ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠰᠢᠪᠦ᠋ᠴᠢᠦ᠋ᠮᠢᠨ ᠢᠶᠠᠷ ᠵᠣᠷᠯᠠᠭᠰᠠᠨ ︽ᠰᠢᠳᠢᠲᠦ ᠺᠣᠹᠧ︾ ᠤᠤᠭᠤᠭᠰᠠᠨ ᠳᠠᠷᠤᠢ ᠳᠤ ᠪᠠᠨ ᠦᠢᠯᠡᠳᠦᠯ ᠲᠠᠢ

2023-11-17 15:21:36
ᠵᠣᠬᠢᠶᠠᠭᠴᠢ
ᠥᠯᠵᠡᠶᠢᠪᠢᠯᠢᠭᠲᠦ


 

 

 

     ᠴᠣᠩᠬᠤ ᠡᠭᠦᠳᠡ ᠪᠠᠨ ᠴᠢᠩᠭ᠎ᠠ ᠳᠠᠷᠤᠭᠰᠠᠨ ᠠᠷᠠᠳ ᠤᠨ ᠰᠠᠭᠤᠴᠠ ᠠᠴᠠ ᠮᠠᠰᠢᠨ ᠬᠦᠷᠴᠢᠭᠢᠨᠡᠵᠦ᠂ ᠤᠢᠢᠷ᠎ᠠ ᠬᠠᠪᠢ ᠪᠠᠷ ᠨᠢ ᠺᠤᠹᠧ ᠪᠣᠯᠤᠨ ᠰᠦ ᠲᠠᠢ ᠴᠠᠢ ᠶᠢᠨ ᠠᠩᠬᠢᠯᠤᠮ᠎ᠠ ᠦᠨᠦᠷ ᠦᠨᠦᠷᠲᠦᠳᠡᠭ ᠪᠥᠭᠡᠳ ᠬᠠᠶᠠ ᠪᠠᠰᠠ ᠬᠠᠮᠠᠷ ᠭᠠᠳᠠᠮ᠎ᠠ ᠡᠮ ᠤᠨ ᠦᠨᠦᠷ ᠭᠠᠷᠳᠠᠭ᠃ ᠲᠣᠰ ᠰᠠᠭᠤᠴᠠ ᠡᠳᠦᠷᠵᠢᠨ ᠡᠭᠦᠳᠡ ᠴᠣᠩᠬᠤ ᠪᠠᠨ ᠬᠠᠭᠠᠵᠤ᠂ ᠳᠣᠲᠣᠷ᠎ᠠ ᠨᠢ ᠶᠠᠭᠤ ᠬᠢᠵᠦ ᠪᠠᠶᠢᠬᠤ ᠶᠢ ᠮᠡᠳᠡᠬᠦ ᠬᠥᠮᠦᠨ ᠦᠭᠡᠢ᠃ ᠡᠨᠡ ᠵᠢᠯ ᠤᠨ 2 ᠰᠠᠷ᠎ᠠ ᠶᠢᠨ 15 ᠤ ᠡᠳᠦᠷ ᠬᠠᠮᠢᠶ᠎ᠠ ᠪᠦᠬᠦᠢ ᠰᠠᠯᠠᠭ᠎ᠠ ᠮᠥᠴᠢᠷ ᠠᠴᠠ ᠪᠢᠲᠡᠭᠦᠮᠵᠢᠯᠡᠭᠰᠡᠨ ᠤ ᠳᠠᠷᠠᠭ᠎ᠠ᠂ ᠲᠣᠰᠬᠤᠨ ᠤ ᠠᠷᠠᠳ ᠰᠠᠶ᠋ᠢ᠂ ᠠᠳᠡᠬᠢ ᠶᠢᠨ ᠦᠢᠯᠡᠳᠪᠦᠷᠢᠯᠡᠭᠰᠡᠨ ᠨᠢ ᠬᠤᠷᠢᠭ᠎ᠠ ᠲᠠᠢ ᠡᠮ ᠨᠡᠮᠡᠭᠰᠡᠨ ᠮᠠᠷᠢᠶ᠎ᠠ ᠰᠢᠭᠤᠷᠠᠭᠤᠯᠬᠤ ︽ᠬᠤᠪᠢᠯᠭᠠᠨ ᠡᠮ︾ ᠪᠠᠶᠢᠵᠤ᠂ ᠬᠥᠮᠦᠨ ᠤ ᠪᠡᠶ᠎ᠡ ᠶᠢᠨ ᠬᠦᠨᠳᠦ ᠶᠢ ᠬᠡᠳᠦᠨ ᠡᠳᠦᠷ ᠤᠨ ᠳᠣᠲᠣᠷ᠎ᠠ ᠪᠠᠭᠤᠷᠠᠭᠤᠯᠵᠤ᠂ ᠢᠯᠡᠳᠲᠡ ᠦᠷ᠎ᠡ ᠪᠦᠲᠦᠮᠵᠢ ᠭᠠᠷᠭᠠᠳᠠᠭ ᠭᠡᠳᠡᠭ ᠢ ᠮᠡᠳᠡᠵᠡᠢ᠃
    ᠵᠧᠵᠢᠶᠠᠩ ᠮᠤᠵᠢ ᠶᠢᠨ ᠶᠦᠩ ᠵᠢᠶᠠ ᠰᠢᠶᠠᠨ ᠤ ᠪᠠᠶᠢᠴᠠᠭᠠᠬᠤ ᠬᠤᠷᠢᠶ᠎ᠠ ᠠᠯᠪᠠᠨ ᠵᠠᠭᠠᠯᠳᠤᠯᠭ᠎ᠠ ᠭᠠᠷᠭᠠᠵᠤ᠂ ᠲᠦᠷᠦᠭᠦᠬᠡᠨ ᠰᠢᠭᠦᠬᠦ ᠬᠤᠷᠢᠶ᠎ᠠ ᠬᠤᠣᠷ ᠲᠠᠢ᠂ ᠬᠥᠨᠥᠭᠡᠯ ᠲᠠᠢ ᠢᠳᠡᠭᠡᠨ ᠤ ᠵᠦᠢᠯ ᠢ ᠦᠢᠯᠡᠳᠪᠦᠷᠢᠯᠡᠵᠦ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠬᠤᠸᠠᠩ ᠣᠪᠣᠭᠲᠤ᠂ ᠭᠦᠸᠧ ᠣᠪᠣᠭᠲᠤ ᠶᠢ ᠠᠷᠪᠠᠨ ᠵᠢᠯ ᠤᠨ ᠭᠠᠳᠠᠨ᠎ᠠ ᠶᠢᠰᠦᠨ ᠰᠠᠷ᠎ᠠ᠂ ᠠᠷᠪᠠᠨ ᠵᠢᠯ  ᠶᠢᠨ ᠭᠠᠳᠠᠨ᠎ᠠ ᠵᠢᠷᠭᠤᠭᠠᠨ ᠰᠠᠷ᠎ᠠ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠬᠡᠵᠦ᠂ ᠲᠤᠰ ᠲᠤᠰ 138 ᠲᠦᠮᠡᠨ ᠲᠥᠭᠦᠷᠢᠭ᠂ 133 ᠲᠦᠮᠡᠨ ᠲᠥᠭᠦᠷᠢᠭ ᠢᠶᠠᠷ ᠲᠣᠷᠭᠠᠬᠤ ᠪᠠᠷ ᠨᠡᠶᠢᠯᠡᠭᠦᠯᠦᠨ  ᠰᠢᠳᠬᠡᠭᠡᠳ᠂ ᠬᠤᠶᠠᠷ ᠬᠥᠮᠦᠨ ᠤ ᠬᠠᠤᠯᠢ ᠶᠢ ᠵᠥᠷᠢᠴᠡᠵᠦ ᠣᠯᠤᠭᠰᠠᠨ 20 ᠲᠦᠮᠡᠨ ᠲᠥᠭᠦᠷᠢᠭ ᠢ ᠨᠡᠬᠡᠮᠵᠢᠯᠡᠨ ᠲᠤᠰᠢᠶᠠᠯᠭᠠᠵᠠᠶ᠃ ᠡᠭᠦᠨ ᠤ ᠬᠠᠮᠲᠤ᠂ ᠰᠢᠭᠦᠬᠦ ᠬᠤᠷᠢᠶ᠎ᠠ  ᠡᠴᠡ ᠬᠤᠸᠠᠩ ᠣᠪᠣᠭᠲᠤ᠂ ᠭᠦᠸᠧ ᠣᠪᠣᠭᠲᠤ  ᠵᠢᠨ ᠬᠠᠮᠲᠤ ᠪᠠᠷ  ᠪᠣᠷᠣᠯᠠᠭᠤᠯᠤᠭᠰᠠᠨ ᠰᠢᠪᠦ᠋ᠴᠢᠦ᠋ᠮᠢᠨ︵西布曲明 Sibutramine︶ ᠠᠭᠤᠯᠤᠭᠳᠠᠭᠰᠠᠨ ᠡᠮ ᠤᠨ ᠦᠨ᠎ᠡ ᠶᠢᠨ ᠠᠷᠪᠠᠨ ᠳᠠᠬᠢᠨ ᠤ ᠲᠥᠯᠥᠪᠦᠷᠢ ᠮᠥᠩᠭᠦ ᠲᠦᠯᠦᠪᠦᠷᠢᠯᠡᠭᠦᠯᠵᠦ ᠂ ᠨᠡᠶᠢᠲᠡ 2710 ᠲᠦᠮᠡᠨ ᠲᠥᠭᠦᠷᠢᠭ ᠥᠭᠬᠦ ᠶᠢᠨ ᠬᠠᠮᠲᠤ ᠵᠠᠭᠤᠴᠢᠯᠠᠭᠤᠷ ᠳᠡᠭᠡᠷ᠎ᠡ ᠢᠯᠡ ᠪᠠᠷ ᠪᠤᠷᠤᠭᠤ ᠬᠦᠯᠢᠶᠡᠵᠦ᠂ ᠬᠤᠶᠠᠭᠤᠯᠠ ᠨᠠᠰᠤᠨ ᠲᠤᠷᠰᠢ ᠢᠳᠡᠭᠡᠨ ᠤ ᠦᠢᠯᠡᠳᠪᠦᠷᠢᠯᠡᠯ ᠡᠵᠡᠩᠨᠡᠯᠲᠡ ᠶᠢᠨ ᠬᠠᠮᠢᠶᠠᠷᠤᠯᠲᠠ ᠶᠢᠨ ᠠᠵᠢᠯ ᠢ ᠬᠢᠵᠦ ᠪᠣᠯᠬᠤ ᠦᠭᠡᠶ ᠭᠡᠵᠦ ᠲᠠᠰᠤᠯᠤᠨ ᠵᠠᠷᠯᠢᠭᠳᠠᠪᠠ᠃ ᠨᠢᠭᠡᠳᠦᠭᠡᠷ ᠰᠢᠭᠦᠯᠲᠡ ᠶᠢᠨ ᠲᠠᠰᠤᠯᠤᠯᠲᠠ ᠶᠢ ᠭᠠᠷᠭᠠᠭᠰᠠᠨ ᠤ ᠳᠠᠷᠠᠭ᠎ᠠ᠂  ᠲᠡᠳᠡ ᠬᠤᠶᠠᠷ ᠳᠡᠭᠡᠭᠰᠢ ᠵᠠᠭᠠᠯᠳᠤᠭᠰᠠᠨ ᠦᠭᠡᠢ᠂ ᠣᠳᠣᠬᠠᠨ ᠳᠤ ᠲᠤᠰ ᠲᠠᠰᠤᠯᠤᠯᠲᠠ ᠨᠢᠭᠡᠨᠲᠡ ᠬᠦᠴᠦᠨ ᠲᠠᠢ ᠪᠣᠯᠵᠠᠢ᠃
    ︽ᠰᠢᠳᠢᠲᠦ ᠺᠣᠹᠧ︾ ᠶᠢᠨ ᠮᠠᠷᠢᠶ᠎ᠠ ᠰᠢᠭᠤᠷᠠᠭᠤᠯᠬᠤ ᠦᠷ᠎ᠡ ᠪᠦᠲᠦᠮᠵᠢ ᠢᠯᠡᠷᠬᠡᠶ
     2022 ᠣᠨ ᠤ 7 ᠰᠠᠷ᠎ᠠ ᠳᠤ᠂ ᠵᠧᠵᠢᠶᠠᠩ ᠤᠨ ᠨᠢᠩᠪᠦ᠋ᠸᠧ ᠳᠤ ᠬᠢᠮᠤᠰᠤ ᠭᠤᠶᠣᠯᠠᠬᠤ ᠰᠣᠷᠮᠤᠤᠰᠤ ᠭᠤᠶᠣᠯᠠᠬᠤ ᠳᠡᠯᠭᠡᠭᠦᠷ ᠨᠡᠭᠡᠭᠡᠵᠦ ᠪᠠᠶᠢᠭ᠎ᠠ ᠵᠠᠩ ᠣᠪᠣᠭᠲᠤ᠂ ᠠᠵᠢᠯ ᠨᠢᠭᠡᠲᠡᠨ ᠶᠠᠩ ᠣᠪᠣᠭᠲᠤ ᠶᠢᠨ ᠪᠦᠬᠦ᠋ᠢᠯᠡ ᠪᠡᠶ᠎ᠡ ᠨᠢ ᠪᠦᠷ ᠭᠤᠶᠣ ᠪᠣᠯᠤᠭᠰᠠᠨ ᠢ ᠦᠵᠡᠭᠡᠳ ᠶᠡᠬᠡᠳᠡ ᠰᠣᠨᠢᠷᠬᠠᠵᠤ᠂ ᠯᠠᠪᠯᠠᠨ ᠠᠰᠠᠭᠤᠭᠰᠠᠨ ᠳᠤ ᠶᠠᠩ ᠣᠪᠣᠭᠲᠤ ᠨᠢᠭᠡ ᠵᠦᠢᠯ ᠤᠨ ︽ᠰᠢᠳᠢᠲᠦ ᠺᠣᠹᠧ︾ ᠤᠤᠭᠤᠵᠤ ᠪᠡᠶ᠎ᠡ ᠪᠠᠨ ᠲᠤᠷᠠᠭᠠᠵᠤ ᠠᠮᠵᠢᠯᠲᠠ ᠣᠯᠤᠭᠰᠠᠨ ᠢ ᠣᠯᠵᠤ ᠮᠡᠳᠡᠭᠡᠳ ᠶᠡᠬᠡᠳᠡ ᠰᠡᠳᠬᠢᠯ ᠬᠥᠳᠡᠯᠪᠡ᠃ ᠲᠡᠭᠡᠭᠡᠳ ᠲᠡᠷᠡ 280 ᠲᠥᠭᠦᠷᠢᠭ ᠵᠠᠷᠤᠴᠠᠭᠤᠯᠵᠤ ᠪᠠᠶᠢᠭᠠᠳ ᠶᠠᠩ ᠣᠪᠣᠭᠲᠤ ᠶᠢᠨ ᠲᠡᠨᠳᠡ ᠠᠴᠠ ᠡᠨᠡ ᠬᠦ ︽ᠬᠠᠷ᠎ᠠ ᠠᠯᠲᠠᠨ ᠺᠣᠹᠧ︾ ᠶᠢ ᠬᠤᠳᠠᠯᠳᠤᠨ ᠠᠪᠴᠤ᠂ ᠥᠪᠡᠷ ᠢᠶᠠᠨ ᠲᠤᠷᠰᠢᠵᠤ ᠦᠵᠡᠭᠰᠡᠨ ᠳᠤ ᠮᠠᠷᠢᠶ᠎ᠠ ᠰᠢᠭᠤᠷᠠᠭᠤᠯᠬᠤ ᠦᠢᠯᠡᠳᠦᠯ ᠨᠢ ᠮᠠᠰᠢ ᠢᠯᠡᠷᠬᠡᠶ ᠪᠠᠶᠢᠪᠠ᠃
     ᠵᠠᠩ ᠣᠪᠣᠭᠲᠤ ᠠᠰᠢᠭ ᠬᠤᠨᠵᠢᠪᠣᠷᠢ ᠲᠠᠢ ᠭᠡᠵᠦ ᠪᠤᠳᠤᠭᠠᠳ ᠶᠠᠩ ᠣᠪᠣᠭᠲᠤ ᠲᠠᠢ ᠵᠥᠪᠳᠡᠯᠴᠡᠵᠦ ᠪᠠᠷᠠᠭ᠎ᠠ ᠠᠪᠬᠤ ᠪᠠᠷ ᠪᠣᠯᠪᠠ᠂ ᠬᠤᠶᠠᠭᠤᠯᠠ ᠤᠯᠠᠨ ᠤᠳᠠᠭ᠎ᠠ ᠪᠦᠯᠬᠦᠮ ᠪᠠᠶᠢᠭᠤᠯᠤᠨ ᠡᠶᠢᠮᠦ ᠺᠣᠹᠧ ᠬᠤᠳᠠᠯᠳᠤᠨ ᠠᠪᠴᠤ᠂ ᠤᠳᠠᠭ᠎ᠠ ᠪᠦᠷᠢ 50 ᠬᠠᠶᠢᠷᠴᠠᠭ ᠪᠤᠶᠤ 50 ᠤᠭᠤᠲᠠ ᠠᠴᠠ ᠡᠬᠢᠯᠡᠵᠦ᠂ ᠣᠷᠣᠭᠤᠯᠤᠭᠰᠠᠨ ᠦᠨ᠎ᠡ ᠨᠢ ᠬᠠᠶᠢᠷᠴᠠᠭ ︵ᠤᠭᠤᠲᠠ︶ ᠪᠦᠷᠢ ᠳᠡᠭᠡᠨ 80 ᠲᠥᠭᠦᠷᠢᠭ᠂ ᠭᠠᠳᠠᠭᠰᠢ ᠬᠤᠳᠠᠯᠳᠤᠭᠰᠠᠨ ᠦᠨ᠎ᠡ ᠨᠢ ᠬᠠᠷᠢᠨ ᠬᠠᠶᠢᠷᠴᠠᠭ ︵ᠤᠭᠤᠲᠠ︶ ᠪᠦᠷᠢ ᠳᠡᠭᠡᠨ 380 ᠲᠥᠭᠦᠷᠢᠭ ᠲᠤ ᠬᠦᠷᠳᠡᠭ᠃ ᠬᠤᠶᠠᠭᠤᠯᠠ ᠺᠣᠹᠧ ᠪᠠᠨ ᠥᠪᠡᠷ ᠥᠪᠡᠷ ᠤᠨ ᠬᠢᠮᠤᠰᠤ ᠭᠤᠶᠣᠯᠠᠬᠤ ᠳᠡᠯᠭᠡᠭᠦᠷ ᠲᠤ ᠲᠠᠯᠪᠢᠵᠤ᠂ ᠮᠠᠷᠢᠶ᠎ᠠ ᠰᠢᠭᠤᠷᠠᠭᠤᠯᠬᠤ ᠬᠡᠷᠡᠭᠴᠡᠭᠡ ᠲᠠᠢ ᠬᠡᠷᠡᠭᠯᠡᠭᠴᠢ ᠳᠤ ᠲᠠᠨᠢᠯᠴᠠᠭᠤᠯᠪᠠ᠃ ᠬᠡᠳᠦ᠋ᠢᠪᠡᠷ ᠺᠣᠹᠧ ᠭᠡᠳᠡᠭ ᠪᠣᠯᠪᠠᠴᠤ ᠤᠤᠭᠤᠬᠤ ᠳᠤ ᠰᠦ ᠲᠠᠢ ᠴᠠᠶ ᠶᠢᠨ ᠦᠨᠦᠷ ᠲᠠᠢ᠂ ᠵᠠᠩ ᠣᠪᠣᠭᠲᠤ ᠥᠪᠡᠷ ᠢᠶᠠᠨ ᠪᠠᠶᠢᠴᠠᠭᠠᠵᠤ ᠦᠵᠡᠭᠡᠳ᠂ ᠳᠣᠲᠣᠷ᠎ᠠ ᠨᠢ ᠬᠤᠷᠢᠭ᠎ᠠ ᠶᠢ ᠵᠥᠷᠢᠴᠡᠭᠰᠡᠨ ᠪᠦᠷᠢᠯᠳᠦᠬᠦᠨ ᠪᠠᠶᠢᠵᠤ᠂ ᠲᠡᠷᠡ ᠨᠢ ᠬᠥᠮᠦᠨ ᠤ ᠪᠡᠶ᠎ᠡ ᠳᠤ ᠬᠤᠤᠷᠲᠠᠶ ᠮᠥᠷᠲᠡᠭᠡᠨ ᠭᠠᠵᠢᠭᠤ  ᠦᠢᠯᠡᠳᠦᠯ ᠲᠠᠢ ᠭᠡᠳᠡᠭ ᠢ ᠣᠯᠵᠤ ᠮᠡᠳᠡᠵᠡᠢ᠃ ᠬᠠᠮᠲᠤ ᠬᠡᠷᠡᠭᠲᠡᠨ ᠮᠠ ᠣᠪᠣᠭᠲᠤ ᠬᠡᠯᠡᠭᠰᠡᠨ ᠨᠢ᠂ ᠪᠢ ᠴᠦ ᠵᠢᠰᠦ ᠭᠤᠶᠣᠯᠠᠬᠤ ᠳᠡᠯᠭᠡᠭᠦᠷ ᠡᠷᠭᠢᠯᠡᠵᠦ ᠪᠠᠶᠢᠨ᠎ᠠ᠂ ᠥᠩᠭᠡᠷᠡᠭᠰᠡᠨ ᠳᠤ ᠢᠰᠬᠡᠬᠦ ᠡᠳ᠋ ᠤᠨ ᠲᠥᠷᠥᠯ ᠤᠨ ᠮᠠᠷᠢᠶ᠎ᠠ ᠰᠢᠭᠤᠷᠠᠭᠤᠯᠬᠤ ᠦᠢᠯᠡᠳᠬᠦᠨ ᠢ ᠬᠤᠳᠠᠯᠳᠤᠭᠠᠳ ᠨᠢᠭᠡ ᠰᠠᠷ᠎ᠠ ᠪᠣᠯᠪᠠᠯ ᠰᠠᠶ᠋ᠢ  ᠦᠢᠯᠡᠳᠦᠯ ᠭᠠᠷᠳᠠᠭ᠂ ᠭᠡᠪᠡᠴᠦ ᠡᠶᠢᠮᠦᠷᠬᠦ ︽ᠰᠢᠳᠢᠲᠦ ᠺᠣᠹᠧ︾ ᠶᠢ ᠤᠤᠭᠤᠪᠠᠯ ᠬᠤᠶᠠᠷ ᠭᠤᠷᠪᠠᠨ ᠡᠳᠦᠷ ᠤᠨ ᠳᠣᠲᠣᠷ᠎ᠠ ᠪᠡᠶ᠎ᠡ ᠶᠢᠨ ᠬᠦᠨᠳᠦ ᠪᠠᠨ ᠪᠠᠭᠤᠷᠠᠭᠤᠯᠵᠤ᠂ ᠦᠢᠯᠡᠳᠦᠯ ᠨᠢ ᠮᠠᠰᠢ ᠢᠯᠡᠷᠬᠡᠶ ᠪᠥᠭᠡᠳ ᠠᠰᠢᠭ ᠬᠤᠨᠵᠢᠪᠣᠷᠢ ᠨᠢ ᠴᠦ ᠮᠠᠰᠢ ᠶᠡᠭᠡ ᠪᠠᠶᠢᠵᠤ᠂ ᠨᠢᠭᠡ ᠬᠠᠶᠢᠷᠴᠠᠭ ᠲᠤ 200 ᠲᠥᠭᠦᠷᠢᠭ ᠠᠴᠠ 300 ᠲᠥᠭᠦᠷᠢᠭ ᠣᠯᠵᠤ ᠪᠣᠯᠤᠨ᠎ᠠ᠃ ᠭᠡᠲᠡᠯ᠎ᠡ ᠴᠥᠭᠡᠨ ᠪᠤᠰᠤ ᠵᠣᠴᠢᠳ ᠤᠨ ᠲᠤᠰᠬᠠᠭᠰᠠᠨ ᠢᠶᠠᠷ᠂ ᠤᠤᠭᠤᠭᠰᠠᠨ ᠤ ᠳᠠᠷᠠᠭ᠎ᠠ ᠲᠣᠯᠣᠭᠠᠶ ᠡᠷᠭᠢᠬᠦ᠂ ᠠᠮᠠ ᠬᠠᠲᠠᠬᠤ᠂ ᠳᠤᠷ᠎ᠠ ᠪᠤᠯᠭᠢᠬᠤ᠂ ᠨᠦᠢᠷ ᠬᠤᠯᠵᠢᠬᠤ ᠵᠡᠷᠭᠡ ᠡᠷᠡᠭᠦᠯ ᠪᠤᠰᠤ ᠲᠤᠰᠬᠠᠯ ᠭᠠᠷᠤᠭᠰᠠᠨ ᠪᠠᠶᠢᠨ᠎ᠠ᠃ ᠬᠤᠣᠷ ᠲᠠᠢ ᠭᠠᠵᠢᠭᠤ ᠦᠢᠯᠡᠳᠦᠯ ᠲᠠᠢ ᠭᠡᠳᠡᠭ ᠢ ᠲᠣᠳᠣᠷᠬᠠᠢ ᠮᠡᠳᠡᠵᠦ ᠪᠠᠶᠢᠭᠠᠳ ᠠᠰᠢᠭ ᠲᠤᠰᠠ ᠶᠢᠨ ᠥᠳᠥᠭᠡᠯᠭᠡ ᠪᠠᠷ ᠠᠷᠪᠠ ᠭᠠᠷᠤᠢ ᠬᠥᠮᠦᠨ ᠬᠤᠶᠢᠨ᠎ᠠ ᠬᠤᠶᠢᠨ᠎ᠠ ᠠᠴᠠ ᠪᠠᠨ ᠣᠷᠣᠯᠠᠬᠤ ᠡᠩᠨᠡᠭᠡᠨ ᠳᠤ ᠣᠷᠣᠵᠤ᠂ ᠰᠦᠯᠵᠢᠶ᠎ᠡ ᠪᠠᠷ ᠳᠠᠮᠵᠢᠭᠤᠯᠤᠨ ᠪᠤᠰᠤᠳ ᠲᠤ ᠬᠤᠪᠢᠶᠠᠨ ᠪᠣᠷᠣᠯᠠᠭᠤᠯᠪᠠ᠃ ᠵᠠᠩ ᠣᠪᠣᠭᠲᠤ᠂ ᠶᠠᠩ ᠣᠪᠣᠭᠲᠤ᠂ ᠮᠠ ᠣᠪᠣᠭᠲᠤ ᠵᠡᠷᠭᠡ ᠣᠷᠣᠯᠠᠭᠴᠢ ᠶᠢ ᠴᠥᠮ ᠠᠰᠲᠠᠭᠠᠨ ᠬᠡᠷᠡᠭ ᠪᠣᠯᠭᠠᠨ ᠢᠶᠠᠷ ᠰᠢᠢᠳᠪᠦᠷᠢᠯᠡᠪᠡ᠃
    ᠵᠢᠵᠢᠭ ᠦᠢᠯᠡᠳᠪᠦᠷᠢ ᠶᠢᠨ ᠭᠠᠵᠠᠷ ᠲᠤ ᠶᠡᠭᠡ ᠨᠢᠭᠤᠴᠠ ᠨᠢᠭᠤᠭᠳᠠᠵᠤ ᠪᠤᠢ
    ᠡᠶᠢᠮᠦᠷᠬᠦᠦ ᠮᠠᠷᠢᠶ᠎ᠠ ᠰᠢᠭᠤᠷᠠᠭᠤᠯᠬᠤ ᠦᠢᠯᠡᠳᠦᠯ ᠨᠢ ᠢᠯᠡᠳᠲᠡ ︽ᠰᠢᠳᠢᠲᠦ ᠺᠣᠹᠧ︾ ᠨᠢ ᠪᠦᠷ ᠵᠧᠵᠢᠶᠠᠩ ᠤᠨ ᠯᠦᠩ ᠭᠠᠩ ᠤᠨ ᠨᠢᠭᠡᠨ ᠲᠣᠰᠬᠤᠨ ᠤ ᠰᠠᠭᠤᠭᠠᠯᠢ ᠠᠷᠠᠳ ᠤᠨ ᠭᠡᠷ ᠪᠠᠶᠢᠰᠢᠩ ᠠᠴᠠ ᠢᠷᠡᠭᠰᠡᠨ ᠶᠤᠮ᠂  ᠭᠡᠷ ᠢ ᠬᠤᠸᠠᠩ ᠣᠪᠣᠭᠲᠤ ᠪᠠ ᠭᠦᠸᠧ ᠣᠪᠣᠭᠲᠤ ᠲᠦᠷᠢᠶᠡᠰᠦᠯᠡᠭᠰᠡᠨ ᠪᠠᠶᠢᠨ᠎ᠠ᠃ ᠲᠤᠰ ᠬᠤᠶᠠᠷ ᠬᠥᠮᠦᠨ ᠮᠠᠷᠢᠶ᠎ᠠ ᠰᠢᠭᠤᠷᠠᠭᠤᠯᠬᠤ ᠪᠦᠲᠦᠭᠡᠭᠳᠡᠬᠦᠨ ᠦᠢᠯᠡᠳᠪᠦᠷᠢᠯᠡᠭᠰᠡᠨ ᠬᠠᠮᠢᠶ᠎ᠠ ᠪᠦᠬᠦᠢ ᠠᠵᠢᠯ ᠤᠨ ᠥᠩᠭᠡᠷᠡᠯᠲᠡ ᠪᠠᠢᠬᠤ ᠦᠭᠡᠢ᠃
    2022 ᠣᠨ ᠤ 1 ᠰᠠᠷ᠎ᠠ ᠳᠤ᠂ ᠭᠦᠸᠧ ᠣᠪᠣᠭᠲᠤ ᠪᠠᠯᠠ ᠭᠠᠷᠭᠠᠵᠤ ᠰᠦᠯᠵᠢᠶᠡᠨ ᠳᠡᠭᠡᠷ᠎ᠡ ᠠᠴᠠ ᠮᠠᠰᠢᠨ ᠲᠥᠬᠦᠭᠡᠷᠦᠮᠵᠢ ᠬᠤᠳᠠᠯᠳᠤᠨ ᠠᠪᠤᠭᠰᠠᠨ ᠪᠥᠭᠡᠳ ᠰᠦᠯᠵᠢᠶᠡᠨ ᠳᠡᠭᠡᠷ᠎ᠡ ᠠᠴᠠ ᠺᠣᠹᠧ᠂ ᠰᠦ ᠲᠠᠢ ᠴᠠᠶ ᠶᠢᠨ ᠤᠮᠳᠠᠭᠠᠨ ᠤ ᠨᠤᠨᠲᠠᠭ ᠤᠨ ᠲᠦᠭᠦᠬᠡᠶ ᠮᠠᠲ᠋ᠧᠷᠢᠶᠠᠯ ᠬᠤᠳᠠᠯᠳᠤᠨ ᠠᠪᠴᠠᠶ᠂ ᠤᠮᠳᠠᠭᠠᠨ ᠬᠤᠳᠠᠯᠳᠤᠭᠠᠳ ᠵᠣᠭᠤᠰ ᠤᠯᠬᠤ ᠥᠬᠡᠶ ᠪᠣᠯᠬᠤᠷ ᠬᠤᠶᠠᠭᠤᠯᠠ ᠪᠠᠨ ᠮᠠᠷᠢᠶ᠎ᠠ ᠰᠢᠭᠤᠷᠠᠭᠤᠯᠬᠤ ᠡᠮ ᠬᠢᠵᠦ ᠥᠨᠳᠥᠷ ᠠᠰᠢᠭ ᠬᠤᠨᠵᠢᠪᠣᠷᠢ ᠤᠯᠬᠤ ᠪᠠᠷ ᠵᠥᠪᠳᠡᠯᠴᠡᠪᠡ᠃
    ᠬᠠᠮᠢᠶ᠎ᠠ ᠪᠥᠬᠦᠶ ᠪᠠᠶᠢᠴᠠᠭᠠᠯᠲᠠ ᠠᠴᠠ ᠵᠠᠶᠢᠯᠠᠬᠤ ᠶᠢᠨ ᠲᠥᠯᠥᠭᠡ᠂  ᠲᠡᠷᠡ ᠬᠤᠶᠠᠭᠤᠯᠠ ᠬᠥᠳᠡᠭᠡ ᠲᠣᠰᠬᠤᠨ ᠤ ᠬᠡᠷ ᠪᠠᠶᠢᠰᠢᠩ  ᠢ ᠲᠦᠷᠢᠶᠡᠰᠦᠯᠡᠵᠦ᠂ ᠡᠭᠦᠳᠡ ᠪᠠᠨ ᠬᠠᠭᠠᠵᠤ ᠰᠡᠮᠡᠭᠡᠷ  ᠦᠢᠯᠡᠳᠪᠦᠷᠢᠯᠡᠪᠡ᠃ ᠡᠵᠡᠩᠨᠡᠯᠲᠡ ᠶᠢᠨ ᠦᠨᠡᠮᠯᠡᠯ᠂ ᠦᠢᠯᠡᠳᠪᠦᠷᠢᠯᠡᠭᠴᠢ᠂ ᠦᠢᠯᠡᠳᠪᠦᠷᠢᠯᠡᠭᠰᠡᠨ ᠡᠳᠦᠷ ᠬᠤᠭᠤᠴᠠᠭ᠎ᠠ᠂ ᠴᠢᠨᠠᠭᠰᠢᠯᠠᠪᠠᠯ ᠬᠢᠷᠢ ᠲᠡᠩᠴᠡᠭᠰᠡᠨ ᠦᠨᠡᠮᠯᠡᠯ ᠢ ᠴᠦ ᠬᠤᠸᠠᠩ ᠣᠪᠣᠭᠲᠤ ᠪᠠ ᠭᠦᠸᠧ ᠣᠪᠣᠭᠲᠤ ᠥᠪᠡᠷ ᠢᠶᠠᠨ ᠬᠢᠭᠰᠡᠨ ᠪᠠᠶᠢᠨ᠎ᠠ᠃
    ᠮᠠᠷᠢᠶ᠎ᠠ ᠰᠢᠭᠤᠷᠠᠭᠤᠯᠬᠤ ᠦᠷ᠎ᠡ ᠳ᠋ᠦᠩ ᠳᠤ ᠬᠥᠷᠬᠦ ᠶᠢᠨ ᠲᠥᠯᠥᠭᠡ᠂ ᠬᠤᠸᠠᠩ ᠣᠪᠣᠭᠲᠤ ᠨᠠᠶᠢᠵᠠ ᠰᠦᠨ ᠣᠪᠣᠭᠲᠤ ︵ᠤᠨᠳᠤᠤ ᠬᠡᠷᠡᠭ ᠢᠶᠠᠷ ᠰᠢᠢᠳᠪᠦᠷᠢᠯᠡᠪᠡ︶ ᠠᠴᠠ ᠪᠠᠨ ᠨᠢᠭᠡ ᠵᠦᠢᠯ ᠤᠨ ᠴᠠᠭᠠᠨ ᠨᠤᠨᠲᠠᠭ ᠬᠤᠳᠠᠯᠳᠤᠨ ᠠᠪᠴᠤ ᠬᠤᠯᠢᠵᠤ ᠣᠷᠣᠭᠤᠯᠪᠠ᠂ ᠪᠠᠶᠢᠴᠠᠭᠠᠨ ᠳᠣᠲᠣᠯᠠᠭᠠᠳ ᠰᠢᠪᠦ᠋ᠴᠢᠦ᠋ᠮᠢᠨ ︵西布曲明 Sibutramine᠂ ᠥᠩᠭᠡᠷᠡᠭᠰᠡᠨ ᠳᠤ ᠮᠠᠷᠢᠶ᠎ᠠ ᠰᠢᠭᠤᠷᠠᠭᠤᠯᠬᠤ ᠡᠮ ᠳᠤ ᠬᠡᠷᠡᠭᠯᠡᠵᠦ ᠪᠠᠶᠢᠪᠠ᠂ ᠬᠦᠨᠳᠦ ᠨᠣᠴᠢᠲᠠᠶ ᠵᠢᠷᠦᠬᠡ ᠲᠠᠷᠢᠬᠢ ᠴᠢᠰᠤᠨ ᠰᠤᠳᠠᠯ ᠤᠨ ᠠᠶᠤᠯ ᠲᠦᠭᠰᠢᠭᠦᠷᠢ ᠶᠢ ᠨᠡᠮᠡᠭᠳᠡᠭᠦᠯᠬᠦ ᠠᠴᠠ ᠪᠣᠯᠵᠣ ᠨᠢᠭᠡᠨᠲᠡ ᠬᠡᠷᠡᠭᠯᠡᠬᠦ ᠶᠢ ᠨᠢ ᠴᠠᠭᠠᠵᠠᠯᠠᠭᠰᠠᠨ ᠪᠠᠶᠢᠨ᠎ᠠ︶ ᠪᠠᠶᠢᠪᠠ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠰᠢᠪᠦ᠋ᠴᠦ᠋ᠮᠢᠨ ᠬᠦᠨᠳᠦ ᠨᠣᠴᠢᠲᠠᠶ ᠵᠢᠷᠦᠬᠡ ᠴᠢᠰᠤᠨ ᠰᠤᠳᠠᠯ ᠤᠨ ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ᠂ ᠡᠭᠦᠨ ᠳᠤ ᠦᠬᠦᠭᠦᠯᠬᠦ ᠪᠤᠰᠤ ᠴᠢᠨᠠᠷᠲᠠᠶ ᠵᠢᠷᠦᠬᠡᠨ ᠲᠦᠭᠵᠢᠷᠡᠯ᠂ ᠦᠬᠦᠭᠦᠯᠬᠦ ᠪᠤᠰᠤ ᠴᠢᠨᠠᠷᠲᠠᠶ ᠰᠠ ᠳᠠᠭᠠᠷᠢᠬᠤ᠂ ᠰᠡᠷᠭᠦᠵᠦ ᠪᠣᠯᠬᠤ ᠵᠢᠷᠦᠬᠡ ᠭᠡᠨᠡᠳᠲᠡ ᠵᠣᠭᠰᠣᠬᠤ᠂ ᠵᠢᠷᠦᠬᠡ ᠴᠢᠰᠤᠨ ᠰᠤᠳᠠᠯ ᠥᠭᠦᠬᠦ ᠵᠡᠷᠭᠡ ᠪᠠᠭᠲᠠᠨ᠎ᠠ᠃
    ᠵᠢᠵᠢᠭ ᠦᠢᠯᠡᠳᠪᠦᠷᠢ ᠶᠢᠨ ᠭᠠᠵᠠᠷ ᠪᠣᠯᠪᠠᠴᠤ ᠡᠳᠦᠷ ᠪᠦᠷᠢ ᠭᠤᠷᠪᠠ ᠳᠥᠷᠪᠡᠨ ᠲᠣᠮᠣ ᠬᠠᠶᠢᠷᠴᠠᠭ ᠮᠠᠷᠢᠶ᠎ᠠ ᠰᠢᠭᠤᠷᠠᠭᠤᠯᠬᠤ ᠡᠮ ᠦᠢᠯᠡᠳᠪᠦᠷᠢᠯᠡᠵᠦ᠂ ᠬᠠᠶᠢᠷᠴᠠᠭ ᠪᠦᠷᠢ ᠳᠤ 25 - 30 ᠵᠢᠵᠢᠭ ᠬᠠᠶᠢᠷᠴᠠᠭ ︵ᠵᠢᠵᠢᠭ ᠬᠠᠶᠢᠷᠴᠠᠭ ᠪᠦᠷᠢ ᠳᠤ 25 ᠤᠭᠤᠲᠠ ᠪᠠᠭᠲᠠᠨ᠎ᠠ︶ ᠲᠠᠢ᠂ ᠤᠭᠤᠲᠠ ᠪᠦᠷᠢ ᠳᠤ 10 ᠭᠷᠠᠮ ᠨᠤᠨᠲᠠᠭ ᠲᠠᠢ᠃ ᠣᠶᠢᠯᠠᠭᠠᠭᠰᠠᠨ ᠢᠶᠠᠷ᠂  ᠲᠡᠷᠡ ᠬᠤᠶᠠᠭᠤᠯᠠ ᠶᠢᠨ ᠬᠡᠷᠡᠭᠯᠡᠵᠦ ᠪᠠᠶᠢᠭ᠎ᠠ ᠰᠦᠨ ᠲᠠᠯᠬ᠎ᠠ ᠪᠣᠯ 200 ᠲᠥᠭᠦᠷᠢᠭ ᠢᠶᠠᠷ 5 ᠺᠢᠯᠣᠭ᠍ᠷᠠᠮ ᠬᠢᠮᠳᠠ ᠨᠤᠨᠲᠠᠭ ᠬᠤᠳᠠᠯᠳᠤᠨ ᠠᠪᠴᠤ ᠪᠣᠯᠬᠤ ᠪᠥᠭᠡᠳ ᠪᠠᠰᠠ ᠵᠢᠭᠠᠬᠠᠨ ᠰᠢᠪᠦ᠋ᠴᠢᠦ᠋ᠮᠢᠨ ᠨᠡᠮᠡᠵᠦ᠂ ᠨᠢᠭᠡ ᠬᠠᠶᠢᠷᠴᠠᠭ ︽ᠰᠢᠳᠢᠲᠦ ᠺᠣᠹᠧ︾ ᠶᠢᠨ ᠪᠣᠳᠠᠲᠠᠶ ᠥᠪᠡᠷ ᠤᠨ ᠥᠷᠲᠡᠭ ᠨᠢ 5 ᠲᠥᠭᠦᠷᠢᠭ ᠴᠦ ᠬᠥᠷᠬᠦ ᠥᠬᠡᠶ ᠪᠠᠶᠢᠬᠤ ᠳᠤ ᠬᠤᠳᠠᠯᠳᠤᠭᠰᠠᠨ ᠦᠨ᠎ᠡ ᠨᠢ ᠬᠠᠷᠢᠨ 200 ᠲᠥᠭᠦᠷᠢᠭ ᠠᠴᠠ 400 ᠲᠥᠭᠦᠷᠢᠭ ᠬᠦᠷᠲᠡᠯ᠎ᠡ ᠠᠳᠠᠯᠢ ᠪᠤᠰᠤ ᠪᠠᠶᠢᠳᠠᠭ᠃
    ᠡᠷᠡᠭᠦᠦ  ᠡᠳ᠋ᠯᠡᠨ᠎ᠡ᠂ ᠲᠥᠯᠥᠪᠦᠷᠢ ᠦᠭᠭᠦᠨ᠎ᠡ  ᠪᠠᠰᠠ ᠠᠵᠢᠯ ᠡᠷᠬᠢᠯᠡᠬᠦ  ᠪᠠᠨ ᠴᠠᠭᠠᠵᠠᠯᠠᠭᠳᠠᠨ᠎ᠠ᠃
    ᠡᠨᠡ ᠵᠢᠯ ᠤᠨ 2 ᠰᠠᠷ᠎ᠠ ᠶᠢᠨ 14 ᠤ ᠡᠳᠦᠷ ᠶᠦᠩ ᠵᠢᠶᠠ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠣᠯᠠᠨ ᠲᠦᠮᠡᠨ ᠤ ᠢᠯᠡᠴᠢᠯᠡᠨ ᠮᠡᠳᠡᠭᠦᠯᠦᠭᠰᠡᠨ ᠢ ᠣᠯᠤᠭᠰᠠᠨ ᠤ ᠳᠠᠷᠠᠭ᠎ᠠ ᠬᠡᠷᠡᠭ ᠪᠣᠯᠭᠠᠨ ᠳᠡᠩᠰᠡᠯᠡᠵᠦ ᠳᠡᠩᠨᠡᠨ ᠪᠠᠶᠢᠴᠠᠭᠠᠭᠰᠠᠨ ᠳᠤ ᠬᠤᠸᠠᠩ ᠣᠪᠣᠭᠲᠤ᠂ ᠭᠦᠸᠧ ᠣᠪᠣᠭᠲᠤ ᠶᠢ ᠳᠠᠷᠠᠭ᠎ᠠ ᠡᠳᠦᠷ ᠨᠢ ᠪᠠᠷᠢᠵᠤ ᠠᠪᠴᠢᠷᠠᠪᠠ᠃
    ᠮᠥᠨ ᠵᠢᠯ ᠤᠨ 8 ᠰᠠᠷ᠎ᠠ ᠶᠢᠨ 22 ᠤᠨ ᠡᠳᠦᠷ᠂ ᠶᠦᠩ ᠵᠢᠶᠠ ᠰᠢᠶᠠᠨ ᠤ ᠪᠠᠶᠢᠴᠠᠭᠠᠬᠤ ᠬᠤᠷᠢᠶ᠎ᠠ ᠬᠤᠸᠠᠩ ᠣᠪᠣᠭᠲᠤ᠂ ᠭᠦᠸᠧ ᠣᠪᠣᠭᠲᠤ ᠬᠤᠣᠷ ᠲᠠᠢ᠂ ᠬᠥᠨᠥᠭᠡᠯ ᠲᠠᠢ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠠᠯᠪᠠᠨ ᠵᠠᠭᠠᠯᠳᠤᠯᠭ᠎ᠠ ᠭᠠᠷᠭᠠᠭᠰᠠᠨ ᠪᠥᠭᠡᠳ ᠳᠠᠭᠠᠯᠳᠤᠭᠤᠯᠤᠯ ᠢᠷᠭᠡᠨ ᠤ ᠵᠠᠷᠭᠤ ᠬᠢᠵᠦ᠂ ᠬᠤᠶᠠᠭᠤᠯᠠ ᠶᠢᠨ ᠪᠣᠷᠣᠯᠠᠭᠤᠯᠤᠭᠰᠠᠨ ᠮᠠᠷᠢᠶ᠎ᠠ ᠰᠢᠭᠤᠷᠠᠭᠤᠯᠬᠤ ᠦᠢᠯᠡᠳᠬᠦᠨ ᠨᠢ ᠣᠨᠴᠠ ᠲᠣᠭᠲᠠᠭᠰᠠᠨ ᠪᠤᠰᠤ ᠬᠡᠷᠡᠭᠯᠡᠭᠴᠢᠳ ᠤᠨ ᠠᠮᠢ ᠨᠠᠰᠤ ᠡᠷᠡᠭᠦᠯ ᠮᠡᠨᠳᠦ ᠶᠢᠨ ᠡᠷᠬᠡ ᠪᠠ ᠨᠡᠶᠢᠭᠡᠮ ᠨᠡᠶᠢᠲᠡ ᠶᠢᠨ ᠠᠰᠢᠭ ᠲᠤᠰᠠ ᠳᠤ ᠬᠠᠯᠳᠠᠭᠰᠠᠨ ᠪᠣᠯᠬᠤᠷ ᠡᠷᠬᠡ ᠳᠤ ᠬᠠᠯᠳᠠᠭᠰᠠᠨ ᠬᠤᠬᠢᠷᠠᠯ ᠤᠨ ᠲᠥᠯᠥᠪᠦᠷᠢ ᠶᠢᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ ᠭᠡᠵᠦ ᠦᠵᠡᠪᠡ᠃
     ᠪᠠᠶᠢᠴᠠᠭᠠᠬᠤ ᠪᠠᠶᠢᠭᠤᠯᠭ᠎ᠠ  ᠠᠴᠠ᠂ 2022 ᠣᠨ ᠤ 1 ᠰᠠᠷ᠎ᠠ ᠠᠴᠠ ᠡᠨᠡ ᠵᠢᠯ ᠤᠨ 2 ᠰᠠᠷ᠎ᠠ ᠪᠣᠯᠲᠠᠯ᠎ᠠ᠂ ᠬᠤᠸᠠᠩ ᠣᠪᠣᠭᠲᠤ᠂ ᠭᠦᠸᠧ ᠣᠪᠣᠭᠲᠤ ᠰᠢᠪᠦ᠋ᠴᠢᠦ᠋ᠮᠢᠨ ᠢ ᠪᠠᠭᠲᠠᠭᠠᠭᠰᠠᠨ ᠮᠠᠷᠢᠶ᠎ᠠ ᠰᠢᠭᠤᠷᠠᠭᠤᠯᠬᠤ ᠦᠢᠯᠡᠳᠬᠦᠨ ᠦᠢᠯᠡᠳᠪᠦᠷᠢᠯᠡᠬᠦ ᠶᠢᠨ ᠬᠠᠮᠲᠤ ᠣᠯᠠᠨ ᠨᠡᠶᠢᠭᠡᠮ ᠤᠨ ᠬᠠᠷᠢᠯᠴᠠᠭᠠᠨ ᠤ ᠲᠠᠪᠴᠠᠩ ᠢᠶᠠᠷ ᠳᠠᠮᠵᠢᠭᠤᠯᠤᠨ ᠬᠡᠷᠡᠭᠯᠡᠭᠴᠢ ᠶᠢ ᠡᠷᠢᠵᠦ᠂ ᠰᠢᠤᠳᠠᠨ ᠢᠶᠠᠷ ᠢᠯᠡᠭᠡᠬᠦ ᠠᠷᠭ᠎ᠠ ᠮᠠᠶ᠋ᠢᠭ ᠢᠶᠠᠷ ᠶᠦᠩ ᠵᠢᠶᠠ ᠶᠢᠨ ᠬᠠᠷᠢᠶ᠎ᠠ ᠲᠠᠢ ᠣᠨᠴᠠ ᠲᠣᠭᠲᠠᠭᠰᠠᠨ ᠪᠤᠰᠤ ᠬᠥᠮᠦᠰ ᠲᠤ ᠪᠣᠷᠣᠯᠠᠭᠤᠯᠵᠤ᠂ ᠡᠭᠦᠨ ᠢᠶᠠᠷ ᠠᠰᠢᠭ ᠬᠤᠨᠵᠢᠪᠣᠷᠢ ᠣᠯᠪᠠ ᠭᠡᠵᠦ ᠵᠠᠭᠠᠯᠳᠤᠪᠠ᠃ ᠪᠠᠶᠢᠴᠠᠭᠠᠭᠰᠠᠨ ᠢᠶᠠᠷ᠂ ᠬᠤᠶᠠᠭᠤᠯᠠ ᠰᠢᠪᠦ᠋ᠴᠢᠦ᠋ᠮᠢᠨ ᠠᠭᠤᠯᠤᠭᠰᠠᠨ ᠰᠦ ᠲᠠᠢ ᠴᠠᠶ ᠶᠢ ᠪᠣᠷᠣᠯᠠᠭᠤᠯᠵᠤ᠂ ᠰᠦ ᠶᠢᠨ ᠲᠥᠷᠥᠯ ᠤᠨ ᠮᠠᠷᠢᠶ᠎ᠠ ᠰᠢᠭᠤᠷᠠᠭᠤᠯᠬᠤ ᠨᠤᠨᠲᠠᠭ ᠤᠨ ᠪᠣᠷᠣᠯᠠᠭᠤᠯᠤᠯᠲᠠ ᠶᠢᠨ ᠬᠡᠮᠵᠢᠶ᠎ᠡ 271 ᠲᠦᠮᠡᠨ ᠲᠥᠭᠦᠷᠢᠭ ᠢ ᠳᠠᠪᠠᠵᠠᠶ᠃ ᠡᠨᠡ ᠵᠢᠯ ᠤᠨ 9 ᠰᠠᠷ᠎ᠠ ᠶᠢᠨ 21 ᠤ ᠡᠳᠦᠷ᠂ ᠰᠢᠭᠦᠬᠦ ᠬᠤᠷᠢᠶ᠎ᠠ ᠲᠢᠩᠬᠢᠮ ᠨᠡᠭᠡᠭᠡᠵᠦ ᠰᠢᠭᠦᠭᠰᠡᠨ ᠤ ᠳᠠᠷᠠᠭ᠎ᠠ᠂ ᠳᠡᠭᠡᠷ᠎ᠡ ᠳᠤᠷᠠᠳᠤᠭᠰᠠᠨ ᠲᠠᠰᠤᠯᠤᠯᠲᠠ ᠶᠢ ᠬᠠᠤᠯᠢ ᠶᠣᠰᠣᠭᠠᠷ ᠭᠠᠷᠭᠠᠪᠠ᠃
    

ᠢᠷᠡᠯᠲᠡ
ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro