ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠪᠠᠩᠬᠢ ᠶᠢᠨ ᠺᠠᠷᠲ ᠢᠶᠠᠨ ᠪᠣᠰᠤᠳ ᠲᠤ ᠲᠦᠷᠢᠶᠡᠰᠦᠯᠡᠨ ᠦᠭᠬᠦ ᠪᠤᠶᠤ ᠬᠤᠳᠠᠯᠳᠤᠭᠠᠳ ︽ᠬᠤᠪᠢ ᠤᠯᠬᠤ︾ ᠳᠤ ᠠᠮᠲᠠᠰᠢᠭᠰᠠᠨ ᠨᠢᠭᠡᠨ ᠵᠠᠯᠠᠭᠤ ︽ᠮᠡᠳᠡᠭᠡ ᠵᠠᠩᠭᠢ ᠰᠦᠯᠵᠢᠶᠡᠨ ᠦ ᠶᠠᠯᠠᠲᠤ ᠠᠵᠢᠯᠯᠠᠭ᠎ᠠ ᠶᠢ ᠬᠠᠪᠰᠤᠷᠤᠭᠰᠠᠨ ᠶᠠᠯ᠎ᠠ︾ ᠬᠢᠭᠰᠡᠨ ᠢᠶᠠᠷ ᠰᠡᠵᠢᠭᠯᠡᠭᠳᠡᠵᠦ ᠪᠠᠷᠢᠪᠴᠢᠯᠠᠭᠳᠠᠪᠠ  

2023-06-19 16:24:57
ᠵᠣᠬᠢᠶᠠᠭᠴᠢ
ᠶᠠᠩ ᠸᠸᠨ ᠭᠤᠸᠠᠩ

ᠥᠪᠡᠷ ᠢᠶᠠᠨ ᠳᠠᠩᠰᠠᠯᠠᠵᠤ ᠪᠦᠷᠢᠳᠬᠡᠭᠦᠯᠦᠭᠰᠡᠨ ᠪᠠᠩᠬᠢ ᠶᠢᠨ ᠺᠠᠷᠲ᠂ ᠭᠠᠷ ᠤᠲᠠᠰᠤᠨ ᠤ ᠺᠠᠷᠲ ᠢ ᠪᠤᠰᠤᠳ ᠲᠤ  ᠲᠦᠷᠢᠶᠡᠰᠦᠯᠡᠵᠦ᠂ ᠬᠤᠳᠠᠯᠳᠤᠪᠠᠯ ᠬᠤᠪᠢ ᠣᠯᠵᠤ ᠬᠡᠳᠦᠨ ᠮᠢᠩᠭᠠᠨ ᠲᠥᠭᠦᠷᠢᠭ ᠤᠨ ︽ᠠᠰᠢᠭ︾ ᠣᠯᠴᠢᠬᠠᠨ᠎ᠠ ᠭᠡᠨ᠎ᠡ᠃ ᠰᠣᠨᠣᠰᠬᠤ ᠳᠤ ᠰᠦᠷᠡᠬᠡᠢ ᠶᠡᠭᠡ ᠰᠢᠨᠣᠯ ᠡᠭᠦᠰᠬᠡᠬᠦ ᠪᠣᠯᠪᠠᠴᠦ ᠬᠠᠤᠯᠢ ᠪᠤᠰᠤ ᠡᠲᠡᠭᠡᠳ ᠵᠠᠪᠰᠢᠶᠠᠨ ᠢ ᠳᠠᠯᠢᠮᠳᠠᠭᠤᠯᠤᠨ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠬᠢᠬᠦ ᠳᠤ ᠬᠦᠷᠪᠡᠯ ᠨᠡᠷ᠎ᠡ ᠳᠡᠭᠡᠷ᠎ᠡ ᠪᠡᠨ ᠪᠦᠷᠢᠳᠬᠡᠭᠦᠯᠦᠭᠰᠡᠨ ᠺᠠᠷᠲ  ᠴᠢᠨᠢ ︽ᠵᠣᠯᠢᠶᠠᠰᠤ︾ ᠪᠣᠯᠵᠣ ᠂ ᠥᠪᠡᠷ ᠢᠶᠡᠨ ᠴᠤ ᠶᠠᠯ᠎ᠠ ᠳᠤ ᠤᠨᠠᠨ᠎ᠠ᠃

ᠬᠡᠷᠡᠭ ᠤᠨ ᠪᠠᠶᠢᠳᠠᠯ᠄
      2021 ᠣᠨ ᠤ 8 ᠰᠠᠷ᠎ᠠ ᠳᠤ᠂ ᠸᠠᠩ ᠣᠪᠣᠭᠲᠤ ᠠᠵᠢᠯ ᠥᠬᠡᠶ ᠵᠠᠯᠠᠭᠤ ᠨᠢᠭᠡᠨ ᠨᠡᠶᠢᠭᠡᠮ ᠤᠨ ᠬᠠᠷᠢᠯᠴᠠᠭᠠᠨ ᠤ ᠵᠥᠭᠡᠯᠡᠨ ᠲᠣᠨᠤᠭ ᠳᠡᠭᠡᠷ᠎ᠡ ᠠᠴᠠ ᠮᠠᠰᠢ ᠲᠦᠷᠭᠡᠨ ᠵᠣᠭᠤᠰ ᠤᠯᠬᠤ ᠳᠦᠷᠰᠦ ᠰᠢᠩᠭᠡᠭᠡᠯᠲᠡ ᠶᠢ ᠦᠵᠡᠭᠰᠡᠭᠡᠷ ᠪᠠᠢᠭᠠᠳ  ᠰᠠᠨᠠᠭᠠᠴᠢᠯᠠᠭ᠎ᠠ ᠠᠴᠠ ᠪᠠᠨ ᠨᠥᠭᠦᠭᠡ ᠡᠲᠡᠭᠡᠳ ᠲᠠᠢ ᠬᠠᠷᠢᠯᠴᠠᠵᠤ᠂ ᠥᠪᠡᠷ ᠦᠨ ᠪᠠᠩᠬᠢ ᠶᠢᠨ ᠺᠠᠷᠲ ᠢᠶᠠᠨ ᠬᠤᠳᠠᠯᠳᠤᠭᠰᠠᠨ ᠴᠤ ᠠᠮᠠᠷᠬᠠᠨ ᠵᠣᠭᠤᠰ ᠣᠯᠴᠢᠬᠠᠳᠠᠭ ︽ᠬᠤᠳᠠᠯᠳᠤᠭᠠᠨ ᠤ ᠠᠵᠠ ᠲᠣᠬᠢᠶᠠᠯ︾ ᠢ ᠣᠯᠵᠤ ᠮᠡᠳᠡᠪᠡ᠃ ᠸᠠᠩ ᠣᠪᠣᠭᠲᠤ ᠠᠰᠢᠭ ᠣᠯᠬᠤ ᠡᠭᠦᠳᠡᠨ ᠠᠴᠠ ᠤᠷᠢᠳ ᠬᠤᠵᠢᠳ ᠭᠤᠷᠪᠠ ᠤᠳᠠᠭ᠎ᠠ ᠠᠳᠠᠯᠢ ᠪᠤᠰᠤ ᠠᠷᠭ᠎ᠠ ᠪᠠᠷ ᠥᠪᠡᠷ ᠤᠨ ᠪᠠᠩᠬᠢ ᠶᠢᠨ ᠺᠠᠷᠲ᠂ U ᠪᠠᠮᠪᠠᠶ᠂ ᠭᠠᠷ ᠤᠲᠠᠰᠤᠨ ᠤ ᠺᠠᠷᠲ ᠢᠶᠠᠨ ᠪᠤᠰᠤᠳ ᠲᠤ ᠲᠦᠷᠢᠶᠡᠰᠦᠯᠡᠬᠦ ᠶᠢ ᠨᠢ ᠲᠦᠷᠢᠶᠡᠰᠦᠯᠡᠵᠦ᠂  ᠬᠤᠳᠠᠯᠳᠤᠬᠤ ᠶᠢ ᠨᠢ ᠬᠤᠳᠠᠯᠳᠤᠭᠠᠳ ᠨᠡᠶᠢᠲᠡ 3500 ᠲᠥᠭᠦᠷᠢᠭ ᠤᠨ ᠠᠰᠢᠭ ᠣᠯᠵᠠᠶ᠃
       2023 ᠣᠨ ᠤ 4 ᠰᠠᠷ᠎ᠠ  ᠳᠤ᠂ ᠶᠠᠯ᠎ᠠ ᠬᠢᠭᠰᠡᠨ ᠰᠡᠵᠢᠭᠳᠡᠨ ᠸᠠᠩ ᠣᠪᠣᠭᠲᠤ ᠨᠢ ᠮᠡᠳᠡᠭᠡ ᠵᠠᠩᠭᠢ ᠰᠦᠯᠵᠢᠶᠡᠨ ᠤ ᠶᠠᠯᠠᠲᠤ ᠠᠵᠢᠯᠯᠠᠭ᠎ᠠ ᠳᠤ ᠬᠠᠪᠰᠤᠷᠤᠭᠰᠠᠨ ᠶᠠᠯ᠎ᠠ ᠬᠢᠭᠰᠡᠨ ᠢᠶᠠᠷ ᠰᠡᠵᠢᠭᠯᠡᠭᠳᠡᠵᠦ᠂ ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠠᠴᠠ ᠬᠠᠤᠯᠢ ᠶᠣᠰᠣᠭᠠᠷ ᠪᠠᠷᠢᠪᠴᠢᠯᠠᠬᠤ ᠶᠢ ᠵᠥᠪᠰᠢᠶᠡᠷᠡᠪᠡ᠃
        ᠪᠠᠢᠴᠠᠭᠠᠬᠤ ᠲᠤᠰᠢᠶᠠᠯᠲᠠᠨ  ᠤ ᠰᠠᠨᠠᠭᠤᠯᠭ᠎ᠠ᠄

︽ᠬᠤᠪᠢ ᠣᠯᠭᠣᠬᠤ︾ ᠮᠡᠬᠡᠯᠡᠯ ᠢ ᠰᠡᠷᠡᠮᠵᠢᠯᠡᠬᠦ ᠬᠡᠷᠡᠭᠲᠡᠶ᠂ ︽ᠮᠡᠳᠡᠭᠡ ᠵᠠᠩᠭᠢ ᠰᠦᠯᠵᠢᠶᠡᠨ ᠤ ᠶᠠᠯᠠᠲᠤ ᠠᠵᠢᠯᠯᠠᠭ᠎ᠠ ᠶᠢ ᠬᠠᠪᠰᠤᠷᠤᠭᠰᠠᠨ︾  ᠨᠢ ᠳᠠᠷᠤᠶ ︽ᠶᠠᠯᠠᠲᠤ ᠡᠲᠡᠭᠡᠳ ᠢ  ᠬᠠᠪᠰᠤᠷᠤᠭᠰᠠᠨ ᠠᠵᠢᠯᠯᠠᠭ᠎ᠠ︾ ᠪᠣᠯᠣᠨ᠎ᠠ᠃ ᠠᠷᠠᠳ ᠢᠷᠭᠡᠨ ᠨᠡᠷ᠎ᠡ ᠳᠡᠭᠡᠷᠡᠬᠢ ᠪᠠᠩᠬᠢ ᠶᠢᠨ ᠺᠠᠷᠲ᠂ ᠢᠲᠡᠭᠡᠮᠵᠢ ᠶᠢᠨ ᠺᠠᠷᠲ ᠢᠶᠠᠨ ᠪᠣᠯᠭᠤᠮᠵᠢᠲᠠᠶ ᠬᠠᠮᠢᠶᠠᠷᠬᠤ ᠬᠡᠷᠡᠭᠲᠡᠶ᠂ ᠲᠦᠷᠢᠶᠡᠰᠦᠯᠡᠬᠦ ᠪᠠ ᠬᠤᠳᠠᠯᠳᠤᠬᠤ ᠨᠢ ᠴᠥᠮ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠮᠥᠨ᠂ ᠬᠤᠪᠢ ᠬᠥᠮᠦᠨ ᠤ ᠬᠠᠤᠯᠢ ᠴᠠᠭᠠᠵᠠ ᠶᠢᠨ ᠤᠬᠠᠮᠰᠠᠷ ᠢᠶᠠᠨ ᠳᠡᠭᠡᠭᠰᠢᠯᠡᠭᠦᠯᠵᠦ᠂ ᠪᠠᠩᠬᠢ ᠶᠢᠨ ᠺᠠᠷᠲ᠂ ᠢᠲᠡᠭᠡᠮᠵᠢ ᠶᠢᠨ ᠺᠠᠷᠲ ᠢᠶᠠᠨ ᠰᠠᠢᠨ ᠬᠢᠴᠢᠶᠡᠵᠦ᠂ ᠮᠡᠳᠡᠭᠡ ᠵᠠᠩᠭᠢ ᠶᠢᠨ ᠰᠦᠯᠵᠢᠶᠡᠨ ᠤ ᠶᠠᠯᠠᠲᠤ ᠡᠲᠡᠭᠡᠳ ᠤᠨ ᠬᠠᠮᠰᠠᠭᠠᠲᠠᠨ ᠪᠣᠯᠬᠤ ᠠᠴᠠ ᠵᠠᠶᠢᠯᠠᠰᠬᠢᠬᠦ ᠬᠡᠷᠡᠭᠲᠡᠶ᠃

ᠢᠷᠡᠯᠲᠡ
ᠣᠲᠤᠭ ᠬᠤᠰᠢᠭᠤᠨ ᠤ ᠠᠷᠠᠳ ᠤᠨ ᠪᠠᠢᠴᠭᠠᠬᠠᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro