ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠠᠪᠤ ᠡᠵᠢ ᠨᠢ ᠭᠡᠷᠭᠢᠨ ᠦᠷ᠎ᠠ ᠭᠡᠦᠭᠡᠳ ᠲᠤ ᠪᠠᠨ ᠡᠶ᠎ᠡ ᠨᠠᠶᠢᠷᠳᠠᠢ᠂ ᠡᠯᠢᠭᠡ ᠪᠦᠳᠦᠨ᠂ ᠡᠷᠡᠭᠦᠯ ᠰᠠᠷᠠᠭᠤᠯ ᠭᠡᠷ ᠪᠦᠯᠢ ᠶᠢᠨ ᠠᠮᠢᠳᠤᠷᠠᠯ ᠢ ᠤᠯᠭᠤᠬᠤ ᠪᠤᠢ︖

2023-11-13 10:13:22
ᠵᠣᠬᠢᠶᠠᠭᠴᠢ
ᠮᠧᠢ ᠯᠢᠩ

 


    ᠭᠡᠷᠡᠭ ᠤᠨ ᠦᠨᠳᠦᠰᠦᠨ ᠪᠠᠶᠢᠳᠠᠯ᠄
    ᠭᠡᠷᠡᠭ ᠤᠨ ᠰᠡᠵᠢᠭᠳᠡᠨ ᠹᠠᠨ ᠤᠪᠤᠭᠲᠤ 2022 ᠤᠨ ᠤ 11 ᠰᠠᠷ᠎ᠠ  ᠳᠤ ᠵᠤᠷᠢᠭᠤᠳᠠ  ᠭᠡᠮᠳᠦᠭᠡᠭᠰᠡᠨ ᠶᠠᠯ᠎ᠠ ᠪᠠᠷ ᠲᠤᠳᠤᠭᠠᠳᠦ ᠶᠢ ᠬᠠᠮᠠᠭᠠᠯᠠᠬᠤ ᠲᠤᠪᠴᠢᠶ᠎ᠠ ᠪᠠᠷ ᠪᠠᠷᠢᠪᠴᠢᠯᠠᠭᠤᠯᠵᠠᠢ᠃
    ᠪᠠᠶᠢᠴᠠᠭᠠᠨ ᠲᠤᠳᠤᠯᠬᠠᠰᠠᠨ ᠢᠶᠠᠷ᠄ ᠹᠠᠨ  ᠣᠪᠤᠭᠲᠤ ᠪᠦᠰᠡᠭᠦᠢ ᠲᠠᠢ ᠪᠠᠨ ᠭᠡᠷ ᠵᠠᠭᠤᠷ᠎ᠠ ᠶᠢᠨ ᠭᠡᠷᠡᠭᠦᠯ  ᠵᠠᠭᠤᠷᠠᠭᠠᠨ ᠠᠴᠠ ᠪᠤᠯᠵᠤ ᠭᠠᠷ ᠭᠦᠳᠡᠯᠵᠤ᠂ ᠴᠢᠨ᠋ᠬᠠᠰᠢᠯᠠᠨ ᠵᠢᠮᠢᠰ ᠤᠨ ᠭᠢᠳᠤᠭ᠎ᠠ ᠪᠠᠷ ᠪᠦᠰᠡᠭᠦᠢ ᠶᠢᠨ ᠢᠶᠠᠨ ᠴᠡᠭᠡᠵᠢ ᠤᠷᠤᠭᠤ ᠶᠢᠰᠦ ᠭᠢᠳᠤᠭᠠᠯᠬᠠᠰᠠᠨ ᠬᠠᠷᠠᠰᠠᠯᠳᠦ ᠭᠡᠷᠡᠭ ᠡᠭᠦᠰᠪᠡ᠃ ᠭᠡᠷᠡᠭ ᠤᠨ ᠲᠠᠷᠠᠭ᠎ᠠ 120 ᠪᠠᠴᠢᠮ ᠠᠪᠤᠷᠠᠯᠳᠠ ᠶᠢᠨ ᠲᠡᠷᠭᠡ ᠪᠠᠷ ᠡᠮᠨᠡᠯᠭᠡ ᠳᠤ ᠭᠦᠷᠭᠡᠨ ᠪᠠᠴᠢᠮ ᠠᠪᠤᠷᠠᠯᠳᠠ ᠭᠢᠭᠰᠡᠨ ᠪᠤᠯᠪᠠᠴᠦ ᠡᠬᠡᠨᠡᠷ ᠤᠨ ᠬᠢᠨᠢ ᠰᠢᠷᠬ᠎ᠠ ᠨᠢ ᠭᠦᠨᠳᠦ ᠤᠴᠢᠷ ᠠᠴᠠ ᠠᠪᠤᠷᠠᠵᠤ ᠲᠡᠶᠢᠯᠦᠭᠰᠡᠨ ᠦᠭᠡᠢ ᠦᠬᠡᠳᠡ ᠪᠤᠯᠵᠡᠢ᠃
    ᠡᠳᠦᠷ ᠲᠤᠳᠤᠮ ᠤᠨ ᠠᠮᠢᠳᠤᠷᠠᠯ ᠳᠤ ᠡᠷ᠎ᠠ ᠡᠮ᠎ᠠ ᠶᠢᠨ ᠬᠤᠭᠤᠷᠤᠨᠳᠤ ᠬᠠᠶᠠ ᠭᠡᠷ ᠵᠠᠭᠤᠷ᠎ᠠ ᠶᠢᠨ ᠭᠡᠷᠡᠭᠦᠯ ᠡᠬᠦᠰᠳᠡᠭ᠃ ᠭᠦᠮᠦᠨ ᠭᠡᠳᠡᠭ ᠬᠠᠶᠢᠷ᠎ᠠ ᠰᠡᠳᠭᠢᠯᠭᠡ ᠲᠠᠢ ᠠᠮᠢᠲᠠᠨ ᠪᠤᠯᠬᠤᠷ ᠪᠤᠳᠤᠯᠢᠶᠠᠨᠳᠠᠢ ᠭᠡᠷᠡᠭ ᠤᠴᠢᠷ ᠪᠤᠶᠤ ᠲᠠᠭ᠎ᠠ ᠦᠭᠡᠢ ᠪᠠᠶᠢᠳᠠᠯ  ᠳᠤ ᠲᠤᠯᠭᠠᠷᠠᠪᠠᠯ ᠰᠡᠳᠭᠢᠴᠠ ᠶᠢᠨ ᠲᠤᠯᠭᠢᠰᠤᠯ ᠡᠬᠦᠰᠴᠤ ᠠᠭᠤᠷ ᠬᠢᠯᠢᠩ ᠪᠠᠳᠠᠷᠠᠬᠤ ᠨᠢ ᠶᠡᠷᠤ ᠶᠢᠨ ᠬᠡᠷᠡᠭ᠃ ᠭᠡᠪᠡᠴᠦ ᠡᠶᠢᠮᠦᠷᠬᠦ ᠪᠠᠶᠢᠳᠠᠯ ᠳᠤ ᠭᠡᠷᠭᠢᠨ ᠠᠭᠤᠷ ᠢᠶᠠᠨ ᠲᠠᠷᠤᠵᠤ ᠬᠡᠷᠡᠭ ᠤᠴᠢᠷ ᠢ ᠯᠠᠪᠳᠠᠭᠤᠨ ᠲᠤᠨᠨᠳᠠᠭᠤᠨ᠂ ᠡᠪ ᠨᠠᠶᠢᠷᠳᠠᠢ᠂ ᠵᠦᠪ ᠲᠤᠳᠤᠷᠬᠠᠢ ᠰᠢᠢᠳᠪᠤᠷᠢᠯᠡᠬᠦ  ᠪᠤᠯ ᠬᠠᠮᠤᠭ ᠴᠢᠬᠤᠯᠠ ᠠᠰᠠᠭᠤᠳᠠᠯ ᠪᠤᠯᠤᠨ᠎ᠠ᠃
    ᠲᠤᠰ ᠭᠡᠷᠡᠭ ᠤᠨ ᠵᠢᠱᠢᠶ᠎ᠠ ᠶᠢ ᠦᠩᠬᠡᠨ ᠲᠠᠯ᠎ᠠ ᠠᠴᠠ ᠨᠢ ᠦᠵᠡᠪᠡᠯ᠄ ᠪᠦᠰᠡᠬᠦᠢ ᠨᠢ ᠡᠷ᠎ᠠ ᠨᠦᠭᠦᠷ ᠲᠤ ᠪᠠᠨ ᠭᠢᠳᠤᠭᠠᠯᠬᠠᠳᠠᠨ ᠠᠮᠢ ᠨᠠᠰᠤ ᠪᠠᠨ ᠠᠯᠳᠠᠵᠤ᠂ ᠡᠷ᠎ᠠ ᠨᠦᠭᠦᠷ ᠨᠢ ᠬᠠᠷ᠎ᠠ ᠨᠦᠬᠡᠨ ᠲᠤ ᠰᠠᠭᠤᠭᠰᠠᠨ ᠬᠠᠷᠠᠰᠠᠯᠳᠦ ᠭᠡᠷᠡᠭ ᠪᠤᠯᠬᠤ ᠪᠤᠯᠪᠠᠴᠦ ᠶᠠᠭ ᠦᠨᠡᠨᠳᠡᠭᠡᠨ ᠬᠤᠶᠠᠷ ᠭᠡᠷ ᠤᠨ ᠠᠪᠤ ᠡᠵᠢ ᠲᠦᠷᠦᠯ ᠰᠠᠳᠤᠨ᠂ ᠢᠯᠠᠩᠭᠤᠶ᠎ᠠ ᠭᠡᠷᠡᠭ ᠲᠤ ᠬᠤᠯᠪᠤᠨᠨᠳ᠋ᠬᠠᠰᠠᠨ ᠬᠤᠶᠠᠷ ᠡᠳᠡᠭᠡᠳ ᠤᠨ ᠦᠷ᠎ᠠ ᠶᠢᠨ ᠭᠠᠭᠴᠠ ᠭᠦᠤ ᠨᠢ ᠪᠤᠯ ᠰᠠᠶ᠋ᠢ ᠬᠠᠮᠤᠭ ᠤᠨ ᠶᠡᠭᠡ ᠬᠤᠭᠢᠷᠠᠯ ᠠᠮᠰᠬᠠᠴᠢ ᠪᠤᠯᠤᠨ᠎ᠠ᠃ ᠠᠷᠪᠠᠭ᠋ᠠᠨ ᠨᠠᠰᠤᠨ ᠤ ᠠᠯᠢᠶ᠎ᠠ ᠬᠦᠭᠡᠷᠦᠬᠦᠨ ᠴᠠᠭ ᠠᠪᠤ ᠨᠢ ᠡᠵᠢ ᠶᠢ ᠨᠢ ᠭᠢᠳᠦᠭᠠᠯᠬᠠᠰᠠᠨ ᠬᠠᠷᠠᠰᠠᠯᠳᠦ ᠭᠡᠷᠡᠭ ᠢ ᠨᠢᠳᠦ ᠪᠠᠷ ᠢᠶᠠᠨ ᠦᠵᠡᠨ᠎ᠡ ᠭᠡᠳᠡᠭ ᠨᠢ ᠲᠡᠬᠦᠨ ᠤ ᠤᠨᠠᠭᠠᠨ ᠪᠠᠭ᠎ᠠ ᠶᠢᠨ ᠤᠶᠤᠨ ᠰᠡᠳᠬᠢᠯ ᠳᠤ ᠭᠡᠴᠢᠨᠠᠨ ᠶᠡᠭᠡ ᠠᠶᠤᠳᠠᠰᠤ᠂ ᠬᠡᠯᠮᠡᠭᠳᠡᠯ ᠠᠪᠴᠢᠷᠠᠬᠤ ᠶᠢ ᠦᠬᠦᠯᠡᠬᠦ ᠳᠤ ᠪᠡᠷᠭᠡ᠂ ᠶᠠᠭ ᠡᠶᠢᠮᠦ ᠠᠴᠠ ᠠᠪᠤ ᠡᠵᠢ ᠨᠢ ᠭᠡᠷᠭᠢᠨ ᠦᠷ᠎ᠠ ᠭᠡᠦᠭᠡᠳ ᠲᠤ ᠪᠠᠨ ᠡᠶ᠎ᠡ ᠨᠠᠶᠢᠷᠳᠠᠢ᠂ ᠡᠯᠢᠭᠡ ᠪᠦᠳᠦᠨ᠂ ᠡᠷᠡᠭᠦᠯ ᠰᠠᠷᠠᠭᠤᠯ ᠭᠡᠷ ᠪᠦᠯᠢ ᠶᠢᠨ ᠠᠮᠢᠳᠤᠷᠠᠯ ᠤᠷᠴᠢᠨ ᠲᠤᠭᠤᠷᠢᠨ ᠢ ᠤᠯᠭᠤᠵᠤ ᠦᠭᠭᠦ ᠪᠤᠯ ᠨᠢᠭᠡ ᠪᠤᠳᠤᠭᠤᠰᠢᠳᠠᠢ ᠰᠡᠳᠤᠪ ᠪᠤᠯᠤᠭᠠᠳ ᠪᠠᠶᠢᠨ᠎ᠠ᠃
     ᠪᠠᠶᠢᠴᠠᠭᠠᠬᠤ ᠲᠤᠰᠢᠶᠠᠯᠳᠠᠨ ᠠᠴᠠ ᠰᠠᠨᠠᠭᠤᠯᠬᠤ ᠨᠢ᠄ ᠠᠪᠤ ᠡᠵᠢ ᠨᠢ ᠡᠯᠢᠭᠡᠰᠡᠭ ᠰᠠᠶᠢᠬᠠᠨ ᠠᠶᠢᠯ ᠭᠡᠷ ᠤᠨ ᠠᠭᠤᠷ ᠠᠮᠢᠰᠬᠤᠯ ᠢ ᠪᠤᠢ ᠪᠤᠯᠭᠠᠬᠤ᠂ ᠦᠪᠡᠷ ᠤᠨ ᠪᠠᠶ᠎ᠠ ᠪᠠᠷ ᠢᠶᠠᠨ ᠦᠷ᠎ᠠ ᠭᠡᠦᠭᠡᠳ ᠲᠤ ᠪᠠᠨ ᠭᠡᠪ ᠲᠠᠭᠤᠷᠢᠶᠠᠯ ᠦᠵᠡᠭᠦᠯᠬᠦ᠂ ᠦᠷ᠎ᠠ ᠭᠡᠦᠭᠡᠳ ᠲᠤ ᠪᠠᠨ ᠤᠶᠤᠨ ᠰᠠᠨᠠᠭ᠎ᠠ ᠪᠠ ᠪᠤᠳᠠᠰ ᠤᠨ ᠲᠠᠯ᠎ᠠ ᠤᠨ ᠲᠠᠮᠵᠢᠯᠭᠡ ᠶᠢ ᠭᠦᠢᠴᠡᠳ ᠬᠠᠩᠭᠠᠬᠤ᠂ ᠬᠠᠶᠢᠷ᠎ᠠ ᠬᠠᠯᠠᠮᠵᠢ ᠪᠠᠷ ᠭᠡᠦᠭᠡᠳ ᠤᠨ ᠰᠡᠳᠭᠢᠯ ᠢ ᠲᠤᠯᠠᠭᠠᠴᠠᠭᠤᠯᠬᠤ ᠪᠠᠷ ᠲᠠᠮᠵᠢᠨ ᠦᠷ᠎ᠠ ᠭᠡᠦᠭᠡᠳ ᠲᠤ ᠪᠠᠨ ᠡᠶ᠎ᠡ ᠨᠠᠶᠢᠷᠳᠠᠢ᠂ ᠡᠯᠢᠭᠡ ᠪᠦᠳᠦᠨ᠂ ᠡᠷᠡᠭᠦᠯ ᠰᠠᠷᠠᠭᠤᠯ ᠭᠡᠷ ᠪᠦᠯᠢ ᠶᠢᠨ ᠠᠮᠢᠳᠤᠷᠠᠯ ᠢ ᠤᠯᠭᠤᠵᠤ ᠦᠭᠬᠦ ᠪᠠᠷ ᠴᠢᠷᠮᠠᠶᠢᠬᠤ ᠭᠡᠷᠡᠭᠳᠡᠢ᠃
    ᠨᠢᠭᠡ ᠳᠤ᠄ ᠠᠪᠤ ᠡᠵᠢ ᠨᠢ ᠡᠯᠢᠭᠡᠰᠡᠭ ᠰᠠᠶᠢᠬᠠᠨ ᠭᠡᠷ ᠪᠦᠯᠢ ᠶᠢᠨ ᠠᠭᠤᠷ ᠠᠮᠢᠰᠬᠤᠯ ᠢ ᠪᠤᠢ ᠪᠤᠯᠭᠠᠨ᠎ᠠ᠃ ᠡᠯᠢᠭᠡᠰᠡᠭ ᠰᠠᠶᠢᠬᠠᠨ ᠭᠡᠷ ᠪᠦᠯᠢ ᠶᠢᠨ ᠠᠭᠤᠷ ᠠᠮᠢᠰᠬᠤᠯ ᠢ ᠪᠤᠢ ᠪᠤᠯᠭᠠᠬᠤ ᠳᠤ ᠪᠦᠭᠦᠶᠢᠯᠨ ᠭᠡᠷ ᠤᠨ ᠪᠦᠷᠢᠯᠳᠦᠭᠦᠨ ᠤ ᠬᠠᠷᠢᠯᠴᠠᠨ ᠬᠠᠶᠢᠷᠠᠯᠠᠯᠴᠠᠵᠤ᠂ ᠬᠥᠨᠳᠤᠯᠡᠯᠴᠡᠵᠤ᠂ ᠲᠤᠰᠠᠯᠠᠯᠴᠠᠵᠤ᠂ ᠡᠶ᠎ᠡ ᠨᠠᠶᠢᠷᠳᠠᠢ ᠰᠠᠶᠢᠨ ᠰᠠᠶᠢᠬᠠᠨ ᠪᠠᠶᠢᠬᠤ ᠳᠤ ᠲᠦᠰᠢᠭᠯᠡᠨ᠎ᠠ᠃ ᠢᠯᠠᠩᠭᠤᠶ᠎ᠠ ᠭᠡᠦᠭᠡᠳ ᠤᠨ ᠠᠪᠤ ᠡᠵᠢ ᠨᠢ ᠬᠤᠭᠤᠷᠤᠨᠳᠦ ᠪᠠᠨ ᠬᠠᠷᠢᠯᠴᠠᠨ ᠭᠦᠨᠳᠦᠯᠡᠯᠴᠡᠬᠦ ᠨᠢ ᠭᠡᠷ ᠪᠦᠯᠢ ᠶᠢᠨ ᠡᠶ᠎ᠡ ᠨᠠᠶᠢᠷᠳᠠᠢ ᠰᠠᠶᠢᠬᠠᠨ ᠪᠠᠶᠢᠬᠤ ᠶᠢ ᠨᠦᠯᠦᠭᠡᠯᠡᠬᠦ ᠴᠢᠬᠤᠯᠨ ᠨᠢᠭᠡᠨ ᠡᠯᠧᠮᠧᠨ᠋ᠲ ᠪᠤᠯᠤᠨ᠎ᠠ᠃ ᠤᠴᠢᠷ ᠨᠢ ᠭᠡᠷ ᠪᠦᠯᠢ ᠶᠢᠨ ᠬᠠᠷᠢᠴᠠᠭ᠎ᠠ ᠳᠤ ᠡᠷ᠎ᠠ ᠡᠮ᠎ᠠ ᠤᠨ ᠬᠠᠷᠢᠴᠠᠭ᠎ᠠ ᠬᠠᠮᠤᠭ ᠤᠨ ᠴᠢᠬᠤᠯᠨ᠃ ᠲᠠᠷᠤᠢ ᠭᠡᠦᠭᠡᠳ ᠤᠨ ᠠᠪᠤ ᠡᠵᠢ ᠶᠢᠨ ᠬᠠᠷᠢᠴᠠᠭ᠎ᠠ ᠰᠠᠶᠢᠨ ᠪᠠᠶᠢᠬᠤ ᠡᠰᠡᠬᠦ᠂ ᠭᠡᠦᠭᠡᠳ ᠤᠨ ᠠᠪᠤ ᠡᠵᠢ ᠭᠡᠳᠡᠭ ᠨᠢ ᠲᠠᠭᠡᠷ᠎ᠠ ᠪᠠᠨ ᠠᠴᠢᠯᠠᠵᠤ ᠭᠦᠨᠳᠦᠯᠡᠬᠦ ᠠᠪᠤ ᠡᠵᠢ ᠲᠠᠢ᠂ ᠲᠤᠤᠷ᠎ᠠ ᠪᠠᠨ ᠬᠠᠶᠢᠷᠠᠯᠠᠵᠤ ᠡᠩᠭᠦᠷᠡᠶᠢᠯᠡᠬᠦ ᠦᠷ᠎ᠠ ᠭᠡᠦᠭᠡᠳ ᠲᠠᠢ ᠲᠤᠮᠳᠠ ᠶᠢᠨ ᠨᠠᠰᠤᠨ ᠤ ᠭᠦᠮᠦᠰ᠃ ᠭᠡᠷ ᠪᠦᠯᠢ ᠳᠤ ᠪᠠᠨ ᠠᠪᠴᠦ ᠭᠡᠯᠡᠪᠡᠯ ᠠᠵᠤ ᠠᠬᠤᠢ᠂ ᠠᠵᠢᠯ ᠭᠢᠳᠠᠯ᠂ ᠠᠷᠤ ᠭᠡᠷ ᠤᠨ ᠲᠠᠷᠤᠭᠠᠰᠤ ᠪᠦᠭᠦᠨ ᠢ ᠲᠤᠯᠭᠠᠭᠤᠷᠢᠯᠠᠵᠤ ᠶᠠᠪᠤᠭ᠎ᠠ ᠭᠦᠮᠦᠰ᠂ ᠮᠦᠨᠴᠦ ᠨᠠᠰᠤᠳᠠᠨ ᠪᠤᠭᠤᠷᠤᠯ ᠠᠪᠤ ᠡᠵᠢ᠂ ᠠᠩᠭ᠎ᠠ ᠭᠦᠭᠡᠷᠦᠭᠦᠨ ᠦᠷ᠎ᠠ ᠭᠡᠦᠭᠡᠳ ᠤᠨ ᠢᠶᠠᠨ ᠵᠤᠯ ᠵᠢᠷᠭᠠᠯᠳᠦ ᠠᠮᠢᠳᠤᠷᠠᠯ ᠤᠨ ᠲᠦᠯᠦᠭᠡ ᠭᠦᠴᠦ ᠪᠠᠨ ᠰᠢᠪᠬᠠᠵᠤ ᠶᠠᠪᠤᠭ᠎ᠠ ᠭᠦᠮᠦᠰ᠂ ᠶᠠᠭ ᠡᠶᠢᠮᠦ ᠠᠴᠠ ᠡᠴᠢᠭᠡ ᠡᠬᠡ ᠨᠢ ᠰᠡᠳᠭᠢᠯ ᠨᠢᠭᠡᠳᠴᠦ ᠬᠤᠭᠤᠷᠤᠨᠳᠦ ᠪᠠᠨ ᠬᠠᠷᠢᠯᠴᠠᠨ ᠭᠦᠨᠳᠦᠳᠭᠡᠵᠤ᠂ ᠢᠳᠡᠭᠡᠵᠤ᠂ ᠤᠶᠢᠯᠠᠭᠠᠵᠤ᠂ ᠠᠭᠤᠴᠢᠯᠠᠵᠤ᠂ ᠬᠠᠶᠢᠷᠠᠯᠠᠵᠤ ᠶᠠᠪᠤᠮᠠᠨᠵᠢᠨ ᠰᠠᠶ᠋ᠢ ᠡᠯᠢᠬᠡᠰᠡᠭ ᠰᠠᠶᠢᠬᠠᠨ ᠭᠡᠷ ᠪᠦᠯᠢ ᠶᠢᠨ ᠠᠭᠤᠷ ᠠᠮᠢᠰᠬᠤᠯ ᠢ ᠪᠤᠢ ᠪᠤᠯᠭᠠᠵᠤ᠂ ᠡᠭᠦᠨ ᠤ ᠤᠯᠠᠮ ᠢᠶᠠᠷ ᠡᠶ᠎ᠡ ᠨᠠᠶᠢᠷᠳᠠᠢ᠂ ᠡᠯᠢᠭᠡ ᠪᠦᠳᠦᠨ᠂ ᠡᠷᠡᠭᠦᠯ ᠰᠠᠷᠠᠭᠤᠯ ᠭᠡᠷ ᠪᠦᠯᠢ  ᠶᠢᠨ ᠠᠮᠢᠳᠤᠷᠠᠯ ᠢ ᠴᠤᠨᠨᠴᠠᠯᠠᠵᠤ ᠴᠢᠳᠠᠨ᠎ᠠ᠃
    ᠬᠤᠶᠠᠷ ᠲᠤ᠄ ᠠᠪᠤ ᠡᠵᠢ ᠨᠢ ᠪᠠᠶ᠎ᠠ ᠪᠠᠷ ᠢᠶᠠᠨ ᠦᠷ᠎ᠠ ᠭᠡᠦᠭᠡᠳ ᠲᠡᠭᠡᠨ ᠭᠡᠪ ᠲᠠᠭᠤᠷᠢᠶᠠᠯ ᠦᠵᠡᠭᠦᠯᠬᠦ ᠭᠡᠷᠡᠭᠳᠡᠢ᠃
    ᠭᠡᠦᠭᠡᠳ ᠤᠨ ᠠᠪᠤ ᠡᠵᠢ ᠪᠤᠯ ᠭᠡᠷ ᠪᠦᠯᠢ ᠶᠢᠨ ᠪᠦᠷᠢᠯᠳᠦᠭᠦᠨ ᠲᠤᠳᠤᠷᠡᠬᠢ ᠬᠠᠮᠤᠭ ᠤᠨ ᠴᠢᠬᠤᠯᠨ ᠲᠦᠷᠢ ᠪᠤᠯᠤᠨ᠎ᠠ᠃ ᠦᠷ᠎ᠠ ᠭᠡᠦᠭᠡᠳ ᠤᠨ ᠬᠠᠮᠤᠭ ᠤᠨ ᠠᠩᠬᠠᠨ ᠤ ᠪᠠᠭᠰᠢ ᠪᠤᠯᠬᠤ ᠮᠦᠷᠳᠡᠭᠡᠨ ᠠᠮᠢᠳᠤᠷᠠᠯ ᠤᠨ ᠵᠠᠮ ᠳᠠᠬᠢ ᠭᠦᠳᠦᠯᠤᠨ ᠲᠠᠭᠠᠭᠤᠯᠤᠨᠨᠴᠢ᠂ ᠮᠦᠨᠴᠦ ᠭᠡᠦᠭᠡᠳ ᠤᠨ ᠰᠡᠳᠭᠢᠯ ᠳᠠᠬᠢ ᠬᠠᠮᠤᠭ ᠤᠨ ᠠᠭᠤᠤ ᠶᠡᠭᠡ ᠬᠠᠮᠤᠭ ᠤᠨ ᠵᠦᠪ ᠡᠨᠧᠷᠭᠢ ᠲᠠᠢ ᠭᠦᠮᠦᠨ ᠪᠤᠯᠬᠤ ᠶᠤᠮ᠂ ᠶᠠᠭ ᠲᠡᠶᠢᠮᠦ ᠠᠴᠠ ᠠᠪᠤ ᠡᠵᠢ ᠶᠢᠨ ᠬᠢᠨᠢ ᠦᠭᠡ ᠶᠠᠷᠢᠶ᠎ᠠ᠂ ᠦᠢᠯᠨ ᠠᠵᠢᠯᠯᠠᠭ᠎ᠠ᠂ ᠭᠦᠮᠦᠨ ᠴᠢᠨᠠᠷ ᠨᠢ ᠭᠡᠦᠭᠡᠳ ᠤᠨ ᠰᠤᠳᠤᠨ ᠤᠬᠠᠭᠠᠨ ᠲᠠᠢ᠂ ᠥᠭᠡᠳᠡᠷᠡᠭ ᠪᠤᠳᠤᠯ ᠲᠠᠢ ᠰᠠᠶᠢᠬᠠᠨ ᠭᠦᠮᠦᠨ ᠪᠤᠯᠵᠤ ᠭᠦᠮᠦᠵᠢᠭᠳᠡᠬᠦ ᠶᠢ ᠨᠦᠯᠦᠭᠡᠯᠡᠬᠦ ᠴᠢᠬᠤᠯᠨ ᠡᠯᠧᠮᠧᠨ᠋ᠲ ᠪᠤᠯᠳᠠᠭ᠃ ᠵᠢᠱᠢᠶᠡᠯᠡᠭᠡᠳ ᠭᠡᠯᠡᠪᠡᠯ ᠡᠳᠦᠷ ᠲᠤᠳᠤᠮ ᠤᠨ ᠠᠮᠢᠳᠤᠷᠠᠯ ᠲᠤᠮᠳᠡᠭᠢ ᠠᠪᠤ ᠡᠵᠢ᠂ ᠠᠬᠠᠰ ᠵᠠᠬᠠᠰ ᠢᠶᠠᠨ ᠠᠴᠢᠯᠠᠨ ᠭᠦᠨᠳᠦᠯᠡᠵᠤ᠂ ᠠᠵᠢᠯ ᠦᠢᠯᠠᠰ ᠲᠡᠭᠡᠨ ᠭᠠᠷᠮᠠᠭᠠᠶᠢᠯᠠᠨ ᠵᠢᠳᠭᠦᠵᠤ᠂ ᠠᠶᠢᠯ ᠭᠡᠷ ᠲᠡᠭᠡᠨ ᠴᠢᠩ ᠦᠨᠡᠨᠴᠢ ᠪᠠᠶᠢᠬᠤ ᠵᠡᠷᠭᠡ ᠨᠢ ᠦᠷ᠎ᠠ ᠭᠡᠦᠭᠡᠳ ᠤᠨ ᠰᠡᠳᠭᠢᠯ ᠳᠠᠬᠢ ᠠᠭᠤᠤ ᠶᠡᠭᠡ ᠲᠦᠷᠢ ᠶᠢ ᠪᠦᠳᠦᠭᠡᠵᠤ᠂ ᠦᠷ᠎ᠠ ᠭᠡᠦᠭᠡᠳ ᠲᠡᠭᠡᠨ ᠪᠢᠰᠢᠷᠠᠨ ᠭᠦᠨᠳᠦᠳᠭᠡᠭᠳᠡᠬᠦ ᠪᠠᠷ ᠲᠠᠮᠵᠢᠨ ᠲᠠᠭᠠᠨ ᠰᠤᠷᠤᠯᠴᠠᠬᠤ ᠭᠡᠪ ᠲᠠᠭᠤᠷᠢᠶᠠᠯ ᠪᠤᠯᠳᠠᠭ᠃ ᠡᠳᠡᠭᠡᠷ ᠭᠡᠪ ᠲᠠᠭᠤᠷᠢᠶᠠᠯ ᠪᠤᠯᠤᠨᠨᠰᠠᠨ ᠰᠠᠶᠢᠨ ᠰᠠᠶᠢᠬᠠᠨ ᠵᠠᠩ ᠰᠤᠷᠳᠠᠯ᠂ ᠦᠢᠯᠨ ᠠᠵᠢᠯᠯᠠᠭ᠎ᠠ ᠨᠢ ᠭᠡᠦᠭᠡᠳ ᠤᠨ ᠤᠢ ᠤᠬᠠᠭᠠᠨ ᠳᠤᠨᠢ ᠭᠦᠨ ᠰᠠᠭᠤᠨᠨᠳᠠᠯ ᠦᠯᠡᠳᠡᠭᠡᠵᠤ ᠭᠦᠮᠦᠨ ᠪᠤᠯᠬᠤ ᠶᠤᠰᠤ ᠶᠢ ᠲᠠᠨᠢᠭᠤᠯᠵᠤ᠂ ᠵᠦᠪ ᠠᠮᠢᠳᠤᠷᠠᠬᠤᠢ ᠶᠢᠨ ᠦᠵᠡᠯᠳᠡ ᠲᠠᠢ ᠪᠤᠯᠭᠠᠵᠤ ᠭᠦᠮᠦᠵᠢᠭᠦᠯᠦᠨ᠎ᠠ᠃ ᠢᠩᠭᠢᠵᠤ ᠭᠦᠮᠦᠵᠢᠭᠳᠡᠭᠰᠡᠨ ᠭᠡᠦᠭᠡᠳ ᠠᠪᠤ ᠡᠵᠢ ᠳᠡᠭᠡᠨ ᠠᠴᠢᠯᠠᠯ ᠵᠢᠷᠤᠮ ᠲᠠᠢ᠂ ᠠᠵᠢᠯ ᠰᠤᠷᠤᠯᠭ᠎ᠠ ᠳᠠᠭᠠᠨ ᠴᠢᠷᠮᠠᠶᠢᠯᠳᠠᠳᠠᠢ᠂ ᠠᠷᠤ ᠭᠡᠷ ᠲᠤ ᠪᠠᠨ ᠬᠠᠷᠢᠭᠤᠴᠠᠯᠭ᠎ᠠ ᠲᠠᠢ᠂ ᠪᠡᠶ᠎ᠡ ᠳᠡᠭᠡᠨ ᠢᠳᠡᠭᠡᠯ ᠲᠠᠢ ᠪᠠᠶᠢᠳᠠᠭ᠃ ᠠᠮᠢᠳᠤᠷᠠᠯ ᠲᠤᠮᠳᠠ ᠶᠠᠮᠠᠷ ᠨᠢᠭᠡᠨ ᠨᠤᠭᠤᠷᠠᠯ ᠪᠦᠳᠦᠷᠢᠯ ᠲᠤᠯᠭᠠᠷᠬᠠᠰᠠᠨ ᠴᠤ ᠵᠤᠷᠢᠭ ᠲᠡᠭᠦᠯᠳᠡᠷ ᠢᠯᠡᠨ ᠲᠠᠪᠠᠵᠤ ᠴᠢᠳᠠᠳᠠᠭ᠃ ᠡᠭᠦᠨ ᠠᠴᠠ ᠥᠵᠡᠬᠦ ᠳᠤ ᠠᠪᠤ ᠡᠵᠢ ᠨᠢ ᠦᠪᠡᠷ ᠤᠨ ᠪᠠᠶ᠎ᠠ ᠪᠠᠷ ᠢᠶᠠᠨ ᠭᠡᠪ ᠲᠠᠭᠤᠷᠢᠶᠠᠯ ᠪᠤᠯᠬᠤ ᠨᠢ ᠦᠷ᠎ᠠ ᠭᠡᠦᠭᠡᠳ ᠢᠶᠠᠨ ᠤᠬᠠᠭᠠᠨ ᠲᠠᠢ᠂ ᠴᠢᠳᠠᠪᠤᠷᠢᠳᠠᠢ ᠭᠦᠮᠦᠨ ᠪᠤᠯᠵᠤ ᠭᠦᠮᠦᠵᠢᠭᠳᠡᠬᠦ ᠳᠤ ᠶᠡᠭᠡᠭᠡᠨ ᠨᠦᠯᠦᠭᠡ ᠦᠵᠡᠭᠦᠯᠵᠤ ᠭᠡᠷ ᠪᠦᠯᠢ ᠶᠢᠨ ᠵᠤᠯ ᠵᠢᠷᠭᠠᠯᠳᠦ ᠲᠦᠷᠦᠭᠳᠡᠯ ᠢ ᠨᠡᠮᠡᠭᠳᠡᠬᠦᠯᠬᠦ ᠪᠠᠷ ᠪᠠᠷᠠᠬᠤ ᠦᠬᠡᠢ ᠭᠡᠷ ᠪᠦᠯᠢ ᠤᠯᠠᠮ ᠡᠶ᠎ᠡ ᠨᠠᠶᠢᠷᠳᠡᠢ ᠰᠠᠶᠢᠨ ᠰᠠᠶᠢᠬᠠᠨ ᠪᠤᠯᠵᠤ ᠴᠢᠳᠠᠨ᠎ᠠ᠃
    ᠭᠤᠷᠪᠠ ᠳᠤ᠄ ᠠᠪᠤ ᠡᠵᠢ ᠨᠢ ᠦᠷ᠎ᠠ ᠭᠡᠦᠭᠡᠳ ᠲᠤ ᠪᠠᠨ ᠤᠶᠤᠨ ᠰᠠᠨᠠᠭ᠎ᠠ ᠪᠡ ᠪᠤᠳᠠᠰ ᠤᠨ ᠲᠠᠯ᠎ᠠ ᠤᠨ ᠲᠡᠮᠵᠢᠯᠭᠡ ᠶᠢ ᠭᠦᠢᠴᠡᠳ ᠬᠠᠩᠭᠠᠬᠤ ᠭᠡᠷᠡᠭᠳᠡᠢ᠃ ᠨᠡᠶᠢᠭᠡᠮ ᠤᠨ ᠭᠦᠭᠵᠢᠯᠳᠡ ᠶᠢ ᠲᠠᠭᠠᠯᠳᠤᠨ ᠠᠮᠢᠳᠤᠷᠠᠯ ᠤᠨ ᠴᠢᠨᠠᠷ ᠴᠢᠨᠰᠠᠭ᠎ᠠ ᠤᠯᠠᠮ ᠢᠶᠠᠷ ᠰᠠᠶᠢᠵᠢᠷᠠᠵᠤ᠂ ᠤᠨᠴᠠᠭᠠᠶᠢᠯᠠᠨ ᠭᠡᠦᠭᠡᠳ ᠪᠠᠭᠠᠴᠤᠳ ᠤᠨ ᠪᠠᠶᠠᠨ ᠲᠡᠭᠡᠷ᠎ᠠ ᠮᠡᠳᠡᠭᠳᠡᠮ᠎ᠠ ᠢᠯᠠᠷᠠᠵᠤ ᠪᠤᠢ᠃ ᠤᠳᠤᠬᠠᠨ ᠤ ᠭᠡᠷ ᠪᠦᠯᠢ ᠤᠯᠠᠩᠭᠢ ᠨᠢ ᠭᠠᠭᠴᠠ ᠭᠡᠦᠭᠡᠳ ᠪᠤᠶᠤ ᠬᠤᠶᠠᠷ ᠭᠡᠦᠭᠡᠳ ᠲᠠᠢ ᠪᠠᠶᠢᠵᠤ᠂ ᠠᠪᠤ ᠡᠵᠢ ᠨᠢ ᠦᠷ᠎ᠠ ᠭᠡᠦᠭᠡᠳ ᠢᠶᠠᠨ ᠭᠡᠷᠭᠢᠨ ᠤᠬᠠᠭᠠᠨ ᠲᠠᠢ᠂ ᠴᠢᠳᠠᠪᠤᠷᠢ ᠲᠠᠢ ᠭᠦᠮᠦᠨ ᠪᠤᠯᠭᠠᠵᠤ ᠭᠦᠮᠦᠵᠢᠭᠦᠯᠬᠦ ᠪᠤᠢ ᠭᠡᠳᠡᠭ ᠲᠡᠭᠡᠷ᠎ᠠ ᠤᠶᠤᠨ ᠴᠢᠳᠠᠯ ᠢᠶᠠᠨ ᠰᠢᠪᠬᠠᠵᠤ ᠪᠤᠢ᠃ ᠡᠭᠦᠨ ᠳᠤ ᠦᠷ᠎ᠠ ᠭᠡᠦᠭᠡᠳ ᠲᠡᠭᠡᠨ ᠤᠶᠤᠨ ᠰᠠᠨᠠᠭᠠᠨ ᠤ ᠲᠠᠮᠵᠢᠯᠭᠡ ᠦᠭᠭᠦ ᠠᠴᠠ ᠭᠠᠳᠠᠨ᠎ᠠ ᠪᠤᠳᠠᠰ ᠤᠨ ᠲᠠᠯ᠎ᠠ ᠤᠨ ᠲᠠᠮᠵᠢᠯᠭᠡ ᠶᠢ ᠴᠤ ᠭᠦᠢᠴᠡᠳ ᠰᠠᠶᠢᠨ ᠬᠠᠩᠭᠠᠵᠤ ᠪᠤᠢ᠃ ᠵᠢᠱᠢᠶᠠᠯᠠᠭᠡᠳ ᠭᠡᠯᠡᠬᠦ ᠳᠤ ᠦᠨᠳᠦᠷ ᠦᠨ᠎ᠠ ᠪᠠᠷ ᠭᠤᠤᠯᠳᠠᠯᠭᠠᠳᠦ ᠰᠤᠷᠭᠠᠭᠤᠯᠢ ᠶᠢᠨ ᠰᠠᠭᠤᠭᠠᠯᠢ ᠲᠤᠭᠤᠷᠢᠭ ᠢ ᠬᠤᠳᠠᠯᠳᠤᠨ ᠠᠪᠬᠤ᠂ ᠴᠢᠨᠠᠷ ᠰᠠᠶᠢᠳᠠᠢ ᠰᠤᠷᠭᠠᠨ ᠭᠦᠮᠦᠵᠢᠯ ᠢ ᠭᠦᠷᠳᠡᠭᠡᠬᠦ᠂ ᠴᠢᠯᠦᠭᠡᠨ ᠬᠤᠭᠤᠴᠠᠭᠠᠨ ᠳᠤ ᠭᠡᠷ ᠤᠨ ᠪᠠᠭᠰᠢ ᠤᠷᠢᠬᠤ ᠪᠤᠶᠤ ᠲᠠᠪᠳᠠᠬᠤ ᠠᠩᠭᠢ ᠳᠤ ᠭᠦᠷᠭᠡᠨ ᠰᠤᠷᠤᠯᠭ᠎ᠠ ᠶᠢᠨ ᠭᠢᠷᠢ ᠪᠦᠳᠦᠮᠵᠢ ᠶᠢ ᠲᠡᠭᠡᠭᠰᠢᠯᠡᠬᠦᠯᠬᠦ᠂ ᠮᠦᠨᠴᠦ ᠠᠮᠠᠷᠠᠯᠳᠠ ᠶᠢᠨ ᠬᠤᠭᠤᠴᠠᠭᠠᠨ ᠳᠤ ᠭᠡᠦᠭᠡᠳ ᠢᠶᠠᠨ ᠤᠯᠤᠰ ᠤᠨ ᠲᠤᠳᠤᠭᠠᠳᠦ ᠭᠠᠳᠠᠭᠠᠳᠦ ᠶᠢᠨ ᠵᠤᠭᠠᠴᠠᠯ ᠤᠨ ᠴᠡᠭ ᠢᠶᠠᠷ ᠲᠤᠭᠤᠷᠢᠭᠤᠯᠵᠤ ᠨᠢᠳᠤᠨ ᠬᠠᠷᠠᠴᠠ ᠶᠢ ᠨᠢ ᠦᠷᠭᠡᠳᠭᠡᠨ᠂ ᠮᠡᠳᠡᠯᠭᠡ ᠶᠢᠨ ᠬᠤᠷᠠᠮᠳᠤᠭᠤᠯᠤᠯ ᠢ ᠨᠢ ᠰᠠᠶᠢᠷᠠᠭᠤᠯᠵᠤ ᠪᠤᠢ᠃ ᠡᠳᠡᠭᠡᠷ ᠪᠦᠭᠦᠨ ᠨᠢ ᠴᠦᠮ ᠤᠶᠤᠨ ᠰᠠᠨᠠᠭᠠᠨ ᠤ ᠲᠠᠯ᠎ᠠ ᠳᠠᠬᠢ ᠲᠡᠮᠵᠢᠯᠭᠡ ᠪᠤᠯᠵᠤ ᠭᠡᠦᠭᠡᠳ ᠤᠨ ᠦᠪᠡᠷ ᠤᠨ ᠪᠠᠶ᠎ᠠ ᠪᠠᠨ ᠲᠠᠰᠤᠷᠠᠯᠳᠠ ᠦᠭᠡᠢ ᠲᠡᠭᠦᠯᠳᠡᠷᠵᠢᠭᠦᠯᠬᠦ ᠳᠤ ᠲᠤᠰᠠ ᠪᠤᠯᠵᠤ ᠪᠤᠢ᠃ ᠪᠠᠰᠨ ᠵᠢᠱᠢᠶᠠᠯᠡᠪᠡᠯ ᠠᠮᠢᠳᠤᠷᠠᠯ ᠤᠨ ᠴᠢᠨᠠᠷ ᠴᠢᠨᠰᠠᠭ᠎ᠠ ᠰᠠᠶᠢᠵᠢᠷᠠᠬᠤ ᠶᠢ ᠲᠠᠭᠠᠯᠳᠤᠨ ᠭᠦᠮᠦᠰ ᠤᠨ ᠪᠤᠳᠠᠰ ᠤᠨ ᠲᠠᠯ᠎ᠠ ᠶᠢᠨ ᠭᠦᠭᠡᠭᠡᠴᠡᠯᠳᠦᠯ ᠴᠤ ᠲᠠᠰᠤᠷᠠᠯᠳᠠ ᠦᠭᠡᠢ ᠨᠡᠮᠡᠭᠳᠡᠵᠤ ᠪᠤᠢ᠃ ᠠᠪᠤ ᠡᠵᠢ ᠨᠢ ᠦᠷ᠎ᠠ ᠭᠡᠦᠭᠡᠳ ᠤᠨ ᠢᠶᠠᠨ ᠰᠤᠷᠤᠯᠭ᠎ᠠ ᠠᠮᠢᠳᠤᠷᠠᠯ  ᠤᠨ ᠲᠠᠯ᠎ᠠ ᠪᠠᠷ ᠬᠢ ᠪᠤᠳᠠᠰ ᠤᠨ ᠲᠡᠮᠵᠢᠯᠭᠡ ᠶᠢ ᠴᠢᠬᠤᠯᠠᠴᠢᠯᠠᠨ᠂ ᠢᠳᠡᠵᠤ ᠡᠮᠦᠰᠬᠦ ᠠᠴᠠ ᠠᠪᠤᠭᠠᠳ ᠡᠳ᠋ᠯᠡᠵᠤ ᠭᠡᠷᠡᠭᠯᠡᠬᠦ ᠶᠠᠭᠤᠮ᠎ᠠ ᠪᠤᠯᠭᠠᠨ ᠳᠤᠨᠢ ᠮᠦᠩᠭᠦ ᠪᠠᠨ ᠬᠠᠶᠢᠷᠠᠯᠠᠬᠤ ᠦᠭᠡᠢ ᠠᠯᠢ ᠰᠠᠶᠢᠨ᠂ ᠠᠯᠢ ᠴᠢᠨᠠᠷᠳᠡᠢ ᠶᠢ ᠨᠢ ᠬᠠᠩᠭᠠᠵᠤ ᠦᠭᠳᠡᠭ᠃ ᠠᠪᠤ ᠡᠵᠢ ᠶᠢᠨ ᠡᠳᠡᠭᠡᠷ ᠲᠡᠮᠵᠢᠯᠭᠡ ᠵᠢᠴᠢ ᠵᠦᠪ ᠰᠠᠶᠢᠬᠠᠨ ᠦᠷᠳᠡᠭ ᠤᠨ ᠦᠵᠡᠯᠳᠡ ᠶᠢᠨ ᠵᠢᠯᠤᠭᠤᠳᠤᠯᠭ᠎ᠠ ᠨᠢ ᠭᠡᠦᠭᠡᠳ ᠤᠨ ᠬᠤᠪᠢ ᠪᠠᠶ᠎ᠠ ᠶᠢᠨ ᠭᠦᠭᠵᠢᠯᠳᠡ ᠪᠠ ᠢᠷᠡᠭᠡᠳᠦᠢ ᠶᠢᠨ ᠭᠦᠭᠵᠢᠯᠳᠡ ᠳᠤᠨᠢ ᠮᠠᠰᠢ ᠶᠡᠭᠡ ᠤᠶᠢᠯᠡᠳᠦᠯ ᠦᠵᠡᠭᠦᠯᠵᠤ᠂ ᠦᠨᠡᠨᠬᠦ ᠨᠢᠭᠡᠨ ᠨᠠᠶᠢᠭᠡᠮ ᠨᠠᠶᠢᠳᠠ ᠳᠤ ᠭᠡᠷᠡᠭᠴᠡᠭᠡ ᠲᠠᠢ ᠭᠦᠮᠦᠨ ᠪᠤᠯᠭᠠᠵᠤ ᠬᠥᠮᠤᠵᠢᠬᠦᠯᠳᠡᠭ᠃ ᠭᠦᠮᠦᠰ ᠶᠠᠷᠤᠨᠢ ᠠᠪᠤ ᠡᠵᠢ ᠪᠤᠯᠤᠨᠨᠰᠠᠳ ᠤᠨ ᠬᠠᠮᠤᠭ ᠤᠨ ᠶᠡᠭᠡ ᠠᠮᠵᠢᠯᠳᠠ ᠪᠤᠯ ᠭᠡᠦᠭᠡᠳ ᠢᠶᠠᠨ ᠤᠬᠠᠭᠠᠨ ᠲᠠᠢ᠂ ᠴᠢᠳᠠᠪᠤᠷᠢᠳᠡᠢ ᠪᠤᠯᠵᠤ ᠭᠦᠮᠦᠵᠢᠭᠳᠡᠬᠦ ᠳᠤ ᠪᠤᠢ ᠭᠡᠵᠤ ᠭᠡᠯᠡᠳᠡᠭ᠃ ᠦᠷ᠎ᠡ ᠭᠡᠦᠭᠡᠳ ᠨᠢ ᠦᠩᠭᠡ ᠲᠠᠢ᠂ ᠦᠭᠡᠳᠡ ᠲᠠᠢ᠂ ᠭᠢᠯᠡᠷᠡᠭᠤᠯᠵᠤ ᠶᠠᠪᠤᠵᠤ ᠪᠠᠶᠢᠪᠠᠯ ᠲᠠᠷᠤᠢ ᠠᠪᠤ ᠡᠵᠢ ᠶᠢᠨ ᠬᠢᠨᠢ ᠤᠮᠤᠨᠨᠰᠢᠯ᠃ ᠶᠠᠭ ᠡᠶᠢᠮᠦ ᠠᠴᠠ ᠦᠷ᠎ᠠ ᠭᠡᠦᠭᠡᠳ ᠲᠤ ᠪᠠᠨ ᠤᠶᠤᠨ ᠰᠠᠨᠠᠭ᠎ᠠ ᠪᠠ ᠪᠤᠳᠠᠰ ᠤᠨ ᠲᠠᠯ᠎ᠠ ᠤᠨ ᠲᠡᠮᠵᠢᠯᠭᠡ ᠶᠢ ᠭᠦᠢᠴᠡᠳ ᠬᠠᠩᠭᠠᠵᠤ ᠪᠠᠶᠢᠬᠤ ᠨᠢ ᠭᠡᠦᠭᠡᠳ ᠤᠨ ᠠᠮᠵᠢᠯᠳᠠ ᠤᠯᠬᠤ ᠡᠰᠡᠬᠦ ᠶᠢᠨ ᠵᠠᠩᠭᠢᠯᠠᠭ᠎ᠠ᠂ ᠮᠦᠨᠴᠦ ᠠᠪᠤ ᠡᠵᠢ ᠶᠢᠨ ᠰᠡᠳᠭᠢᠯ ᠢ ᠪᠠᠶᠠᠰᠬᠠᠵᠤ᠂ ᠭᠡᠷ ᠪᠦᠯᠢ ᠳᠤ ᠪᠠᠨ ᠠᠵᠠ ᠵᠢᠷᠭᠠᠯ ᠠᠪᠴᠢᠷᠠᠵᠤ ᠦᠭᠭᠦ ᠶᠢᠨ ᠴᠢᠬᠤᠯᠨ ᠨᠢᠭᠡᠨ ᠨᠦᠭᠦᠴᠠᠯ᠃
    ᠲᠦᠷᠪᠡ ᠳᠤ᠄ ᠠᠪᠤ ᠡᠵᠢ ᠨᠢ ᠬᠠᠶᠢᠷ᠎ᠠ ᠬᠠᠯᠠᠮᠵᠢ ᠪᠠᠷ ᠭᠡᠦᠭᠡᠳ ᠤᠨ ᠰᠡᠳᠭᠢᠯ ᠢ ᠲᠤᠯᠠᠭᠠᠴᠠᠭᠤᠯᠬᠤ ᠭᠡᠷᠡᠭᠳᠡᠢ᠃ ᠤᠳᠤᠬᠠᠨ ᠳᠤ ᠠᠮᠢᠳᠤᠷᠠᠯ ᠤᠨ ᠠᠶᠢᠵᠢᠮ ᠭᠦᠭ ᠬᠤᠷᠳᠤᠳᠬᠤ ᠶᠢ ᠲᠠᠭᠠᠯᠳᠤᠨ ᠭᠦᠮᠦᠰ ᠤᠨ ᠠᠵᠢᠯ ᠠᠮᠢᠳᠤᠷᠠᠯ ᠴᠤ ᠲᠤᠶᠢᠯ ᠤᠨ ᠶᠠᠭᠠᠷᠠᠤ ᠪᠤᠯᠤᠨᠨᠰᠠᠨ ᠪᠠᠶᠢᠳᠠᠭ᠃ ᠠᠯᠪᠠᠨ ᠠᠵᠢᠯ ᠡᠰᠡᠭᠦᠯ᠎ᠠ ᠠᠷᠠᠯᠵᠢᠶ᠎ᠠ ᠮᠠᠶᠢᠮᠠᠢ ᠡᠷᠭᠢᠯᠡᠵᠤ ᠪᠠᠶᠢᠭ᠎ᠠ ᠠᠯᠢ ᠨᠢ ᠴᠤ ᠭᠡᠰᠡᠨ ᠦᠭᠡᠢ ᠴᠦᠮ ᠦᠪᠡᠷ ᠤᠨ ᠪᠦᠭᠦᠶᠢᠯᠨ ᠤᠶᠤᠨ ᠤᠬᠠᠭᠠᠨ᠂ ᠴᠠᠭ ᠮᠦᠴᠠ ᠪᠠᠨ ᠰᠢᠪᠬᠠᠨ ᠪᠠᠶᠢᠵᠤ ᠠᠵᠢᠯ ᠤᠨ ᠭᠢᠷᠢ ᠪᠦᠳᠦᠮᠵᠢ ᠪᠠᠨ ᠲᠡᠭᠡᠭᠰᠢᠯᠡᠬᠦᠯᠬᠦ ᠪᠤᠶᠤ ᠢᠯᠡᠭᠦᠭᠡᠨ ᠮᠦᠩᠭᠦ ᠤᠯᠤᠶ᠎ᠠ ᠭᠡᠵᠤ ᠴᠢᠷᠮᠠᠶᠢᠵᠤ ᠪᠤᠢ᠃ ᠶᠠᠭ ᠢᠩᠭᠢᠭᠰᠡᠨ ᠠᠴᠠ ᠠᠶᠢᠯ ᠭᠡᠷ᠂ ᠦᠷ᠎ᠠ ᠭᠡᠦᠭᠡᠳ ᠪᠠᠨ ᠪᠠᠷᠠᠭᠠᠳᠠᠨ ᠰᠠᠭᠤᠬᠤ ᠴᠠᠭ ᠲᠤᠶᠢᠯ ᠤᠨ ᠬᠤᠮᠰᠠ ᠪᠤᠯᠵᠤ᠂ ᠬᠠᠶᠢᠷ᠎ᠠ ᠬᠠᠯᠠᠮᠵᠢ ᠲᠤᠳᠠᠭᠰᠠᠨ ᠠᠴᠠ ᠪᠤᠯᠵᠤ ᠦᠷ᠎ᠠ ᠭᠡᠦᠭᠡᠳ ᠨᠢ ᠠᠪᠤ ᠡᠵᠢ ᠶᠢᠨ ᠬᠠᠶᠢᠷ᠎ᠠ ᠬᠠᠯᠠᠮᠵᠢ ᠶᠢ ᠲᠤᠲᠠᠭᠤ ᠬᠦᠷᠳᠡᠬᠦ ᠪᠤᠶᠤ ᠭᠡᠷ ᠪᠦᠯᠢ ᠶᠢᠨ ᠬᠠᠯᠠᠭᠤᠨ ᠲᠤᠯᠠᠭᠠᠨ ᠢ ᠲᠤᠲᠠᠭᠤ ᠤᠶᠢᠯᠭᠠᠳᠠᠭ ᠪᠤᠯᠵᠥ᠂ ᠦᠷ᠎ᠠ ᠭᠡᠦᠭᠡᠳ ᠲᠠᠢ ᠪᠠᠨ ᠭᠦᠨ ᠵᠤᠵᠠᠭᠠᠨ ᠡᠴᠢᠭᠡ ᠡᠭᠡ ᠦᠷ᠎ᠠ ᠶᠢᠨ ᠬᠠᠷᠢᠴᠠᠭ᠎ᠠ ᠨᠢᠮᠬᠡᠨ ᠪᠤᠯᠴᠢᠬᠠᠲᠠᠭ᠃ ᠬᠠᠶᠢᠷ᠎ᠠ ᠪᠠᠷ ᠪᠢᠯᠬᠠᠮ᠎ᠠ ᠭᠡᠷ ᠪᠦᠯᠢ ᠳᠤ ᠦᠰᠦᠭᠰᠡᠨ ᠭᠡᠦᠭᠡᠳ ᠪᠠᠶᠠᠨ ᠳᠡᠭᠡᠨ ᠢᠳᠡᠭᠡᠯ ᠲᠠᠢ᠂ ᠲᠡᠪᠴᠢᠶᠡᠷᠢᠳᠠᠢ᠂ ᠦᠷᠦᠭᠡᠯ ᠪᠤᠰᠤᠳ ᠢ ᠲᠤᠰᠠᠯᠠᠳᠠᠭ ᠦᠷᠤᠪᠴᠡᠬᠡᠨ ᠦᠭᠡᠳᠡᠷᠡᠭ ᠪᠤᠳᠤᠯ ᠲᠠᠢ ᠰᠠᠶᠢᠬᠠᠨ ᠭᠦᠮᠦᠨ ᠪᠤᠯᠵᠤ ᠭᠦᠮᠦᠵᠢᠭᠳᠡᠳᠡᠭ᠃ ᠡᠰᠡᠷᠬᠦ ᠪᠠᠷ ᠬᠠᠶᠢᠷ᠎ᠠ ᠬᠠᠯᠠᠮᠵᠢ ᠪᠠᠷ ᠲᠤᠳᠠᠵᠤ ᠦᠰᠦᠭᠰᠡᠨ ᠭᠡᠦᠭᠡᠳ ᠠᠳᠠᠭ᠎ᠠ ᠵᠢᠳᠦᠭᠡ ᠲᠠᠢ᠂ ᠬᠤᠪᠢᠨᠴᠢᠷ᠂ ᠠᠶᠤᠮᠠᠳᠠᠭᠠᠢ᠂ ᠵᠤᠪᠠᠮᠠᠳᠠᠭᠠᠢ ᠵᠡᠷᠭᠡ ᠰᠡᠳᠭᠢᠯ ᠰᠠᠨᠠᠭᠠᠨ ᠤ ᠥ ᠰᠠᠪ ᠲᠠᠢ ᠪᠠᠶᠢᠳᠠᠭ᠃ ᠡᠳᠡᠭᠡᠷ ᠥ ᠰᠠᠪ ᠲᠠᠢ ᠵᠠᠩ ᠴᠢᠨᠠᠷ ᠨᠢ ᠠᠮᠢᠳᠤᠷᠠᠯ ᠤᠨ ᠵᠠᠮ ᠲᠤ ᠤᠬᠠᠭᠠᠨ ᠰᠠᠨᠠᠭ᠎ᠠ ᠶᠢ ᠨᠢ ᠪᠤᠷᠤᠭᠤ ᠲᠡᠶᠢᠰᠢ ᠭᠦᠳᠦᠯᠵᠤ᠂ ᠵᠦᠪ ᠡᠨᠧᠷᠭᠢ ᠲᠠᠢ ᠭᠦᠮᠦᠨ ᠪᠤᠯᠬᠤ ᠵᠦᠪ ᠡᠨᠧᠷᠭᠢ ᠲᠠᠢ ᠦᠢᠯᠨ ᠠᠵᠢᠯᠯᠠᠭ᠎ᠠ ᠭᠢᠬᠦ ᠳᠤᠨᠢ ᠬᠠᠷᠰᠢ ᠰᠠᠭᠠᠳ ᠪᠤᠯᠳᠠᠭ᠃ ᠤᠨᠴᠠᠭᠠᠶᠢᠯᠠᠨ ᠨᠠᠰᠤᠨ ᠳᠤ ᠦᠯᠦ ᠭᠦᠷᠦᠭᠰᠡᠳ ᠦᠪᠡᠷ ᠤᠨ ᠦᠭᠡ ᠶᠠᠷᠢᠶ᠎ᠠ᠂ ᠪᠤᠳᠤᠯ ᠰᠡᠳᠭᠢᠯ᠂ ᠦᠢᠯᠨ ᠠᠵᠢᠯᠯᠠᠭ᠎ᠠ ᠪᠠᠨ ᠬᠠᠷᠠᠬᠠᠨ ᠡᠵᠡᠮᠳᠡᠵᠤ ᠴᠢᠳᠠᠭ᠎ᠠ ᠦᠭᠡᠢ ᠪᠠᠶᠢᠳᠠᠯ ᠲᠤᠤᠷ᠎ᠠ ᠠᠪᠤ ᠡᠵᠢ ᠶᠢᠨ ᠬᠠᠶᠢᠷ᠎ᠠ ᠬᠠᠯᠠᠮᠵᠢ ᠲᠤᠳᠠᠪᠠᠯ ᠲᠤᠶᠢᠯ ᠤᠨ ᠠᠮᠠᠷᠬᠠᠨ ᠢᠶᠠᠷ ᠶᠠᠯ᠎ᠠ ᠭᠢᠬᠦ ᠵᠠᠮ ᠢᠶᠠᠷ ᠵᠠᠮᠨᠠᠵᠤ ᠮᠠᠭᠠᠳ᠂ ᠡᠭᠦᠨ ᠠᠴᠠ ᠦᠵᠡᠬᠦ ᠳᠤ ᠠᠪᠤ ᠡᠵᠢ ᠨᠢ ᠦᠷ᠎ᠠ ᠭᠡᠦᠭᠡᠳ ᠲᠤ ᠪᠠᠨ ᠬᠠᠶᠢᠷᠠᠯᠠᠨ ᠬᠠᠯᠠᠮᠵᠢᠯᠠᠬᠤ ᠵᠢᠴᠢ ᠭᠡᠷ ᠪᠦᠯᠢ ᠶᠢᠨ ᠬᠠᠯᠠᠭᠤᠨ ᠲᠤᠯᠠᠭᠠᠨ ᠢ ᠬᠦᠷᠳᠡᠬᠡᠬᠦ ᠨᠢ ᠭᠡᠦᠭᠡᠳ ᠤᠨ ᠰᠡᠳᠭᠢᠯ ᠳᠤ ᠭᠡᠳᠦᠢ ᠴᠢᠬᠤᠯᠨ ᠭᠡᠳᠡᠭ ᠢ ᠤᠯᠵᠤ ᠬᠠᠷᠠᠨ᠎ᠠ᠃ ᠲᠡᠭᠡᠭᠦᠯᠡᠷ ᠠᠪᠤ ᠡᠵᠢ ᠪᠤᠯᠤᠨᠨᠰᠠᠳ ᠠᠶᠢᠯ ᠭᠡᠷ᠂ ᠦᠷ᠎ᠠ ᠭᠡᠦᠭᠡᠳ ᠢᠶᠠᠨ ᠲᠡᠷᠢᠭᠦᠨ ᠪᠠᠶᠢᠷᠢᠨ ᠳᠤ ᠲᠠᠯᠪᠢᠵᠤ ᠢᠯᠡᠬᠦᠭᠡᠨ ᠴᠠᠭ ᠭᠠᠷᠭᠠᠨ ᠭᠡᠷ ᠪᠦᠯᠢ ᠪᠠᠷ ᠢᠶᠠᠨ ᠲᠤᠭᠤᠷᠢᠨ ᠵᠤᠭᠠᠴᠠᠬᠤ ᠪᠤᠶᠤ ᠰᠡᠳᠭᠢᠯ ᠢᠶᠠᠨ ᠲᠡᠯᠭᠡᠨ ᠶᠠᠷᠢᠯᠴᠠᠬᠤ ᠡᠰᠡᠪᠡᠯ ᠬᠠᠮᠳᠤ ᠬᠤᠭᠤᠯᠠᠯᠬᠤ ᠮᠡᠳᠦ ᠶᠢᠨ ᠪᠤᠳᠠᠳᠤ ᠠᠵᠢᠯᠯᠠᠭ᠎ᠠ ᠪᠠᠷ ᠢᠶᠠᠨ ᠭᠡᠦᠭᠡᠳ ᠤᠨ ᠰᠡᠳᠭᠢᠯ ᠢ ᠲᠤᠯᠠᠭᠠᠴᠠᠭᠤᠯᠬᠤ ᠭᠡᠷᠡᠭᠳᠡᠢ᠃ ᠭᠡᠦᠭᠡᠳ ᠲᠤ ᠪᠠᠨ ᠦᠨᠡᠨᠬᠦ ᠭᠡᠷ ᠪᠦᠯᠢ ᠶᠢᠨ ᠬᠠᠯᠠᠭᠤᠨ ᠲᠤᠯᠠᠭᠠᠨ ᠢ ᠮᠡᠳᠡᠷᠡᠭᠦᠯᠵᠤ᠂ ᠠᠪᠤ ᠡᠵᠢ ᠨᠢ ᠭᠡᠦᠭᠡᠳ ᠲᠤ ᠪᠠᠨ ᠬᠡᠳᠤᠢ ᠶᠡᠭᠡ ᠬᠠᠶᠢᠷᠠᠳᠠᠢ ᠪᠠᠶᠢᠭ᠎ᠠ ᠶᠢ ᠤᠶᠢᠯᠭᠠᠭᠤᠯᠤᠨ᠎ᠠ᠃ ᠢᠩᠭᠢᠪᠡᠯ ᠰᠠᠶ᠋ᠢ ᠦᠷ᠎ᠠ ᠭᠡᠦᠭᠡᠳ ᠨᠢ ᠬᠠᠶᠢᠷ᠎ᠠ ᠪᠠᠷ ᠪᠢᠯᠬᠠᠨᠨᠰᠠᠨ ᠤᠷᠴᠢᠨ ᠲᠤᠭᠤᠷᠢᠨ ᠳᠤ ᠡᠷᠡᠭᠦᠯ ᠰᠠᠷᠠᠭᠤᠯ ᠦᠰᠦᠨ ᠪᠤᠶᠢᠵᠢᠵᠤ᠂ ᠠᠪᠤ ᠡᠵᠢ ᠳᠤ ᠪᠠᠨ ᠤᠯᠠᠮ ᠶᠡᠭᠡ ᠪᠠᠶᠠᠷ ᠵᠢᠷᠭᠠᠯ ᠢ ᠤᠯᠭᠤᠵᠥ᠂ ᠠᠵᠥ ᠠᠮᠢᠳᠤᠷᠠᠯ ᠤᠨ ᠰᠠᠶᠢᠨ ᠰᠠᠶᠢᠬᠠᠨ ᠢ ᠤᠶᠢᠯᠭᠠᠵᠥ᠂ ᠠᠵᠢᠯ ᠰᠤᠷᠤᠯᠭ᠎ᠠ ᠳᠤ ᠪᠠᠨ ᠤᠯᠠᠮ ᠰᠠᠶᠢᠨ ᠴᠢᠷᠮᠠᠶᠢᠬᠤ ᠪᠤᠯᠤᠨ᠎ᠠ᠃ 

 


    

 

ᠢᠷᠡᠯᠲᠡ
ᠤᠷᠳᠤᠰ ᠬᠤᠳᠠ ᠶᠢᠨ ᠤᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro