶᠣᠰᠣᠨ ᠤ ᠬᠠᠮᠠᠭᠠᠯᠠᠯᠲᠠ ᠨᠢ ᠵᠠᠪᠠᠯ ᠬᠠᠣᠯᠢ ᠪᠣᠰᠤ ᠪᠠᠷ ᠬᠠᠯᠳᠠᠭᠰᠠᠨ ᠦᠢᠯᠡ ᠠᠵᠢᠯᠯᠠᠭᠠᠲᠠᠨ ᠤ ᠲᠣᠰ ᠪᠡᠶᠡᠨ ᠳᠤᠨᠢ ᠴᠢᠭᠯᠡᠭᠦᠯᠦᠭᠰᠡᠨ ᠪᠠᠶᠢᠬᠤ ᠬᠡᠷᠡᠭᠲᠡᠢ᠃ ︵ᠬᠡᠷᠪᠡ  ᠬᠠᠮᠠᠭᠠᠯᠠᠯᠲᠠ ᠶᠢᠨ ᠦᠢᠯᠡ ᠠᠵᠢᠯᠯᠠᠭ᠎ᠠ ᠨᠢ ᠬᠠᠣᠯᠢ ᠪᠣᠰᠤ ᠪᠠᠷ ᠬᠠᠯᠳᠠᠭᠰᠠᠨ ᠦᠢᠯᠡ  ᠠᠵᠢᠯᠯᠠᠭᠠᠲᠠᠨ ᠳᠤ  ᠴᠢᠭᠯᠡᠭᠦᠯᠦᠭᠰᠡᠨ ᠪᠢᠰᠢ᠂ ᠬᠠᠷᠢᠨ ᠬᠤᠯᠪᠣᠭᠳᠠᠯ ᠦᠭᠡᠢ ᠭᠤᠷᠪᠠᠳᠡᠬᠢ ᠡᠲᠡᠭᠡᠳ ᠲᠤ ᠴᠢᠭᠯᠡᠭᠦᠯᠦᠭᠰᠡᠨ ᠪᠠᠶᠢᠪᠠᠯ᠂ ᠵᠦᠢ ᠶᠣᠰᠣᠨ ᠤ ᠬᠠᠮᠠᠭᠠᠯᠠᠯᠲᠠ ᠳᠤ ᠲᠣᠭᠠᠴᠢᠭᠳᠠᠬᠤ ᠦᠭᠡᠢ᠃ ) 

ᠳᠦᠷᠪᠡ᠂ ᠵᠦᠢ ᠶᠣᠰᠣᠨ ᠤ ᠬᠠᠮᠠᠭᠠᠯᠠᠯᠲᠠ ᠨᠢ ᠵᠣᠬᠢᠬᠤ ᠬᠡᠮᠵᠢᠶᠡᠨ ᠤ ᠬᠡᠪᠴᠢᠶᠡᠨ ᠠᠴᠠ ᠬᠡᠳᠦᠷᠡᠵᠤ ᠪᠣᠯᠬᠤ ᠦᠭᠡᠢ᠃  ︵ᠡᠬᠢᠨ ᠳᠡᠭᠡᠨ ᠵᠦᠢ ᠶᠣᠰᠣᠨ ᠤ ᠬᠠᠮᠠᠭᠠᠯᠠᠯᠲᠠ ᠬᠢᠭᠰᠡᠨ ᠪᠣᠯᠪᠠᠴᠤ ᠰᠡᠭᠦᠯᠡᠷ ᠨᠢ ᠵᠤᠬᠢᠬᠤ ᠬᠡᠮᠵᠢᠶᠡᠨ ᠠᠴᠠ ᠢᠯᠡᠳᠲᠡ ᠬᠡᠳᠦᠷᠡᠵᠦ ᠬᠦᠨᠳᠦ ᠶᠡᠭᠡ ᠬᠤᠬᠢᠷᠠᠯ ᠣᠴᠠᠷᠠᠭᠤᠯᠣᠭᠰᠠᠨ ᠪᠠᠶᠢᠪᠠᠯ ᠬᠠᠮᠠᠭᠠᠯᠠᠯᠲᠠ ᠬᠡᠳᠦᠷᠡᠭᠰᠡᠨ ᠳᠤ  ᠲᠣᠭᠠᠴᠢᠭᠳᠠᠨ᠎ᠠ᠃ ᠡᠷᠡᠭᠦᠦ ᠶᠢᠨ ᠬᠠᠣᠯᠢ ᠶᠢᠨ ᠬᠤᠷᠢᠳᠣᠭᠠᠷ ᠵᠣᠶᠢᠯ ᠤᠨ ᠭᠤᠷᠪᠠᠳᠣᠭᠠᠷ ᠵᠣᠷᠪᠣᠰ ᠲᠤ ᠲᠣᠭᠲᠠᠭᠠᠭᠰᠠᠨ ᠪᠠᠶᠢᠳᠠᠯ ᠡᠭᠦᠨ ᠳᠤ ᠪᠠᠭᠲᠠᠬᠤ ᠦᠭᠡᠢ᠃︶

ᠲᠠᠪᠤ᠂ ᠵᠦᠢ ᠶᠣᠰᠣᠨ ᠤ ᠬᠠᠮᠠᠭᠠᠯᠠᠯᠲᠠ ᠨᠢ ᠬᠠᠣᠯᠢ ᠪᠣᠰᠤ ᠪᠠᠷ ᠬᠠᠯᠳᠠᠭᠰᠠᠨ ᠦᠢᠯᠡ ᠠᠵᠢᠯᠯᠠᠭ᠎ᠠ ᠶᠢ ᠬᠤᠷᠢᠭᠯᠠᠨ ᠵᠣᠭᠰᠣᠭᠠᠬᠤ ᠦᠶ᠎ᠡ ᠳᠤ ᠬᠠᠣᠯᠢ ᠪᠣᠰᠤ ᠪᠠᠷ ᠬᠠᠯᠳᠠᠭᠰᠠᠨ ᠦᠢᠯᠡ ᠠᠵᠢᠯᠯᠠᠭᠠᠲᠠᠨ ᠳᠤ ᠬᠤᠬᠢᠷᠠᠯ  ᠤᠴᠠᠷᠠᠭᠤᠯᠤᠭᠰᠠᠨ ᠦᠢᠯᠡ ᠠᠵᠢᠯᠯᠠᠭ᠎ᠠ ᠶᠢ ᠵᠢᠭᠠᠨ᠎ᠠ᠃


2᠂ ᠦᠷᠭᠦᠯᠵᠢ ᠲᠣᠬᠢᠶᠠᠯᠳᠣᠳᠠᠭ ᠬᠦᠩᠭᠡᠨ ᠰᠢᠷᠬ᠎ᠠ ᠶᠢᠨ ᠬᠤᠶᠠᠳᠣᠭᠠᠷ ᠲᠡᠰ ᠨᠢ ᠳᠣᠣᠷᠠᠬᠢ ᠮᠡᠲᠦ᠄

1. ᠲᠣᠯᠣᠭᠠᠢ ᠶᠢᠨ ᠠᠷᠠᠰᠤᠨ ᠤ ᠰᠢᠷᠬ᠎ᠠ ᠪᠣᠶᠣ ᠰᠣᠷᠪᠢ ᠶᠢᠨ ᠣᠷᠲᠣ ᠶᠢᠨ ᠬᠡᠮᠵᠢᠶ᠎ᠠ ᠨᠢ 8cm  ᠡᠴᠡ ᠳᠡᠭᠡᠭᠰᠢ᠃

2. ᠬᠦᠯ ᠭᠠᠷ ᠤᠨ ᠠᠷᠠᠰᠤᠨ ᠤ ᠨᠢᠭᠡ ᠬᠡᠰᠡᠭ ᠤᠨ ᠰᠢᠷᠬ᠎ᠠ  ᠪᠣᠶᠣ ᠰᠣᠷᠪᠢ ᠶᠢᠨ ᠣᠷᠲᠣ ᠶᠢᠨ ᠬᠡᠮᠵᠢᠶ᠎ᠠ ᠨᠢ 10cm  ᠡᠴᠡ ᠳᠡᠭᠡᠭᠰᠢ᠂ ᠬᠤᠶᠠᠷ ᠠᠴᠠ ᠳᠡᠭᠡᠭᠰᠢ ᠰᠢᠷᠬᠠᠨ ᠤ ᠠᠮᠠᠰᠠᠷ ᠪᠣᠶᠤ ᠰᠣᠷᠪᠢ ᠶᠢᠨ ᠣᠷᠲᠣ ᠶᠢᠨ ᠬᠡᠮᠵᠢᠶ᠎ᠠ ᠶᠢᠨ ᠨᠡᠶᠢᠯᠡᠪᠦᠷᠢ ᠨᠢ 15cm  ᠡᠴᠡ ᠳᠡᠭᠡᠭᠰᠢ᠃

3. ᠨᠢᠭᠤᠷ ᠤᠨ ᠬᠡᠰᠡᠭ ᠤᠨ ᠭᠠᠭᠴᠠ ᠰᠢᠷᠬᠠᠨ ᠤ ᠠᠮᠠᠰᠠᠷ ᠪᠣᠶᠣ ᠰᠣᠷᠪᠢ ᠶᠢᠨ ᠣᠷᠲᠣ ᠶᠢᠨ ᠬᠡᠮᠵᠢᠶ᠎ᠠ ᠨᠢ 4.5cm  ᠡᠴᠡ ᠳᠡᠭᠡᠭᠰᠢ᠂ ᠣᠯᠠᠨ ᠰᠢᠷᠬᠠᠨ ᠤ ᠠᠮᠠᠰᠠᠷ ᠪᠣᠶᠤ ᠰᠣᠷᠪᠢ ᠶᠢᠨ ᠣᠷᠲᠣ ᠶᠢᠨ ᠬᠡᠮᠵᠢᠶ᠎ᠡ ᠶᠢᠨ ᠨᠡᠶᠢᠯᠡᠪᠦᠷᠢ ᠨᠢ 8cm  ᠡᠴᠡ ᠳᠡᠭᠡᠭᠰᠢ᠃

4. ᠬᠦᠵᠦᠭᠦᠨ ᠤ ᠡᠮᠦᠨ᠎ᠡ ᠬᠡᠰᠡᠭ ᠤᠨ ᠭᠠᠭᠴᠠ ᠰᠢᠷᠬᠠᠨ ᠤ ᠠᠮᠠᠰᠠᠷ ᠪᠣᠶᠣ ᠰᠣᠷᠪᠢ ᠶᠢᠨ ᠣᠷᠲᠣ ᠶᠢᠨ ᠬᠡᠮᠵᠢᠶ᠎ᠠ ᠨᠢ 5cm  ᠡᠴᠡ ᠳᠡᠭᠡᠭᠰᠢ᠂  ᠣᠯᠠᠨ ᠰᠢᠷᠬᠠᠨ ᠤ ᠠᠮᠠᠰᠠᠷ ᠪᠣᠶᠤ ᠰᠣᠷᠪᠢ ᠶᠢᠨ ᠣᠷᠲᠣ ᠶᠢᠨ ᠬᠡᠮᠵᠢᠶ᠎ᠠ  ᠶᠢᠨ ᠨᠡᠶᠢᠯᠡᠪᠦᠷᠢ ᠨᠢ 8cm  ᠡᠴᠡ ᠳᠡᠭᠡᠭᠰᠢ᠃

5. ᠪᠡᠶ᠎ᠠ ᠶᠢᠨ ᠭᠠᠳᠠᠷᠭᠤ ᠶᠢᠨ ᠭᠠᠭᠴᠠ ᠰᠢᠷᠬᠠᠨ ᠤ ᠠᠮᠠᠰᠠᠷ ᠪᠣᠶᠣ ᠰᠣᠷᠪᠢ ᠶᠢᠨ ᠣᠷᠲᠣ ᠶᠢᠨ ᠬᠡᠮᠵᠢᠶ᠎ᠠ ᠨᠢ 10cm  ᠡᠴᠡ ᠳᠡᠭᠡᠭᠰᠢ᠂ ᠣᠯᠠᠨ ᠰᠢᠷᠬᠠᠨ ᠤ ᠠᠮᠠᠰᠠᠷ ᠪᠣᠶᠤ ᠰᠣᠷᠪᠢ ᠶᠢᠨ ᠣᠷᠲᠣ ᠶᠢᠨ ᠬᠡᠮᠵᠢᠶ᠎ᠠ  ᠶᠢᠨ ᠨᠡᠶᠢᠯᠡᠪᠦᠷᠢ ᠨᠢ 15cm  ᠡᠴᠡ ᠳᠡᠭᠡᠭᠰᠢ᠃

6. ᠰᠢᠳᠦ ᠨᠢ ᠬᠤᠶᠠᠷ ᠠᠴᠠ ᠳᠡᠭᠡᠭᠰᠢ ᠣᠨᠠᠬᠤ ᠪᠣᠶᠣ  ᠭᠡᠮᠳᠦᠬᠦ᠃

7. ᠡᠷᠡᠬᠡᠢ ᠬᠤᠷᠣᠭᠤ ᠠᠴᠠ ᠪᠣᠰᠣᠳ ᠬᠤᠷᠣᠭᠠᠨ ᠤ ᠦᠶ᠎ᠡ ᠨᠢ ᠬᠤᠭᠤᠷᠠᠬᠤ  ᠪᠣᠶᠣ ᠲᠠᠰᠣᠷᠠᠬᠤ᠃

   

               ᠢᠷᠭᠤᠢ   ᠮᠡᠳᠡᠭᠡᠯᠡᠪᠠ

                                                       


ᠢᠷᠡᠯᠲᠡ
ᠤᠷᠳᠣᠰ ᠬᠤᠲᠠ ᠶᠢᠨ ᠦᠣᠰᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro