ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠠᠷᠠᠳ ᠤᠨ ᠵᠦᠷᠢᠴᠡᠯ ᠢ ᠡᠶᠡᠷᠡᠬᠦᠯᠥᠨ ᠠᠰᠠᠭᠤᠳᠠᠯ ᠢ ᠰᠠᠶᠢᠳᠣᠷ ᠰᠢᠢᠳᠦᠨ ᠪᠦᠲᠦᠮᠵᠢᠳᠡᠢ ᠬᠠᠤᠯᠢ ᠶᠢᠨ ᠦᠷ᠎ᠡ ᠠᠰᠢᠭ ᠢ ᠠᠪᠴᠢᠷᠠᠵᠦ ᠪᠠᠶᠢᠨ᠎ᠠ

2023-03-02 11:45:12
ᠵᠣᠬᠢᠶᠠᠭᠴᠢ
ᠬᠦᠰᠡᠯᠡᠷᠳᠡᠨᠢ

ᠤᠶᠢᠷ᠎ᠠ ᠳᠤ ᠠᠷᠤ ᠬᠤᠷᠴᠢᠨ ᠬᠤᠰᠢᠭᠤᠨ ᠤ ᠲᠤᠳᠣᠭᠠᠳᠣ ᠶᠢ ᠬᠠᠮᠠᠭᠠᠯᠠᠬᠤ ᠲᠤᠪᠴᠢᠶ᠎ᠠ ᠨᠢ ᠪᠤᠰᠣᠳ ᠢ ᠬᠢᠬᠠᠨ ᠮᠡᠬᠡᠯᠡᠭᠰᠡᠨ ᠨᠢᠬᠡᠨ ᠬᠡᠷᠡᠭ ᠢ ᠠᠯᠪᠠᠨ ᠵᠠᠭᠠᠯᠳᠣᠯᠭ᠎ᠠ ᠭᠠᠷᠭᠠᠯᠬᠤ ᠪᠠᠷ ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠳᠤ ᠰᠢᠯᠵᠢᠬᠦᠯᠥᠨ ᠢᠷᠡᠬᠦᠯᠪᠡ᠃ ᠠᠷᠤ ᠬᠤᠷᠴᠢᠨ ᠬᠤᠰᠢᠭᠤᠨ ᠤ ᠲᠣᠳᠣᠭᠠᠳᠣ ᠶᠢ ᠬᠠᠮᠠᠭᠠᠯᠠᠬᠤ ᠲᠤᠪᠴᠢᠶ᠎ᠠ ᠵᠠᠭᠠᠯᠳᠣᠬᠤ ᠰᠠᠨᠠᠯ ᠤᠨ ᠪᠢᠴᠢᠭ ᠲᠤ ᠪᠠᠨ ᠲᠤᠳᠣᠯᠠᠭᠰᠠᠨ ᠨᠢ᠄ 2013 ᠤᠨ ᠤ 4 ᠰᠠᠷ᠎ᠠ  ᠳᠤ᠂ ᠰᠡᠵᠢᠭᠳᠡᠨ ᠶᠠᠨ ᠤᠪᠤᠭᠲᠤ ︵ᠪᠤᠷᠤᠭᠤᠯᠠᠭᠰᠠᠨ ᠣᠪᠤᠭ︶ ᠦᠪᠡᠷ ᠤᠨ ᠬᠡᠷ ᠲᠤᠭᠤᠷᠢᠭᠰᠠᠨ 70 ᠮᠦ ᠲᠠᠷᠢᠶᠠᠨ ᠭᠠᠵᠠᠷ ᠢᠶᠠᠨ ᠵᠠᠩ ᠤᠪᠤᠭᠳᠣ︵ᠪᠤᠷᠤᠭᠤᠯᠠᠭᠰᠠᠨ ᠣᠪᠤᠭ︶ ᠳᠤ 12 ᠵᠢᠯ ᠤᠨ ᠬᠤᠭᠤᠴᠠᠭ᠎ᠠ ᠲᠠᠢ ᠲᠦᠷᠢᠶᠡᠰᠦᠯᠡᠨ ᠦᠭᠴᠦ᠂ ᠲᠦᠷᠢᠶᠡᠰᠦᠨ ᠬᠤᠭᠤᠴᠠᠭ᠎ᠠ ᠨᠢ 2025 ᠤᠨ ᠤ 12 ᠰᠠᠷ᠎ᠠ ᠳᠤ ᠲᠠᠭᠤᠰᠣᠨ᠎ᠠ᠃ ᠵᠠᠩ ᠤᠪᠤᠭᠳᠣ ᠲᠤᠰ ᠭᠠᠵᠠᠷ ᠢᠶᠠᠨ 2018 ᠤᠨ ᠤ 1 ᠰᠠᠷ᠎ᠠ ᠳᠤ 8 ᠵᠢᠯ ᠤᠨ ᠬᠤᠭᠤᠴᠠᠭ᠎ᠠ ᠲᠠᠢ ᠪᠠᠷ ᠼᠦᠨ ᠤᠪᠤᠭᠳᠣ︵ᠪᠤᠷᠤᠭᠤᠯᠠᠭᠰᠠᠨ ᠣᠪᠤᠭ︶ ᠳᠤ ᠰᠢᠯᠵᠢᠬᠦᠯᠥᠨ ᠲᠦᠷᠢᠶᠡᠰᠦᠯᠡᠬᠦᠯᠪᠡ᠃ 2020 ᠣᠨ ᠤ 12 ᠰᠠᠷ᠎ᠠ ᠳᠤ᠂ ᠣᠭ ᠬᠡᠷ᠎ᠡ ᠶᠢᠨ ᠬᠤᠭᠤᠴᠠᠭ᠎ᠠ ᠨᠢ ᠲᠠᠭᠤᠰᠤᠭ᠎ᠠ ᠦᠬᠡᠢ ᠪᠠᠶᠢᠳᠠᠯ ᠲᠤᠤᠷ᠎ᠠ᠂ ᠰᠡᠵᠢᠭᠳᠡᠨ ᠶᠠᠨ ᠤᠪᠤᠭᠲᠤ ᠲᠤᠰ ᠭᠠᠵᠠᠷ ᠢᠶᠠᠨ ᠳᠠᠬᠢᠨ ᠬᠤᠶᠠᠷ ᠵᠢᠯ ᠤᠨ ᠬᠤᠭᠤᠴᠠᠭ᠎ᠠ ᠲᠠᠢ ᠪᠠᠷ ᠵᠤᠸᠠᠩ ᠤᠪᠤᠭᠳᠣ︵ᠪᠤᠷᠤᠭᠤᠯᠠᠭᠰᠠᠨ ᠣᠪᠤᠭ︶ ᠳᠤ ᠲᠦᠷᠢᠶᠡᠰᠦᠯᠡᠬᠦᠯᠥᠨ ᠦᠭᠴᠦ᠂ ᠲᠦᠷᠢᠶᠡᠰᠦᠨ ᠮᠦᠩᠬᠦ 42300 ᠲᠦᠬᠦᠷᠢᠭ ᠬᠤᠷᠢᠶᠠᠨ ᠲᠤᠰᠪᠠ᠃ 2021 ᠤᠨ ᠤ 4 ᠰᠠᠷ᠎ᠠ ᠳᠤ  ᠵᠤᠸᠠᠩ  ᠤᠪᠤᠭᠳᠣ ᠬᠢᠬᠡᠳ ᠼᠦᠨ ᠤᠪᠤᠭᠳᠣ ᠲᠤᠰ ᠭᠠᠵᠠᠷ ᠤᠨ ᠡᠵᠡᠩᠨᠡᠯᠳᠡ ᠶᠢᠨ ᠠᠰᠠᠭᠤᠳᠠᠯ ᠢᠶᠠᠷ ᠮᠠᠷᠭᠤᠭᠠᠨ ᠡᠬᠦᠰᠴᠦ᠂ ᠰᠡᠵᠢᠭᠳᠡᠨ ᠶᠠᠨ ᠤ ᠰᠠᠭᠤᠭ᠎ᠠ ᠭᠠᠴᠠᠭᠠᠨ ᠤ ᠭᠠᠴᠠᠭᠠᠨ ᠵᠦᠪᠯᠡᠯ ᠤᠨ ᠡᠶᠡᠳᠡᠬᠦᠯᠬᠡ ᠪᠠᠷ ᠬᠤᠶᠠᠷ ᠲᠠᠯ᠎ᠠ ᠪᠠᠷ ᠢᠶᠠᠨ ᠼᠦᠨ ᠤᠪᠤᠭᠳᠣ ᠲᠤᠰ ᠭᠠᠵᠠᠷ ᠢ ᠦᠷᠬᠦᠯᠵᠢᠯᠡᠨ ᠡᠵᠡᠩᠨᠡᠵᠦ᠂ ᠰᠡᠵᠢᠭᠳᠡᠨ ᠶᠠᠨ ᠤᠪᠤᠭᠲᠤ ᠠᠴᠠ ᠵᠤᠸᠠᠩ ᠤᠪᠤᠭᠳᠣ ᠳᠤ ᠲᠦᠷᠢᠶᠡᠰᠦᠨ ᠮᠦᠩᠬᠦ ᠶᠢ ᠨᠢ ᠬᠤᠭᠤᠴᠠᠭ᠎ᠠ ᠲᠤᠭᠳᠠᠨ ᠡᠬᠡᠬᠦᠯᠥᠨ ᠦᠭᠬᠦ ᠪᠠᠷ ᠡᠶᠡᠳᠡᠨ ᠲᠤᠬᠢᠷᠠᠯᠴᠠᠵᠠᠢ᠃ ᠭᠡᠪᠡᠴᠦ ᠰᠡᠵᠢᠭᠳᠡᠨ ᠶᠠᠨ ᠤᠪᠤᠭᠲᠤ ᠲᠤᠭᠳᠠᠭᠰᠠᠨ ᠬᠤᠭᠤᠴᠠᠭᠠᠨ ᠳᠤ ᠪᠠᠨ ᠵᠤᠸᠠᠩ ᠤᠪᠤᠭᠳᠣ ᠶᠢᠨ ᠲᠦᠷᠢᠶᠡᠰᠦᠨ ᠮᠦᠩᠬᠦ ᠶᠢ ᠪᠤᠴᠠᠭᠠᠵᠦ ᠲᠡᠶᠢᠯᠦᠭᠰᠡᠨ ᠦᠬᠡᠢ ᠪᠤᠯᠬᠤᠷ ᠲᠤᠳᠣᠭᠠᠳᠣ ᠶᠢ ᠬᠠᠮᠠᠭᠠᠯᠠᠬᠤ ᠲᠤᠪᠴᠢᠶᠠᠨ ᠳᠤ ᠬᠡᠷᠡᠭ ᠮᠡᠳᠡᠬᠦᠯᠪᠡ᠃

ᠭᠠᠷᠳᠠᠨ ᠪᠠᠶᠢᠴᠠᠭᠠᠴᠢ ᠲᠣᠰ ᠬᠡᠷᠡᠭ ᠢ ᠬᠢᠨᠠᠨ ᠪᠠᠶᠢᠴᠠᠭᠠᠳ᠂ ᠰᠡᠵᠢᠭᠳᠡᠨ ᠶᠠᠨ ᠤᠪᠤᠭᠲᠤ ᠶᠢᠨ ᠪᠤᠰᠣᠳ ᠤᠨ ᠡᠳ᠋ ᠪᠤᠳᠠᠰ ᠢ ᠬᠠᠤᠯᠢ ᠪᠤᠰᠣ ᠪᠠᠷ ᠦᠪᠡᠷᠴᠢᠯᠡᠬᠦ ᠪᠡᠶᠡᠴᠢ ᠵᠤᠷᠢᠯᠭ᠎ᠠ ᠨᠢ ᠲᠤᠳᠣᠷᠬᠠᠢ ᠪᠤᠰᠣ ᠪᠤᠯᠬᠤ ᠶᠢ ᠰᠡᠷᠡᠵᠦ ᠤᠯᠤᠭᠠᠳ᠂ ᠪᠠᠷᠢᠨ ᠲᠤᠤᠷ᠎ᠠ ᠨᠢ ᠨᠦᠬᠦᠨ ᠪᠠᠶᠢᠴᠠᠭᠠᠯᠭᠠᠬᠤ ᠨᠠᠷᠢᠨ ᠬᠦᠳᠦᠯᠪᠦᠷᠢ ᠭᠠᠷᠭᠠᠨ ᠲᠤᠳᠣᠭᠠᠳᠣ ᠶᠢ ᠬᠠᠮᠠᠭᠠᠯᠠᠬᠤ ᠲᠤᠪᠴᠢᠶᠠᠨ ᠳᠤ ᠬᠡᠷᠡᠭ ᠢ ᠪᠤᠴᠠᠭᠠᠨ ᠨᠦᠬᠦᠨ ᠪᠠᠶᠢᠴᠠᠭᠠᠯᠳᠠ ᠬᠢᠯᠬᠡᠪᠡ᠃ ᠨᠦᠬᠦᠨ ᠪᠠᠶᠢᠴᠠᠭᠠᠯᠭᠠᠵᠦ ᠬᠡᠷᠡᠴᠢ ᠬᠠᠷᠭᠤᠭᠤᠯᠤᠭᠠᠳ᠂ 2020 ᠣᠨ ᠤ 12 ᠰᠠᠷ᠎ᠠ ᠶᠢᠨ 31 ᠤ ᠡᠳᠦᠷ᠂ ᠲᠤᠰ ᠭᠠᠵᠠᠷ ᠢ ᠵᠤᠸᠠᠩ  ᠤᠪᠤᠭᠳᠣ  ᠳᠤ ᠳᠠᠭᠠᠭᠠᠴᠢᠯᠠᠭᠤᠯᠤᠨ ᠦᠭᠬᠦ ᠠᠴᠠ ᠡᠮᠥᠨᠡᠬᠡᠨ ᠰᠡᠵᠢᠭᠳᠡᠨ ᠶᠠᠨ ᠤᠪᠤᠭᠲᠤ ᠤᠤᠯ ᠤᠨ ᠳᠠᠭᠠᠭᠭᠠᠴᠢᠯᠠᠭᠴᠢ ᠼᠦᠨ ᠤᠪᠤᠭᠳᠣ ᠳᠤ ᠵᠤᠭᠤᠰ ᠦᠭᠴᠦ ᠲᠤᠰ ᠭᠠᠵᠠᠷ ᠢᠶᠠᠨ ᠪᠤᠴᠠᠭᠠᠨ ᠠᠪᠬᠤ ᠲᠤᠬᠠᠢ ᠶᠠᠷᠢᠯᠴᠠᠵᠦ ᠦᠩᠬᠡᠷᠡᠭᠰᠡᠨ ᠢ ᠮᠡᠳᠡᠪᠡ᠃ ᠬᠡᠪᠡᠴᠦ ᠰᠡᠵᠢᠭᠳᠡᠨ ᠤ ᠨᠠᠰᠣᠳᠠᠢ ᠡᠵᠢ ᠨᠢ ᠡᠪᠡᠳᠴᠢᠯᠡᠬᠡᠳ ᠪᠦᠲᠦᠨ ᠵᠢᠯ ᠡᠮᠴᠢᠯᠡᠭᠡ ᠬᠢᠵᠦ᠂ ᠶᠡᠭᠡ ᠬᠡᠮᠵᠢᠶᠡᠨ ᠤ ᠮᠦᠩᠬᠦ ᠵᠤᠭᠤᠰ ᠵᠠᠷᠤᠴᠠᠭᠤᠯᠤᠭᠰᠠᠨ ᠪᠤᠯᠬᠤᠷ ᠵᠤᠸᠠᠩ  ᠤᠪᠤᠭᠳᠣ ᠠᠴᠠ ᠲᠤᠰᠣᠭᠰᠠᠨ ᠲᠦᠷᠢᠶᠡᠰᠦᠨ ᠮᠦᠩᠬᠦ ᠪᠠᠨ ᠪᠦᠬᠦᠨ ᠢ ᠡᠵᠢ ᠶᠢᠨ ᠢᠶᠠᠨ ᠡᠮᠴᠢᠯᠡᠬᠡᠨ ᠳᠤ ᠵᠤᠷᠢᠭᠤᠯᠤᠭᠰᠠᠨ ᠪᠠᠢᠢᠵᠠᠢ᠃ ᠢᠯᠠᠩᠭᠤᠶ᠎ᠠ ᠰᠡᠵᠢᠭᠳᠡᠨ ᠶᠠᠨ ᠤᠪᠤᠭᠲᠤ ᠵᠢᠨ  ᠦᠪᠡᠷ ᠤᠨ ᠪᠡᠶ᠎ᠡ ᠨᠢ ᠴᠦ ᠮᠦᠨ ᠮᠡᠰᠡ ᠵᠠᠰᠠᠯ ᠬᠢᠵᠦ ᠪᠦᠲᠦᠨ ᠵᠢᠯ ᠰᠤᠪᠢᠯᠠᠭᠰᠠᠨ ᠪᠤᠯᠬᠤᠷ ᠭᠠᠳᠠᠭᠰᠢ ᠭᠠᠷᠴᠦ ᠬᠦᠴᠦ ᠬᠦᠬᠡᠬᠡᠵᠦ ᠠᠷᠠᠢ ᠴᠠᠷᠠᠢ ᠠᠮᠢᠳᠣᠷᠠᠯ ᠢᠶᠠᠨ ᠠᠷᠭᠠᠴᠠᠭᠠᠳᠠᠭ ᠲᠡᠬᠦᠨ ᠳᠤ  ᠵᠤᠸᠠᠩ  ᠤᠪᠤᠭᠳᠣ ᠶᠢᠨ ᠲᠦᠷᠢᠶᠡᠰᠦᠨ ᠵᠤᠭᠤᠰ ᠢ ᠪᠤᠴᠠᠭᠠᠬᠤ ᠴᠢᠳᠠᠯ ᠮᠡᠬᠦᠰᠳᠡᠭᠰᠡᠨ ᠪᠠᠶᠢᠪᠠ᠃

ᠭᠠᠷᠳᠠᠨ ᠪᠠᠶᠢᠴᠠᠭᠠᠭᠴᠢ ᠠᠴᠠ ᠲᠤᠰ ᠬᠡᠷᠡᠭ ᠤᠨ ᠨᠡᠶᠢᠬᠡᠮ ᠤᠨ ᠦᠷ᠎ᠡ ᠠᠰᠢᠭ ᠢ ᠪᠤᠳᠣᠯᠬᠢᠯᠠᠬᠤ ᠡᠬᠦᠳᠡᠨ ᠠᠴᠠ᠂ ᠲᠤᠰ ᠬᠡᠷᠡᠭ ᠲᠤ ᠦᠯᠦ ᠵᠠᠭᠠᠯᠳᠣᠬᠤ ᠲᠤᠭᠳᠠᠭᠠᠯ ᠭᠠᠷᠭᠠᠬᠤ ᠶᠢᠨ ᠤᠷᠢᠳᠠ ᠲᠤᠬᠠᠢ ᠶᠢᠨ ᠬᠡᠷᠡᠭ ᠤᠨ ᠬᠤᠶᠠᠷ ᠡᠳᠡᠬᠡᠳ ᠢ ᠲᠠᠭᠤᠳᠠᠨ ᠠᠪᠴᠢᠷᠠᠭᠠᠳ ᠲᠤᠰ ᠬᠡᠷᠡᠭ ᠤᠨ ᠪᠤᠳᠠᠳᠣ ᠶᠠᠪᠤᠳᠠᠯ᠂ ᠬᠡᠷᠡᠴᠢ ᠪᠠᠷᠢᠮᠳᠠ ᠵᠢᠴᠢ ᠬᠠᠤᠯᠢ ᠶᠢ ᠲᠤᠬᠢᠷᠠᠭᠤᠯᠤᠨ ᠬᠡᠷᠡᠭᠯᠡᠬᠦ ᠲᠠᠯ᠎ᠠ ᠪᠠᠷ ᠬᠠᠤᠯᠢ ᠶᠠᠷᠢᠵᠦ ᠶᠤᠰᠣ ᠶᠢ ᠲᠠᠶᠢᠯᠪᠤᠷᠢᠯᠠᠭᠰᠠᠨ ᠤ ᠬᠠᠮᠳᠣ ᠬᠤᠶᠠᠷ ᠡᠳᠡᠬᠡᠳ ᠢᠶᠠᠷ ᠢᠶᠠᠨ ᠡᠶᠡᠳᠡᠨ ᠲᠤᠬᠢᠷᠠᠯᠴᠠᠬᠤ ᠶᠢ ᠬᠦᠴᠦᠳᠡᠢ ᠰᠠᠨᠠᠭᠠᠴᠢᠯᠠᠪᠠ᠃ ᠭᠠᠷᠳᠠᠨ ᠪᠠᠶᠢᠴᠠᠭᠠᠭᠴᠢ ᠶᠢᠨ ᠨᠠᠷᠢᠯᠢᠭ ᠲᠠᠶᠢᠯᠪᠤᠷᠢᠯᠠᠯᠳᠠ ᠶᠢ ᠬᠢᠨᠠᠮᠠᠭᠠᠢ ᠰᠣᠨᠣᠰᠣᠭᠰᠠᠨ ᠤ ᠲᠠᠷᠠᠭ᠎ᠠ ᠬᠡᠷᠡᠭ ᠤᠨ ᠬᠤᠶᠠᠷ ᠡᠳᠡᠬᠡᠳ ᠡᠶᠡᠳᠡᠨ ᠶᠠᠷᠢᠯᠴᠠᠬᠤ ᠪᠠᠷ ᠲᠣᠬᠢᠷᠠᠯᠴᠠᠭᠰᠠᠨ ᠮᠦᠷᠳᠡᠬᠡᠨ ᠪᠠᠶᠢᠴᠠᠭᠠᠬᠤ ᠬᠤᠷᠢᠶᠠᠨ ᠤ ᠲᠤᠰ ᠬᠡᠷᠡᠭ ᠤᠨ ᠲᠤᠬᠠᠢ ᠦᠯᠦ ᠵᠠᠭᠠᠯᠳᠣᠬᠤ ᠲᠤᠭᠳᠠᠭᠠᠯ ᠢ ᠴᠤ ᠬᠦᠯᠢᠶᠡᠨ ᠵᠦᠪᠰᠢᠶᠡᠷᠡᠬᠦ ᠪᠠᠨ ᠲᠤᠳᠣᠷᠬᠠᠢ ᠢᠯᠡᠷᠬᠡᠶᠢᠯᠡᠪᠡ᠃ ᠭᠠᠷᠳᠠᠨ ᠪᠠᠶᠢᠴᠠᠭᠠᠭᠴᠢ ᠪᠠᠷ ᠬᠤᠶᠠᠷ ᠡᠳᠡᠬᠡᠳ ᠤᠨ ᠲᠤᠬᠢᠷᠠᠯᠴᠠᠭᠰᠠᠨ  ᠡᠶᠡᠳᠡᠭᠦᠯᠭᠡ ᠶᠢᠨ ᠪᠢᠴᠢᠭ ᠢ ᠲᠤᠰᠣᠮᠠᠭᠴᠠ ᠲᠤᠰ ᠬᠡᠷᠡᠭ ᠲᠤ ᠦᠯᠦ ᠵᠠᠭᠠᠯᠳᠣᠬᠤ ᠲᠤᠭᠳᠠᠭᠠᠯ ᠭᠠᠷᠭᠠᠪᠠ᠃

ᠲᠤᠰ ᠬᠡᠷᠡᠭ ᠲᠤ᠂ ᠭᠠᠷᠳᠠᠨ ᠪᠠᠶᠢᠴᠠᠭᠠᠭᠴᠢ ᠠᠴᠠ ᠬᠡᠷᠡᠭ ᠤᠨ ᠡᠬᠦᠰᠦᠭᠰᠡᠨ ᠤᠴᠢᠷ ᠰᠢᠯᠳᠠᠭᠠᠨ ᠵᠢᠴᠢ ᠨᠠᠷᠢᠨ ᠦᠩᠬᠡᠷᠡᠯᠳᠡ ᠶᠢ ᠬᠡᠷᠡᠭ ᠤᠨ ᠪᠦᠬᠦ ᠬᠡᠷᠡᠴᠢ ᠪᠠᠷᠢᠮᠳᠠ ᠲᠠᠢ ᠨᠢᠭᠳᠠ ᠣᠶᠠᠯᠳᠣᠭᠤᠯᠣᠨ ᠨᠢᠮᠪᠠᠢ ᠬᠠᠷᠭᠤᠭᠤᠯᠤᠭᠰᠠᠨ ᠤ ᠰᠠᠭᠤᠷᠢᠨ ᠲᠡᠭᠡᠷ᠎ᠡ ᠤᠨᠤᠪᠴᠢᠳᠠᠢ ᠮᠠᠭᠠᠳᠯᠠᠯᠳᠠ ᠬᠢᠵᠦ᠂ ᠰᠡᠵᠢᠭᠳᠡᠨ ᠢ ᠦᠯᠦ ᠵᠠᠭᠠᠯᠳᠣᠭᠰᠠᠨ ᠨᠢ ᠪᠠᠶᠢᠴᠠᠭᠠᠬᠤ ᠪᠠᠶᠢᠭᠤᠯᠭ᠎ᠠ ᠶᠢᠨ ᠤᠬᠠᠮᠰᠠᠷᠳᠣ ᠬᠠᠷᠢᠭᠤᠴᠠᠯᠭ᠎ᠠ ᠪᠤᠯᠤᠨ ᠮᠡᠷᠭᠡᠵᠢᠯ ᠤᠨ ᠲᠠᠪᠠᠭᠤᠯᠢᠭ ᠢ ᠬᠦᠢᠴᠡᠳ ᠬᠠᠷᠠᠭᠤᠯᠤᠨ᠂ ᠪᠦᠲᠦᠮᠵᠢᠳᠡᠢ ᠰᠠᠶᠢᠨ ᠬᠠᠤᠯᠢ ᠶᠢᠨ ᠦᠷ᠎ᠡ ᠠᠰᠢᠭ ᠢ ᠤᠭᠳᠣᠨ ᠠᠪᠴᠢᠷᠠᠪᠠ᠃ ᠲᠡᠷᠡᠴᠢᠯᠡᠨ ᠬᠡᠷᠡᠭ ᠤᠨ ᠬᠡᠷᠡᠴᠢ ᠪᠠᠷᠢᠮᠳᠠ ᠨᠢ ᠲᠤᠳᠠᠮᠠᠭ᠂ ᠬᠤᠤᠷ ᠠᠮᠨᠰᠠᠭᠴᠢ ᠶᠢᠨ ᠬᠤᠬᠢᠷᠠᠯ ᠰᠢᠢᠳᠦᠭᠳᠡᠭᠡ ᠦᠬᠡᠢ ᠪᠠᠶᠢᠳᠠᠯ ᠳᠤ ᠴᠢᠭᠯᠡᠬᠦᠯᠥᠨ᠂ ᠵᠦᠷᠢᠴᠡᠯ ᠢ ᠡᠶᠡᠷᠡᠬᠦᠯᠥᠨ ᠠᠰᠠᠭᠤᠳᠠᠯ ᠢ ᠰᠢᠢᠳᠬᠦ ᠡᠬᠦᠳᠡᠨ ᠠᠴᠠ ᠬᠠᠤᠯᠢ ᠶᠠᠷᠢᠵᠦ ᠶᠤᠰᠣ ᠶᠢ ᠲᠠᠶᠢᠯᠪᠤᠷᠢᠯᠠᠨ ᠬᠤᠶᠠᠷ ᠡᠳᠡᠬᠡᠳ ᠢ ᠡᠶᠡᠳᠡᠨ ᠲᠤᠬᠢᠷᠠᠯᠴᠠᠬᠤ ᠳᠤ ᠬᠦᠷᠬᠡᠭᠰᠡᠨ ᠨᠢ ᠲᠤᠰ ᠬᠡᠷᠡᠭ ᠤᠨ ᠨᠡᠯᠢᠶᠡᠳ ᠪᠦᠲᠦᠮᠵᠢᠳᠡᠢ ᠨᠡᠶᠢᠬᠡᠮ ᠤᠨ ᠦᠷ᠎ᠡ ᠠᠰᠢᠭ ᠢ ᠪᠤᠢ ᠪᠤᠯᠭᠠᠭᠰᠠᠨ ᠪᠠᠶᠢᠨ᠎ᠠ᠃


ᠵᠤᠬᠢᠶᠠᠭᠴᠢ᠄ ᠬᠦᠰᠡᠯᠡᠷᠳᠡᠨᠢ


R-C.jpg


ᠢᠷᠡᠯᠲᠡ
ᠤᠯᠠᠭᠠᠨᠬᠠᠳᠠ ᠬᠤᠲᠠ ᠵᠢᠨ ᠠᠷᠤ ᠬᠤᠷᠴᠢᠨ ᠬᠤᠰᠢᠭᠤᠨ ᠤ ᠠᠷᠠᠳ ᠤᠨ ᠪᠠᠢᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro