ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠤᠳᠤᠬᠠᠨ ᠤ ᠮᠡᠬᠡᠯᠡᠬᠦ ᠤᠷᠤᠭ ᠤᠨ ᠲᠣᠬᠠᠢ

2016-04-07 16:02:30
ᠵᠣᠬᠢᠶᠠᠭᠴᠢ
ᠱᠤᠸᠠᠩ ᠶᠢᠨ ᠪᠣᠤ

     ᠤᠯᠠᠨ ᠤ ᠮᠡᠳᠡᠭᠡᠵᠢ ᠪᠠᠷ ᠮᠠᠨ ᠤ ᠬᠦᠳᠡᠭᠡ ᠲᠤᠰᠬᠤᠨ ᠤ ᠵᠠᠯᠠᠭᠤᠴᠤᠳ ᠤᠨ ᠳᠣᠮᠳᠠ ᠦᠩᠭᠡᠷᠡᠭᠰᠡᠨ ᠵᠢᠯ ᠤᠳ ᠲᠤ ᠣᠷᠭᠤᠭᠤᠯ ᠤᠷᠤᠭ (ᠡᠷᠡᠭᠲᠡᠢ ᠡᠮᠡᠭᠲᠡᠢ ᠬᠤᠶᠠᠷ ᠵᠠᠯᠠᠭᠤ ᠰᠠᠶᠢᠨ ᠲᠣᠷ᠎ᠠ ᠠᠴᠠ ᠪᠠᠨ ᠢᠨᠠᠭ ᠬᠠᠶᠢᠷ᠎ᠠ ᠲᠠᠢ ᠪᠤᠯᠤᠭᠰᠠᠨ ᠤ ᠬᠤᠶᠢᠨ᠎ᠠ ᠭᠡᠷ ᠤᠨ ᠠᠬᠠᠮᠠᠳ ᠤᠨ ᠢᠶᠠᠨ ᠡᠰᠡᠷᠭᠦᠴᠡᠯ ᠢ ᠬᠠᠶᠢᠬᠤᠷᠤᠯ ᠦᠭᠡᠢ ᠤᠷᠭᠤᠨ ᠭᠠᠷᠴᠤ ᠭᠡᠷ ᠪᠦᠯᠢ ᠪᠤᠯᠵᠤ ᠠᠮᠢᠳᠤᠷᠠᠬᠤ ︶ᠦᠷᠬᠦᠯᠵᠢ ᠬᠠᠷᠠᠭᠳᠠᠵᠤ ᠪᠠᠶᠢᠭᠰᠠᠨ ᠪᠣᠯ ᠤᠳᠦ ᠪᠤᠯᠬᠤ ᠳᠤ ᠮᠡᠭᠡᠯᠡᠬᠦ ᠤᠷᠤᠭ ᠨᠡᠩ ᠨᠡᠶᠢᠳᠡᠮ ᠤᠨ ᠴᠢᠨᠠᠷᠲᠡᠢ ᠬᠠᠷᠠᠭᠳᠠᠬᠤ ᠪᠣᠯᠵᠠᠢ᠃

    ᠮᠡᠬᠡᠯᠡᠬᠦ ᠤᠷᠤᠭ ᠨᠢ ᠪᠦᠷ ᠯᠠ ᠪᠤᠰᠤᠳ ᠤᠨ ᠵᠤᠭᠤᠰ ᠢ ᠬᠤᠵᠢᠬᠤ ᠪᠠᠷ ᠵᠣᠷᠢᠯᠭ᠎ᠠ ᠪᠠᠨ ᠪᠤᠯᠭᠠᠵᠤ ᠡᠮᠡᠭᠲᠡᠢ ᠶᠢᠨ ᠲᠠᠯ᠎ᠠ ᠠᠴᠠ ᠡᠷᠡᠭᠲᠡᠢ ᠶᠢᠨ ᠲᠠᠯ᠎ᠠ ᠶᠢ ᠡᠷᠢᠵᠦ ᠤᠷᠤᠭ ᠬᠡᠯᠡᠯᠴᠡᠬᠦ ᠨᠡᠷ᠎ᠡ ᠪᠠᠷ ᠡᠯᠳᠡᠪ ᠤᠨ ᠠᠷᠭ᠎ᠠ ᠪᠢᠰᠢᠷ ᠬᠡᠷᠡᠭᠯᠡᠵᠥ ᠪᠠᠶᠢᠭᠠᠳ ᠶᠡᠭᠡ ᠬᠡᠮᠵᠢᠶᠡᠨ ᠤ ᠡᠳ᠋ ᠠᠰᠢᠭ ᠵᠤᠭᠤᠰ ᠮᠦᠩᠬᠦ ᠶᠢ ᠨᠢ ᠮᠡᠭᠡᠯᠡᠵᠤ ᠤᠷᠭᠤᠨ ᠳᠤᠲᠠᠭᠠᠭᠠᠳ ᠡᠷᠡᠭᠲᠡᠢ ᠶᠢᠨ ᠲᠠᠯ᠎ᠠ ᠶᠢᠨ ᠭᠡᠷ ᠪᠦᠯᠢ᠂ ᠠᠵᠤ ᠠᠮᠢᠳᠤᠷᠠᠯ ᠬᠢᠭᠡᠳ ᠦᠵᠡᠯ ᠰᠡᠳᠬᠢᠯᠭᠡ ᠤᠶᠤᠨ ᠤᠬᠠᠭᠠᠨ ᠳᠤ ᠲᠤᠩ ᠶᠡᠭᠡ ᠬᠦᠴᠢᠷ ᠵᠤᠪᠡᠯᠡᠩ ᠤᠴᠠᠷᠠᠭᠤᠯᠵᠤ ᠬᠦᠨᠳᠦ ᠳᠠᠷᠤᠭᠠᠰᠤ ᠪᠣᠯᠳᠠᠭ ᠪᠠᠶᠢᠨ᠎ᠠ᠃

    ᠲᠡᠭᠡᠭᠡᠳ ᠡᠶᠢᠨᠬᠦ ᠤᠷᠤᠭ ᠤᠨ ᠮᠡᠭᠡ ᠳᠤ ᠶᠡᠭᠡ ᠬᠡᠮᠵᠢᠶᠡᠨ ᠤ ᠬᠤᠬᠢᠷᠠᠯ ᠠᠮᠰᠠᠭᠰᠠᠨ ᠡᠷᠡᠭᠲᠡᠢ ᠶᠢᠨ ᠲᠠᠯ᠎ᠠ ᠶᠢᠨ ᠬᠢᠨ《ᠡᠯᠵᠢᠭᠡ ᠴᠦ ᠦᠭᠡᠢ ᠭᠤᠷᠪᠠᠨ ᠯᠡᠩ ᠴᠦ ᠦᠭᠡᠢ 》ᠪᠣᠯᠵᠤ ᠬᠠᠮᠤᠭ ᠡᠴᠤᠰ ᠲᠤ ᠪᠠᠨ ᠬᠠᠤᠯᠢ ᠴᠠᠭᠠᠵᠠ ᠶᠢᠨ ᠪᠠᠶᠢᠭᠤᠯᠭ᠎ᠠ ᠳᠤ ᠬᠡᠷᠡᠭ ᠮᠡᠳᠡᠭᠦᠯᠬᠦ ᠳᠤ ᠵᠠᠷᠢᠮ ᠨᠢ ᠨᠢᠭᠡᠨᠲᠡ ᠮᠡᠬᠡᠯᠡᠭᠰᠡᠨ ᠵᠤᠭᠤᠰ ᠢ ᠨᠢ ᠪᠦᠷᠢᠯᠭᠡᠨ ᠰᠥᠢᠳᠭᠡᠵᠥ᠂ ᠵᠠᠷᠢᠮ ᠨᠢ ᠨᠢᠭᠡᠨᠲᠡ ᠪᠠᠷ᠎ᠠ ᠰᠤᠷᠠᠭ ᠦᠭᠡᠢ ᠤᠷᠭᠤᠨ ᠲᠤᠲᠠᠭᠠᠭᠰᠠᠨ ᠪᠠᠶᠢᠳᠠᠭ᠃ ᠡᠶᠢᠮᠥ ᠠᠴᠠ ᠠᠷᠠᠳ ᠤᠨ ᠶᠠᠷᠢᠶᠠᠨ ᠳᠤ 《 ᠬᠡᠷᠰᠡᠦᠯᠡᠭᠰᠡᠨ ᠳᠤ ᠠᠳᠠᠯᠢ ᠰᠠᠶᠢᠨ ᠶᠠᠪᠤᠳᠡᠯ ᠦᠭᠡᠢ᠂ ᠰᠡᠷᠡᠮᠵᠢᠯᠡᠭᠰᠡᠨ ᠳᠤ ᠠᠳᠠᠯᠢ ᠰᠡᠴᠡᠨ ᠠᠷᠭ᠎ᠠ ᠠᠯᠠᠭ᠎ᠠ》 ᠭᠡᠳᠡᠭᠴᠢᠯᠡᠨ ᠮᠠᠨ ᠤ ᠬᠦᠳᠡᠭᠡ ᠲᠤᠰᠬᠤᠨ ᠤ ᠵᠠᠯᠠᠭᠤᠴᠤᠳ (ᠭᠤᠤᠯᠳᠠᠭᠤ ᠡᠷᠡᠭᠲᠡᠢ ᠵᠠᠯᠠᠭᠤᠴᠤᠳ ) ᠤᠷᠤᠭ ᠬᠡᠯᠡᠯᠴᠡᠬᠦ ᠳᠤ ᠪᠠᠨ ᠵᠠᠪᠡᠯ ᠯᠠᠪᠳᠠᠭᠤᠨ ᠪᠠᠳᠤᠲᠡᠢ᠂ ᠰᠠᠶᠢᠲᠤᠷ ᠪᠤᠯᠭᠤᠮᠵᠢᠯᠡᠨ ᠬᠠᠷᠢᠯᠴᠠᠵᠦ ᠤᠶᠢᠯᠭᠠᠯᠴᠠᠭᠰᠠᠨ ᠪᠠᠶᠢᠬᠤ ᠬᠡᠷᠡᠭᠲᠡᠢ᠃ ᠬᠠᠷᠢᠨ ᠶᠠᠭᠠᠬᠢᠭᠰᠠᠨ ᠴᠦ ᠰᠤᠬᠤᠷ ᠪᠠᠯᠠᠢ᠂ ᠬᠠᠰᠢ ᠶᠠᠰᠢ ᠪᠠᠶᠢᠵᠤ ᠪᠣᠯᠬᠤ ᠦᠭᠡᠢ᠂ ᠢᠩᠬᠢᠪᠡᠯ ᠰᠠᠶ᠋ᠢ ᠮᠡᠬᠡᠯᠡᠬᠦ ᠤᠷᠤᠭ ᠠᠴᠠ ᠵᠠᠶᠢᠯᠠᠰᠬᠢᠵᠤ ᠴᠢᠳᠠᠬᠤ ᠪᠤᠯᠤᠨ᠎ᠠ᠃

    ᠲᠡᠭᠡᠪᠡᠯ ᠪᠣᠰᠤᠳ ᠢ ᠮᠡᠬᠡᠯᠡᠵᠥ ᠪᠠᠶᠢᠭ᠎ᠠ ᠲᠡᠳᠡᠭᠡᠷ ᠡᠮᠡᠭᠲᠡᠢ ᠡᠲᠡᠭᠡᠳ ᠤᠨ ᠶᠠᠮᠠᠷ ᠠᠷᠭ᠎ᠠ ᠪᠢᠰᠢᠷ ᠬᠡᠷᠡᠭᠯᠡᠵᠦ ᠪᠠᠶᠢᠭ᠎ᠠ ᠲᠣᠬᠠᠢ ᠳᠣᠣᠷ᠎ᠠ ᠪᠢ ᠬᠡᠳᠥ ᠤᠳᠠᠭᠠᠨ ᠤ ᠡᠶᠢᠮᠥᠷᠬᠦ ᠮᠠᠶ᠋ᠢᠭ ᠤᠨ ᠬᠡᠷᠡᠭ ᠢ ᠰᠢᠳᠭᠡᠭᠰᠡᠨ ᠶᠠᠪᠤᠴᠠ ᠠᠴᠠ ᠬᠡᠳᠥᠨ ᠵᠢᠱᠢᠶ᠎ᠡ ᠳᠣᠷᠠᠳᠴᠥ ᠲᠠ ᠣᠯᠠᠨ ᠳᠠᠭᠠᠨ ᠰᠡᠩᠬᠡᠷᠡᠭᠦᠯᠥᠯ ᠪᠤᠯᠭᠠᠶ᠎ᠠ᠃

    ᠨᠢᠭᠡ᠂ ᠤᠷᠤᠭ ᠤᠨ ᠵᠠᠭᠤᠴᠢ ᠬᠡᠯᠡᠯᠴᠡᠭᠡ ᠤᠷᠤᠬᠤ 

    ᠮᠡᠬᠡᠯᠡᠬᠦ ᠤᠷᠤᠭ ᠨᠢ ᠤᠯᠠᠩᠬᠢ ᠨᠢ ᠪᠦᠷ《ᠤᠷᠤᠭ ᠤᠨ ᠵᠠᠭᠤᠴᠢ 》 ᠨᠢ ᠤᠷᠤᠭ ᠬᠡᠯᠡᠯᠴᠡᠬᠦ ᠬᠡᠦᠬᠡᠨ ᠢᠶᠠᠨ ᠲᠠᠭᠠᠭᠤᠯᠤᠨ ᠡᠷᠡᠭᠲᠡᠢ ᠶᠢᠨ ᠲᠠᠯ᠎ᠠ ᠶᠢᠨ ᠬᠢᠨ ᠢ ᠡᠷᠢᠵᠤ ᠤᠷᠤᠭ ᠬᠡᠯᠡᠯᠴᠡᠬᠦ ᠨᠡᠷ᠎ᠡ ᠪᠠᠷ ᠪᠤᠰᠤᠳ ᠢ ᠮᠡᠬᠡᠯᠡᠬᠦ ᠪᠤᠯᠤᠨ᠎ᠠ᠃ ᠭᠡᠬᠦ ᠳᠤ ᠪᠠᠨ ᠵᠠᠷᠢᠮ ᠨᠢ ᠪᠠᠰᠠ ᠡᠬᠢᠨ ᠤ ᠵᠠᠭᠤᠴᠢ ᠪᠠᠷ ᠢᠶᠠᠨ ᠳᠠᠮᠵᠢᠵᠤ ᠬᠤᠶᠠᠳᠡᠬᠢ ᠵᠠᠭᠤᠴᠢ ᠡᠷᠢᠵᠦ《 ᠤᠷᠤᠭ ᠬᠡᠯᠡᠯᠴᠡᠵᠤ》 ᠵᠤᠭᠤᠰ ᠮᠦᠩᠬᠦ ᠮᠡᠬᠡᠯᠡᠳᠡᠭ᠃ ᠡᠨᠡ ᠨᠢ ᠭᠤᠤᠯᠳᠠᠭᠤ ᠡᠬᠢᠨ ᠤ ᠵᠠᠭᠤᠴᠢ ᠨᠢ ᠮᠡᠬᠡᠯᠡᠭᠳᠡᠬᠦ ᠡᠳᠡᠭᠡᠳ ᠲᠠᠢ ᠬᠤᠭᠤᠷᠤᠨᠳᠤ ᠪᠠᠨ ᠲᠠᠨᠢᠯ ᠳᠠᠰᠤᠯ ᠪᠢᠰᠢ ᠤᠴᠢᠷ ᠠᠴᠠ ᠡᠷᠡᠭᠲᠡᠢ ᠶᠢᠨ ᠲᠠᠯ᠎ᠠ ᠶᠢᠨ ᠬᠢᠨ ᠢ ᠪᠠᠭ᠎ᠠ ᠰᠠᠭ᠎ᠠ ᠲᠠᠨᠢᠵᠤ ᠮᠡᠳᠡᠳᠡᠭ ᠬᠦᠮᠦᠨ ᠢ ᠡᠷᠢᠵᠦ ᠬᠤᠶᠠᠳᠡᠬᠢ ᠵᠠᠭᠤᠴᠢ ᠪᠤᠯᠭᠠᠵᠤ ᠮᠡᠬᠡᠯᠡᠬᠦ ᠪᠤᠯᠤᠨ᠎ᠠ᠃

    ᠬᠤᠶᠠᠷ᠂ ᠬᠠᠷᠠᠯᠲᠠ ᠲᠠᠢ ᠪᠠᠷ ᠮᠠᠬᠡᠯᠡᠭᠳᠡᠬᠦ ᠡᠳᠡᠭᠡᠳ ᠢᠶᠠᠨ ᠰᠤᠩᠭᠤᠬᠤ         ᠮᠡᠬᠡᠯᠡᠬᠦ ᠡᠳᠡᠭᠡᠳ ᠤᠨ ᠤᠯᠠᠩᠬᠢ ᠨᠢ ᠪᠤᠰᠤᠳ ᠢ ᠮᠡᠬᠡᠯᠡᠬᠦ ᠳᠤ ᠪᠠᠨ ᠬᠠᠷᠠᠯᠲᠠ ᠲᠠᠢ ᠪᠠᠷ ᠮᠡᠬᠡᠯᠡᠭᠳᠡᠬᠦ ᠡᠳᠡᠭᠡᠳ ᠢᠶᠠᠨ ᠰᠤᠩᠭᠤᠳᠠᠭ᠃ ᠡᠨᠡ ᠨᠢ ᠲᠠᠷᠤᠢ ᠲᠡᠳᠡ ᠭᠤᠤᠯᠳᠠᠭᠤ ᠬᠦᠳᠡᠭᠡ ᠲᠤᠰᠬᠤᠨ ᠤ ᠠᠵᠤ ᠠᠮᠢᠳᠤᠷᠠᠯ ᠨᠢ ᠵᠦᠭᠡᠷ ᠰᠢᠭ ᠠᠶᠢᠯ ᠤᠨ ᠪᠡᠷᠢ ᠪᠠᠭᠤᠯᠭᠠᠭ᠎ᠠ ᠦᠭᠡᠢ ᠭᠠᠴᠢᠭᠳᠠᠵᠤ᠂ ᠪᠠᠴᠢᠮ ᠬᠦᠰᠡᠨ ᠱᠠᠭᠠᠷᠳᠠᠵᠤ ᠪᠠᠶᠢᠭ᠎ᠠ ᠨᠠᠰᠤ ᠠᠬᠢᠭᠰᠠᠨ ᠪᠤᠶᠤ ᠡᠰᠡᠭᠦᠯ᠎ᠡ ᠤᠬᠠᠭᠠᠨ ᠲᠥᠭᠦᠭᠡ ᠪᠠᠷ ᠪᠠᠷᠤᠭᠲᠠᠢ ᠵᠠᠯᠠᠭᠤ ᠶᠢ ᠰᠤᠩᠭᠤᠨ ᠮᠡᠬᠡᠯᠡᠬᠦ ᠡᠳᠡᠭᠡᠳ ᠢᠶᠠᠨ ᠪᠤᠯᠭᠠᠨ᠎ᠠ᠃

    ᠭᠤᠷᠪᠠ᠂ ᠮᠡᠬᠡᠯᠡᠬᠦ ᠡᠳᠡᠭᠡᠳ ᠤᠨ ᠬᠢᠨ ᠬᠤᠭᠤᠷᠤᠨᠳᠤ ᠪᠠᠨ ᠬᠠᠷᠢᠴᠠᠭ᠎ᠠ ᠬᠤᠯᠪᠤᠭ᠎ᠠ ᠲᠠᠢ ᠪᠠᠶᠢᠬᠤ ᠪᠠᠷ ᠣᠪᠯᠠᠬᠤ 

    ᠡᠨᠡ ᠨᠢ ᠲᠠᠷᠤᠢ ᠵᠠᠭᠤᠴᠢ ᠪᠤᠯᠤᠨ《ᠤᠷᠤᠭ 》ᠬᠡᠯᠡᠯᠴᠡᠬᠦ ᠬᠡᠦᠬᠡᠨ ᠲᠠᠢ ᠬᠤᠶᠠᠭᠤᠯᠠ ᠪᠤᠶᠤ ᠪᠤᠰᠤᠳ ᠬᠡᠳᠤ ᠬᠡᠳᠥᠬᠦᠯᠡ ᠪᠠᠨ ᠬᠤᠭᠤᠷᠤᠨᠳᠤ ᠪᠠᠨ ᠬᠡᠨ ᠬᠡᠨ ᠨᠢ ᠬᠡᠦᠬᠡᠨ ᠤ ᠠᠪᠠᠭ᠎ᠠ ᠠᠨᠢᠶ᠎ᠠ ᠨᠢ ᠡᠰᠡᠬᠦᠯ᠎ᠡ ᠪᠡᠷᠭᠡᠨ ᠨᠢ ᠪᠤᠯᠤᠨ᠎ᠠ ᠬᠡᠵᠤ ᠬᠤᠳᠠᠯ ᠬᠠᠭᠤᠷᠮᠠᠭ ᠢᠶᠠᠷ ᠤᠪᠯᠠᠵᠤ ᠪᠠᠶᠢᠭᠠᠳ ᠡᠷᠡᠭᠲᠡᠢ ᠲᠠᠯ᠎ᠠ ᠶᠢᠨ ᠢᠲᠡᠭᠡᠯ ᠢ ᠣᠯᠵᠤ ᠵᠤᠭᠤᠰ ᠮᠥᠩᠬᠦ ᠶᠢ ᠨᠢ ᠮᠡᠬᠡᠯᠡᠳᠡᠭ᠃

    ᠲᠥᠷᠪᠡ᠂ ᠨᠡᠷ᠎ᠡ ᠣᠪᠣᠭ᠂ ᠤᠷᠤᠨ ᠰᠠᠭᠤᠴᠠ ᠬᠢᠭᠡᠳ ᠪᠡᠶ᠎ᠡ ᠶᠢᠨ ᠦᠨᠡᠮᠯᠡᠯ ᠨᠢ ᠬᠤᠳᠠᠯ ᠬᠠᠭᠤᠷᠮᠠᠭ 

    ᠡᠨᠡ ᠨᠢ ᠭᠤᠤᠯᠳᠠᠭᠤ ᠮᠡᠬᠡᠯᠡᠬᠦ ᠡᠳᠡᠭᠡᠳ ᠠᠴᠠ ᠦᠪᠡᠷᠰᠡᠳ ᠢ ᠪᠠᠨ ᠲᠠᠨᠢᠯᠴᠠᠭᠤᠯᠬᠤ ᠳᠤ ᠪᠠᠨ ᠨᠡᠷ᠎ᠡ ᠣᠪᠣᠭ᠂ ᠤᠷᠤᠨ ᠰᠠᠭᠤᠴᠠ ᠬᠢᠭᠡᠳ ᠪᠡᠶ᠎ᠡ ᠶᠢᠨ ᠥᠨᠡᠮᠯᠡᠯ ᠵᠡᠷᠭᠡ ᠪᠠᠨ ᠪᠦᠬᠦᠨ ᠢ ᠬᠤᠳᠠᠯ ᠬᠠᠭᠤᠷᠮᠠᠭ ᠢᠶᠠᠷ ᠪᠣᠷᠤᠭᠤᠯᠠᠵᠤ ᠵᠤᠭᠤᠰ ᠮᠥᠩᠬᠦ ᠮᠡᠬᠡᠯᠡᠳᠡᠭ᠃ ᠲᠡᠭᠡᠭᠡᠳ ᠡᠷᠡᠭᠲᠡᠢ ᠲᠠᠯ᠎ᠠ ᠶᠢᠨ ᠬᠢᠨ‌ᠮᠡᠬᠡᠯᠡᠭᠳᠡᠭᠰᠡᠨ ᠢᠶᠠᠨ ᠮᠡᠳᠡᠭᠰᠡᠨ ᠤ ᠬᠤᠶᠢᠨ᠎ᠠ ᠬᠡᠷᠡᠭ ᠮᠡᠳᠡᠬᠦᠯᠬᠦ ᠪᠣᠶᠤ ᠬᠤᠶᠢᠨ᠎ᠠ ᠠᠴᠠ ᠨᠢ ᠡᠷᠢᠵᠦ ᠰᠤᠷᠠᠭᠯᠠᠭᠰᠠᠨ ᠴᠦ ᠲᠤᠶᠢᠯ ᠤᠨ ᠪᠡᠷᠭᠡ ᠪᠤᠳᠤᠯᠢᠶᠠᠨᠲᠡᠢ ᠪᠠᠶᠢᠳᠠᠭ᠃

    ᠬᠠᠮᠤᠭ ᠰᠠᠬᠦᠯ ᠳᠤ ᠨᠢ᠂ ᠮᠡᠬᠡᠯᠡᠬᠦ ᠡᠳᠡᠭᠡᠳ ᠠᠴᠠ《 ᠤᠷᠤᠭ 》ᠬᠡᠯᠡᠯᠴᠡᠵᠤ ᠲᠣᠭᠲᠠᠭᠰᠠᠨ ᠤ ᠳᠠᠷᠠᠭ᠎ᠠ ᠵᠤᠭᠤᠰ ᠮᠥᠩᠬᠦ ᠠᠪᠬᠤ ᠪᠠᠷ ᠱᠠᠭᠠᠷᠳᠠᠬᠤ 

    ᠡᠮᠡᠭᠲᠡᠢ ᠲᠠᠯ᠎ᠠ ᠶᠢᠨ ᠬᠢᠨ ᠤ ᠮᠡᠬᠡᠯᠡᠬᠦ ᠡᠳᠡᠭᠡᠳ ᠠᠴᠠ 《ᠤᠷᠤᠭ》 ᠬᠡᠯᠡᠯᠴᠡᠵᠤ ᠲᠣᠭᠲᠠᠭᠰᠠᠨ ᠤ ᠲᠠᠷᠠᠭ᠎ᠠ ᠶᠠᠭᠤᠨ ᠤ ᠡᠮᠤᠨ᠎ᠡ ᠪᠦᠷ ᠯᠠ ᠵᠤᠭᠤᠰ ᠮᠥᠩᠭᠦ ᠬᠡᠳᠤᠢ ᠬᠡᠳᠤᠢ ᠠᠪᠬᠤ ᠬᠡᠵᠤ ᠱᠠᠭᠠᠷᠳᠠᠳᠠᠭ ᠪᠠᠶᠢᠨ᠎ᠠ᠃ ᠲᠡᠭᠡᠭᠡᠳ ᠡᠷᠡᠭᠲᠡᠢ ᠶᠢᠨ ᠲᠠᠯ᠎ᠠ ᠠᠴᠠ ᠵᠤᠭᠤᠰ ᠮᠥᠩᠬᠦ ᠪᠠᠨ ᠲᠤᠭ᠎ᠠ ᠶᠤᠰᠤᠭᠠᠷ ᠨᠢ ᠲᠤᠰᠢᠶᠠᠭᠰᠠᠨ ᠤ ᠰᠡᠬᠦᠯᠡᠷ《 ᠤᠷᠤᠭ ᠬᠤᠷᠢᠮ》 ᠢᠶᠠᠨ ᠪᠤᠴᠠᠭᠠᠭᠰᠠᠨ ᠴᠦ ᠲᠡᠷᠡ᠂ ᠪᠤᠴᠠᠭᠠᠭᠰᠠᠨ ᠦᠭᠡᠢ ᠴᠦ ᠲᠡᠷᠨ᠂ ᠮᠡᠭᠡᠯᠡᠭᠰᠡᠨ ᠡᠳᠡᠭᠡᠳ ᠤᠨ ᠬᠢᠨ ᠠᠯᠢᠪᠠ ᠠᠷᠭ᠎ᠠ ᠮᠡᠭᠡ ᠭᠠᠷᠭᠠᠵᠤ ᠵᠠᠪᠰᠢᠶᠠᠨ ᠢ ᠳᠠᠯᠢᠮᠳᠠᠭᠤᠯᠤᠨ ᠤᠷᠭᠤᠨ ᠳᠤᠲᠠᠭᠠᠬᠤ ᠪᠠᠷ ᠭᠤᠷᠢᠳᠠᠬᠤ ᠪᠤᠯᠤᠨ᠎ᠠ᠃

    ᠲᠡᠭᠡᠷᠡᠬᠢ ᠲᠠᠪᠤᠨ ᠲᠠᠯ᠎ᠠ ᠪᠠᠷ ᠲᠤᠷᠠᠳᠤᠭᠰᠠᠨ ᠶᠠᠪᠤᠳᠠᠯ ᠪᠣᠯ ᠤᠳᠤᠬᠠᠨ ᠤ ᠮᠡᠬᠡᠯᠡᠬᠦ ᠤᠷᠤᠭ ᠤᠨ ᠡᠬᠦᠰᠴᠥ ᠪᠠᠶᠢᠭ᠎ᠠ ᠮᠡᠬᠡᠯᠡᠬᠦ ᠡᠳᠡᠭᠡᠳ ᠤᠨ ᠬᠡᠷᠡᠭ ᠥᠢᠯᠡᠳᠴᠥ ᠪᠣᠰᠤᠳ ᠢ ᠮᠡᠬᠡᠯᠡᠬᠦ ᠳᠡᠭᠡᠨ ᠶᠠᠷᠤ ᠳᠤ ᠪᠠᠨ ᠬᠡᠷᠡᠭᠯᠡᠵᠦ ᠪᠠᠶᠢᠭ᠎ᠠ ᠠᠷᠭ᠎ᠠ ᠮᠠᠶ᠋ᠢᠭ ᠪᠤᠯᠤᠨ᠎ᠠ᠃

    ᠲᠠ ᠤᠯᠠᠨ ᠳᠠᠭᠠᠨ ᠤᠨᠴᠠᠭᠠᠶᠢᠯᠠᠨ ᠰᠠᠨᠠᠭᠤᠯᠤᠶ᠎ᠠ᠂ ᠰᠡᠷᠡᠮᠵᠢᠯᠡᠭᠡᠷᠡᠢ︕

 

 


ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro