ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

︽ᡂᠢ ᠪᠢ ᠡᠷᠭᠢ︾ ᠡᠴᠡ ᠡᠰᠢᠯᠡᠬᠦ ᠨᠢ

2023-09-08 17:47:14
ᠵᠣᠬᠢᠶᠠᠭᠴᠢ
ᠶᠤᠸᠠᠨ ᡁᠢ ᠪᠦᠸ᠋ᠸ

 

     ᡂᠢ ᠪᠢ ᠡᠷᠭᠢ
                           ᠲᠠᠩ ᠤᠯᠤᠰ       ᠳ᠋ᠦ᠋ ᠮᠦ

       
    ᠡᠯᠡᠰᠦᠨ ᠳ᠋ᠤᠷ  ᠪᠣᠯᠠᠭᠳᠠᠭᠰᠠᠨ ᠬᠤᠭᠤᠷᠬᠠᠢ ᠵᠢᠳᠠ ᠤᠨ ᠲᠡᠮᠦᠷ ᠨᠢ ᠦᠯᠦ ᠠᠷᠢᠯᠤᠯᠤᠭ᠎ᠠ
    ᠡᠯᠡᠭᠳᠡᠭᠰᠡᠨ ᠬᠡᠰᠡᠭ  ᠢ  ᠠᠷᠴᠢᠨ ᠤᠭᠢᠶᠠᠭᠠᠳ ᠤᠷᠢᠳᠦ ᠲᠥᠷᠦ ᠵᠢᠨ ᠪᠣᠯᠬᠤ ᠶᠢ ᠤᠬᠠᠪᠠᠢ᠃
    ᠳᠣᠷᠣᠨ᠎ᠠ ᠶᠢᠨ ᠰᠠᠯᠬᠢᠨ ᠵᠸᠦ ᠯᠠᠩ  ᠢ ᠦᠯᠦ ᠳᠡᠮᠵᠢᠨ ᠲᠤᠰᠠᠯᠠᠭᠰᠠᠨ ᠪᠣᠯᠪᠠᠰᠦ
    ᠲᠥᠩᠴᠢᠥᠸᠠᠢ ᠳᠡᠭᠲᠡᠷ ᠦᠨ  ᠬᠠᠪᠤᠷ  ᠤᠨ ᠭᠦᠨ᠎ᠡ ᠬᠣᠶᠠᠷ ᠴᠢᠶᠤᠤ  ᠶᠢ ᠴᠣᠣᠵᠢᠯᠠᠮᠥᠢ ᠃

       
    ︽ᡂᠢ ᠪᠢ ᠡᠷᠭᠢ︾ ᠪᠣᠯ ᠲᠠᠩ ᠤᠯᠤᠰ ᠤᠨ ᠦᠶ᠎ᠡ ᠶᠢᠨ ᠰᠢᠯᠦᠭᠴᠢᠨ ᠳ᠋ᠦ᠋ ᠮᠦ ᠶᠢᠨ ᠵᠣᠬᠢᠶᠠᠨ ᠪᠦᠲᠦᠭᠡᠭᠰᠡᠨ ᠨᠢᠭᠡᠨ ᠪᠠᠳᠠᠭ ᠳᠣᠯᠣᠭᠠᠨ ᠦᠭᠡ ᠶᠢᠨ ᠲᠠᠰᠤᠷᠬᠠᠢ ᠰᠢᠯᠦᠭ ᠪᠣᠯᠤᠨ᠎ᠠ᠂  ᠰᠢᠯᠦᠭᠴᠢ ᡂᠢ ᠪᠢ ᠡᠷᠭᠢ ︵ᠥᠨᠥ ᠶᠢᠨ ᠬᠤᠪᠧᠶ ᠮᠤᠵᠢ ᠶᠢᠨ ᠦᠴᠠᠩ ᠰᠢᠶᠠᠨ ᠤ ᠪᠠᠷᠠᠭᠤᠨ ᠡᠮᠦᠨ᠎ᠡ ᡂᠢ ᠵᠢᠢ ᠠᠭᠤᠯᠠ︶ ᠬᠡᠮᠡᠬᠦ ᠠᠯᠳᠠᠷᠲᠤ ᠡᠷᠲᠡᠨ ᠤ ᠲᠠᠶᠢᠨ ᠤ ᠲᠠᠯᠠᠪᠤᠷ ᠢᠶᠠᠷ ᠦᠩᠭᠡᠷᠡᠨ ᠭᠠᠷᠬᠤ ᠳᠤ  ᠪᠠᠨ ᠭᠤᠷᠪᠠᠨ ᠤᠯᠤᠰ ᠤᠨ ᠦᠶ᠎ᠡ ᠶᠢᠨ ᠪᠠᠭᠠᠲᠤᠷᠴᠤᠳ ᠤᠨ ᠢᠯᠠᠵᠤ ᠢᠯᠠᠭᠳᠠᠭᠰᠠᠨ  ᠦᠯᠢᠭᠡᠷ  ᠡᠴᠡ ᠰᠡᠳᠬᠢᠭᠳᠡᠯ  ᠣᠯᠵᠤ ᠪᠢᠴᠢᠭᠰᠡᠨ ᠶᠤᠮ᠃  ᠰᠢᠯᠦᠭᠴᠢ ᠡᠷᠲᠡᠨ ᠤ ᠳᠠᠶᠢᠨ ᠤ ᠲᠠᠯᠠᠪᠤᠷ ᠤᠨ ᠦᠯᠡᠳᠡᠭᠳᠡᠯ ᠢ ᠰᠣᠨᠢᠷᠬᠠᠵᠤ᠂ ᡂᠢ ᠪᠢ ᠶᠢᠨ ᠪᠠᠶᠢᠯᠳᠤᠭᠠᠨ ᠤ ᠲᠤᠬᠠᠢ ᠥᠪᠡᠷᠮᠢᠴᠡ ᠦᠵᠡᠯᠲᠡ ᠪᠠᠨ ᠢᠯᠡᠳᠬᠡᠵᠡᠢ᠃ ᠰᠢᠯᠦᠭᠴᠢ ᠡᠴᠡ ᠦᠵᠡᠭᠳᠡᠯ ᠢᠶᠡᠷ ᠳᠠᠮᠵᠢᠨ ᠰᠡᠳᠬᠢᠯᠭᠡ ᠪᠡᠨ ᠢᠯᠡᠳᠬᠡᠵᠦ ᠂ ᠪᠣᠳᠠᠰ  ᠢᠶᠠᠷ ᠳᠠᠮᠵᠢᠨ ᠲᠡᠦᠬᠡ ᠪᠠᠨ ᠤᠶᠠᠩᠭᠠᠯᠠᠵᠤ᠂ ᡂᠢ ᠪᠢ  ᠶᠢᠨ ᠪᠠᠶᠢᠯᠳᠤᠭᠠᠨ ᠨᠢ ᠤᠯᠤᠰ ᠣᠷᠣᠨ ᠤ ᠮᠥᠬᠦᠬᠦ  ᠰᠦᠨᠦᠬᠦ᠂ ᠨᠡᠶᠢᠭᠡᠮ ᠨᠡᠶᠢᠲᠡ ᠶᠢᠨ ᠠᠶᠤᠯ ᠲᠦᠭᠰᠢᠭᠦᠷᠢ ᠲᠠᠢ ᠬᠤᠯᠪᠣᠭᠳᠠᠬᠤ  ᠶᠢ  ᠲᠣᠳᠤᠷᠬᠠᠶᠢᠯᠠᠬᠤ ᠶᠢᠨ ᠵᠡᠷᠭᠡ ᠪᠡᠷ᠂ ᠬᠡᠬᠦᠳᠡᠭ ᠴᠡᠭᠡᠵᠢᠨ  ᠳᠦ  ᠪᠠᠨ ᠶᠡᠭᠡ ᠬᠦᠰᠡᠯᠡᠩ ᠡᠪᠦᠷᠯᠡᠭᠰᠡᠨ ᠲᠡᠭᠦᠨ ᠢ ᠬᠦᠨᠳᠦᠳᠬᠡᠨ ᠬᠡᠷᠡᠭᠯᠡᠬᠦ ᠭᠠᠵᠠᠷ ᠠᠯᠠᠭ᠎ᠠ ᠭᠡᠰᠡᠨ ᠳᠠᠯᠳᠠ ᠰᠠᠨᠠᠭ᠎ᠠ ᠪᠠᠨ ᠢᠯᠡᠳᠬᠡᠵᠠᠢ᠃
     ᠲᠤᠰ ᠰᠢᠯᠦᠭ ᠤᠨ ᠡᠮᠦᠨᠡᠬᠢ ᠬᠤᠶᠠᠷ ᠪᠠᠳᠠᠭ ᠲᠤ ︽ᠡᠯᠡᠰᠦᠨ ᠳ᠋ᠤᠷ ᠪᠣᠯᠠᠭᠳᠠᠭᠰᠠᠨ ᠬᠤᠭᠤᠷᠬᠠᠢ ᠵᠢᠳᠠ  ᠤᠨ ᠲᠡᠮᠦᠷ ᠨᠢ ᠦᠯᠦ  ᠠᠷᠢᠯᠤᠯᠤᠭ᠎ᠠ᠂ ᠡᠯᠡᠭᠳᠡᠭᠰᠡᠨ ᠬᠡᠰᠡᠭ  ᠢ ᠠᠷᠴᠢᠨ ᠤᠭᠢᠶᠠᠭᠠᠳ ᠤᠷᠢᠳᠦ ᠲᠥᠷᠦ  ᠵᠢᠨ ᠪᠣᠯᠬᠤ ᠶᠢ ᠮᠡᠳᠡᠪᠡᠢ︾ ᠭᠡᠵᠦ ᠦᠵᠡᠭᠳᠡᠯ ᠢᠶᠡᠷ ᠲᠡᠦᠬᠡ ᠶᠢ ᠤᠶᠠᠩᠭᠠᠯᠠᠵᠤ᠂ ᠪᠠᠶᠢᠯᠳᠤᠭᠠᠨ ᠳᠤ ᠬᠤᠭᠤᠷᠠᠭᠰᠠᠨ ᠵᠢᠳᠠ ᠡᠯᠡᠰᠦᠨ ᠳᠤ ᠪᠣᠯᠠᠭᠳᠠᠭᠰᠠᠨ ᠴᠦ ᠦᠵᠢᠷᠡᠵᠦ ᠡᠯᠡᠭᠳᠡᠭᠰᠡᠨ ᠦᠭᠡᠢ᠂ ᠴᠡᠪᠡᠷᠯᠡᠭᠰᠡᠨ ᠤ ᠳᠠᠷᠠᠭ᠎ᠠ ᠮᠦᠨ ᠤᠷᠢᠳᠤ ᠲᠥᠷᠦ ᠶᠢᠨ ᠦᠯᠡᠳᠡᠭᠳᠡᠯ ᠪᠣᠳᠠᠰ ᠪᠣᠯᠬᠣ ᠨᠢ ᠲᠠᠨᠢᠭᠳᠠᠵᠠᠢ ᠭᠡᠰᠡᠨ ᠰᠠᠨᠠᠭ᠎ᠠ ᠪᠠᠨ ᠢᠯᠡᠳᠬᠡᠵᠡᠢ᠃ ᠬᠡᠷᠪᠡ ᠳ᠋ᠦ᠋ ᠮᠦ  ᠶᠢᠨ ᠮᠠᠭᠠᠳᠯᠠᠭᠰᠠᠨ ᠨᠢ ᠵᠥᠪ ᠪᠣᠯ᠂ ᠲᠤᠰ ᠵᠢᠳᠠ ᠨᠢ ᠳᠠᠷᠤᠶ ᠭᠤᠷᠪᠠᠨ ᠤᠯᠤᠰ ᠤᠨ ᠦᠶ᠎ᠡ ᠶᠢᠨ ᠴᠡᠷᠢᠭ ᠤᠨ ᠶᠠᠪᠤᠳᠠᠯ ᠤᠨ ᠪᠠᠶᠢᠳᠠᠯ ᠢ ᠲᠤᠰᠬᠠᠭᠰᠠᠨ ᠲᠥᠯᠥᠭᠡᠯᠡᠬᠦ ᠴᠢᠨᠠᠷᠲᠠᠶ ᠪᠣᠳᠠᠰ ᠪᠠᠶᠢᠵᠤ᠂ ᠲᠤᠶᠢᠯ   ᠤᠨ ᠥᠨᠳᠥᠷ ᠲᠡᠦᠬᠡ ᠶᠢᠨ ᠦᠨ᠎ᠡ ᠥᠷᠲᠡᠭ ᠲᠠᠢ᠂ ᠤᠯᠤᠰ ᠤᠨ ᠬᠠᠮᠠᠭᠠᠯᠠᠯᠲᠠ   ᠶᠢᠨ ᠲᠡᠦᠬᠡ ᠶᠢᠨ ᠳᠤᠷᠠᠰᠬᠠᠯᠲᠤ ᠵᠦᠢᠯ ᠪᠣᠯᠣᠨ᠎ᠠ᠃
      ᠪᠠᠶᠢᠴᠠᠭᠠᠬᠤ ᠲᠤᠰᠢᠶᠠᠯᠲᠠᠨ ᠤ ᠰᠠᠨᠠᠭᠤᠯᠤᠮᠵᠢ᠄
      ᠳ᠋ᠦ᠋ ᠮᠦ ᠭᠤᠷᠪᠠᠨ ᠤᠯᠤᠰ ᠤᠨ ᠦᠶ᠎ᠡ ᠶᠢᠨ ᠵᠢᠳᠠ ᠶᠢ ᠣᠯᠵᠦ ᠠᠪᠤᠭᠰᠠᠨ ᠢ ᠬᠠᠷᠠᠭᠠᠳ᠂ ᠵᠠᠷᠢᠮ ᠬᠥᠮᠦᠨ ᠥᠪᠡᠷ  ᠢᠶᠠᠨ ᠠᠯᠢ ᠨᠢᠭᠡ ᠡᠳᠦᠷ ᠲᠡᠦᠬᠡ ᠶᠢᠨ ᠳᠤᠷᠠᠰᠬᠠᠯᠲᠤ ᠵᠦᠢᠯᠡᠰ ᠣᠯᠵᠤ ᠠᠪᠤᠪᠠᠯ ᠂ ᠲᠡᠭᠦᠨ ᠢᠶᠠᠨ ︽ᠥᠪᠡᠷ ᠤᠨ ᠥᠮᠴᠢ︾ ᠪᠣᠯᠭᠠᠬᠤ ᠪᠤᠶᠤ ︽ᠬᠤᠳᠠᠯᠳᠤᠬᠤ︾ ᠭᠡᠵᠦ ᠪᠤᠳᠤᠵᠤ  ᠮᠠᠭᠠᠳ᠃ ᠠᠩᠬᠠᠷᠬᠤ ᠨᠢ᠂ ᠡᠶᠢᠮᠦᠷᠬᠦ ᠪᠣᠳᠣᠯ ᠶᠠᠭᠠᠬᠢᠭᠰᠠᠨ ᠴᠤ ᠤᠷᠤᠵᠤ ᠪᠣᠯᠬᠤ ᠦᠭᠡᠢ᠃ ︽ᠡᠷᠳᠡᠨᠢ ᠣᠯᠵᠤ ᠠᠪᠬᠤ︾ ᠨᠢ ᠬᠡᠵᠢᠶᠡᠳᠡ ᠬᠦᠮᠦᠰ ᠢ ᠱᠣᠬᠤᠷᠬᠠᠭᠤᠯᠬᠤ ᠤᠴᠢᠷ ᠲᠠᠢ ᠪᠣᠯᠪᠠᠴᠦ᠂ ᠡᠷᠲᠡᠨ ᠤ ᠲᠡᠦᠬᠡ ᠶᠢᠨ ᠳᠤᠷᠠᠰᠬᠠᠯᠲᠤ ᠵᠦᠢᠯᠡᠰ  ᠢ ᠵᠠᠪᠠᠯ ᠠᠯᠪᠠᠨ ᠳᠤ ᠲᠤᠰᠢᠶᠠᠬᠤ ᠬᠡᠷᠡᠭᠲᠡᠢ᠂ ᠳᠤᠷ᠎ᠠ ᠪᠠᠷ ᠢᠶᠠᠨ ᠬᠠᠳᠠᠭᠠᠯᠠᠬᠤ ᠪᠤᠶᠤ ᠠᠷᠠᠯᠵᠢᠶᠠᠯᠠᠬᠤ ᠨᠢ ᠪᠦᠷ ᠬᠠᠤᠯᠢ ᠠᠴᠠ ᠵᠥᠷᠢᠴᠡᠵᠦ ᠪᠠᠶᠢᠭ᠎ᠠ ᠶᠤᠮ᠃
    ᠳᠤᠮᠳᠠᠳᠤ ᠶᠢᠨ ᠦᠨᠳᠦᠰᠦᠲᠡᠨ ᠲᠠᠪᠤᠨ ᠮᠢᠩᠭᠠᠨ ᠵᠢᠯ ᠤᠨ ᠲᠡᠦᠬᠡ ᠲᠠᠢ᠂ ᠲᠡᠦᠬᠡ ᠶᠢᠨ ᠳᠤᠷᠠᠰᠬᠠᠯᠲᠤ ᠵᠦᠢᠯᠡᠰ ᠨᠢᠭᠡᠪᠦᠷᠢ ᠴᠥᠮ ᠥᠪᠡᠷ ᠤᠨ ᠭᠡᠰᠡᠨ ᠦᠯᠢᠭᠡᠷ ᠲᠠᠢ ᠶᠤᠮ᠂ ᠲᠡᠳᠡᠭᠡᠷ ᠨᠢ ᠥᠩᠭᠡᠷᠡᠭᠰᠡᠨ  ᠤ ᠭᠡᠷᠡᠯ ᠰᠠᠴᠤᠷᠠᠩᠭᠤᠶ ᠪᠣᠯᠪᠠᠰᠤᠨ ᠤ ᠬᠠᠮᠤᠭ ᠤᠨ ᠰᠠᠶᠢᠨ ᠭᠡᠷᠡᠴᠢᠯᠡᠭᠴᠢ᠂ ᠡᠪᠦᠭᠡ ᠳᠡᠭᠡᠳᠦᠰ ᠤᠨ ᠪᠢᠳᠡᠨ ᠳᠤ ᠦᠯᠡᠳᠡᠭᠡᠵᠦ ᠥᠭᠭᠦᠭᠰᠡᠨ ᠡᠷᠬᠢᠮ ᠨᠠᠨᠳᠢᠨ ᠥᠪ ᠬᠥᠷᠥᠩᠭᠡ᠂ ᠪᠦᠬᠦ᠋ᠢᠯᠡ ᠦᠨᠳᠦᠰᠦᠲᠡᠨ ᠤ ᠳᠤᠷᠠᠳᠬᠠᠯ  ᠤᠨ ᠠᠴᠢᠶᠠᠯᠠᠭᠴᠢ ᠶᠤᠮ᠃ ᠲᠡᠦᠬᠡ ᠶᠢᠨ ᠳᠤᠷᠠᠰᠬᠠᠯᠲᠤ ᠵᠦᠢᠯ  ᠢᠶᠠᠷ ᠳᠠᠮᠵᠢᠨ   ᠪᠢᠳᠡ ᠰᠠᠶ᠋ᠢ ᠵᠠᠭᠤ ᠮᠢᠩᠭᠠᠨ ᠵᠢᠯ ᠤᠨ ᠡᠮᠦᠨᠡᠬᠢ ᠲᠡᠦᠬᠡᠨ ᠡᠭᠦᠳᠡ ᠶᠢ ᠨᠡᠭᠡᠭᠡᠬᠦ ᠠᠵᠠ ᠲᠣᠬᠢᠶᠠᠯ ᠲᠠᠢ ᠪᠣᠯᠤᠭᠰᠠᠨ ᠶᠤᠮ᠃
    ᠬᠠᠮᠢᠶ᠎ᠠ ᠪᠦᠬᠦᠢ ᠬᠡᠷᠡᠭ ᠤᠨ ᠵᠢᠱᠢᠶ᠎ᠡ᠄
    2014 ᠣᠨ ᠤ 10 ᠳ᠋ᠦ᠋ᠭᠡᠷ ᠰᠠᠷ᠎ᠠ ᠳᠤ᠂ ᠨᠠᠨᠵᠢᠩ ᠬᠤᠲᠠ ᠶᠢᠨ ᠨᠢᠭᠡᠨ ᠪᠠᠷᠢᠯᠭ᠎ᠠ ᠶᠢᠨ ᠭᠠᠵᠠᠷ  ᠶᠡᠭᠡ ᠬᠡᠮᠵᠢᠶᠡᠨ ᠤ ᠡᠷᠲᠡᠨ ᠤ ᠵᠣᠭᠤᠰ ᠢᠯᠡᠷᠡᠭᠦᠯᠵᠡᠢ᠂ ᠪᠠᠷᠢᠯᠭ᠎ᠠ ᠶᠢᠨ ᠠᠬᠤᠢ ᠲᠠᠯᠠᠪᠤᠷ ᠤᠨ ᠬᠠᠷᠢᠭᠤᠴᠠᠯᠭᠠᠲᠠᠨ ᠶᠧ ᠳ᠋ᠠ ᠪᠠᠷᠢᠯᠭ᠎ᠠ  ᠶᠢᠨ ᠢᠨᠵᠧᠨᠧᠷᠢᠩ  ᠦᠨ ᠬᠠᠷᠢᠭᠤᠴᠠᠯᠭᠠᠲᠠᠨ ᠶᠧ ᠡᠯ ᠠᠴᠠ ᠵᠢᠭᠠᠪᠤᠷᠢ ᠠᠪᠤᠭᠰᠠᠨ  ᠤ ᠳᠠᠷᠠᠭ᠎ᠠ᠂ ᠮᠠᠯᠲᠠᠬᠤ ᠮᠠᠰᠢᠨ ᠲᠣᠬᠢᠷᠠᠭᠤᠯᠵᠤ ᠡᠷᠲᠡᠨ ᠤ ᠵᠣᠭᠤᠰ ᠮᠥᠩᠭᠦ  ᠬᠣᠯᠢᠭᠳᠠᠭᠰᠠᠨ ᠰᠢᠪᠠᠷ ᠰᠢᠷᠤᠢ ᠶᠢ ᠮᠠᠯᠲᠠᠨ ᠭᠠᠷᠭᠠᠵᠤ᠂ ᠡᠷᠲᠡᠨ ᠤ ᠵᠣᠭᠤᠰ ᠢ  ᠢᠯᠭᠠᠨ  ᠴᠡᠪᠡᠷᠯᠡᠭᠰᠡᠨ ᠤ ᠳᠠᠷᠠᠭ᠎ᠠ ᠦᠪᠡᠷ  ᠲᠤ  ᠪᠠᠨ ᠦᠯᠡᠳᠡᠭᠡᠵᠠᠢ᠃ ᠰᠢᠭᠦᠯᠲᠡ ᠪᠠᠷ ᠳᠡᠮᠵᠢᠨ᠂ ᠶᠧ ᠳ᠋ᠠ᠂ ᠶᠧ ᠡᠯ ᠪᠠᠷᠢᠯᠭ᠎ᠠ ᠶᠢᠨ ᠭᠠᠵᠠᠷ ᠤᠨ ᠬᠠᠷᠢᠭᠤᠴᠠᠯᠭᠠᠲᠠᠨ ᠪᠣᠯᠤᠭᠰᠠᠨ ᠤ ᠬᠤᠪᠢ ᠳᠤ᠂ ᠪᠠᠷᠢᠯᠭ᠎ᠠ ᠶᠢᠨ ᠠᠵᠢᠯ ᠤᠨ ᠶᠠᠪᠤᠴᠠ ᠳᠤ ᠡᠷᠲᠡᠨ ᠤ ᠵᠣᠭᠤᠰ ᠢ ᠴᠠᠭ ᠲᠤᠬᠠᠶ ᠳᠤᠨᠢ ᠠᠯᠪᠠᠨ ᠳᠤ ᠲᠤᠰᠢᠶᠠᠬᠤ ᠶᠢ ᠪᠡᠶᠡᠴᠢ ᠲᠠᠯ᠎ᠠ ᠪᠠᠷ ᠲᠣᠳᠣᠷᠬᠠᠶ ᠮᠡᠳᠡᠵᠦ ᠪᠠᠶᠢᠭᠰᠠᠨ ᠴᠤ᠂ ᠮᠥᠨ ᠯᠡ ᠥᠪᠡᠷ ᠢᠶᠠᠨ ᠮᠠᠯᠲᠠᠬᠤ᠂ ᠳᠤᠷ᠎ᠠ ᠪᠠᠷ ᠢᠶᠠᠨ ᠰᠢᠯᠵᠢᠭᠦᠯᠬᠦ᠂ ᠢᠯᠭᠠᠨ ᠴᠡᠪᠡᠷᠯᠡᠬᠦ ᠳᠤ ᠣᠷᠣᠯᠴᠠᠬᠤ᠂ ᠦᠪᠡᠷ ᠢᠶᠠᠨ ᠦᠯᠡᠳᠡᠭᠡᠨ ᠬᠠᠳᠠᠭᠠᠯᠠᠬᠤ ᠵᠡᠷᠭᠡ ᠦᠢᠯᠡ ᠠᠵᠢᠯᠯᠠᠭ᠎ᠠ ᠶᠢ ᠠᠪᠤᠭᠰᠠᠨ ᠪᠥᠭᠡᠳ ᠲᠡᠦᠬᠡ ᠶᠢᠨ ᠳᠤᠷᠠᠰᠬᠠᠯᠲᠤ ᠵᠦᠢᠯᠡᠰ ᠤᠨ ᠰᠠᠯᠠᠭ᠎ᠠ ᠮᠥᠴᠢᠷ ᠤᠨ ᠣᠯᠠᠨ ᠤᠳᠠᠭᠠᠨ ᠤ ᠪᠠᠶᠢᠴᠠᠭᠠᠯᠲᠠ ᠳᠤ ᠴᠥᠮ ᠬᠠᠮᠵᠢᠯᠴᠠᠬᠤ ᠶᠢ ᠲᠡᠪᠴᠢᠵᠦ᠂ ᠨᠢᠭᠤᠨ ᠳᠠᠯᠳᠠᠯᠠᠬᠤ ᠣᠪᠣᠷ ᠢᠶᠠᠷ ᠬᠠᠨᠳᠤᠵᠤ᠂ ᠪᠡᠶᠡᠴᠢ ᠲᠠᠯ᠎ᠠ ᠪᠠᠷ ᠡᠷᠲᠡᠨ ᠤ ᠵᠣᠭᠤᠰ ᠶᠢ ᠬᠠᠤᠯᠢ ᠪᠤᠰᠤ ᠪᠠᠷ ᠡᠵᠡᠮᠳᠡᠭᠰᠡᠨ ᠪᠠᠶᠢᠨ᠎ᠠ᠃ ᠰᠢᠭᠦᠬᠦ ᠬᠤᠷᠢᠶ᠎ᠠ  ᠰᠢᠭᠦᠨ ᠲᠠᠰᠤᠯᠬᠤ ᠪᠠᠷ ᠳᠠᠮᠵᠢᠭᠠᠳ᠂ ᠵᠠᠭᠠᠯᠳᠤᠭᠳᠠᠭᠴᠢ ᠶᠧ ᠳ᠋ᠠ ᠂ ᠶᠧ ᠡᠯ  ᠬᠤᠯᠠᠭᠠᠶᠢᠯᠠᠭᠰᠠᠨ ᠶᠠᠯ᠎ᠠ  ᠪᠠᠷ ᠶᠢᠰᠦᠨ ᠰᠠᠷ᠎ᠠ ᠶᠢᠨ ᠭᠠᠳᠠᠨ᠎ᠠ ᠠᠷᠪᠠᠨ ᠳᠥᠷᠪᠡᠨ  ᠡᠳᠦᠷ ᠂ ᠠᠷᠠᠳ ᠤᠨ ᠵᠣᠭᠤᠰ  ᠨᠢᠭᠡ ᠲᠦᠮᠡᠨ ᠲᠥᠭᠦᠷᠢᠭ  ᠤᠨ ᠲᠣᠷᠭᠠᠭᠤᠯᠢ ᠪᠠᠷ ᠲᠤᠰ ᠲᠤᠰ ᠰᠢᠢᠳᠬᠡᠭᠳᠡᠵᠡᠢ ᠃ 131 ᠬᠡᠯᠲᠡᠷᠬᠡᠢ ᠡᠷᠲᠡᠨ ᠤ ᠵᠣᠭᠤᠰ ᠢ ᠨᠡᠬᠡᠮᠵᠢᠯᠡᠨ ᠲᠤᠰᠢᠶᠠᠯᠭᠠᠬᠤ ᠶᠢᠨ ᠬᠠᠮᠲᠤ ᠤᠯᠤᠰ ᠤᠨ ᠬᠥᠮᠥᠷᠭᠡ ᠳᠤ ᠲᠤᠰᠢᠶᠠᠪᠠ᠃
    ᠰᠣᠶᠣᠯ ᠤᠨ ᠥᠪ ᠬᠥᠷᠥᠩᠭᠡ ᠨᠢ ᠳᠠᠬᠢᠨ ᠡᠭᠦᠰᠴᠦ ᠪᠣᠯᠤᠰᠢ ᠦᠭᠡᠶ ᠣᠨᠴᠠᠯᠢᠭ ᠲᠠᠢ ᠪᠠᠶᠢᠵᠤ᠂ ᠤᠰᠠᠳᠦᠨ ᠠᠷᠢᠯᠬᠤ ᠳᠤ ᠬᠦᠷᠪᠡᠯ ᠳᠠᠷᠤᠶ ᠬᠥᠨᠦᠭᠡᠯᠲᠡ ᠶᠢᠨ ᠴᠢᠨᠠᠷᠲᠠᠶ ᠡᠪᠳᠡᠯᠭᠡ  ᠳᠤ ᠤᠴᠠᠷᠠᠨ᠎ᠠ᠃ ᠡᠶᠢᠮᠦ ᠠᠴᠠ᠂ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ ᠨᠢ ᠳᠠᠷᠤᠶ ᠲᠡᠦᠬᠡ ᠶᠢ ᠬᠠᠳᠠᠭᠠᠯᠠᠵᠤ ᠪᠠᠶᠢᠭ᠎ᠠ ᠶᠠᠪᠤᠳᠠᠯ ᠮᠥᠨ᠂ ᠡᠨᠡ ᠨᠢ ᠠᠷᠠᠳ ᠢᠷᠭᠡᠨ ᠨᠢᠭᠡᠪᠦᠷᠢ ᠶᠢᠨ ᠭᠦᠢᠴᠡᠳᠬᠡᠪᠡᠰᠦ ᠵᠣᠬᠢᠬᠤ ᠡᠭᠦᠷᠭᠡ ᠪᠠ ᠬᠠᠷᠢᠭᠤᠴᠠᠯᠭ᠎ᠠ ᠮᠥᠨ᠃ ᠪᠠᠶᠢᠴᠠᠭᠠᠬᠤ ᠲᠤᠰᠢᠶᠠᠯᠲᠠᠨ  ᠡᠴᠡ ᠣᠯᠠᠨ ᠲᠦᠮᠡᠨ ᠢ ᠲᠡᠦᠬᠡ ᠶᠢᠨ ᠳᠤᠷᠠᠰᠬᠠᠯᠲᠤ ᠵᠦᠢᠯᠡᠰ ᠢ ᠢᠳᠡᠪᠬᠢᠲᠡᠶ ᠬᠠᠮᠠᠭᠠᠯᠠᠵᠤ᠂ ᠲᠡᠦᠬᠡ ᠶᠢᠨ ᠳᠤᠷᠠᠰᠬᠠᠯᠲᠤ ᠵᠦᠢᠯᠡᠰ ᠢ ᠣᠯᠵᠤ ᠮᠡᠳᠡᠪᠡᠯ ᠳᠠᠷᠤᠶ ᠲᠦᠷᠭᠡᠨ ᠲᠤᠬᠠᠶ ᠶᠢᠨ ᠲᠠᠯᠠᠪᠤᠷ  ᠢ ᠬᠠᠮᠠᠭᠠᠯᠠᠬᠤ ᠂  ᠲᠡᠷᠡ ᠳᠠᠷᠤᠢ ᠳ᠋ᠤᠨᠢ ᠬᠡᠷᠡᠭ ᠮᠡᠳᠡᠭᠦᠯᠬᠦ ᠪᠣᠶᠤ ᠲᠤᠬᠠᠶ ᠶᠢᠨ ᠭᠠᠵᠠᠷ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠲᠤ ᠮᠡᠳᠡᠭᠦᠯᠵᠦ᠂ ᠴᠠᠭ ᠲᠤᠬᠠᠶ ᠳᠤᠨᠢ ᠠᠯᠪᠠᠨ ᠳᠤ ᠲᠤᠰᠢᠶᠠᠬᠤ ᠬᠡᠷᠡᠭᠲᠡᠶ ᠃ ᠬᠤᠯᠠᠭᠠᠶᠢᠯᠠᠭᠰᠠᠨ᠂ ᠰᠠᠷᠢᠭᠠᠯᠠᠭᠰᠠᠨ᠂ ᠡᠪᠳᠡᠭᠰᠡᠨ ᠵᠡᠷᠭᠡ ᠶᠠᠯᠠᠲᠤ ᠠᠵᠢᠯᠯᠠᠭ᠎ᠠ ᠶᠢᠨ ᠰᠦᠪᠡᠭᠴᠢ ᠶᠢ ᠣᠯᠵᠤ ᠮᠡᠳᠡᠪᠡᠯ ᠴᠠᠭ ᠲᠤᠬᠠᠶ ᠳᠤᠨᠢ ᠬᠡᠷᠡᠭ ᠮᠡᠳᠡᠭᠦᠯᠵᠦ᠂ ᠡᠪᠦᠭᠡ ᠳᠡᠭᠡᠳᠦᠰ ᠤᠨ ᠢᠶᠠᠨ ᠦᠯᠡᠳᠡᠭᠡᠭᠰᠡᠨ ᠡᠷᠬᠢᠮ ᠨᠠᠨᠳᠢᠨ ᠥᠪ ᠢ ᠦᠨᠡᠨ ᠬᠦ ᠰᠠᠶᠢᠲᠤᠷ ᠰᠠᠬᠢᠨ ᠬᠠᠮᠠᠭᠠᠯᠠᠬᠤ ᠬᠡᠷᠡᠭᠲᠡᠶ ᠭᠡᠵᠦ ᠤᠷᠢᠶᠠᠯᠠᠪᠠ᠃

 

     


    ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ ᠬᠠᠤᠯᠢ︾ ᠶᠢᠨ ᠲᠠᠪᠤᠳᠤᠭᠠᠷ ᠵᠣᠷᠪᠤᠰ  ᠲᠤ ᠲᠣᠭᠲᠠᠭᠠᠭᠰᠠᠨ ᠨᠢ᠄ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠯᠢ ᠶᠢᠨ ᠳᠣᠲᠣᠷᠠᠬᠢ ᠭᠠᠵᠠᠷ ᠳᠣᠣᠷᠠᠬᠢ᠂ ᠬᠠᠷᠢᠶᠠᠲᠦ ᠤᠰᠤ ᠪᠠ ᠬᠠᠷᠢᠶᠠᠲᠦ ᠲᠡᠯᠡᠶ ᠳᠤ ᠦᠯᠡᠳᠡᠭᠰᠡᠨ ᠠᠯᠢᠪᠠ ᠲᠡᠦᠬᠡ ᠶᠢᠨ ᠳᠤᠷᠠᠰᠬᠠᠯᠲᠤ ᠵᠦᠢᠯᠡᠰ ᠨᠢ ᠤᠯᠤᠰ ᠲᠤ ᠥᠮᠴᠢᠯᠡᠭᠳᠡᠨ᠎ᠡ᠃
    ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠭᠤᠷᠪᠠᠨ ᠵᠠᠭᠤ ᠬᠤᠷᠢᠨ ᠵᠢᠷᠭᠤᠳᠤᠭᠠᠷ ᠵᠣᠷᠪᠤᠰ  ᠲᠤ᠄ ᠠᠰᠢᠭ ᠤᠯᠬᠤ ᠵᠣᠷᠢᠯᠭ᠎ᠠ ᠪᠠᠷ ᠤᠯᠤᠰ  ᠤᠨ ᠴᠠᠭᠠᠵᠠ ᠲᠠᠢ ᠲᠡᠦᠬᠡ ᠶᠢᠨ ᠳᠤᠷᠠᠰᠬᠠᠯᠲᠤ ᠵᠦᠢᠯ ᠢ ᠰᠠᠷᠢᠭᠠᠯᠠᠭᠰᠠᠨ ᠪᠦᠭᠡᠳ ᠦᠢᠯᠡ ᠪᠠᠶᠢᠳᠠᠯ ᠨᠢ ᠬᠦᠨᠳᠦ ᠨᠣᠴᠢᠲᠠᠶ ᠪᠠᠶᠢᠪᠠᠯ᠂ ᠲᠠᠪᠤᠨ ᠵᠢᠯ ᠠᠴᠠ ᠳᠣᠭᠤᠭᠰᠢ ᠬᠤᠭᠤᠴᠠᠭ᠎ᠠ ᠲᠠᠢ ᠬᠤᠷᠢᠬᠤ ᠪᠤᠶᠤ ᠬᠤᠷᠢᠵᠤ ᠭᠦᠳᠡᠯᠮᠦᠷᠢᠯᠡᠬᠦᠯᠬᠦ ᠪᠠᠷ ᠪᠠ ᠵᠤᠭᠤᠰ ᠢᠶᠠᠷ ᠶᠠᠯᠠᠳᠠᠬᠤ ᠪᠠᠷ ᠨᠠᠶᠢᠯᠡᠬᠦᠯᠦᠨ ᠰᠢᠳᠬᠡᠨ᠎ᠡ᠃ ᠦᠢᠯᠡ ᠪᠠᠶᠢᠳᠠᠯ ᠨᠢ ᠣᠨᠴᠠᠭᠠᠢ ᠬᠦᠨᠳᠦ ᠨᠣᠴᠢᠲᠠᠶ ᠪᠠᠶᠢᠪᠠᠯ᠂ ᠲᠠᠪᠤᠨ ᠵᠢᠯ ᠠᠴᠠ ᠳᠡᠭᠡᠭᠰᠢ ᠠᠷᠪᠠᠨ ᠵᠢᠯ ᠠᠴᠠ ᠳᠣᠷᠣᠭᠰᠢ ᠬᠤᠭᠤᠴᠠᠭ᠎ᠠ ᠲᠠᠢ ᠬᠤᠷᠢᠬᠤ ᠪᠠᠷ ᠰᠢᠳᠬᠡᠵᠦ᠂ ᠵᠣᠭᠤᠰ ᠢᠶᠠᠷ ᠶᠠᠯᠠᠳᠠᠬᠤ ᠪᠠᠷ ᠨᠡᠶᠢᠯᠡᠭᠦᠯᠦᠨ ᠰᠢᠳᠬᠡᠨ᠎ᠡ᠃
    

ᠢᠷᠡᠯᠲᠡ
ᠬᠦᠬᠡᠬᠤᠲᠠ ᠵᠢᠨ ᠦᠴᠤᠸᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro