ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠠᠷᠠᠳ ᠤᠨ ᠳᠡᠭᠡᠳᠦ ᠪᠠᠶᠢᠴᠠᠭᠠᠬᠤ ᠬᠣᠷᠢᠶ᠎ᠠ ᠶᠢᠨ ᠨᠡᠢᠲᠡᠯᠡᠭᠰᠡᠨ ᠭᠤᠷᠪᠠᠳᠤᠭᠠᠷ ᠪᠦᠯᠦᠭ ᠨᠡᠶᠢᠭᠡᠮ  ᠲᠣᠭᠤᠷᠢᠭ ᠤᠨ ᠵᠠᠰᠠᠮᠵᠢᠯᠠᠯ ᠳᠤ ᠬᠠᠣᠯᠢ ᠴᠠᠭᠠᠵᠠ ᠶᠢᠨ ᠬᠢᠨᠠᠯᠲᠠ ᠲᠠᠯᠪᠢᠭᠰᠠᠨ ᠨᠡᠶᠢᠲᠡᠯᠢᠭ ᠬᠡᠷᠡᠭ ᠦᠨ ᠵᠢᠱᠢᠶ᠎ᠡ

2023-12-07 11:28:29
ᠵᠣᠬᠢᠶᠠᠭᠴᠢ
ᠰᠦᠮᠪᠦᠷ

 

 

 

ᠭᠤᠷᠪᠠᠳᠤᠭᠠᠷ ᠪᠦᠯᠦᠭ ᠨᠡᠶᠢᠭᠡᠮ ᠲᠣᠭᠣᠷᠢᠭ  ᠤᠨ ᠵᠠᠰᠠᠮᠵᠢᠯᠠᠯ  ᠤᠨ ᠬᠠᠤᠯᠢ ᠴᠠᠭᠠᠵᠠ ᠶᠢᠨ ᠬᠢᠨᠠᠯᠲᠠ ᠶᠢᠨ ᠨᠡᠶᠢᠲᠡᠯᠢᠭ ᠬᠡᠷᠡᠭ  ᠤᠨ ᠵᠢᠱᠢᠶ᠎ᠡ ᠶᠢ ᠳᠠᠷᠤᠮᠠᠯᠯᠠᠨ ᠲᠠᠷᠬᠠᠭᠠᠬᠤ ᠲᠤᠬᠠᠶ ᠮᠡᠳᠡᠭᠳᠡᠯ 

 

ᠡᠯ᠎ᠡ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ᠂ ᠴᠢᠯᠥᠭᠡᠯᠡᠬᠦ ᠴᠡᠷᠢᠭ ᠦᠨ ᠴᠡᠷᠢᠭ ᠦᠨ ᠪᠠᠶᠢᠴᠠᠭᠠᠬᠤ ᠬᠣᠷᠢᠶ᠎ᠠ᠂ ᠰᠢᠨᠵᠢᠶᠠᠩ ᠤᠨ ᠦᠢᠯᠡᠳᠪᠦᠷᠢᠯᠡᠯ ᠪᠦᠳᠦᠭᠡᠨ ᠪᠠᠶᠢᠭᠤᠯᠤᠯᠲᠠ ᠶᠢᠨ ᠪᠢᠩᠲ᠋ᠤᠸᠠᠨ ᠤ ᠠᠷᠠᠳ ᠤᠨ ᠪᠠᠶᠢᠴᠠᠭᠠᠬᠤ ᠬᠣᠷᠢᠶ᠎ᠠ ᠳᠤ᠄ 

ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ 《ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠤᠯᠢ》 ᠶᠢ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠬᠠᠤᠯᠢ ᠴᠠᠭᠠᠵᠠ ᠶᠢᠨ ᠬᠢᠨᠠᠯᠲᠠ ᠶᠢᠨ ᠠᠵᠢᠯ ᠤᠨ ᠴᠢᠨᠠᠷ ᠪᠠ ᠦᠷ᠎ᠡ ᠪᠦᠲᠦᠮᠵᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ ᠲᠥᠯᠥᠭᠡ᠂ 《ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠬᠡᠳ ᠶᠤᠸᠠᠢ ᠣᠪᠣᠭᠲᠤ ᠶᠢᠨ ᠬᠣᠲᠠ ᠰᠢᠶᠠᠨ ᠠᠯᠤᠰᠯᠠᠭᠰᠠᠨ ᠪᠠᠶᠢᠩᠭᠤ ᠶᠢᠨ ᠴᠢᠨᠠᠷᠲᠠᠶ ᠠᠵᠢᠯᠯᠠᠭ᠎ᠠ ᠳᠤ ᠬᠢᠨᠠᠯᠲᠠ ᠲᠠᠯᠪᠢᠬᠤ ᠶᠢ ᠭᠤᠶᠤᠴᠢᠯᠠᠭᠰᠠᠨ ᠬᠡᠷᠡᠭ》 ᠵᠡᠷᠭᠡ 6 ᠨᠡᠶᠢᠲᠡᠯᠢᠭ ᠬᠡᠷᠡᠭ ᠦᠨ ᠵᠢᠱᠢᠶ᠎ᠡ ᠶᠢ ᠲᠠ ᠨᠠᠷ ᠲᠤ ᠳᠠᠷᠤᠮᠠᠯᠯᠠᠨ ᠲᠠᠷᠬᠠᠭᠠᠵᠤ᠂   ᠬᠠᠷᠢᠴᠠᠭᠣᠯᠣᠨ ᠯᠠᠪᠯᠠᠯᠲᠠ ᠪᠣᠯᠭᠠᠭᠠᠷᠠᠢ᠃                                                     

      ᠠᠷᠠᠳ  ᠤᠨ ᠳᠡᠭᠡᠳᠦ ᠪᠠᠶᠢᠴᠠᠭᠠᠬᠤ ᠬᠣᠷᠢᠶ᠎ᠠ 

             2023 ᠣᠨ ᠤ 6 ᠰᠠᠷ᠎ᠠ ᠶᠢᠨ 26 

 

 

 

ᠬᠡᠷᠡᠭ ᠦᠨ ᠵᠢᠱᠢᠶ᠎ᠡ ᠨᠢᠭᠡ 

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠶᠤᠸᠠᠢ ᠣᠪᠣᠭᠲᠤ ᠶᠢᠨ ᠪᠠᠶᠢᠩᠭᠤ ᠶᠢᠨ

 ᠴᠢᠨᠠᠷᠲᠠᠶ ᠬᠣᠲᠠ ᠰᠢᠶᠠᠨ ᠠᠯᠤᠰᠯᠠᠭᠰᠠᠨ ᠠᠵᠢᠯᠯᠠᠭ᠎ᠠ ᠳᠤ ᠬᠢᠨᠠᠯᠲᠠ ᠲᠠᠯᠪᠢᠭᠤᠯᠬᠤ ᠪᠠᠷ ᠭᠤᠶᠤᠴᠢᠯᠠᠭᠰᠠᠨ ᠬᠡᠷᠡᠭ 

【ᠵᠠᠩᠭᠢᠯᠠᠭ᠎ᠠ ᠶᠢᠨ ᠦᠭᠡ】

ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠢᠨᠠᠯᠲᠠ ᠲᠠᠯᠪᠢᠬᠣ       ᠳᠠᠯᠠᠢ ᠲᠠᠩᠭᠢᠰ ᠵᠢᠭᠠᠰᠤᠨ ᠠᠵᠤ ᠠᠬᠤᠢ ᠳᠤ ᠬᠣᠯᠪᠣᠭᠳᠠᠬᠤ   

ᠪᠠᠶᠢᠩᠭᠤ ᠶᠢᠨ ᠴᠢᠨᠠᠷᠲᠠᠢ ᠬᠣᠲᠠ ᠰᠢᠶᠠᠨ ᠠᠯᠤᠰᠯᠠᠭᠰᠠᠨ ᠠᠵᠢᠯᠯᠠᠭ᠎ᠠ               ᠳᠦᠭᠦᠮᠴᠢᠯᠡᠭᠰᠡᠨ ᠬᠢᠨᠠᠨ  ᠵᠦᠪᠰᠢᠶᠡᠷᠡᠯᠲᠡ 

【ᠭᠣᠣᠯ ᠵᠣᠷᠢᠯᠭ᠎ᠠ】 

ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠠᠷᠠᠳ ᠲᠦᠮᠡᠨ ᠢᠶᠡᠷ ᠭᠣᠣᠯ ᠪᠣᠯᠭᠠᠬᠤ ᠶᠢ ᠪᠠᠷᠢᠮᠲᠠᠯᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠠᠤᠯᠢ ᠶᠣᠰᠣᠨ ᠤ ᠡᠷᠬᠡ ᠠᠰᠢᠭ ᠢ ᠪᠠᠲᠤᠯᠠᠬᠤ ᠶᠢ ᠴᠢᠩᠭᠠᠳᠬᠠᠬᠤ ᠬᠡᠷᠡᠭᠲᠡᠶ᠃ ᠳᠠᠯᠠᠢ ᠲᠠᠩᠭᠢᠰ ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠵᠡᠷᠭᠡ ᠣᠨᠴᠠᠭᠠᠶ ᠪᠠᠶᠢᠳᠠᠯ ᠲᠠᠶ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠡᠪ ᠦᠨ ᠠᠵᠢᠯ ᠪᠠ ᠠᠮᠢᠳᠤᠷᠠᠯ ᠤᠨ ᠬᠡᠷᠡᠭᠴᠡᠭᠡ ᠡᠴᠡ ᠪᠤᠯᠵᠤ ᠳᠠᠯᠠᠢ ᠳᠦ ᠭᠠᠷᠴᠤ ᠠᠵᠢᠯᠯᠠᠬᠤ ᠪᠠᠷ ᠭᠤᠶᠤᠴᠢᠯᠠᠬᠤ ᠵᠡᠷᠭᠡ ᠬᠣᠲᠠ ᠰᠢᠶᠠᠨ ᠠᠯᠤᠰᠯᠠᠭᠰᠠᠨ ᠪᠠᠶᠢᠩᠭᠤ ᠶᠢᠨ ᠴᠢᠨᠠᠷᠲᠠᠶ ᠠᠵᠢᠯᠯᠠᠭ᠎ᠠ ᠬᠢᠭᠰᠡᠨ ᠪᠠᠶᠢᠪᠠᠯ᠂ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠬᠢᠨᠠᠨ ᠵᠥᠪᠰᠢᠶᠡᠷᠡᠬᠦ ᠵᠢᠷᠤᠮ ᠪᠠ ᠠᠷᠭ᠎ᠠ ᠮᠠᠶ᠋ᠢᠭ ᠢ ᠳᠥᠭᠥᠮᠴᠢᠯᠡᠬᠦ ᠶᠢ ᠬᠠᠤᠯᠢ ᠶᠣᠰᠣᠭᠠᠷ ᠲᠦᠯᠬᠢᠨ ᠠᠬᠢᠭᠤᠯᠵᠤ ᠪᠣᠯᠤᠨ᠎ᠠ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠯᠤᠭ᠎ᠠ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠤᠯᠠᠨ ᠵᠦᠢᠯ ᠦᠨ ᠠᠵᠢᠯ ᠤᠨ ᠠᠷᠭ᠎ᠠ ᠮᠠᠶ᠋ᠢᠭ ᠢ ᠶᠡᠷᠦᠩᠬᠡᠶᠢᠯᠡᠨ ᠬᠡᠷᠡᠭᠯᠡᠵᠦ᠂ ᠪᠠᠶᠢᠩᠭᠤ ᠶᠢᠨ ᠴᠢᠨᠠᠷᠲᠠᠶ ᠬᠣᠲᠠ ᠰᠢᠶᠠᠨ ᠠᠯᠤᠰᠯᠠᠭᠰᠠᠨ ᠠᠵᠢᠯᠯᠠᠭ᠎ᠠ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠢᠨᠠᠯᠲᠠ ᠬᠠᠮᠢᠶᠠᠷᠤᠯᠲᠠ ᠶᠢᠨ ᠬᠦᠴᠢᠷᠳᠡᠯ ᠢ ᠬᠠᠮᠲᠤ ᠪᠠᠷ ᠰᠢᠶᠳᠪᠦᠷᠢᠯᠡᠵᠦ᠂ ᠪᠠᠶᠢᠴᠠᠭᠠᠬᠤ ᠬᠢᠨᠠᠯᠲᠠ ᠲᠠᠯᠪᠢᠬᠤ ᠪᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯ ᠤᠨ ᠬᠣᠶᠠᠷ ᠲᠠᠯ᠎ᠠ ᠪᠠᠷ ᠢᠶᠠᠨ ᠠᠰᠢᠭ ᠬᠦᠷᠳᠡᠵᠦ ᠤᠯᠠᠨ ᠲᠠᠯ᠎ᠠ ᠪᠠᠷ ᠠᠰᠢᠭ ᠬᠦᠷᠳᠡᠵᠦ ᠬᠠᠮᠲᠤ ᠪᠠᠷ ᠠᠰᠢᠭ ᠬᠦᠷᠳᠡᠬᠦ ᠶᠢ ᠪᠡᠶᠡᠯᠡᠭᠦᠯᠬᠦ ᠬᠡᠷᠡᠭᠲᠡᠶ᠃ 

【ᠬᠡᠷᠡᠭ ᠦᠨ ᠦᠨᠳᠦᠰᠦᠨ ᠪᠠᠶᠢᠳᠠᠯ】

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠶᠤᠸᠠᠢ ᠣᠪᠣᠭᠲᠤ᠂ ᠡᠷᠡᠭᠲᠡᠶ᠂ 1992 ᠣᠨ ᠤ 4 ᠰᠠᠷ᠎ᠠ ᠳᠤ ᠲᠦᠷᠦᠵᠠᠢ᠂ ᠵᠧᠵᠢᠶᠠᠩ ᠮᠤᠵᠢ ᠶᠢᠨ ᠳ᠋ᠠᠶ ᠱᠠᠨ ᠰᠢᠶᠠᠨ ᠤ ᠵᠢᠭᠠᠰᠤᠴᠢᠨ᠃ 2022 ᠣᠨ ᠤ 6 ᠰᠠᠷ᠎ᠠ ᠶᠢᠨ 17 ᠤ ᠡᠳᠦᠷ ᠂ ᠶᠤᠸᠠᠢ ᠣᠪᠣᠭᠲᠤ ᠮᠡᠳᠡᠭᠡ ᠵᠠᠩᠭᠢ ᠶᠢᠨ ᠰᠦᠯᠵᠢᠶ᠎ᠡ ᠶᠢ ᠬᠠᠪᠰᠤᠷᠤᠭᠰᠠᠨ ᠶᠠᠯᠠᠲᠤ ᠠᠵᠢᠯᠯᠠᠭ᠎ᠠ ᠬᠢᠭᠰᠡᠨ ᠡᠴᠡ ᠪᠣᠯᠵᠣ ᠭᠢᠷᠢᠨ ᠮᠤᠵᠢ ᠶᠢᠨ ᠶᠦᠩ ᠵᠢᠶ ᠰᠢᠶᠠᠨ ᠤ ᠠᠷᠠᠳ ᠤᠨ ᠰᠢᠭᠦᠬᠦ ᠬᠣᠷᠢᠶᠠᠨ ᠳᠤ ᠨᠢᠭᠡ ᠵᠢᠯ ᠦᠨ ᠬᠤᠭᠤᠴᠠᠭ᠎ᠠ ᠲᠠᠶ ᠬᠣᠷᠢᠬᠤ ᠡᠷᠡᠭᠦᠸ ᠪᠡᠷ ᠰᠢᠳᠬᠡᠭᠳᠡᠵᠦ ᠂ ᠡᠷᠡᠭᠦᠸ ᠰᠢᠳᠬᠡᠯ ᠢ ᠨᠢ ᠬᠣᠶᠠᠷ ᠵᠢᠯ ᠬᠣᠶᠢᠰᠢᠯᠠᠭᠤᠯᠬᠤ ᠪᠠᠷ ᠵᠠᠷᠯᠠᠵᠤ ᠂ ᠠᠷᠠᠳ ᠤᠨ ᠵᠣᠭᠣᠰ  ᠳᠥᠷᠪᠡᠨ ᠮᠢᠩᠭᠠᠨ ᠲᠥᠭᠥᠷᠢᠭ ᠢᠶᠡᠷ ᠲᠣᠷᠭᠠᠪᠠ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ ᠨᠢ 2022 ᠣᠨ ᠤ 6 ᠰᠠᠷ᠎ᠠ ᠶᠢᠨ 28 ᠤ ᠡᠳᠦᠷ ᠡᠴᠡ ᠡᠬᠢᠯᠡᠵᠦ 2024 ᠣᠨ ᠤ 6 ᠰᠠᠷ᠎ᠠ ᠶᠢᠨ 27 ᠤ ᠡᠳᠦᠷ ᠳᠠᠭᠤᠰᠤᠨ᠎ᠠ᠃ ᠶᠤᠸᠠᠢ ᠣᠪᠣᠭᠲᠤ ᠵᠧᠵᠢᠶᠠᠩ ᠮᠤᠵᠢ ᠶᠢᠨ ᠳ᠋ᠠᠶ ᠱᠠᠨ ᠰᠢᠶᠠᠨ ᠤ ᠨᠢᠭᠡᠨ ᠪᠠᠯᠭᠠᠰᠤᠨ ᠤ ᠬᠠᠤᠯᠢ ᠴᠠᠭᠠᠵᠠ ᠶᠢᠨ ᠰᠠᠯᠪᠣᠷᠢ  ᠳᠤ ᠨᠡᠶᠢᠭᠡᠮ ᠲᠣᠭᠣᠷᠢᠭ ᠤᠨ ᠵᠠᠰᠠᠮᠵᠢᠯᠠᠯ ᠢ ᠬᠦᠯᠢᠶᠡᠵᠦ᠂ ᠰᠢᠯᠭᠠᠬᠤ ᠬᠤᠭᠤᠴᠠᠭᠠᠨ ᠳᠠᠭᠠᠨ ᠬᠠᠤᠯᠢ ᠰᠠᠬᠢᠯᠭ᠎ᠠ ᠶᠢ ᠵᠢᠷᠤᠮᠯᠠᠨ ᠰᠠᠬᠢᠵᠤ᠂ ᠬᠢᠨᠠᠯᠲᠠ ᠬᠠᠮᠢᠶᠠᠷᠤᠯᠲᠠ ᠶᠢ ᠳᠠᠭᠠᠵᠤ᠂ ᠢᠯᠡᠷᠡᠯ ᠨᠢ ᠮᠠᠰᠢ ᠰᠠᠢᠨ ᠪᠠᠶᠢᠪᠠ᠃ 

2022 ᠣᠨ ᠤ 8 ᠰᠠᠷ᠎ᠠ ᠳᠤ ᠂ ᠵᠧᠵᠢᠶᠠᠩ ᠮᠤᠵᠢ ᠶᠢᠨ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠶᠤᠸᠠᠢ ᠣᠪᠣᠭᠲᠤ ᠶᠢᠨ ᠭᠤᠶᠤᠴᠢᠯᠠᠯ ᠢ ᠦᠨᠳᠦᠰᠦᠯᠡᠨ ᠂ ᠪᠠᠶᠢᠴᠠᠭᠠᠨ ᠬᠠᠷᠭᠤᠭᠤᠯᠬᠤ ᠪᠠᠷ ᠳᠡᠮᠵᠢᠨ ᠂ ᠳ᠋ᠠᠶ ᠱᠠᠨ ᠰᠢᠶᠠᠨ ᠤ ᠬᠠᠸᠯᠢ ᠴᠠᠭᠠᠵᠠ ᠶᠢᠨ ᠲᠣᠪᠴᠢᠶ᠎ᠠ ᠲᠠᠶ ᠭᠦᠶᠴᠡᠳ ᠨᠡᠪᠲᠡᠷᠡᠯᠴᠡᠵᠦ ᠂ ᠦᠨᠡᠨ ᠬᠦ ᠬᠡᠷᠡᠭᠵᠢᠭᠦᠯᠵᠦ ᠪᠣᠯᠬᠤ ᠬᠢᠨᠠᠨ ᠬᠠᠮᠢᠶᠠᠷᠴᠤ ᠬᠢᠨᠠᠯᠲᠠ ᠲᠠᠯᠪᠢᠬᠤ ᠠᠷᠭ᠎ᠠ ᠬᠡᠮᠵᠢᠶ᠎ᠡ ᠶᠢ ᠲᠣᠭᠲᠠᠭᠠᠭᠰᠠᠨ ᠤ ᠳᠠᠷᠠᠭ᠎ᠠ ᠂ ᠳ᠋ᠠᠶ ᠱᠠᠨ ᠰᠢᠶᠠᠨ ᠤ ᠬᠠᠸᠯᠢ ᠴᠠᠭᠠᠵᠠ ᠶᠢᠨ ᠲᠣᠪᠴᠢᠶ᠎ᠠ ᠳᠤ ᠶᠤᠸᠠᠢ ᠣᠪᠣᠭᠲᠤ ᠶᠢᠨ ᠬᠣᠲᠠ ᠰᠢᠶᠠᠨ ᠠᠯᠤᠰᠯᠠᠨ ᠦᠷᠭᠦᠯᠵᠢ ᠲᠡᠯᠡᠶ ᠳᠦ ᠭᠠᠷᠴᠤ ᠠᠵᠢᠯᠯᠠᠬᠤ ᠭᠤᠶᠤᠴᠢᠯᠠᠯ ᠢ ᠬᠠᠸᠯᠢ ᠶᠣᠰᠣᠭᠠᠷ ᠴᠠᠭ ᠲᠤᠬᠠᠶ ᠳᠤᠨᠢ ᠵᠥᠪᠰᠢᠶᠡᠷᠡᠬᠦ ᠶᠢ ᠰᠠᠨᠠᠭᠤᠯᠪᠠ ᠃ ᠶᠤᠸᠠᠢ ᠣᠪᠣᠭᠲᠤ ᠳᠠᠯᠠᠶ ᠳᠦ ᠭᠠᠷᠴᠤ ᠵᠢᠭᠠᠰᠤ ᠠᠩᠨᠠᠬᠤ ᠵᠥᠪᠰᠢᠶᠡᠷᠡᠯ ᠣᠯᠤᠭᠰᠠᠨ ᠬᠤᠭᠤᠴᠠᠭᠠᠨ ᠳᠠᠭᠠᠨ ᠡᠯ᠎ᠡ ᠵᠦᠢᠯ ᠦᠨ ᠬᠢᠨᠠᠯᠲᠠ ᠬᠠᠮᠢᠶᠠᠷᠤᠯᠲᠠ ᠶᠢᠨ ᠲᠣᠭᠲᠠᠭᠠᠯ ᠢ ᠵᠢᠷᠤᠮᠯᠠᠨ ᠂ ᠳᠠᠯᠠᠶ ᠳᠦ ᠭᠠᠷᠴᠤ ᠵᠢᠭᠠᠰᠤ ᠠᠩᠨᠠᠬᠤ ᠪᠠᠷ ᠳᠡᠮᠵᠢᠨ ᠠᠵᠤ ᠠᠬᠤᠶ ᠶᠢᠨ ᠣᠷᠣᠯᠭ᠎ᠠ ᠣᠯᠵᠤ ᠂ ᠠᠮᠢᠳᠤᠷᠠᠯ ᠤᠨ ᠬᠦᠴᠢᠷᠳᠡᠯ ᠢᠶᠡᠨ ᠰᠢᠶᠳᠪᠦᠷᠢᠯᠡᠵᠡᠶ ᠃ 

【ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠶᠠᠪᠤᠴᠠ】 

ᠰᠦᠪᠡᠭᠴᠢ  ᠶᠢ ᠢᠯᠡᠷᠡᠭᠦᠯᠦᠭᠰᠡᠨ᠄ 2022 ᠣᠨ ᠤ 8 ᠰᠠᠷ᠎ᠠ ᠶᠢᠨ 28 ᠤ ᠡᠳᠦᠷ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠶᠤᠸᠠᠢ ᠣᠪᠣᠭᠲᠤ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶᠠᠨ ᠳᠤ ᠬᠡᠯᠡᠬᠦ ᠳᠡᠭᠡᠨ ᠂ ᠲᠡᠷᠡ ᠦᠨᠳᠦᠰᠦᠨ ᠠᠮᠢᠳᠤᠷᠠᠯ ᠢᠶᠠᠨ ᠪᠠᠲᠤᠯᠠᠬᠤ ᠬᠡᠷᠡᠭᠴᠡᠭᠡ ᠡᠴᠡ ᠪᠣᠯᠵᠤ ᠂ ᠳ᠋ᠠᠶ ᠱᠠᠨ ᠰᠢᠶᠠᠨ ᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠬᠣᠲᠠ ᠰᠢᠶᠠᠨ ᠠᠯᠤᠰᠯᠠᠨ ᠦᠷᠭᠦᠯᠵᠢ ᠳᠠᠯᠠᠶ ᠳᠦ ᠭᠠᠷᠴᠤ ᠵᠢᠭᠠᠰᠤ ᠠᠩᠨᠠᠬᠤ ᠪᠠᠷ ᠭᠤᠶᠤᠴᠢᠯᠠᠭᠰᠠᠨ ᠪᠣᠯᠪᠠᠴᠤ ᠴᠠᠭ ᠲᠤᠬᠠᠶ ᠳᠤᠨᠢ ᠲᠣᠳᠣᠷᠬᠠᠶ ᠬᠢᠨᠠᠨ ᠵᠥᠪᠰᠢᠶᠡᠷᠡᠭᠰᠡᠨ ᠦᠷ᠎ᠡ ᠳ᠋ᠦᠩ  ᠢ ᠣᠯᠵᠤ ᠴᠢᠳᠠᠭᠰᠠᠨ ᠦᠭᠡᠶ ᠤᠴᠢᠷ  ᠠᠴᠠ ᠵᠢᠭᠠᠰᠤ ᠠᠩᠨᠠᠬᠤ ᠬᠤᠭᠤᠴᠠᠭᠠᠨ ᠳᠤ ᠣᠩᠭᠣᠴᠠ ᠪᠠᠨ ᠳᠠᠭᠠᠵᠤ ᠳᠠᠯᠠᠶ ᠳᠦ ᠭᠠᠷᠬᠤ  ᠶᠢᠨ ᠠᠷᠭ᠎ᠠ ᠦᠭᠡᠶ ᠪᠣᠯᠵᠤ ᠂ ᠬᠡᠪ ᠦᠨ ᠠᠮᠢᠳᠤᠷᠠᠯ  ᠢ ᠨᠥᠯᠥᠭᠡᠯᠡᠵᠦ ᠮᠡᠳᠡᠬᠦ ᠤᠴᠢᠷ  ᠠᠴᠠ ᠪᠠᠶᠢᠴᠠᠭᠠᠬᠤ ᠪᠠᠶᠢᠭᠤᠯᠤᠯᠭ᠎ᠠ ᠳᠤ ᠬᠠᠤᠯᠢ ᠶᠣᠰᠣᠭᠠᠷ ᠬᠢᠨᠠᠯᠲᠠ ᠲᠠᠯᠪᠢᠭᠤᠯᠬᠤ ᠪᠠᠷ ᠭᠤᠶᠤᠴᠢᠯᠠᠵᠠᠶ ᠭᠡᠵᠡᠶ ᠃ 

ᠪᠠᠶᠢᠴᠠᠭᠠᠨ ᠬᠠᠷᠭᠤᠭᠤᠯᠬᠰᠠᠨ᠄ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠭᠤᠶᠤᠴᠢᠯᠠᠯ ᠢ ᠰᠢᠶᠳᠪᠦᠷᠢᠯᠡᠬᠦ ᠪᠡᠷ ᠭᠥᠯᠢᠶᠡᠨ ᠠᠪᠤᠭᠰᠠᠨ ᠤ ᠳᠠᠷᠠᠭ᠎ᠠ ᠂ ᠳᠣᠸᠷᠠᠬᠢ ᠮᠡᠲᠦ ᠪᠠᠶᠢᠴᠠᠭᠠᠨ ᠬᠠᠷᠭᠤᠭᠤᠯᠬᠤ ᠠᠵᠢᠯ ᠢ ᠥᠷᠨᠢᠭᠦᠯᠪᠡ ᠄ ᠨᠢᠭᠡ ᠳᠦ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭ ᠲᠤᠬᠠᠶ ᠳᠤᠨᠢ ᠵᠥᠪᠰᠢᠶᠡᠷᠡᠬᠦ ᠲᠣᠭᠲᠠᠭᠠᠯ ᠭᠠᠷᠭᠠᠭᠰᠠᠨ ᠥᠬᠡᠶ ᠰᠢᠯᠲᠠᠭᠠᠨ ᠢ ᠣᠶᠢᠯᠠᠭᠠᠪᠠ ᠃ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ  ᠠᠴᠠ ᠶᠤᠸᠠᠢ ᠣᠪᠣᠭᠲᠤ  ᠶᠢᠨ ᠳᠠᠯᠠᠶ ᠳᠦ ᠭᠠᠷᠴᠤ ᠵᠢᠭᠠᠰᠤ ᠠᠩᠨᠠᠬᠤ ᠪᠠᠷ ᠭᠤᠶᠤᠴᠢᠯᠠᠭᠰᠠᠨ ᠣᠩᠭᠣᠴᠠ ᠪᠣᠯ ᠭᠠᠳᠠᠷ ᠮᠤᠵᠢ  ᠶᠢᠨ ᠬᠠᠷᠢᠶ᠎ᠠ  ᠲᠠᠶ ᠵᠢᠭᠠᠰᠤ ᠠᠩᠨᠠᠬᠤ ᠣᠩᠭᠣᠴᠠ ᠮᠥᠨ ᠂ ᠪᠠᠰᠠ ᠣᠷᠣᠨ ᠠᠯᠤᠰᠯᠠᠨ ᠵᠢᠭᠠᠰᠤ ᠠᠩᠨᠠᠬᠤ ᠠᠵᠢᠯ ᠮᠥᠨ ᠪᠣᠯᠬᠣᠷ ᠬᠢᠨᠠᠨ ᠬᠠᠮᠢᠶᠠᠷᠬᠤ ᠳᠤ ᠶᠡᠬᠡ ᠬᠦᠴᠢᠷ ᠲᠡᠶ ᠂ ᠬᠠᠮᠢᠶᠠᠷᠤᠯᠲᠠ  ᠠᠴᠠ ᠰᠠᠯᠬᠤ ᠪᠤᠶᠤ ᠳᠠᠭᠢᠵᠤ ᠶᠠᠯ᠎ᠠ ᠬᠢᠬᠦ ᠵᠡᠷᠭᠡ ᠪᠠᠶᠢᠳᠠᠯ ᠠᠮᠠᠷᠬᠠᠨ ᠭᠠᠷᠤᠨ᠎ᠠ ᠭᠡᠵᠦ ᠦᠵᠡᠪᠡ ᠃ ᠬᠣᠶᠠᠷ ᠲᠤ ᠶᠤᠸᠠᠢ ᠣᠪᠣᠭᠲᠤ ᠶᠢᠨ ᠪᠠᠶᠢᠩᠭᠤ ᠶᠢᠨ ᠴᠢᠨᠠᠷᠲᠠᠶ ᠬᠣᠲᠠ ᠰᠢᠶᠠᠨ ᠠᠯᠤᠰᠯᠠᠨ ᠳᠠᠯᠠᠶ ᠳᠦ ᠭᠠᠷᠴᠤ ᠠᠵᠢᠯᠯᠠᠬᠤ ᠶᠢ ᠭᠤᠶᠤᠴᠢᠯᠠᠬᠤ ᠶᠢᠨ ᠴᠢᠬᠤᠯᠠ ᠴᠢᠨᠠᠷ ᠢ ᠣᠶᠢᠯᠠᠭᠠᠪᠠ ᠃ ᠶᠤᠸᠠᠢ ᠣᠪᠣᠭᠲᠤ ᠶᠢᠨ ᠭᠡᠷ ᠪᠦᠯᠢ ᠶᠢᠨ ᠪᠠᠶᠢᠳᠠᠯ ᠤᠨ ᠮᠡᠳᠡᠭᠡ ᠵᠠᠩᠭᠢ ᠂ ᠨᠡᠶᠢᠭᠡᠮ ᠦᠨ ᠪᠠᠲᠤᠯᠠᠭ᠎ᠠ ᠂ ᠡᠮᠴᠢᠯᠡᠭᠡᠨ ᠦ ᠳᠠᠩᠰᠠ ᠡᠪᠬᠡᠮᠡᠯ ᠂ ᠣᠩᠭᠣᠴᠠᠴᠢᠨ ᠤ ᠦᠨᠡᠮᠯᠡᠯ ᠵᠡᠷᠭᠡ ᠮᠠᠲ᠋ᠧᠷᠢᠶᠠᠯ ᠢ ᠰᠢᠯᠵᠢᠭᠦᠯᠦᠨ ᠠᠪᠴᠢᠷᠠᠬᠤ ᠪᠠᠷ ᠳᠡᠮᠵᠢᠨ ᠂ ᠶᠤᠸᠠᠢ ᠣᠪᠣᠭᠲᠤ ᠵᠢᠴᠢ ᠲᠡᠭᠦᠨ ᠦ ᠲᠥᠷᠥᠯ ᠰᠠᠳᠤᠨ ᠂ ᠬᠥᠯᠥᠰᠥᠯᠡᠭᠳᠡᠭᠰᠡᠨ ᠣᠩᠭᠣᠴᠠᠨ ᠤ ᠳᠠᠷᠤᠭ᠎ᠠ ᠵᠡᠷᠭᠡ ᠬᠥᠮᠦᠰ ᠡᠴᠡ ᠯᠠᠪᠯᠠᠨ ᠠᠰᠠᠭᠤᠬᠤ ᠳᠤ ᠂ ᠶᠤᠸᠠᠢ ᠣᠪᠣᠭᠲᠤ ᠶᠢᠨ ᠵᠡᠭᠦᠨ ᠲᠠᠯ᠎ᠠ ᠶᠢᠨ ᠪᠡᠶ᠎ᠡ ᠨᠢ ᠬᠦᠴᠦ ᠥᠬᠡᠶ ᠮᠥᠷᠲᠡᠭᠡᠨ ᠡᠬᠡ ᠬᠠᠭᠤᠷᠠᠶ ᠳᠤ ᠠᠵᠢᠯᠯᠠᠭᠰᠠᠨ ᠶᠠᠮᠠᠷ ᠴᠤ ᠥᠩᠭᠡᠷᠡᠯᠲᠡ ᠥᠬᠡᠶ ᠂  ᠡᠬᠡ ᠬᠠᠭᠤᠷᠠᠶ ᠳᠡᠭᠡᠷ᠎ᠡ ᠲᠣᠬᠢᠷᠠᠮᠵᠢᠲᠠᠶ ᠠᠵᠢᠯ ᠤᠨ ᠪᠠᠶᠢᠷᠢ ᠤᠯᠬᠤ ᠳᠤ ᠬᠦᠴᠢᠷᠲᠡᠶ ᠪᠣᠯᠪᠠᠴᠤ ᠬᠢᠷᠢ ᠲᠡᠩᠴᠡᠭᠰᠡᠨ ᠪᠥᠭᠡᠳ ᠬᠦᠴᠦᠨ ᠲᠡᠶ ᠣᠩᠭᠣᠴᠠᠴᠢᠨ ᠤ ᠦᠨᠡᠮᠯᠡᠯ ᠲᠡᠶ ᠪᠠᠶᠢᠵᠤ ᠂ ᠦᠨᠳᠦᠰᠦᠨ ᠠᠮᠤᠷ ᠲᠦᠪᠰᠢᠨ ᠦ ᠪᠣᠯᠪᠠᠰᠤᠷᠠᠯ ᠪᠠ ᠰᠢᠯᠭᠠᠯᠲᠠ ᠳᠤ ᠬᠢᠷᠢ ᠲᠡᠩᠴᠡᠵᠦ᠂ ᠡᠩ ᠦᠨ ᠣᠩᠭᠣᠴᠠᠴᠢᠨ ᠤ ᠠᠵᠢᠯ ᠢ ᠡᠷᠭᠢᠯᠡᠬᠦ ᠬᠢᠷᠢ ᠬᠡᠮ ᠦᠨ ᠨᠥᠬᠥᠴᠡᠯ ᠢ ᠪᠦᠷᠢᠯᠳᠦᠭᠦᠯᠦᠭᠰᠡᠨ ᠪᠣᠯᠬᠣᠷ ᠣᠩᠭᠣᠴᠠᠨ ᠳᠡᠭᠡᠷᠡᠬᠢ ᠬᠣᠯᠪᠣᠭᠳᠠᠯ ᠪᠥᠬᠥᠶ ᠠᠵᠢᠯ ᠢ ᠡᠭᠦᠷᠭᠡᠯᠡᠵᠦ ᠳᠡᠶᠢᠯᠬᠦ ᠶᠢ ᠣᠶᠢᠯᠠᠭᠠᠪᠠ ︔ ᠣᠩᠭᠣᠴᠠᠨ ᠤ ᠳᠠᠷᠤᠭ᠎ᠠ ᠾᠧ ᠣᠪᠣᠭᠲᠤ ᠣᠩᠭᠣᠴᠠᠨ ᠳᠡᠭᠡᠷ᠎ᠡ ᠲᠡᠭᠦᠨ ᠳᠦ ᠲᠣᠬᠢᠷᠠᠮᠵᠢᠲᠠᠶ ᠠᠵᠢᠯ ᠤᠨ ᠪᠠᠶᠢᠷᠢ ᠬᠠᠩᠭᠠᠬᠤ ᠳᠤᠷᠠᠲᠠᠶ ︔ ᠶᠠᠯ᠎ᠠ ᠬᠢᠭᠰᠡᠨ ᠦ ᠲᠠᠷᠠᠭ᠎ᠠ᠂ ᠶᠤᠸᠠᠢ ᠣᠪᠣᠭᠲᠤ ᠣᠷᠣᠯᠭ᠎ᠠ ᠶᠢᠨ ᠢᠷᠡᠯᠳᠡ ᠪᠡᠨ ᠠᠯᠳᠠᠵᠤ᠂ ᠡᠳᠦᠷ ᠲᠤᠳᠤᠮ ᠤᠨ ᠠᠮᠢᠳᠤᠷᠠᠯ ᠨᠢ ᠦᠨᠳᠦᠰᠦᠨ ᠳᠡᠭᠡᠨ ᠲᠦᠷᠤᠯ ᠰᠠᠳᠤᠨ ᠨᠠᠶᠢᠵᠠ ᠨᠥᠬᠥᠳ ᠦᠨ ᠢᠶᠡᠨ ᠲᠡᠳᠬᠦᠮᠵᠢ᠂ ᠨᠡᠶᠢᠭᠡᠮ ᠲᠣᠭᠣᠷᠢᠭ ᠤᠨ ᠲᠤᠰᠠᠯᠠᠮᠵᠢ ᠳᠤ ᠲᠦᠰᠢᠭᠯᠡᠵᠦ᠂ ᠠᠵᠢᠯ ᠢᠶᠠᠷ ᠢᠶᠠᠨ ᠬᠡᠪ ᠦᠨ ᠠᠮᠢᠳᠤᠷᠠᠯ ᠢᠶᠠᠨ ᠠᠷᠭᠠᠴᠠᠬᠤ ᠶᠢ ᠲᠤᠯᠭᠠᠮ᠎ᠠ ᠱᠠᠭᠠᠷᠳᠠᠵᠤ ᠪᠠᠶᠢᠪᠠ᠃ ᠭᠤᠷᠪᠠ ᠳᠤ ᠲᠡᠯᠡᠶ ᠳᠡᠭᠡᠷ᠎ᠡ ᠠᠵᠢᠯᠯᠠᠬᠤ ᠬᠤᠭᠤᠴᠠᠭᠠᠨ ᠳᠠᠬᠢ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠢᠨᠠᠯᠲᠠ ᠬᠠᠮᠢᠶᠠᠷᠤᠯᠲᠠ ᠶᠢᠨ ᠪᠣᠯᠤᠮᠵᠢᠲᠤ ᠴᠢᠨᠠᠷ ᠢ ᠣᠶᠢᠯᠠᠭᠠᠪᠠ ᠃ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠶᠤᠸᠠᠢ ᠣᠪᠣᠭᠲᠤ ᠶᠢᠨ ᠭᠠᠳᠠᠷ ᠮᠤᠵᠢ ᠳᠤ ᠨᠤᠲᠤᠭ ᠲᠠᠶ ᠣᠩᠭᠣᠴᠠ ᠰᠠᠯ ᠤᠨ ᠬᠠᠮᠢᠶᠠᠷᠤᠯᠲᠠ ᠶᠢᠨ ᠭᠠᠵᠠᠷ ᠤᠨ ᠳᠠᠯᠠᠶ ᠲᠠᠩᠭᠢᠰ ᠪᠣᠯᠤᠨ ᠵᠢᠭᠠᠰᠤᠨ ᠠᠵᠤ ᠠᠬᠤᠶ ᠶᠢᠨ ᠰᠠᠯᠠᠭ᠎ᠠ ᠮᠥᠴᠢᠷ ᠲᠡᠶ ᠰᠠᠨᠠᠭᠠᠴᠢᠯᠠᠭ᠎ᠠ ᠠᠴᠠ ᠪᠠᠨ ᠬᠠᠷᠢᠯᠴᠠᠵᠤ ᠂ ᠣᠩᠭᠣᠴᠠ ᠰᠠᠯ ᠤᠨ ᠮᠡᠳᠡᠭᠡ ᠵᠠᠩᠭᠢ᠂ ᠣᠨ ᠤ ᠪᠠᠶᠢᠴᠠᠭᠠᠯᠲᠠ ᠶᠢᠨ ᠦᠨᠡᠮᠯᠡᠯ ᠪᠣᠯᠤᠨ ᠲᠠᠯᠠᠢ ᠳᠡᠭᠡᠷᠡᠬᠢ ᠬᠢᠨᠠᠨ ᠬᠠᠮᠢᠶᠠᠷᠤᠯᠲᠠ ᠶᠢᠨ ᠪᠠᠶᠢᠳᠠᠯ ᠢ ᠬᠢᠨᠠᠨ ᠬᠠᠷᠭᠤᠭᠤᠯᠵᠤ᠂ ᠶᠤᠸᠠᠢ ᠣᠪᠣᠭᠲᠤ ᠶᠢᠨ ᠲᠠᠯᠠᠢ ᠳᠦ ᠭᠠᠷᠬᠤ ᠠᠵᠢᠯ ᠬᠢᠬᠦ ᠣᠩᠭᠣᠴᠠ ᠰᠠᠯ ᠤᠨ ᠣᠨ ᠤ ᠪᠠᠶᠢᠴᠠᠭᠠᠯᠲᠠ ᠶᠢᠨ ᠬᠢᠨᠠᠯᠲᠠ ᠳᠤ ᠬᠢᠷᠢ ᠲᠡᠩᠴᠡᠪᠡᠯ᠂ ᠲᠠᠯᠠᠢ ᠳᠡᠭᠡᠷᠡᠬᠢ ᠨᠠᠢᠮᠠᠯᠵᠢ ᠠᠩᠨᠠᠬᠤ ᠠᠵᠢᠯ ᠢ ᠬᠢᠵᠦ ᠪᠣᠯᠬᠤ ᠮᠥᠷᠲᠡᠭᠡᠨ ᠳᠣᠬᠢᠭᠤᠷ ᠲᠤᠯᠤᠭᠠᠨ ᠤᠳᠤ ᠨᠡᠷᠡᠮᠵᠢᠲᠦ ᠳᠠᠭᠠᠭᠤᠯᠢ ᠤᠳᠤᠨ ᠤ ᠣᠷᠣᠨ ᠪᠠᠶᠢᠷᠢ ᠲᠣᠭᠲᠠᠭᠠᠬᠤ ᠰᠢᠰᠲ᠋ᠧᠮ ᠢ ᠤᠭᠰᠠᠷᠠᠵᠤ᠂ ᠲᠠᠯᠠᠢ ᠲᠠᠩᠭᠢᠰ ᠪᠣᠯᠤᠨ ᠵᠢᠭᠠᠰᠤᠨ ᠠᠵᠤ ᠠᠬᠤᠶ ᠶᠢᠨ ᠰᠠᠯᠠᠭ᠎ᠠ ᠮᠥᠴᠢᠷ ᠡᠴᠡ ᠣᠩᠭᠣᠴᠠ ᠰᠠᠯ ᠤᠨ ᠠᠵᠢᠯᠯᠠᠭᠠᠨ ᠤ ᠪᠠᠶᠢᠳᠠᠯ ᠢ ᠪᠦᠲᠦᠮᠵᠢᠲᠡᠶ ᠪᠡᠷ ᠬᠢᠨᠠᠨ ᠬᠠᠮᠢᠶᠠᠷᠴᠤ ᠪᠣᠯᠬᠤ ᠶᠢ ᠣᠶᠢᠯᠠᠭᠠᠪᠠ᠃ ᠣᠯᠠᠨ ᠲᠠᠯ᠎ᠠ ᠶᠢᠨ ᠴᠢᠷᠮᠠᠶᠢᠯᠭ᠎ᠠ ᠪᠠᠷ ᠳᠡᠮᠵᠢᠨ ᠂ ᠬᠣᠯᠪᠣᠭᠳᠠᠯ ᠪᠥᠬᠥᠶ ᠣᠩᠭᠣᠴᠠ ᠰᠠᠯ ᠤᠨ ᠦᠨᠡᠮᠯᠡᠯ ᠂ ᠠᠶᠠᠯᠠᠯ ᠤᠨ ᠵᠠᠮ ᠮᠥᠷ ᠵᠡᠷᠭᠡ ᠬᠢᠨᠠᠨ ᠬᠠᠮᠢᠶᠠᠷᠤᠯᠲᠠ ᠶᠢᠨ ᠲᠣᠭ᠎ᠠ ᠪᠠᠷᠢᠮᠲᠠ ᠶᠢᠨ ᠮᠡᠳᠡᠭᠡ ᠵᠠᠩᠭᠢ ᠶᠢ ᠵᠧᠸᠱᠠᠨ ᠬᠣᠲᠠ ᠶᠢᠨ ︽ ᠳᠠᠯᠠᠢ ᠲᠠᠩᠭᠢᠰ ᠂ ᠵᠢᠭᠠᠰᠤᠨ ᠠᠵᠤ ᠠᠬᠤᠢ  ᠳᠤ ᠬᠣᠯᠪᠣᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠭᠠᠳᠠᠭᠰᠢ ᠭᠠᠷᠬᠤ ᠠᠵᠢᠯᠯᠠᠭ᠎ᠠ ᠶᠢ ᠬᠠᠮᠲᠤᠷᠠᠨ ᠬᠠᠮᠢᠶᠠᠷᠤᠨ ᠡᠵᠡᠮᠳᠡᠬᠦ ᠲᠠᠪᠴᠠᠩ ︾ ᠳ᠋ᠤ ᠵᠠᠯᠭᠠᠨ ᠣᠷᠣᠭᠤᠯᠵᠤ ᠂ ᠣᠩᠭᠣᠴᠠ ᠰᠠᠯ ᠤᠨ ᠣᠷᠣᠨ ᠪᠠᠶᠢᠷᠢ ᠂ ᠠᠶᠠᠯᠠᠯ ᠤᠨ ᠵᠠᠮ ᠮᠥᠷ ᠢ ᠴᠠᠭ ᠲᠤᠬᠠᠶ ᠳᠤᠨᠢ ᠬᠢᠨᠠᠨ ᠡᠵᠡᠮᠳᠡᠬᠦ ᠂ ᠬᠠᠷᠭᠤᠭᠤᠯᠤᠨ ᠪᠠᠶᠢᠴᠠᠭᠠᠬᠤ ᠵᠡᠷᠭᠡ ᠴᠢᠳᠠᠮᠵᠢ ᠶᠢ ᠪᠡᠶᠡᠯᠡᠭᠦᠯᠪᠡ ︔ ᠣᠩᠭᠣᠴᠠᠨ ᠤ ᠳᠠᠷᠤᠭ᠎ᠠ ᠾᠧ ᠣᠪᠣᠭᠲᠤ ᠪᠣᠯᠤᠨ ᠶᠤᠸᠠᠢ ᠣᠪᠣᠭᠲᠤ ᠠᠯᠪᠠᠨ ᠶᠣᠰᠣᠨ ᠤ ᠭᠡᠷ᠎ᠡ ᠲᠣᠭᠲᠠᠭᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢ ᠬᠠᠪᠰᠤᠷᠴᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯ ᠢ ᠰᠠᠶᠢᠲᠤᠷ ᠬᠢᠨ᠎ᠠ ᠭᠡᠵᠦ ᠪᠢᠴᠢᠭ ᠢᠶᠡᠷ ᠠᠮᠠᠯᠠᠵᠠᠶ᠃ ᠳᠥᠷᠪᠡ ᠳᠦ ᠶᠤᠸᠠᠢ ᠣᠪᠣᠭᠲᠤ ᠶᠢᠨ ᠨᠡᠶᠢᠭᠡᠮ ᠦᠨ ᠠᠶᠤᠯ ᠲᠦᠭᠰᠢᠭᠦᠷᠢᠲᠦ ᠴᠢᠨᠠᠷ ᠢ ᠦᠨᠡᠯᠡᠨ ᠵᠢᠱᠢᠪᠡ ᠃ ᠶᠤᠸᠠᠢ ᠣᠪᠣᠭᠲᠤ ᠶᠢᠨ ᠡᠷᠡᠭᠦᠦ ᠶᠢᠨ ᠬᠡᠷᠡᠭ ᠦᠨ ᠡᠪᠬᠡᠮᠡᠯ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠠᠨᠭᠰᠠ ᠡᠪᠬᠡᠮᠡᠯ ᠦᠨ ᠮᠠᠲ᠋ᠧᠷᠢᠶᠠᠯ ᠢ ᠰᠢᠯᠵᠢᠭᠦᠯᠦᠨ ᠠᠪᠴᠢᠷᠠᠬᠤ ᠪᠠᠷ ᠳᠠᠮᠵᠢᠭᠤᠯᠤᠨ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ  ᠠᠵᠢᠯᠳᠠᠨ ᠠᠴᠠ ᠯᠠᠪᠯᠠᠨ ᠠᠰᠠᠭᠤᠵᠤ᠂ ᠶᠤᠸᠠᠢ ᠣᠪᠣᠭᠲᠤ ᠶᠢᠨ ᠬᠢᠭᠰᠡᠨ ᠶᠠᠯᠠᠲᠤ ᠠᠵᠢᠯᠯᠠᠭ᠎ᠠ ᠨᠢ ᠨᠡᠯᠢᠶᠡᠳ ᠬᠦᠨᠭᠭᠡᠨ᠂ ᠪᠡᠶᠡᠴᠢ ᠲᠠᠯ᠎ᠠ ᠶᠢᠨ ᠮᠠᠭᠤ ᠴᠢᠨᠠᠷ ᠨᠢ ᠶᠡᠬᠡ ᠪᠢᠰᠢ ᠮᠥᠷᠲᠡᠭᠡᠨ ᠶᠠᠯ᠎ᠠ ᠪᠠᠨ ᠮᠡᠳᠡᠷᠡᠵᠦ ᠶᠠᠯ᠎ᠠ ᠳᠠᠭᠠᠨ ᠭᠡᠮᠰᠢᠬᠦ ᠣᠪᠣᠷ ᠨᠢ ᠨᠡᠯᠢᠶᠡᠳ ᠰᠠᠶᠢᠨ᠂ ᠨᠡᠶᠢᠭᠡᠮ ᠲᠣᠭᠣᠷᠢᠭ ᠤᠨ ᠵᠠᠰᠠᠮᠵᠢᠯᠠᠯ  ᠶᠢ ᠬᠦᠯᠢᠶᠡᠵᠦ ᠪᠠᠶᠢᠭ᠎ᠠ ᠬᠤᠭᠤᠴᠠᠭᠠᠨ ᠳᠠᠭᠠᠨ ᠡᠯ᠎ᠡ ᠵᠦᠢᠯ ᠦᠨ ᠬᠢᠨᠠᠨ ᠬᠠᠮᠢᠶᠠᠷᠬᠤ ᠲᠣᠭᠲᠠᠭᠠᠯ ᠢ ᠬᠢᠨᠠᠮᠠᠭᠠᠶ  ᠵᠢᠷᠤᠮᠯᠠᠨ ᠰᠠᠬᠢᠵᠤ᠂ ᠰᠤᠷᠭᠠᠨ ᠬᠥᠮᠦᠵᠢᠯ ᠰᠤᠷᠤᠯᠴᠠᠯᠭ᠎ᠠ ᠪᠠ ᠨᠡᠶᠢᠭᠡᠮ ᠲᠣᠭᠣᠷᠢᠭ ᠤᠨ ᠦᠢᠯᠡᠴᠢᠯᠡᠭᠡ ᠳᠦ ᠢᠳᠡᠪᠬᠢᠲᠡᠶ ᠣᠷᠣᠯᠴᠠᠵᠤ᠂ ᠢᠯᠡᠷᠡᠯ ᠨᠢ ᠮᠠᠰᠢ ᠰᠠᠢᠨ ᠪᠠᠶᠢᠬᠤ ᠶᠢ ᠣᠶᠢᠯᠠᠭᠠᠪᠠ᠃ ᠲᠠᠪᠤ ᠳᠤ ᠢᠯᠡ ᠪᠡᠷ ᠭᠡᠷᠡᠴᠢᠯᠡᠭᠡ ᠰᠣᠨᠣᠰᠬᠤ ᠶᠢ ᠥᠷᠨᠢᠭᠦᠯᠵᠦ᠂ ᠤᠯᠠᠨ ᠲᠠᠯ᠎ᠠ ᠶᠢᠨ ᠬᠢᠨ ᠦ ᠰᠠᠨᠠᠯ ᠢ ᠰᠣᠨᠣᠰᠪᠠ᠃ 2022 ᠣᠨ ᠤ 8 ᠰᠠᠷ᠎ᠠ ᠶᠢᠨ 30 ᠤ ᠡᠳᠦᠷ᠂ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠪᠠ ᠳᠠᠯᠠᠶ ᠲᠠᠩᠭᠢᠰ ᠬᠢᠭᠡᠳ ᠵᠢᠭᠠᠰᠤᠨ ᠠᠵᠤ ᠠᠬᠤᠶ ᠶᠢᠨ ᠰᠠᠯᠠᠭ᠎ᠠ ᠮᠥᠴᠢᠷ ᠦᠨ ᠠᠵᠢᠯᠲᠠᠨ ᠂ ᠨᠡᠶᠢᠭᠡᠮ ᠲᠣᠭᠣᠷᠢᠭ ᠤᠨ ᠺᠠᠳ᠋ᠷ ᠂ ᠣᠩᠭᠣᠴᠠ ᠰᠠᠯ ᠤᠨ ᠥᠮᠴᠢᠯᠡᠭᠴᠢ ᠂ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠲᠥᠯᠥᠭᠡᠯᠡᠭᠴᠢ ᠨᠡᠷ ᠢ ᠤᠷᠢᠵᠤ ᠶᠤᠸᠠᠢ ᠣᠪᠣᠭᠲᠤ ᠶᠢᠨ ᠬᠣᠲᠠ ᠰᠢᠶᠠᠨ ᠠᠯᠤᠰᠯᠠᠭᠰᠠᠨ ᠪᠠᠶᠢᠩᠭᠤ ᠶᠢᠨ ᠴᠢᠨᠠᠷᠲᠠᠶ ᠠᠵᠢᠯᠯᠠᠭ᠎ᠠ ᠶᠢᠨ ᠴᠢᠬᠤᠯᠠ ᠴᠢᠨᠠᠷ ᠂ ᠨᠡᠶᠢᠭᠡᠮ ᠦᠨ ᠠᠶᠤᠯ ᠲᠦᠭᠰᠢᠭᠦᠷᠢᠲᠦ ᠴᠢᠨᠠᠷ ᠵᠡᠷᠭᠡ ᠠᠰᠠᠭᠤᠳᠠᠯ ᠤᠨ ᠲᠤᠬᠠᠶ ᠢᠯᠡ ᠪᠡᠷ ᠰᠠᠨᠠᠯ ᠰᠣᠨᠣᠰᠤᠯᠲᠠ ᠶᠢ ᠵᠣᠬᠢᠶᠠᠨ ᠪᠠᠶᠢᠭᠤᠯᠵᠤ ᠂ ᠡᠯ᠎ᠡ ᠲᠠᠯ᠎ᠠ  ᠶᠢᠨ ᠬᠢᠨ ᠰᠠᠨᠠᠯ ᠨᠢᠭᠡᠲᠡᠶ ᠦᠵᠡᠭᠰᠡᠨ ᠨᠢ ᠂ ᠬᠡᠪ ᠦᠨ ᠠᠵᠢᠯ ᠪᠠ ᠠᠮᠢᠳᠤᠷᠠᠯ ᠤᠨ ᠬᠡᠷᠡᠭᠴᠡᠭᠡ ᠡᠴᠡ ᠪᠣᠯᠵᠤ ᠬᠣᠲᠠ ᠰᠢᠶᠠᠨ ᠠᠯᠤᠰᠯᠠᠨ ᠳᠠᠯᠠᠶ ᠳᠦ ᠪᠠᠶᠢᠩᠭᠤ ᠠᠵᠢᠯᠯᠠᠭᠤᠯᠬᠤ ᠪᠠᠷ ᠭᠤᠶᠤᠴᠢᠯᠠᠭᠰᠠᠨ ᠵᠠᠰᠠᠮᠵᠢᠯᠠᠯ  ᠤᠨ ᠡᠲᠡᠭᠡᠳ ᠲᠦ ᠪᠣᠯ ᠂ ᠳᠠᠯᠠᠶ ᠳᠡᠭᠡᠷᠡᠬᠢ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠢᠨᠠᠨ ᠬᠠᠮᠢᠶᠠᠷᠬᠤ ᠠᠷᠭ᠎ᠠ ᠬᠡᠮᠵᠢᠶ᠎ᠡ  ᠶᠢ ᠪᠦᠲᠦᠮᠵᠢᠲᠡᠶ ᠪᠡᠷ ᠨᠠᠶᠢᠳᠠᠪᠤᠷᠢᠵᠢᠭᠤᠯᠵᠤ ᠴᠢᠳᠠᠬᠤ ᠪᠠᠶᠢᠳᠠᠯ ᠳᠣᠣᠷ᠎ᠠ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ  ᠠᠴᠠ ᠭᠤᠶᠤᠴᠢᠯᠠᠯ  ᠢ ᠨᠢ ᠵᠥᠪᠰᠢᠶᠡᠷᠡᠬᠦ ᠨᠢ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠪᠣᠳᠠᠲᠠᠶ ᠬᠦᠴᠢᠷᠳᠡᠯ  ᠢ ᠰᠢᠶᠳᠪᠦᠷᠢᠯᠡᠵᠦ ᠂ ᠲᠡᠳᠡᠨ  ᠢ ᠬᠠᠪᠰᠤᠷᠤᠨ ᠨᠡᠶᠢᠭᠡᠮ ᠳᠦ ᠨᠡᠩ ᠰᠠᠶᠢᠨ ᠡᠭᠡᠭᠦᠯᠵᠦ ᠠᠪᠴᠢᠷᠠᠬᠤ ᠪᠣᠯᠤᠨ᠎ᠠ ᠃ 

ᠬᠢᠨᠠᠯᠲᠠ ᠲᠠᠯᠪᠢᠬᠤ ᠰᠠᠨᠠᠯ᠄ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠬᠢᠨᠠᠨ ᠪᠠᠶᠢᠴᠠᠭᠠᠬᠤ ᠪᠠᠷ ᠳᠡᠮᠵᠢᠨ ᠂ ᠶᠤᠸᠠᠢ ᠣᠪᠣᠭᠲᠤ  ᠶᠢᠨ ᠬᠢᠭᠰᠡᠨ ᠶᠠᠯᠠᠲᠤ ᠠᠵᠢᠯᠯᠠᠭ᠎ᠠ ᠨᠢ ᠨᠡᠯᠢᠶᠡᠳ ᠬᠥᠩᠭᠡᠨ ᠂ ᠶᠠᠯ᠎ᠠ ᠪᠠᠨ ᠮᠡᠳᠡᠷᠡᠵᠦ ᠶᠠᠯ᠎ᠠ ᠪᠠᠨ ᠭᠡᠮᠰᠢᠬᠦ ᠣᠪᠣᠷ ᠨᠢ ᠨᠡᠯᠢᠶᠡᠳ ᠰᠠᠶᠢᠨ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠬᠦᠯᠢᠶᠡᠵᠦ ᠪᠠᠶᠢᠭ᠎ᠠ ᠬᠤᠭᠤᠴᠠᠭᠠᠨ ᠳᠠᠭᠠᠨ ᠬᠢᠨᠠᠯᠲᠠ ᠬᠠᠮᠢᠶᠠᠷᠤᠯᠲᠠ  ᠶᠢᠨ ᠲᠣᠭᠲᠠᠭᠠᠯ  ᠢ ᠴᠢᠩᠭ᠎ᠠ ᠵᠢᠷᠤᠮᠯᠠᠨ ᠰᠠᠬᠢᠵᠤ ᠂ ᠳᠠᠬᠢᠨᠲᠠ ᠬᠠᠤᠯᠢ  ᠶᠢ ᠵᠥᠷᠢᠴᠡᠵᠦ ᠶᠠᠯ᠎ᠠ ᠬᠢᠬᠦ ᠠᠶᠤᠯ ᠲᠦᠭᠰᠢᠭᠦᠷᠢ ᠪᠠᠭ᠎ᠠ  ︔ ᠶᠤᠸᠠᠢ ᠣᠪᠣᠭᠲᠤ ᠳᠠᠯᠠᠶ ᠳᠦ ᠭᠠᠷᠴᠤ ᠵᠢᠭᠠᠰᠤ ᠠᠩᠨᠠᠬᠤ ᠪᠠᠷ ᠭᠤᠶᠤᠴᠢᠯᠠᠬᠤ ᠨᠢ ᠲᠡᠭᠦᠨ ᠦ ᠬᠡᠪ ᠦᠨ ᠠᠮᠢᠳᠤᠷᠠᠯ ᠂ ᠠᠵᠢᠯ ᠤᠨ ᠬᠡᠷᠡᠭᠴᠡᠭᠡ ᠪᠣᠯᠬᠤ ᠪᠥᠭᠡᠳ ᠳᠠᠯᠠᠶ ᠳᠦ ᠭᠠᠷᠴᠤ ᠠᠵᠢᠯᠯᠠᠬᠤ ᠬᠤᠭᠤᠴᠠᠭᠠᠨ ᠳᠠᠬᠢ ᠬᠢᠨᠠᠨ ᠬᠠᠮᠢᠶᠠᠷᠬᠤ ᠠᠷᠭ᠎ᠠ ᠬᠡᠮᠵᠢᠶ᠎ᠡ ᠨᠢ ᠪᠣᠯᠤᠮᠵᠢᠲᠠᠶ ᠪᠠᠶᠢᠵᠤ ᠂ ᠪᠠᠶᠢᠩᠭᠤ ᠶᠢᠨ ᠴᠢᠨᠠᠷᠲᠠᠶ ᠬᠣᠲᠠ ᠰᠢᠶᠠᠨ ᠠᠯᠤᠰᠯᠠᠭᠰᠠᠨ ᠠᠵᠢᠯᠯᠠᠭ᠎ᠠ ᠬᠢᠬᠦ ᠪᠡᠷ ᠭᠤᠶᠤᠴᠢᠯᠠᠬᠤ ᠨᠥᠬᠥᠴᠡᠯ ᠳᠦ ᠨᠡᠶᠢᠴᠡᠨ᠎ᠡ ᠃ 《ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠤᠯᠢ》 ᠶᠢᠨ ᠬᠣᠷᠢᠨ ᠳᠣᠯᠣᠳᠤᠭᠠᠷ ᠵᠦᠢᠯ ᠦᠨ ᠲᠣᠭᠲᠠᠭᠠᠯ ᠢ ᠦᠨᠳᠦᠰᠦᠯᠡᠪᠡᠯ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠬᠡᠳ ᠬᠡᠪ ᠦᠨ ᠠᠵᠢᠯ ᠪᠠ ᠠᠮᠢᠳᠤᠷᠠᠯ ᠤᠨ ᠬᠡᠷᠡᠭᠴᠡᠭᠡ ᠡᠴᠡ ᠪᠤᠯᠵᠤ ᠬᠣᠲᠠ᠂ ᠰᠢᠶᠠᠨ ᠠᠯᠤᠰᠯᠠᠨ ᠪᠠᠶᠢᠩᠭᠤ ᠶᠢᠨ ᠴᠢᠨᠠᠷᠲᠠᠶ ᠠᠵᠢᠯᠯᠠᠭ᠎ᠠ ᠬᠢᠬᠦ ᠴᠢᠬᠤᠯᠠᠲᠠᠶ ᠪᠠᠶᠢᠪᠠᠯ᠂ ᠪᠠᠶᠢᠳᠠᠯ ᠢ ᠦᠨᠳᠦᠰᠦᠯᠡᠨ᠂ ᠵᠥᠪᠰᠢᠶᠡᠷᠡᠬᠦ ᠵᠢᠷᠤᠮ ᠪᠠ ᠠᠷᠭ᠎ᠠ ᠮᠠᠶ᠋ᠢᠭ ᠢ ᠳᠥᠭᠥᠮᠴᠢᠯᠡᠵᠦ ᠪᠣᠯᠤᠨ᠎ᠠ᠃ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠳ᠋ᠠᠶ ᠱᠠᠨ ᠰᠢᠶᠠᠨ ᠤ ᠬᠠᠤᠯᠢ ᠴᠠᠭᠠᠵᠠ ᠶᠢᠨ ᠲᠣᠪᠴᠢᠶ᠎ᠠ ᠳᠤ ᠬᠠᠤᠯᠢ ᠶᠣᠰᠣᠭᠠᠷ ᠪᠠᠶᠢᠴᠠᠭᠠᠬᠤ ᠰᠠᠨᠠᠭᠤᠯᠭ᠎ᠠ ᠳᠤᠷᠠᠳᠴᠤ ᠂ ᠶᠤᠸᠠᠢ ᠣᠪᠣᠭᠲᠤ ᠶᠢᠨ ᠬᠣᠲᠠ ᠰᠢᠶᠠᠨ ᠠᠯᠤᠰᠯᠠᠭᠰᠠᠨ ᠪᠠᠶᠢᠩᠭᠤ ᠶᠢᠨ ᠴᠢᠨᠠᠷᠲᠠᠶ ᠠᠵᠢᠯᠯᠠᠭ᠎ᠠ ᠶᠢᠨ ᠭᠤᠶᠤᠴᠢᠯᠠᠯ ᠢ ᠵᠥᠪᠰᠢᠶᠡᠷᠡᠬᠦ ᠶᠢᠨ ᠬᠠᠮᠲᠤ ᠥᠪᠡᠷᠮᠢᠴᠡ ᠬᠢᠨᠠᠨ ᠬᠠᠮᠢᠶᠠᠷᠬᠤ ᠲᠥᠰᠦᠯ ᠲᠣᠭᠲᠠᠭᠠᠵᠤ ᠂ ᠳᠠᠯᠠᠶ ᠳᠦ ᠭᠠᠷᠬᠤ ᠠᠵᠢᠯᠯᠠᠭᠠᠨ ᠤ ᠬᠤᠭᠤᠴᠠᠭᠠᠨ ᠳᠠᠬᠢ ᠬᠥᠳᠡᠯᠦᠩᠭᠦᠶ ᠬᠢᠨᠠᠯᠲᠠ ᠬᠠᠮᠢᠶᠠᠷᠤᠯᠲᠠ ᠶᠢ ᠰᠠᠶᠢᠲᠤᠷ ᠬᠢᠬᠦ  ᠶᠢ ᠰᠠᠨᠠᠭᠤᠯᠪᠠ ᠃ 

ᠬᠢᠨᠠᠯᠲᠠ ᠲᠠᠯᠪᠢᠭᠰᠠᠨ ᠦᠷ᠎ᠡ ᠳ᠋ᠦᠩ᠄ 2022 ᠣᠨ ᠤ 9 ᠰᠠᠷ᠎ᠠ ᠶᠢᠨ ᠡᠬᠢ ᠪᠡᠷ᠂ ᠳ᠋ᠠᠢ ᠱᠠᠨ ᠰᠢᠶᠠᠨ ᠤ ᠬᠠᠤᠯᠢ ᠴᠠᠭᠠᠵᠠ ᠶᠢᠨ ᠲᠣᠪᠴᠢᠢ᠎ᠠ ᠠᠴᠠ ᠶᠤᠸᠠᠢ ᠣᠪᠣᠭᠲᠤ ᠶᠢᠨ ᠵᠢᠷᠭᠤᠭᠠᠨ ᠰᠠᠷ᠎ᠠ ᠶᠢᠨ ᠳᠣᠲᠣᠷ᠎ᠠ ᠦᠷᠭᠦᠯᠵᠢ ᠶᠢᠨ ᠴᠢᠨᠠᠷᠲᠠᠢ ᠬᠣᠲᠠ ᠰᠢᠶᠠᠨ ᠠᠯᠤᠰᠯᠠᠭᠰᠠᠨ ᠠᠵᠢᠯᠯᠠᠭ᠎ᠠ ᠬᠢᠬᠦ ᠶᠢ ᠬᠠᠤᠯᠢ ᠶᠣᠰᠣᠭᠠᠷ ᠨᠢᠭᠡ ᠤᠳᠠᠭ᠎ᠠ ᠶᠢᠨ ᠴᠢᠨᠠᠷᠲᠠᠢ ᠵᠥᠪᠰᠢᠶᠡᠷᠡᠪᠡ᠃ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠂ ᠰᠢᠶᠠᠨ ᠤ ᠬᠠᠤᠯᠢ ᠴᠠᠭᠠᠵᠠ ᠶᠢᠨ ᠲᠣᠪᠴᠢᠶ᠎ᠠ ᠂ ᠬᠠᠮᠲᠤ ᠪᠠᠷ ︽ᠳᠠᠯᠠᠢ ᠲᠠᠩᠭᠢᠰ ᠂ ᠵᠢᠭᠠᠰᠤᠨ ᠠᠵᠤ ᠠᠬᠤᠢ ᠳᠤ ᠬᠣᠯᠪᠣᠭᠳᠠᠭᠰᠠᠨ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠦᠨ ᠭᠠᠳᠠᠭᠰᠢ ᠭᠠᠷᠬᠤ ᠠᠵᠢᠯᠯᠠᠭ᠎ᠠ ᠶᠢ ᠬᠠᠮᠲᠤᠷᠠᠨ ᠬᠠᠮᠢᠶᠠᠷᠤᠨ ᠡᠵᠡᠮᠳᠡᠬᠦ ᠲᠠᠪᠴᠠᠩ︾ ᠢ ᠠᠰᠢᠭᠯᠠᠨ ᠬᠠᠮᠲᠤᠪᠠᠷ ᠡᠳ᠋ᠯᠡᠬᠦ ᠲᠣᠭ᠎ᠠ ᠪᠠᠷᠢᠮᠲᠠ ᠶᠢ ᠠᠰᠢᠭᠯᠠᠵᠤ᠂ ᠣᠩᠭᠣᠴᠠ ᠰᠠᠯ ᠤᠨ ᠠᠶᠠᠯᠠᠯ ᠤᠨ ᠵᠠᠮ ᠢ ᠪᠠᠶᠢᠴᠠᠭᠠᠨ ᠯᠠᠪᠯᠠᠬᠤ᠂ ᠶᠤᠸᠠᠢ ᠣᠪᠣᠭᠲᠤ ᠶᠢᠨ ᠰᠤᠷᠤᠯᠴᠠᠯᠭ᠎ᠠ ᠶᠢᠨ ᠮᠡᠳᠡᠭᠦᠯᠦᠯᠲᠡ ᠶᠢ ᠪᠠᠶᠢᠴᠠᠭᠠᠨ ᠦᠵᠡᠬᠦ ᠪᠠ ᠦᠵᠡᠯ ᠰᠠᠨᠠᠭᠠᠨ ᠤ ᠬᠠᠷᠢᠭᠤ ᠮᠡᠳᠡᠭᠦᠯᠦᠯᠲᠡ ᠶᠢ ᠪᠠᠶᠢᠴᠠᠭᠠᠨ ᠦᠵᠡᠬᠦ᠂ ᠨᠡᠶᠢᠭᠡᠮ ᠲᠣᠭᠣᠷᠢᠭ ᠤᠨ  ᠵᠠᠰᠠᠮᠵᠢᠯᠠᠯ   ᠢ ᠬᠢᠨᠠᠨ ᠬᠠᠮᠢᠶᠠᠷᠬᠤ ᠂ ᠡᠳᠦᠷ ᠦᠨ ᠲᠡᠮᠳᠡᠭᠯᠡᠯ ᠢ ᠪᠠᠶᠢᠴᠠᠭᠠᠨ ᠦᠵᠡᠬᠦ᠂ ᠸᠢᠳᠢᠣ᠋  ᠤᠲᠠᠰᠤ ᠪᠠᠷ ᠰᠣᠩᠭᠣᠨ ᠪᠠᠶᠢᠴᠠᠭᠠᠬᠤ ᠵᠡᠷᠭᠡ ᠠᠷᠭ᠎ᠠ ᠬᠡᠯᠪᠡᠷᠢ ᠪᠡᠷ ᠳᠠᠮᠵᠢᠨ ᠶᠤᠸᠠᠢ ᠣᠪᠣᠭᠲᠤ ᠶᠢᠨ ᠭᠠᠳᠠᠭᠰᠢ ᠭᠠᠷᠬᠤ ᠠᠵᠢᠯᠯᠠᠭ᠎ᠠ ᠶᠢᠨ ᠪᠦᠬᠦ ᠶᠠᠪᠤᠴᠠ ᠶᠢ ᠬᠢᠨᠠᠨ ᠬᠠᠮᠢᠶᠠᠷᠬᠤ ᠪᠠ ᠵᠡᠷᠭᠡᠪᠡᠷ ᠬᠢᠨᠠᠯᠲᠠ ᠲᠠᠯᠪᠢᠬᠤ ᠶᠢ ᠪᠡᠶᠡᠯᠡᠭᠦᠯᠵᠡᠢ᠃ ᠶᠤᠸᠠᠢ ᠣᠪᠣᠭᠲᠤ ᠭᠠᠳᠠᠭᠰᠢ ᠭᠠᠷᠴᠤ ᠵᠢᠭᠠᠰᠤ ᠠᠩᠨᠠᠬᠤ ᠠᠵᠢᠯ ᠤᠨ ᠬᠤᠭᠤᠴᠠᠭᠠᠨ ᠳᠠᠭᠠᠨ ᠤᠬᠠᠮᠰᠠᠷ ᠠᠴᠠ ᠪᠠᠨ ᠬᠢᠨᠠᠯᠲᠠ ᠬᠠᠮᠢᠶᠠᠷᠤᠯᠲᠠ  ᠶᠢ ᠬᠦᠯᠢᠶᠡᠵᠦ ᠂ ᠳᠦᠷᠢᠮ ᠲᠣᠭᠲᠠᠭᠠᠯ ᠰᠠᠬᠢᠯᠭ᠎ᠠ ᠪᠠᠲᠤ  ᠶᠢ ᠵᠥᠷᠢᠴᠡᠭᠰᠡᠨ ᠵᠡᠷᠭᠡ ᠬᠢᠨᠠᠯᠲᠠ ᠬᠠᠮᠢᠶᠠᠷᠤᠯᠲᠠ ᠶᠢᠨ ᠠᠶᠤᠯ ᠲᠦᠭᠰᠢᠭᠦᠷᠢ ᠭᠠᠷᠤᠭᠰᠠᠨ ᠦᠭᠡᠶ ᠂ ᠵᠢᠭᠠᠰᠤ ᠪᠠᠷᠢᠵᠤ ᠳᠠᠭᠤᠰᠤᠭᠰᠠᠨ ᠤ ᠳᠠᠷᠠᠭ᠎ᠠ ᠤᠷᠤᠭᠰᠢᠲᠠᠶ ᠪᠠᠷ ᠰᠢᠶᠠᠩᠭᠠᠩ ᠳᠤ ᠪᠤᠴᠠᠵᠤ  ᠭᠣᠶᠣᠴᠢᠯᠠᠭᠰᠠᠨ ᠴᠢᠯᠦᠭᠡ  ᠪᠠᠨ ᠲᠠᠶᠢᠯᠬᠤ ᠭᠠᠷ ᠭᠦᠢᠴᠡᠳᠬᠡᠯ ᠬᠢᠵᠡᠶ ᠃ 

2022 ᠣᠨ ᠤ 12 ᠰᠠᠷ᠎ᠠ ᠳᠤ ᠂ ᠳ᠋ᠠᠶ ᠱᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠂ ᠰᠢᠶᠠᠨ ᠤ ᠬᠠᠤᠯᠢ ᠴᠠᠭᠠᠵᠠ ᠶᠢᠨ ᠲᠣᠪᠴᠢᠶ᠎ᠠ ᠠᠴᠠ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠦᠨ ᠵᠧᠸ ᠱᠠᠨ ᠨᠤᠲᠤᠭ ᠤᠨ ᠪᠤᠰᠤ ᠣᠩᠭᠣᠴᠠ ᠰᠠᠯ ᠳᠤ ᠳᠠᠯᠠᠶ ᠲᠠᠩᠭᠢᠰ᠂ ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠭᠠᠳᠠᠭᠰᠢ ᠭᠠᠷᠬᠤ ᠠᠵᠢᠯᠯᠠᠭ᠎ᠠ ᠬᠢᠵᠦ ᠪᠠᠶᠢᠭ᠎ᠠ ᠪᠠᠶᠢᠳᠠᠯ ᠳᠤ ᠴᠢᠭᠯᠡᠭᠦᠯᠦᠨ  ᠬᠢᠨᠠᠨ ᠬᠠᠮᠢᠶᠠᠷᠬᠤ ᠠᠷᠭ᠎ᠠ ᠶᠢ ᠬᠠᠮᠲᠤᠷᠠᠨ ᠨᠡᠶᠢᠲᠡᠯᠡᠪᠡ ᠃ ᠠᠳᠠᠯᠢ ᠲᠦᠷᠦᠯ ᠦᠨ ᠪᠠᠶᠢᠳᠠᠯ ᠢ ᠬᠢᠨᠠᠨ ᠵᠥᠪᠰᠢᠶᠡᠷᠡᠬᠦ ᠶᠢ ᠵᠢᠷᠤᠮᠵᠢᠭᠤᠯᠬᠤ ᠤᠷᠳᠤ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠵᠤ᠂ ᠪᠠᠶᠢᠩᠭᠤ ᠶᠢᠨ ᠴᠢᠨᠠᠷᠲᠠᠶ ᠬᠣᠲᠠ ᠰᠢᠶᠠᠨ ᠠᠯᠤᠰᠯᠠᠭᠰᠠᠨ ᠠᠵᠢᠯᠯᠠᠭ᠎ᠠ ᠶᠢᠨ ᠨᠥᠬᠥᠴᠡᠯ ᠳᠦ ᠨᠡᠶᠢᠴᠡᠬᠦ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠭᠠᠳᠠᠭᠰᠢ ᠭᠠᠷᠴᠤ ᠵᠢᠭᠠᠰᠤ ᠠᠩᠨᠠᠬᠤ ᠭᠤᠶᠤᠴᠢᠯᠠᠯ ᠢ ᠬᠠᠤᠯᠢ ᠶᠣᠰᠣᠭᠠᠷ ᠵᠥᠪᠰᠢᠶᠡᠷᠡᠵᠦ᠂ ᠨᠡᠶᠢᠭᠡᠮ ᠲᠣᠭᠣᠷᠢᠭ ᠵᠠᠰᠠᠮᠵᠢᠯᠠᠯ  ᠤᠨ ᠡᠲᠡᠭᠡᠳ ᠦᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠪᠠ᠃ 

【ᠨᠡᠶᠢᠲᠡᠯᠢᠭ ᠠᠴᠢ ᠬᠣᠯᠪᠣᠭᠳᠠᠯ】 

(ᠨᠢᠭᠡ) ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠤᠬᠠᠶ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠠᠷᠠᠳ ᠲᠦᠮᠡᠨ ᠢᠶᠡᠷ ᠭᠣᠣᠯ ᠪᠣᠯᠭᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠶᠢ ᠴᠢᠬᠤᠯᠠ ᠪᠠᠶᠢᠷᠢᠨ ᠳᠤ ᠲᠠᠯᠪᠢᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠪᠠᠴᠢᠮ ᠬᠦᠴᠢᠷᠲᠡᠶ ᠵᠣᠪᠠᠵᠤ ᠪᠠᠶᠢᠭ᠎ᠠ ᠠᠰᠠᠭᠤᠳᠠᠯ ᠢ ᠬᠠᠤᠯᠢ ᠶᠣᠰᠣᠭᠠᠷ ᠰᠢᠶᠳᠪᠦᠷᠢᠯᠡᠬᠦ ᠬᠡᠷᠡᠭᠲᠡᠶ᠃ ᠲᠡᠯᠡᠶ ᠳᠡᠭᠡᠷ᠎ᠡ ᠠᠵᠢᠯᠯᠠᠬᠤ ᠠᠵᠢᠯ ᠤᠨ ᠣᠨᠴᠠᠯᠢᠭ  ᠠᠴᠠ ᠪᠣᠯᠵᠣ ᠂ ᠲᠡᠯᠡᠶ ᠪᠠ ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠨᠢ ᠦᠷᠭᠦᠯᠵᠢ ᠣᠷᠣᠨ ᠠᠯᠤᠰᠯᠠᠨ ᠭᠠᠳᠠᠭᠰᠢ ᠭᠠᠷᠬᠤ ᠴᠢᠬᠤᠯᠠᠲᠠᠶ ᠪᠠᠶᠢᠳᠠᠭ ᠂ ᠭᠡᠪᠡᠴᠦ ᠭᠠᠳᠠᠭᠰᠢ ᠭᠠᠷᠴᠤ ᠴᠢᠯᠥᠭᠡ ᠭᠤᠶᠤᠬᠤ ᠶᠢ ᠬᠢᠨᠠᠨ ᠵᠥᠪᠰᠢᠶᠡᠷᠡᠬᠦ ᠡᠩ ᠦᠨ ᠠᠷᠭ᠎ᠠ ᠮᠠᠶ᠋ᠢᠭ ᠪᠠ ᠬᠢᠨᠠᠨ ᠬᠠᠮᠢᠶᠠᠷᠬᠤ ᠠᠷᠭ᠎ᠠ ᠬᠡᠮᠵᠢᠶ᠎ᠡ ᠨᠢ ᠲᠡᠯᠡᠶ ᠲᠠᠩᠬᠢᠰ᠂ ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠵᠡᠷᠭᠡ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠴᠢᠯᠥᠭᠡ ᠭᠤᠶᠤᠬᠤ ᠵᠥᠪᠰᠢᠶᠡᠷᠡᠯ ᠢ ᠴᠠᠭ ᠲᠤᠬᠠᠶ ᠳᠤᠨᠢ ᠤᠯᠬᠤ ᠶᠢᠨ ᠬᠠᠮᠲᠤ ᠬᠢᠨᠠᠨ ᠬᠠᠮᠢᠶᠠᠷᠴᠤ ᠬᠢᠨᠠᠯᠲᠠ ᠲᠠᠯᠪᠢᠬᠤ ᠶᠢ ᠬᠠᠸᠯᠢ ᠶᠣᠰᠣᠭᠠᠷ ᠰᠠᠶᠢᠲᠤᠷ ᠬᠢᠬᠦ ᠪᠣᠳᠠᠲᠤ ᠬᠡᠷᠡᠭᠴᠡᠭᠡ ᠳᠦ ᠨᠢᠭᠡᠨᠲᠡ ᠵᠣᠬᠢᠴᠠᠬᠤ ᠥᠬᠡᠶ ᠪᠣᠯᠵᠠᠶ ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠣᠨᠴᠠᠭᠠᠶ ᠴᠢᠨᠠᠷ ᠢ ᠭᠦᠢᠴᠡᠳ ᠪᠣᠳᠣᠯᠬᠢᠯᠠᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠤᠨ ᠳᠤᠮᠳᠠ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠢᠯᠥᠭᠡ ᠭᠤᠶᠤᠬᠤ ᠶᠢ ᠬᠢᠨᠠᠨ ᠵᠥᠪᠰᠢᠶᠡᠷᠡᠬᠦ ᠶᠠᠪᠤᠴᠠ ᠶᠢ ᠳᠥᠭᠥᠮᠴᠢᠯᠡᠬᠦ ᠶᠢ ᠬᠠᠤᠯᠢ ᠶᠣᠰᠣᠭᠠᠷ ᠲᠦᠯᠬᠢᠨ ᠠᠬᠢᠭᠤᠯᠵᠤ᠂ ᠬᠢᠨᠠᠯᠲᠠ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠶᠢᠨ ᠬᠠᠨᠳᠤᠯᠭᠠᠲᠤ ᠴᠢᠨᠠᠷ ᠪᠠ ᠰᠢᠨᠵᠢᠯᠡᠬᠦ ᠤᠬᠠᠭᠠᠨᠴᠢ ᠴᠢᠨᠠᠷ ᠢ ᠳᠡᠭᠡᠭᠰᠢᠯᠡᠭᠦᠯᠦᠨ᠂ ᠳᠠᠯᠠᠢ ᠲᠠᠩᠭᠢᠰ ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ 《ᠴᠢᠯᠥᠭᠡ ᠭᠤᠶᠤᠬᠤ ᠳᠤ ᠬᠦᠴᠢᠷᠲᠡᠶ᠂ ᠬᠢᠨᠠᠨ ᠬᠠᠮᠢᠶᠠᠷᠬᠤ ᠳᠤ ᠬᠦᠴᠢᠷᠲᠡᠶ᠂ ᠬᠠᠪᠰᠤᠷᠤᠨ ᠲᠡᠳᠬᠦᠬᠦ ᠳᠦ ᠬᠦᠴᠢᠷᠲᠡᠶ》 ᠵᠡᠷᠭᠡ ᠠᠰᠠᠭᠤᠳᠠᠯ ᠢ ᠬᠦᠴᠦᠲᠡᠶ ᠰᠢᠶᠳᠪᠦᠷᠢᠯᠡᠵᠦ᠂ ᠪᠠᠶᠢᠴᠠᠭᠠᠬᠤ ᠪᠠᠶᠢᠭᠤᠯᠭ᠎ᠠ ᠶᠢᠨ ᠠᠷᠠᠳ ᠤᠨ ᠲᠥᠯᠥᠭᠡ ᠬᠠᠤᠯᠢ ᠪᠠᠷᠢᠬᠤ ᠠᠵᠢᠯ ᠤᠨ ᠣᠶᠢᠯᠠᠭᠠᠭᠳᠠᠬᠤᠨ ᠢ ᠭᠦᠢᠴᠡᠳ ᠢᠯᠡᠷᠡᠭᠦᠯᠪᠡ᠃ 

(ᠬᠣᠶᠠᠷ) ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠯᠤᠭ᠎ᠠ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯ ᠤᠨ ᠪᠡᠷᠬᠡ ᠰᠡᠳᠦᠪ ᠢ ᠬᠠᠮᠲᠤ ᠪᠠᠷ ᠰᠢᠶᠳᠪᠦᠷᠢᠯᠡᠵᠦ᠂ ᠪᠠᠶᠢᠴᠠᠭᠠᠬᠤ ᠬᠢᠨᠠᠯᠲᠠ ᠲᠠᠯᠪᠢᠬᠤ ᠪᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯ ᠤᠨ ᠬᠣᠶᠠᠷ ᠲᠠᠯ᠎ᠠ ᠪᠠᠷ ᠢᠶᠠᠨ ᠠᠰᠢᠭ ᠬᠥᠷᠳᠡᠵᠤ ᠤᠯᠠᠨ ᠲᠠᠯ᠎ᠠ ᠪᠠᠷ ᠠᠰᠢᠭ ᠬᠥᠷᠳᠡᠵᠤ ᠬᠠᠮᠲᠤ ᠪᠠᠷ ᠠᠰᠢᠭ ᠬᠥᠷᠳᠡᠬᠥ ᠶᠢ ᠪᠡᠶᠡᠯᠡᠭᠦᠯᠬᠦ ᠬᠡᠷᠡᠭᠲᠡᠶ᠃ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠳᠦ ᠬᠢᠨᠠᠯᠲᠠ ᠲᠠᠯᠪᠢᠬᠤ ᠶᠠᠪᠤᠴᠠ ᠳᠤ ᠢᠯᠡᠷᠡᠭᠦᠯᠦᠭᠰᠡᠨ ᠳᠠᠯᠠᠶ ᠲᠠᠩᠭᠢᠰ ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠵᠡᠷᠭᠡ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠢᠨᠠᠯᠲᠠ ᠬᠠᠮᠢᠶᠠᠷᠤᠯᠲᠠ ᠶᠢᠨ ᠬᠦᠴᠢᠷ ᠠᠰᠠᠭᠤᠳᠠᠯ ᠳᠤ ᠴᠢᠭᠯᠡᠭᠦᠯᠦᠨ ᠂ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠯᠤᠭ᠎ᠠ ᠶᠢᠨ ᠬᠠᠮᠵᠢᠯᠴᠠᠭ᠎ᠠ ᠪᠠᠨ ᠴᠢᠩᠭᠠᠳᠬᠠᠵᠤ ᠂ ︽ ᠬᠠᠮᠵᠢᠯᠴᠠᠨ ᠬᠢᠨᠠᠨ ᠬᠠᠮᠢᠶᠠᠷᠬᠤ ᠂ ᠲᠣᠭ᠎ᠠ ᠪᠠᠷᠢᠮᠲᠠ ᠰᠣᠯᠢᠯᠴᠠᠬᠤ ᠂ ᠪᠥᠬᠥ ᠶᠠᠪᠤᠴᠠ ᠶᠢᠨ ᠪᠢᠲᠡᠭᠦᠦ ᠴᠠᠭᠠᠷᠢᠭ ︾ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠡᠯᠡᠶ ᠳᠡᠭᠡᠷᠡᠬᠢ ᠬᠠᠮᠢᠶᠠᠷᠤᠯᠲᠠ ᠬᠢᠨᠠᠯᠲᠠ ᠶᠢᠨ ᠬᠣᠯᠪᠣᠭᠠᠯᠠᠨ ᠬᠥᠳᠡᠯᠦᠯᠴᠡᠬᠦ ᠵᠠᠭᠪᠤᠷ ᠢ ᠪᠠᠶᠢᠭᠤᠯᠬᠤ ᠪᠠᠷ ᠳᠠᠮᠵᠢᠭᠤᠯᠤᠨ ᠂ ᠬᠠᠮᠲᠤᠪᠠᠷ ᠡᠳ᠋ᠯᠡᠬᠦ ᠲᠣᠭ᠎ᠠ ᠪᠠᠷᠢᠮᠲᠠ ᠂ ᠮᠠᠲ᠋ᠧᠷᠢᠶᠠᠯ ᠪᠠᠶᠢᠴᠠᠭᠠᠨ ᠦᠵᠡᠬᠦ ᠂ ᠬᠠᠷᠠᠭᠠᠨ ᠳᠠᠪᠲᠠᠮᠵᠢ ᠪᠠᠷ ᠰᠤᠭᠤᠴᠢᠨ ᠪᠠᠶᠢᠴᠠᠭᠠᠬᠤ ᠵᠡᠷᠭᠡ ᠠᠷᠭ᠎ᠠ ᠪᠠᠷᠢᠯ ᠢ ᠪᠦᠲᠦᠮᠵᠢᠲᠡᠶ ᠬᠡᠷᠡᠭᠯᠡᠨ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠭᠠᠳᠠᠭᠰᠢ ᠭᠠᠷᠬᠤ ᠠᠵᠢᠯᠯᠠᠭ᠎ᠠ ᠶᠢᠨ ᠪᠥᠬᠥ ᠶᠠᠪᠤᠴᠠ ᠶᠢ ᠬᠥᠳᠡᠯᠦᠩᠭᠦᠶ ᠪᠡᠷ ᠬᠢᠨᠠᠨ ᠬᠠᠮᠢᠶᠠᠷᠬᠤ ᠪᠠ ᠵᠡᠷᠭᠡ ᠪᠡᠷ ᠬᠢᠨᠠᠯᠲᠠ ᠲᠠᠯᠪᠢᠬᠤ ᠶᠢ ᠪᠡᠶᠡᠯᠡᠭᠦᠯᠵᠦ ᠂ ᠲᠡᠯᠡᠶ  ᠲᠠᠩᠬᠢᠰ ᠂ᠵᠢᠭᠠᠰᠤᠨ ᠠᠵᠤ ᠠᠬᠤᠶ ᠳᠤ ᠬᠣᠯᠪᠣᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ︽ ᠬᠠᠮᠢᠶᠠᠷᠴᠤ ᠳᠡᠶᠢᠯᠬᠦ ᠂ ᠪᠤᠴᠠᠵᠤ ᠳᠡᠶᠢᠯᠬᠦ ︾ ᠶᠢ ᠦᠨᠡᠨᠬᠦ ᠪᠠᠲᠤᠯᠠᠬᠤ ᠬᠡᠷᠡᠭᠲᠡᠶ ᠃ 

【ᠬᠣᠯᠪᠣᠭᠳᠠᠯ ᠪᠦᠬᠦᠢ ᠲᠣᠭᠲᠠᠭᠠᠯ】 

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠤᠯᠢ 》 ᠶᠢᠨ ᠬᠣᠷᠢᠨ ᠳᠣᠯᠣᠳᠤᠭᠠᠷ ᠵᠦᠢᠯ ᠂ ᠭᠤᠴᠢᠨ ᠳᠥᠷᠪᠡᠳᠦᠭᠡᠷ ᠵᠦᠢᠯ 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠸᠯᠢ ᠶᠢ ᠬᠡᠷᠡᠭᠵᠢᠭᠦᠯᠬᠦ ᠠᠷᠭ᠎ᠠ ︾ ᠶᠢᠨ ᠬᠣᠷᠢᠨ ᠵᠢᠷᠭᠤᠳᠤᠭᠠᠷ ᠵᠦᠶᠯ ᠂ ᠬᠣᠷᠢᠨ ᠨᠠᠶᠮᠠᠳᠤᠭᠠᠷ ᠵᠦᠶᠯ ᠂ ᠬᠣᠷᠢ ᠶᠢᠰᠦᠳᠦᠭᠡᠷ ᠵᠦᠶᠯ 

 

 

 

ᠬᠡᠷᠡᠭ ᠦᠨ ᠵᠢᠱᠢᠶ᠎ᠡ ᠬᠣᠶᠠᠷ

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠬᠦ᠋ ᠣᠪᠣᠭᠲᠤ ᠶᠢᠨ ᠨᠡᠶᠢᠭᠡᠮ ᠲᠣᠭᠣᠷᠢᠭ ᠤᠨ 

ᠵᠠᠰᠠᠮᠵᠢᠯᠠᠯ   ᠶᠢᠨ ᠭᠦᠢᠴᠡᠳᠬᠡᠬᠦ ᠭᠠᠵᠠᠷ ᠢ ᠬᠤᠪᠢᠷᠠᠭᠤᠯᠬᠤ ᠪᠠᠷ ᠭᠤᠶᠤᠴᠢᠯᠠᠭᠰᠠᠨ ᠬᠢᠨᠠᠯᠲᠠ ᠲᠠᠯᠪᠢᠭᠰᠠᠨ ᠬᠡᠷᠡᠭ 

【ᠵᠠᠩᠭᠢᠯᠠᠭ᠎ᠠ ᠶᠢᠨ ᠦᠭᠡ】

ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠢᠨᠠᠯᠲᠠ ᠲᠠᠯᠪᠢᠬᠣ      ᠭᠦᠢᠴᠡᠳᠬᠡᠬᠦ ᠭᠠᠵᠠᠷ ᠢ ᠬᠤᠪᠢᠷᠠᠭᠤᠯᠬᠤ      ᠪᠠᠶᠢᠴᠠᠭᠠᠵᠤ ᠬᠢᠨᠠᠨ ᠬᠠᠷᠭᠤᠭᠤᠯᠬᠤ 

 

【ᠭᠣᠣᠯ ᠵᠣᠷᠢᠯᠭ᠎ᠠ】 

ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ᠂ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠪᠠᠶᠢᠭᠤᠯᠤᠮᠵᠢ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠡᠲᠡᠭᠡᠳ ᠦᠨ ᠭᠦᠢᠴᠡᠳᠬᠡᠬᠦ ᠭᠠᠵᠠᠷ ᠢᠶᠠᠨ ᠬᠤᠪᠢᠷᠠᠭᠤᠯᠬᠤ ᠪᠠᠷ ᠭᠤᠶᠤᠴᠢᠯᠠᠬᠤ ᠶᠢ ᠬᠢᠨᠠᠨ ᠵᠥᠪᠰᠢᠶᠡᠷᠡᠬᠦ ᠠᠵᠢᠯ ᠳᠤ ᠲᠠᠯᠪᠢᠬᠤ ᠬᠠᠤᠯᠢ ᠴᠠᠭᠠᠵᠠ ᠶᠢᠨ ᠬᠢᠨᠠᠯᠲᠠ ᠶᠢ ᠴᠢᠩᠭᠠᠳᠬᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠡᠲᠡᠭᠡᠳ ᠦᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠵᠤ᠂ ᠪᠣᠳᠠᠲᠠᠶ ᠰᠠᠭᠤᠭ᠎ᠠ ᠭᠠᠵᠠᠷ ᠪᠣᠯᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠭᠦᠢᠴᠡᠳᠬᠡᠬᠦ ᠭᠠᠵᠠᠷ ᠰᠠᠯᠤᠭᠰᠠᠨ ᠠᠴᠠ ᠪᠤᠯᠵᠤ ᠬᠢᠨᠠᠯᠲᠠ ᠬᠠᠮᠢᠶᠠᠷᠤᠯᠲᠠ ᠪᠣᠯᠤᠨ ᠰᠤᠷᠭᠠᠨ ᠬᠥᠮᠦᠵᠢᠯ ᠦᠨ ᠵᠠᠰᠠᠮᠵᠢᠯᠠᠯ  ᠶᠢᠨ ᠦᠷ᠎ᠡ ᠪᠦᠲᠦᠮᠵᠢ ᠶᠢ ᠨᠥᠯᠥᠭᠡᠯᠡᠬᠦ ᠡᠴᠡ ᠵᠠᠶᠢᠯᠠᠰᠬᠢᠬᠦ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠭᠦᠢᠴᠡᠳᠬᠡᠬᠦ ᠭᠠᠵᠠᠷ ᠤᠨ ᠬᠠᠤᠯᠢ ᠴᠠᠭᠠᠵᠠ ᠶᠢᠨ ᠬᠢᠨᠠᠯᠲᠠ ᠶᠢ ᠬᠤᠪᠢᠷᠠᠭᠤᠯᠬᠤ ᠬᠡᠷᠡᠭ ᠢ ᠰᠢᠶᠳᠪᠦᠷᠢᠯᠡᠬᠦ ᠳᠡᠭᠡᠨ ᠮᠠᠲ᠋ᠧᠷᠢᠶᠠᠯ ᠢ ᠰᠢᠯᠵᠢᠭᠦᠯᠦᠨ ᠤᠩᠰᠢᠬᠤ᠂ ᠲᠤᠰᠬᠠᠶ ᠶᠠᠷᠢᠯᠴᠠᠬᠤ᠂ ᠲᠤᠬᠠᠶ ᠶᠢᠨ ᠭᠠᠵᠠᠷ ᠲᠤᠨᠢ ᠰᠤᠷᠪᠤᠯᠵᠢᠯᠠᠬᠤ ᠵᠡᠷᠭᠡ ᠠᠷᠭ᠎ᠠ ᠮᠠᠶ᠋ᠢᠭ ᠢ ᠶᠡᠷᠦᠩᠬᠡᠶᠢᠯᠡᠨ ᠬᠡᠷᠡᠭᠯᠡᠵᠦ ᠪᠠᠶᠢᠴᠠᠭᠠᠨ ᠬᠠᠷᠭᠤᠭᠤᠯᠬᠤ ᠶᠢᠨ ᠬᠠᠮᠲᠤ ᠪᠠᠰᠠ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠮᠡᠳᠡᠭᠡ ᠵᠠᠩᠭᠢᠵᠢᠯᠲᠠ ᠶᠢᠨ ᠲᠠᠪᠴᠠᠩ ᠤᠨ ᠲᠣᠭ᠎ᠠ ᠪᠠᠷᠢᠮᠲᠠ ᠶᠢ ᠪᠠᠶᠢᠴᠠᠭᠠᠨ ᠯᠠᠪᠯᠠᠬᠤ ᠵᠡᠷᠭᠡ ᠮᠡᠳᠡᠭᠡ ᠵᠠᠩᠭᠢᠵᠢᠯᠲᠠ ᠶᠢᠨ ᠬᠢᠨᠠᠨ ᠪᠠᠶᠢᠴᠠᠭᠠᠬᠤ ᠠᠷᠭ᠎ᠠ ᠮᠠᠶ᠋ᠢᠭ ᠢ ᠬᠡᠷᠡᠭᠯᠡᠵᠦ᠂ ᠬᠢᠨᠠᠯᠲᠠ ᠲᠠᠯᠪᠢᠭᠰᠠᠨ ᠰᠠᠨᠠᠯ ᠤᠨ ᠣᠨᠣᠪᠴᠢᠲᠤ ᠴᠢᠨᠠᠷ᠂ ᠪᠦᠲᠦᠮᠵᠢᠳᠤ ᠴᠢᠨᠠᠷ ᠢ ᠳᠡᠭᠡᠭᠰᠢᠯᠡᠭᠦᠯᠵᠦ ᠪᠣᠯᠤᠨ᠎ᠠ᠃ 

【ᠬᠡᠷᠡᠭ ᠦᠨ ᠦᠨᠳᠦᠰᠦᠨ ᠪᠠᠶᠢᠳᠠᠯ】

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠬᠥ᠋ ᠣᠪᠣᠭᠲᠤ ᠂ ᠡᠷᠡᠭᠲᠡᠶ ᠂ 1988 ᠣᠨ ᠤ 6 ᠰᠠᠷ᠎ᠠ ᠳᠤ ᠳᠦᠷᠦᠵᠡᠶ ᠂ 2021 ᠣᠨ ᠤ 11 ᠰᠠᠷ᠎ᠠ ᠶᠢᠨ 25 ᠤ ᠡᠳᠦᠷ ᠣᠯᠠᠨ ᠨᠡᠶᠢᠲᠡ ᠶᠢᠨ ᠬᠠᠳᠠᠭᠠᠯᠠᠮᠵᠢ ᠶᠢ ᠬᠠᠸᠯᠢ ᠪᠤᠰᠤ ᠪᠠᠷ ᠲᠠᠲᠠᠭᠰᠠᠨ ᠶᠠᠯ᠎ᠠ ᠬᠢᠭᠰᠡᠨ ᠡᠴᠡ ᠪᠣᠯᠵᠣ ᠱᠠᠩᠬᠠᠶ ᠬᠣᠲᠠ ᠶᠢᠨ ᠵᠢᠶᠠ  ᠳ᠋ᠢᠩ ᠲᠣᠭᠣᠷᠢᠭ ᠤᠨ ᠠᠷᠠᠳ ᠤᠨ ᠰᠢᠭᠦᠬᠦ ᠬᠣᠷᠢᠶ᠎ᠠ ᠳᠤ ᠬᠣᠶᠠᠷ ᠵᠢᠯ ᠭᠤᠷᠪᠠᠨ ᠰᠠᠷ᠎ᠠ  ᠶᠢᠨ ᠬᠤᠭᠤᠴᠠᠭ᠎ᠠ ᠲᠠᠶ ᠬᠣᠷᠢᠬᠤ ᠡᠷᠡᠭᠦᠸ ᠪᠡᠷ ᠰᠢᠳᠬᠡᠭᠳᠡᠵᠦ ᠂ ᠡᠷᠡᠭᠦᠸ ᠰᠢᠳᠬᠡᠯ ᠢ ᠨᠢ ᠭᠤᠷᠪᠠᠨ ᠵᠢᠯ ᠬᠣᠶᠢᠰᠢᠯᠠᠭᠤᠯᠬᠤ ᠪᠠᠷ ᠵᠠᠷᠯᠠᠵᠤ ᠂ ᠠᠷᠠᠳ ᠤᠨ ᠵᠣᠭᠣᠰ  ᠠᠷᠪᠠᠨ ᠲᠦᠮᠡᠨ ᠲᠥᠭᠥᠷᠢᠭ ᠲᠣᠷᠭᠠᠵᠤ ᠂ ᠬᠠᠸᠯᠢ  ᠪᠣᠰᠦ ᠪᠠᠷ ᠣᠯᠤᠭᠰᠠᠨ ᠣᠯᠵᠠ ᠠᠰᠢᠭ ᠢ ᠨᠢ ᠨᠡᠬᠡᠮᠵᠢᠯᠡᠨ ᠲᠤᠰᠢᠶᠠᠯᠭᠠᠵᠤ ᠂ ᠬᠦᠷᠦᠯᠴᠡᠬᠦ ᠥᠬᠡᠶ ᠬᠡᠰᠡᠭ ᠢ ᠨᠢ ᠵᠠᠷᠯᠢᠭᠳᠠᠨ ᠳᠥᠯᠥᠭᠦᠯᠪᠡ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ  ᠨᠢ 2021 ᠣᠨ ᠤ 12 ᠰᠠᠷ᠎ᠠ ᠶᠢᠨ 7 ᠤ ᠡᠳᠦᠷ ᠡᠴᠡ 2024 ᠣᠨ ᠤ 12 ᠰᠠᠷ᠎ᠠ ᠶᠢᠨ 6 ᠤ ᠡᠳᠦᠷ ᠪᠣᠯᠲᠠᠯ᠎ᠠ᠂ ᠰᠢᠭᠦᠨ ᠲᠠᠰᠤᠯᠬᠤ ᠦᠶ᠎ᠡ ᠳᠦ ᠰᠢᠭᠦᠬᠦ ᠬᠣᠷᠢᠶ᠎ᠠ ᠠᠴᠠ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠭᠦᠢᠴᠡᠳᠬᠡᠬᠦ ᠭᠠᠵᠠᠷ ᠢ ᠱᠠᠩᠬᠠᠶ ᠬᠤᠳᠠ ᠶᠢᠨ ᠴᠠᠩ ᠨᠢᠩ ᠲᠣᠭᠣᠷᠢᠭ ᠢᠶᠠᠷ ᠲᠣᠭᠲᠠᠭᠠᠪᠠ᠃ 

2021 ᠣᠨ ᠤ 12 ᠰᠠᠷ᠎ᠠ ᠶᠢᠨ 27 ᠤ ᠡᠳᠦᠷ ᠂ ᠬᠥ᠋ ᠣᠪᠣᠭᠲᠤ ᠭᠦᠶᠴᠡᠳᠬᠡᠬᠦ ᠭᠠᠵᠠᠷ ᠢᠶᠠᠨ ᠱᠠᠩᠬᠠᠶ ᠬᠣᠲᠠ ᠶᠢᠨ ᠰᠥᠩ ᠵᠢᠶᠠᠩ ᠲᠣᠭᠣᠷᠢᠭ ᠲᠤ ᠬᠤᠪᠢᠷᠠᠭᠤᠯᠬᠤ ᠪᠠᠷ ᠭᠤᠶᠤᠴᠢᠯᠠᠭᠰᠠᠨ ᠳᠤ ᠰᠥᠩ ᠵᠢᠶᠠᠩ ᠲᠣᠭᠣᠷᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠭᠥᠯᠢᠶᠡᠨ ᠠᠪᠬᠤ ᠶᠢ ᠵᠥᠪᠰᠢᠶᠡᠷᠡᠭᠰᠡᠨ ᠥᠬᠡᠶ ᠃ ᠱᠠᠩᠬᠠᠶ ᠬᠤᠳᠠ ᠶᠢᠨ ᠴᠠᠩ ᠨᠢᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠭᠦ᠋ ᠣᠪᠣᠭᠲᠤ ᠶᠢᠨ ᠭᠤᠶᠤᠴᠢᠯᠠᠯ ᠢ ᠦᠨᠳᠦᠰᠦᠯᠡᠨ᠂ ᠭᠦ᠋ ᠣᠪᠣᠭᠲᠤ ᠶᠢᠨ ᠪᠣᠳᠠᠲᠠᠶ ᠰᠠᠭᠤᠵᠤ ᠪᠠᠶᠢᠭ᠎ᠠ ᠭᠠᠵᠠᠷ ᠢ ᠬᠠᠤᠯᠢ ᠶᠣᠰᠣᠭᠠᠷ ᠪᠠᠶᠢᠴᠠᠭᠠᠨ ᠬᠠᠷᠭᠤᠭᠤᠯᠵᠤ᠂ ᠭᠦ᠋ ᠣᠪᠣᠭᠲᠤ ᠪᠣᠯ ᠦᠨᠡᠬᠡᠷ ᠰᠦᠩ ᠵᠢᠶᠠᠩ ᠲᠣᠭᠣᠷᠢᠭ ᠲᠤ ᠰᠠᠭᠤᠵᠤ ᠪᠠᠶᠢᠬᠤ ᠪᠥᠭᠡᠳ ᠡᠳᠦᠷ ᠲᠤᠳᠤᠮ ᠤᠨ ᠠᠵᠢᠯᠯᠠᠭ᠎ᠠ ᠶᠢᠨ ᠵᠠᠮ ᠮᠥᠷ ᠨᠢ ᠴᠦ ᠰᠦᠩᠵᠢᠶᠠᠩ ᠲᠣᠭᠣᠷᠢᠭ ᠲᠤ ᠲᠥᠪᠯᠡᠷᠡᠵᠦ ᠪᠠᠶᠢᠬᠤ ᠶᠢ ᠪᠠᠶᠢᠴᠠᠭᠠᠨ ᠲᠤᠳᠤᠯᠠᠭᠰᠠᠨ ᠤ ᠲᠠᠷᠠᠭ᠎ᠠ ᠬᠠᠤᠯᠢ ᠶᠣᠰᠣᠭᠠᠷ ᠪᠠᠢᠴᠠᠭᠠᠬᠣ ᠰᠠᠨᠠᠯ ᠢᠶᠠᠨ ᠪᠢᠴᠢᠭ ᠢᠶᠡᠷ ᠳᠤᠷᠠᠳᠴᠠᠶ᠃ ᠬᠢᠨᠠᠯᠲᠠ ᠲᠠᠯᠪᠢᠬᠤ ᠪᠠᠷ ᠳᠠᠮᠵᠢᠭᠠᠳ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠡᠴᠦᠰ ᠲᠡᠬᠡᠨ ᠭᠦᠢᠴᠡᠳᠬᠡᠬᠦ ᠭᠠᠵᠠᠷ ᠢ ᠬᠤᠪᠢᠷᠠᠭᠤᠯᠬᠤ ᠶᠢ ᠵᠥᠪᠰᠢᠶᠡᠷᠡᠬᠦ ᠲᠣᠭᠲᠠᠭᠠᠯ ᠭᠠᠷᠭᠠᠪᠠ᠃ 

【ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠶᠠᠪᠤᠴᠠ】 

ᠰᠦᠪᠡᠭᠴᠢ  ᠶᠢ ᠢᠯᠡᠷᠡᠭᠦᠯᠦᠭᠰᠡᠨ᠄2022 ᠣᠨ ᠤ ᠡᠬᠢ ᠪᠡᠷ᠂ ᠭᠦ᠋ ᠣᠪᠣᠭᠲᠤ ᠰᠦᠩ ᠵᠢᠶᠠᠩ ᠲᠣᠭᠣᠷᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠲᠡᠭᠦᠨ ᠦ ᠰᠦᠩ ᠵᠢᠶᠠᠩ ᠲᠣᠭᠣᠷᠢᠭ ᠲᠤ ᠨᠡᠶᠢᠭᠡᠮ ᠲᠣᠭᠣᠷᠢᠭ ᠤᠨ ᠵᠠᠰᠠᠮᠵᠢᠯᠠᠯ  ᠶᠢ ᠬᠦᠯᠢᠶᠡᠨ ᠠᠪᠬᠤ ᠶᠢ ᠵᠥᠪᠰᠢᠶᠡᠷᠡᠬᠦ ᠦᠭᠡᠢ᠂ ᠲᠡᠭᠦᠨ ᠦ ᠬᠠᠤᠯᠢ ᠶᠣᠰᠣᠨ ᠤ ᠡᠷᠬᠡ ᠠᠰᠢᠭ ᠲᠤ ᠬᠠᠯᠳᠠᠵᠤ᠂ ᠲᠡᠭᠦᠨ ᠦ ᠬᠡᠪ ᠦᠨ ᠠᠵᠢᠯ ᠪᠠ ᠠᠮᠢᠳᠤᠷᠠᠯ ᠳᠤ  ᠪᠠᠭ᠎ᠠ ᠪᠤᠰᠤ ᠨᠥᠯᠥᠭᠡ ᠤᠴᠠᠷᠠᠭᠤᠯᠪᠠ ᠭᠡᠵᠦ ᠦᠵᠡᠭᠡᠳ ᠪᠠᠶᠢᠴᠠᠭᠠᠬᠤ ᠪᠠᠶᠢᠭᠤᠯᠭ᠎ᠠ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠭᠤᠯᠬᠤ ᠪᠠᠷ ᠭᠤᠶᠤᠴᠢᠯᠠᠪᠠ᠃ 

ᠪᠠᠶᠢᠴᠠᠭᠠᠨ ᠬᠠᠷᠭᠤᠭᠤᠯᠬᠰᠠᠨ᠄ ᠴᠠᠩ ᠨᠢᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠳᠣᠸᠷᠠᠬᠢ ᠮᠡᠲᠦ ᠪᠠᠶᠢᠴᠠᠭᠠᠨ ᠬᠠᠷᠭᠤᠭᠤᠯᠬᠤ ᠠᠵᠢᠯ ᠢ ᠥᠷᠨᠢᠭᠦᠯᠪᠡ ᠄ ᠨᠢᠭᠡ ᠳᠦ ᠂ ᠰᠥᠩ ᠵᠢᠶᠠᠩ ᠲᠣᠭᠣᠷᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠬᠥ᠋ ᠣᠪᠣᠭᠲᠤ  ᠢ ᠭᠥᠯᠢᠶᠡᠨ ᠠᠪᠤᠭᠰᠠᠨ ᠥᠬᠡᠶ ᠰᠢᠯᠲᠠᠭᠠᠨ ᠶᠢ ᠪᠠᠶᠢᠴᠠᠭᠠᠪᠠ ᠃ ᠰᠦᠩ ᠵᠢᠶᠠᠩ ᠲᠣᠭᠣᠷᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠣᠴᠢᠭᠰᠠᠨ ᠳᠤ᠂ ᠭᠦ᠋ ᠣᠪᠣᠭᠲᠤ ᠶᠢ ᠬᠦᠯᠢᠶᠡᠨ ᠠᠪᠬᠤ ᠶᠢ ᠠᠩᠬ᠎ᠠ ᠤᠳᠠᠭ᠎ᠠ ᠵᠥᠪᠰᠢᠶᠡᠷᠡᠬᠦ ᠦᠭᠡᠢ ᠪᠠᠶᠢᠬᠤ ᠶᠢᠨ ᠰᠢᠯᠲᠠᠭᠠᠨ ᠪᠣᠯ ᠭᠦ᠋ ᠣᠪᠣᠭᠲᠤ ᠰᠦᠩ ᠵᠢᠶᠠᠩ ᠲᠣᠭᠣᠷᠢᠭ ᠲᠤ ᠤᠷᠳᠤ ᠬᠤᠭᠤᠴᠠᠭ᠎ᠠ ᠪᠠᠷ ᠰᠠᠭᠤᠭᠰᠠᠨ ᠬᠦᠴᠦᠨ ᠪᠦᠬᠦᠢ ᠭᠡᠷᠡᠴᠢ ᠶᠢ ᠭᠠᠷᠭᠠᠵᠤ ᠥᠭᠬᠦ ᠶᠢᠨ ᠠᠷᠭ᠎ᠠ ᠦᠭᠡᠢ ᠡᠴᠡ ᠪᠣᠯᠤᠭᠰᠠᠨ ᠢ ᠣᠶᠢᠯᠠᠭᠠᠪᠠ᠃ ᠬᠣᠶᠠᠷ ᠲᠤ ᠂ ᠭᠦ᠋ ᠣᠪᠣᠭᠲᠤ ᠶᠢᠨ ᠭᠦᠢᠴᠡᠳᠬᠡᠬᠦ ᠭᠠᠵᠠᠷ ᠢ ᠬᠤᠪᠢᠷᠠᠭᠤᠯᠬᠤ ᠪᠠᠷ ᠭᠤᠶᠤᠴᠢᠯᠠᠭᠰᠠᠨ ᠰᠢᠯᠲᠠᠭᠠᠨ ᠢ ᠣᠶᠢᠯᠠᠭᠠᠪᠠ᠃ ᠭᠦ᠋ ᠣᠪᠣᠭᠲᠤ ᠲᠠᠶ ᠶᠠᠷᠢᠯᠴᠠᠬᠤ᠂ ᠭᠦᠢᠴᠡᠳᠬᠡᠬᠦ ᠭᠠᠵᠠᠷ ᠢ ᠬᠤᠪᠢᠷᠠᠭᠤᠯᠬᠤ ᠭᠤᠶᠤᠴᠢᠯᠠᠯ ᠤᠨ ᠮᠠᠲ᠋ᠧᠷᠢᠶᠠᠯ ᠵᠡᠷᠭᠡ ᠮᠠᠲ᠋ᠧᠷᠢᠶᠠᠯ ᠢ ᠬᠢᠨᠠᠨ ᠪᠠᠶᠢᠴᠠᠭᠠᠬᠤ ᠪᠠᠷ ᠲᠠᠮᠵᠢᠨ᠂ ᠭᠦ᠋ ᠣᠪᠣᠭᠲᠤ ᠰᠢᠭᠦᠬᠦ ᠬᠣᠷᠢᠶ᠎ᠠ ᠠᠴᠠ ᠨᠡᠶᠢᠭᠡᠮ ᠲᠣᠭᠣᠷᠢᠭ ᠵᠠᠰᠠᠮᠵᠢᠯᠠᠯ   ᠢ ᠭᠦᠢᠴᠡᠳᠬᠡᠬᠦ ᠭᠠᠵᠠᠷ ᠢ ᠲᠣᠭᠲᠠᠭᠠᠬᠤ ᠦᠶ᠎ᠡ ᠳᠦ᠂ ᠴᠠᠩ ᠨᠢᠩ ᠲᠣᠭᠣᠷᠢᠭ ᠤᠨ ᠡᠷᠤᠭᠡ ᠠᠮᠠ ᠶᠢᠨ ᠲᠠᠨᠭᠰᠠ ᠶᠢᠨ ᠪᠠᠶᠢᠭ᠎ᠠ ᠭᠠᠵᠠᠷ ᠤᠨ ᠭᠡᠷ ᠪᠠᠶᠢᠰᠢᠩ ᠳᠤ ᠰᠠᠭᠤᠵᠤ ᠪᠠᠶᠢᠪᠠ᠂ ᠭᠡᠪᠡᠴᠦ ᠠᠵᠢᠯ ᠦᠭᠡᠢ᠂ ᠠᠵᠤ ᠠᠬᠤᠶ ᠶᠢᠨ ᠢᠷᠡᠯᠳᠡ ᠪᠡᠷ ᠳᠤᠲᠠᠮᠠᠭ ᠮᠥᠷᠲᠡᠭᠡᠨ ᠲᠣᠷᠭᠠᠭᠤᠯᠢ ᠶᠢᠨ ᠵᠣᠭᠣᠰ᠂ ᠬᠣᠣᠷᠯᠠᠭᠳᠠᠭᠴᠢ ᠶᠢᠨ ᠬᠣᠬᠢᠷᠠᠯ ᠢ ᠪᠤᠴᠠᠭᠠᠵᠤ ᠲᠦᠯᠤᠬᠥ ᠵᠡᠷᠭᠡ ᠡᠳ᠋ ᠬᠥᠷᠤᠨᠭᠭᠡ ᠶᠢᠨ ᠴᠢᠨᠠᠷᠲᠠᠶ ᠲᠠᠰᠤᠯᠤᠯᠳᠡ ᠶᠢᠨ ᠵᠦᠢᠯ ᠢ ᠭᠦᠢᠴᠡᠳᠬᠡᠬᠦ ᠴᠢᠬᠤᠯᠠᠲᠠᠶ ᠪᠠᠶᠢᠬᠤ ᠶᠢ ᠣᠯᠵᠤ ᠮᠡᠳᠡᠪᠡ᠃ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠨᠡᠷ᠎ᠡ ᠮᠡᠳᠡᠭᠦᠯᠬᠦ ᠡᠴᠡ ᠡᠮᠦᠨ᠎ᠡ᠂ ᠭᠦ᠋ ᠣᠪᠣᠭᠲᠤ ᠨᠢᠭᠡᠨᠲᠡ ᠥᠪᠡᠷ ᠦᠨ ᠰᠠᠭᠤᠵᠤ ᠪᠠᠶᠢᠭᠰᠠᠨ ᠴᠠᠩ ᠨᠢᠩ ᠲᠣᠭᠣᠷᠢᠭ ᠤᠨ ᠭᠡᠷ ᠪᠠᠶᠢᠰᠢᠩ ᠢᠶᠠᠨ ᠪᠤᠰᠤᠳ ᠲᠤ ᠲᠦᠷᠢᠶᠡᠰᠦᠯᠡᠨ ᠥᠭᠴᠦ᠂ ᠱᠠᠩᠬᠠᠶ ᠬᠤᠲᠠ ᠶᠢᠨ ᠰᠦᠩ ᠵᠢᠶᠠᠩ ᠲᠣᠭᠣᠷᠢᠭ ᠤᠨ ᠲᠦᠷᠦᠯ ᠰᠠᠳᠤᠨ ᠤ ᠪᠠᠨ ᠭᠡᠷ ᠲᠦ ᠤᠷᠳᠤ ᠬᠤᠭᠤᠴᠠᠭ᠎ᠠ ᠪᠠᠷ ᠵᠢᠭᠡᠯᠡᠨ ᠰᠠᠭᠤᠵᠤ᠂ ᠴᠠᠩ ᠨᠢᠩ ᠲᠣᠭᠣᠷᠢᠭ ᠲᠤ ᠨᠢᠭᠡᠨᠲᠡ ᠰᠠᠭᠤᠬᠤ ᠭᠠᠵᠠᠷ ᠦᠭᠡᠢ ᠪᠣᠯᠵᠠᠶ᠃ ᠭᠤᠷᠪᠠ ᠳᠤ᠂ ᠭᠦ᠋ ᠣᠪᠣᠭᠲᠤ ᠶᠢᠨ ᠪᠣᠳᠠᠲᠠᠶ ᠰᠠᠭᠤᠵᠤ ᠪᠠᠶᠢᠭ᠎ᠠ ᠭᠠᠵᠠᠷ ᠢ ᠬᠢᠨᠠᠨ ᠮᠠᠭᠠᠳᠯᠠᠪᠠ᠃ ᠭᠦ᠋ ᠣᠪᠣᠭᠲᠤ ᠶᠢᠨ ᠰᠦᠩ ᠵᠢᠶᠠᠩ ᠲᠣᠭᠣᠷᠢᠭ ᠤᠨ ᠰᠠᠭᠤᠵᠤ ᠪᠠᠶᠢᠭ᠎ᠠ ᠭᠠᠵᠠᠷ ᠤᠨ ᠭᠡᠷ ᠪᠠᠶᠢᠰᠢᠩ ᠤᠨ ᠠᠳᠠᠯ ᠠᠬᠤᠶ ᠶᠢᠨ ᠺᠣᠮᠫᠠᠨᠢ ᠶᠢ ᠲᠤᠬᠠᠶ ᠶᠢᠨ ᠭᠠᠵᠠᠷ ᠲᠤᠨᠢ ᠰᠤᠷᠪᠤᠯᠵᠢᠯᠠᠵᠤ᠂ ᠲᠣᠮᠢᠯᠠᠭᠰᠠᠨ ᠰᠠᠯᠪᠤᠷᠢ ᠶᠢᠨ ᠪᠣᠳᠠᠲᠠᠶ ᠪᠠᠶᠢᠭ᠎ᠠ ᠬᠥᠮᠦᠨ ᠠᠮᠠ ᠶᠢᠨ ᠮᠡᠳᠡᠭᠡ ᠵᠠᠩᠭᠢ ᠶᠢ ᠪᠠᠶᠢᠴᠠᠭᠠᠨ ᠯᠠᠪᠯᠠᠭᠰᠠᠨ ᠵᠡᠷᠭᠡ ᠨᠢ ᠴᠥᠮ ᠭᠦ᠋ ᠣᠪᠣᠭᠲᠤ ᠶᠢᠨ ᠰᠦᠩ ᠵᠢᠶᠠᠩ ᠲᠣᠭᠣᠷᠢᠭ ᠤᠨ ᠲᠦᠷᠦᠯ ᠰᠠᠳᠤᠨ ᠤ ᠭᠡᠷ ᠪᠠᠶᠢᠰᠢᠩ ᠳᠤ ᠪᠣᠳᠠᠲᠠᠶ ᠰᠠᠭᠤᠵᠤ ᠪᠠᠶᠢᠬᠤ ᠶᠢ ᠭᠡᠷᠡᠴᠢᠯᠡᠵᠡᠶ᠃ ᠡᠭᠦᠨ ᠦ ᠵᠡᠷᠭᠡ ᠳᠦ ᠂ ᠱᠠᠩᠬᠠᠶ ᠬᠣᠲᠠ  ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ ᠪᠠ ᠲᠥᠪᠬᠢᠨᠡᠭᠦᠯᠦᠨ ᠬᠠᠪᠰᠤᠷᠤᠨ ᠰᠤᠷᠭᠠᠬᠤ  ᠶᠢ ᠨᠢᠭᠡ ᠴᠤᠭᠴᠠᠵᠢᠭᠤᠯᠤᠭᠰᠠᠨ ᠲᠣᠮᠣ ᠲᠠᠪᠴᠠᠩ ᠤᠨ ᠰᠢᠯᠵᠢᠮᠡᠯ ᠬᠢᠨᠠᠯᠲᠠ ᠬᠠᠮᠢᠶᠠᠷᠤᠯᠲᠠ  ᠶᠢᠨ ᠮᠡᠳᠡᠭᠡ ᠵᠠᠩᠭᠢ  ᠶᠢ ᠪᠠᠶᠢᠴᠠᠭᠠᠨ ᠯᠠᠪᠯᠠᠬᠤ ᠪᠠᠷ ᠳᠡᠮᠵᠢᠨ ᠂ ᠬᠥ᠋ ᠣᠪᠣᠭᠲᠤ  ᠶᠢᠨ ᠥᠪᠡᠷ  ᠢᠶᠡᠨ ᠵᠠᠰᠠᠪᠤᠷᠢᠯᠠᠭᠰᠠᠨ ᠤ ᠳᠠᠷᠠᠭᠠᠬᠢ ᠡᠳᠦᠷ ᠲᠤᠲᠤᠮ ᠤᠨ ᠠᠮᠢᠳᠤᠷᠠᠯ ᠵᠢᠴᠢ ᠠᠵᠢᠯᠯᠠᠭᠠᠨ ᠤ ᠣᠷᠣᠨ ᠨᠢ ᠦᠨᠳᠦᠰᠦᠨ ᠳᠡᠭᠡᠨ ᠴᠥᠮ ᠰᠦᠩ ᠵᠢᠶᠠᠩ ᠲᠣᠭᠣᠷᠢᠭ ᠲᠤ ᠪᠠᠶᠢᠬᠤ  ᠶᠢ ᠣᠯᠵᠤ ᠮᠡᠳᠡᠵᠡᠶ ᠃ 

ᠬᠢᠨᠠᠯᠲᠠ ᠲᠠᠯᠪᠢᠬᠤ ᠰᠠᠨᠠᠯ᠄ ᠴᠠᠩ ᠨᠢᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠬᠢᠨᠠᠨ ᠪᠠᠶᠢᠴᠠᠭᠠᠬᠤ ᠪᠠᠷ ᠳᠠᠮᠵᠢᠭᠠᠳ ᠂ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠸᠯᠢ ︾ ᠶᠢᠨ ᠬᠣᠷᠢᠨ ᠳᠣᠯᠣᠳᠤᠭᠠᠷ ᠵᠦᠶᠯ ᠵᠢᠴᠢ ᠲᠡᠭᠦᠨ ᠢ ᠬᠡᠷᠡᠭᠵᠢᠭᠦᠯᠬᠦ ᠠᠷᠭ᠎ᠠ ᠶᠢᠨ ᠲᠣᠭᠲᠠᠭᠠᠯ ᠢ ᠦᠨᠳᠦᠰᠦᠯᠡᠪᠡᠯ ᠂ ᠰᠥᠩ ᠵᠢᠶᠠᠩ ᠲᠣᠭᠣᠷᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠪᠠᠶᠢᠭᠤᠯᠤᠮᠵᠢ ᠬᠥ᠋ ᠣᠪᠣᠭᠲᠤ ᠶᠢᠨ ᠰᠥᠩ ᠵᠢᠶᠠᠩ ᠲᠣᠭᠣᠷᠢᠭ ᠲᠤ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠭᠥᠯᠢᠶᠡᠨ ᠠᠪᠬᠤ ᠶᠢ ᠵᠥᠪᠰᠢᠶᠡᠷᠡᠬᠦ ᠥᠬᠡᠶ ᠪᠠᠶᠢᠵᠤ ᠂ ᠬᠥ᠋ ᠣᠪᠣᠭᠲᠤ ᠶᠢᠨ ᠬᠡᠪ ᠦᠨ ᠠᠵᠢᠯ ᠠᠮᠢᠳᠤᠷᠠᠯ ᠳᠤ  ᠪᠠᠭ᠎ᠠ ᠪᠤᠰᠤ ᠨᠥᠯᠥᠭᠡ ᠦᠵᠡᠭᠦᠯᠦᠭᠰᠡᠨ ᠪᠣᠯᠬᠣᠷ ᠬᠠᠸᠯᠢ ᠶᠣᠰᠣᠭᠠᠷ ᠵᠠᠰᠠᠮᠵᠢᠯᠠᠯ  ᠤᠨ ᠬᠡᠷᠡᠭᠲᠡᠶ ᠭᠡᠵᠦ ᠦᠵᠡᠪᠡ ᠃ 2022 ᠣᠨ ᠤ 7 ᠰᠠᠷ᠎ᠠ ᠶᠢᠨ 8 ᠤ ᠡᠳᠦᠷ᠂ ᠪᠠᠶᠢᠴᠠᠭᠠᠬᠤ ᠪᠠᠶᠢᠭᠤᠯᠭ᠎ᠠ ᠠᠴᠠ ᠪᠢᠴᠢᠭ ᠢᠶᠡᠷ ᠵᠠᠰᠠᠮᠵᠢᠯᠠᠯ  ᠤᠨ ᠰᠠᠨᠠᠯ ᠳᠤᠷᠠᠳᠴᠤ᠂ ᠰᠦᠩ ᠵᠢᠶᠠᠩ ᠲᠣᠭᠣᠷᠢᠭ ᠤᠨ ᠬᠠᠤᠯᠢ ᠴᠠᠭᠠᠵᠠ ᠶᠢᠨ ᠲᠣᠪᠴᠢᠶ᠎ᠠ ᠠᠴᠠ ᠭᠦ᠋ ᠣᠪᠣᠭᠲᠤ ᠶᠢᠨ ᠰᠦᠩ ᠵᠢᠶᠠᠩ ᠲᠣᠭᠣᠷᠢᠭ ᠲᠤ ᠨᠡᠶᠢᠭᠡᠮ ᠲᠣᠭᠣᠷᠢᠭ ᠤᠨ ᠵᠠᠰᠠᠮᠵᠢᠯᠠᠯ  ᠶᠢ ᠬᠦᠯᠢᠶᠡᠨ ᠠᠪᠬᠤ ᠶᠢ ᠵᠥᠪᠰᠢᠶᠡᠷᠡᠭᠰᠡᠨ ᠲᠣᠭᠲᠠᠭᠠᠯ ᠢ ᠬᠠᠤᠯᠢ ᠶᠣᠰᠣᠭᠠᠷ ᠭᠠᠷᠭᠠᠬᠤ ᠳᠤ ᠬᠢᠨᠠᠯᠲᠠ ᠲᠠᠯᠪᠢᠪᠠ᠃ 

ᠬᠢᠨᠠᠯᠲᠠ ᠲᠠᠯᠪᠢᠭᠰᠠᠨ ᠦᠷ᠎ᠡ ᠳ᠋ᠦᠩ᠄ 2022 ᠣᠨ ᠤ 8 ᠰᠠᠷ᠎ᠠ ᠶᠢᠨ 9 ᠦ ᠡᠳᠦᠷ᠂ ᠰᠦᠩ ᠵᠢᠶᠠᠩ ᠲᠣᠭᠣᠷᠢᠭ ᠤᠨ ᠬᠠᠤᠯᠢ ᠴᠠᠭᠠᠵᠠ ᠶᠢᠨ ᠲᠣᠪᠴᠢᠢ᠎ᠠ ᠠᠴᠠ ᠭᠦ᠋ ᠣᠪᠣᠭᠲᠤ ᠶᠢᠨ ᠭᠦᠢᠴᠡᠳᠬᠡᠬᠦ ᠭᠠᠵᠠᠷ ᠢᠶᠠᠨ ᠬᠤᠪᠢᠷᠠᠭᠤᠯᠵᠤ ᠰᠦᠩ ᠵᠢᠶᠠᠩ ᠲᠣᠭᠣᠷᠢᠭ ᠲᠤ ᠢᠷᠡᠬᠦ ᠶᠢ ᠬᠦᠯᠢᠶᠡᠨ ᠠᠪᠬᠤ ᠶᠢ ᠵᠥᠪᠰᠢᠶᠡᠷᠡᠬᠦ ᠰᠠᠨᠠᠯ ᠢ ᠳᠠᠬᠢᠨᠲᠠ ᠭᠠᠷᠭᠠᠪᠠ᠃ ᠰᠡᠭᠦᠯᠡᠷ ᠨᠢ ᠭᠦ᠋ ᠣᠪᠣᠭᠲᠤ ᠴᠠᠭ ᠲᠤᠬᠠᠶ ᠳᠤᠨᠢ ᠰᠦᠩ ᠵᠢᠶᠠᠩ ᠲᠣᠭᠣᠷᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠬᠦᠷᠴᠦ  ᠨᠡᠷ᠎ᠡ ᠮᠡᠳᠡᠭᠦᠯᠦᠭᠰᠡᠨ ᠪᠥᠭᠡᠳ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠬᠦᠯᠢᠶᠡᠨ ᠠᠪᠴᠠᠶ᠃ 

【ᠨᠡᠶᠢᠲᠡᠯᠢᠭ ᠠᠴᠢ ᠬᠣᠯᠪᠣᠭᠳᠠᠯ】 

(ᠨᠢᠭᠡ) ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ  ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠨᠡᠶᠢᠭᠡᠮ ᠲᠣᠭᠣᠷᠢᠭ  ᠤᠨ ᠵᠠᠰᠠᠮᠵᠢᠯᠠᠯ  ᠤᠨ ᠡᠲᠡᠭᠡᠳ ᠦᠨ ᠭᠦᠢᠴᠡᠳᠬᠡᠬᠦ ᠭᠠᠵᠠᠷ ᠢ ᠬᠤᠪᠢᠷᠠᠭᠤᠯᠬᠤ ᠭᠤᠶᠤᠴᠢᠯᠠᠯ ᠢ ᠬᠢᠨᠠᠨ ᠵᠥᠪᠰᠢᠶᠡᠷᠡᠬᠦ ᠠᠵᠢᠯ ᠳᠤ ᠲᠠᠯᠪᠢᠬᠤ ᠬᠠᠤᠯᠢ ᠴᠠᠭᠠᠵᠠ ᠶᠢᠨ ᠬᠢᠨᠠᠯᠲᠠ ᠪᠠᠨ ᠴᠢᠩᠭᠠᠳᠬᠠᠵᠤ᠂ ᠨᠡᠶᠢᠭᠡᠮ ᠲᠣᠭᠣᠷᠢᠭ ᠠᠴᠠ ᠵᠠᠰᠠᠮᠵᠢᠯᠠᠯ  ᠤᠨ ᠡᠲᠡᠭᠡᠳ ᠦᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠬᠡᠷᠡᠭᠲᠡᠶ᠃ ︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠬᠠᠸᠯᠢ ︾ ᠵᠢᠴᠢ ᠲᠡᠭᠦᠨ ᠦ ᠬᠡᠷᠡᠭᠵᠢᠭᠦᠯᠬᠦ ᠠᠷᠭ᠎ᠠ ᠳᠤ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠡᠲᠡᠭᠡᠳ ᠨᠢ ᠠᠵᠢᠯ ᠂ ᠣᠷᠣᠨ ᠰᠠᠭᠤᠴᠠ ᠶᠢᠨ ᠬᠤᠪᠢᠷᠠᠯᠲᠠ ᠵᠡᠷᠭᠡ ᠰᠢᠯᠲᠠᠭᠠᠨ ᠠᠴᠠ ᠪᠣᠯᠵᠣ ᠂  ᠬᠦᠢᠴᠡᠳᠬᠡᠬᠦ ᠭᠠᠵᠠᠷ ᠢ ᠬᠤᠪᠢᠷᠠᠭᠤᠯᠬᠤ ᠪᠠᠷ ᠭᠤᠶᠤᠴᠢᠯᠠᠬᠤ ᠡᠷᠬᠡ ᠲᠡᠶ ᠭᠡᠵᠦ ᠲᠣᠳᠣᠷᠬᠠᠶ ᠲᠣᠭᠲᠠᠭᠠᠵᠠᠶ ᠃ ᠪᠠᠶᠢᠴᠠᠭᠠᠬᠤ ᠪᠠᠶᠢᠭᠤᠯᠭ᠎ᠠ ᠤᠤᠯ ᠤᠨ ᠭᠦᠢᠴᠡᠳᠬᠡᠵᠦ ᠪᠠᠶᠢᠭᠰᠠᠨ ᠭᠠᠵᠠᠷ ᠪᠠ ᠰᠢᠨ᠎ᠡ ᠭᠦᠢᠴᠡᠳᠬᠡᠵᠦ ᠪᠠᠶᠢᠭᠰᠠᠨ ᠭᠠᠵᠠᠷ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠬᠢᠨᠠᠯᠲᠠ ᠲᠠᠯᠪᠢᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ  ᠢ ᠬᠦᠯᠢᠶᠡᠨ ᠠᠪᠬᠤ ᠂ ᠨᠡᠶᠢᠭᠡᠮ ᠳᠦ ᠨᠡᠩ ᠰᠠᠶᠢᠨ ᠠᠭᠤᠰᠤᠯᠴᠠᠬᠤ ᠳᠤ ᠠᠰᠢᠭᠲᠠᠶ ᠪᠠᠶᠢᠬᠤ ᠵᠠᠷᠴᠢᠮ ᠢ ᠦᠨᠳᠦᠰᠦᠯᠡᠨ ᠂ ᠭᠦᠢᠴᠡᠳᠬᠡᠬᠦ ᠭᠠᠵᠠᠷ ᠢ ᠬᠤᠪᠢᠷᠠᠭᠤᠯᠬᠤ ᠨᠥᠬᠥᠴᠡᠯ ᠳᠦ ᠨᠡᠶᠢᠴᠡᠬᠦ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠲᠦ ᠬᠢᠨᠠᠨ ᠵᠥᠪᠰᠢᠶᠡᠷᠡᠬᠦ ᠡᠭᠦᠷᠭᠡ ᠴᠢᠳᠠᠪᠤᠷᠢ ᠶᠢ ᠬᠠᠤᠯᠢ ᠶᠣᠰᠣᠭᠠᠷ ᠭᠦᠢᠴᠡᠳᠬᠡᠬᠦ ᠶᠢᠨ ᠬᠠᠮᠲᠤ ᠬᠠᠤᠯᠢ ᠴᠠᠭᠠᠵᠠ ᠶᠢᠨ ᠪᠢᠴᠢᠭ ᠬᠠᠷ᠎ᠠ ᠪᠠ ᠲᠠᠨᠭᠰᠠ ᠡᠪᠬᠡᠮᠡᠯ ᠦᠨ ᠮᠠᠲ᠋ᠧᠷᠢᠶᠠᠯ ᠢ ᠲᠤᠰᠢᠶᠠᠬᠤ ᠪᠠ ᠬᠦᠯᠢᠶᠡᠨ ᠠᠪᠬᠤ ᠵᠡᠷᠭᠡ ᠠᠵᠢᠯ ᠢ ᠰᠠᠶᠢᠲᠤᠷ ᠬᠢᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠡᠪ ᠦᠨ ᠠᠵᠢᠯ ᠪᠠ ᠠᠮᠢᠳᠤᠷᠠᠯ ᠳᠤ  ᠬᠡᠷᠡᠭᠴᠡᠭᠡ ᠦᠭᠡᠢ ᠨᠥᠯᠥᠭᠡ ᠤᠴᠠᠷᠠᠭᠤᠯᠬᠤ ᠠᠴᠠ ᠵᠠᠶᠢᠯᠠᠰᠬᠢᠬᠦ ᠶᠢᠨ ᠬᠠᠮᠲᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ  ᠦᠷ᠎ᠡ ᠪᠦᠲᠦᠮᠵᠢ ᠶᠢ ᠪᠠᠲᠤᠯᠠᠬᠤ ᠬᠡᠷᠡᠭᠲᠡᠶ᠃ 

(ᠬᠣᠶᠠᠷ) ᠠᠷᠠᠳ ᠤᠨ ᠪᠠᠶᠢᠴᠠᠭᠠᠬᠤ ᠬᠣᠷᠢᠶ᠎ᠠ ᠤᠯᠠᠨ ᠵᠦᠢᠯ ᠦᠨ ᠪᠠᠶᠢᠴᠠᠭᠠᠯᠲᠠ ᠶᠢᠨ ᠠᠷᠭ᠎ᠠ ᠮᠠᠶ᠋ᠢᠭ ᠢ ᠶᠡᠷᠦᠩᠬᠡᠶᠢᠯᠡᠨ ᠬᠡᠷᠡᠭᠯᠡᠵᠦ᠂ ᠨᠡᠶᠢᠭᠡᠮ ᠲᠣᠭᠣᠷᠢᠭ ᠠᠴᠠ ᠵᠠᠰᠠᠮᠵᠢᠯᠠᠯ  ᠤᠨ ᠡᠲᠡᠭᠡᠳ  ᠦᠨ ᠭᠦᠢᠴᠡᠳᠬᠡᠬᠦ ᠭᠠᠵᠠᠷ ᠢ ᠬᠤᠪᠢᠷᠠᠭᠤᠯᠬᠤ ᠪᠠᠷ ᠭᠤᠶᠤᠴᠢᠯᠠᠬᠤ ᠶᠢᠨ ᠴᠢᠬᠤᠯᠠ ᠴᠢᠨᠠᠷ ᠪᠠ ᠵᠦᠢ ᠶᠣᠰᠣᠴᠢ ᠴᠢᠨᠠᠷ ᠢ ᠣᠨᠣᠪᠴᠢᠲᠠᠶ ᠮᠠᠭᠠᠳᠯᠠᠨ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠬᠤ ᠰᠠᠨᠠᠯ ᠢᠶᠠᠨ ᠬᠠᠤᠯᠢ ᠶᠣᠰᠣᠭᠠᠷ ᠣᠨᠣᠪᠴᠢᠲᠠᠶ ᠳᠤᠷᠠᠳᠬᠤ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠲᠤᠬᠠᠶ ᠬᠠᠸᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠤᠮᠳᠠ ᠂ ᠮᠠᠲ᠋ᠧᠷᠢᠶᠠᠯ ᠢ ᠰᠢᠯᠵᠢᠭᠦᠯᠦᠨ ᠦᠵᠡᠬᠦ ᠂ ᠲᠤᠰᠬᠠᠶ ᠶᠠᠷᠢᠯᠴᠠᠬᠤ ᠂ ᠲᠤᠬᠠᠶ ᠶᠢᠨ ᠭᠠᠵᠠᠷ ᠲᠤᠨᠢ ᠰᠤᠷᠪᠤᠯᠵᠢᠯᠠᠬᠤ ᠵᠡᠷᠭᠡ ᠤᠯᠠᠮᠵᠢᠯᠠᠯᠲᠤ ᠠᠷᠭ᠎ᠠ ᠮᠠᠶ᠋ᠢᠭ ᠢᠶᠠᠷ ᠳᠠᠮᠵᠢᠭᠤᠯᠤᠨ ᠪᠠᠶᠢᠴᠠᠭᠠᠨ ᠬᠠᠷᠭᠤᠭᠤᠯᠬᠤ ᠶᠢᠨ ᠬᠠᠮᠲᠤ ᠪᠠᠰᠠ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠮᠡᠳᠡᠭᠡ ᠵᠠᠩᠭᠢᠵᠢᠯᠲᠠ ᠶᠢᠨ ᠲᠠᠪᠴᠠᠩ ᠢ ᠪᠠᠶᠢᠴᠠᠭᠠᠨ ᠯᠠᠪᠯᠠᠬᠤ ᠵᠡᠷᠭᠡ ᠮᠡᠳᠡᠭᠡ ᠵᠠᠩᠭᠢᠵᠢᠯᠲᠠ ᠶᠢᠨ ᠬᠢᠨᠠᠨ ᠪᠠᠶᠢᠴᠠᠭᠠᠬᠤ ᠠᠷᠭ᠎ᠠ ᠮᠠᠶ᠋ᠢᠭ ᠢᠶᠠᠷ ᠳᠠᠮᠵᠢᠭᠤᠯᠤᠨ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠶᠢᠨ ᠡᠲᠡᠭᠡᠳ ᠦᠨ ᠪᠣᠳᠠᠲᠠᠶ ᠰᠠᠭᠤᠵᠤ ᠪᠠᠶᠢᠭ᠎ᠠ ᠭᠠᠵᠠᠷ ᠢ ᠬᠢᠨᠠᠨ ᠬᠠᠷᠭᠤᠭᠤᠯᠵᠤ ᠂ ᠬᠠᠸᠯᠢ ᠴᠠᠭᠠᠵᠠ ᠶᠢᠨ ᠬᠢᠨᠠᠯᠲᠠ ᠶᠢᠨ ᠣᠨᠣᠪᠴᠢᠲᠤ ᠴᠢᠨᠠᠷ ᠂ ᠪᠦᠲᠦᠮᠵᠢᠲᠦ ᠴᠢᠨᠠᠷ ᠢ ᠳᠡᠭᠡᠭᠰᠢᠯᠡᠭᠦᠯᠵᠦ ᠪᠣᠯᠤᠨ᠎ᠠ ᠃ 

【ᠬᠣᠯᠪᠣᠭᠳᠠᠯ ᠪᠦᠬᠦᠢ ᠲᠣᠭᠲᠠᠭᠠᠯ】 

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠬᠠᠤᠯᠢ 》 ᠶᠢᠨ ᠬᠣᠷᠢᠨ ᠳᠣᠯᠣᠳᠤᠭᠠᠷ ᠵᠦᠢᠯ ᠂ ᠭᠤᠴᠢᠨ ᠳᠥᠷᠪᠡᠳᠦᠭᠡᠷ ᠵᠦᠢᠯ 

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠤᠯᠢ  ᠶᠢ ᠬᠡᠷᠡᠭᠵᠢᠭᠦᠯᠬᠦ ᠠᠷᠭ᠎ᠠ 》 ᠶᠢᠨ ᠭᠤᠴᠢᠳᠤᠭᠠᠷ ᠵᠦᠢᠯ ᠂ ᠭᠤᠴᠢᠨ ᠨᠢᠭᠡᠳᠦᠭᠡᠷ ᠵᠦᠢᠯ 

 

 

ᠬᠡᠷᠡᠭ ᠦᠨ ᠵᠢᠱᠢᠶ᠎ᠡ ᠭᠤᠷᠪᠠ

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠲᠢᠶᠠᠨ ᠣᠪᠣᠭᠲᠤ ᠶᠢᠨ ᠡᠷᠡᠭᠦᠦ ᠰᠢᠳᠬᠡᠯ ᠢ ᠠᠯᠭᠤᠷᠯᠠᠬᠤ ᠳᠤ ᠬᠢᠨᠠᠯᠲᠠ ᠲᠠᠯᠪᠢᠭᠰᠠᠨ ᠬᠡᠷᠡᠭ

【ᠵᠠᠩᠭᠢᠯᠠᠭ᠎ᠠ ᠶᠢᠨ ᠦᠭᠡ】 ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠢᠨᠠᠯᠲᠠ ᠲᠠᠯᠪᠢᠬᠤ    ᠲᠣᠭᠣᠷᠢᠨ ᠪᠠᠶᠢᠴᠠᠭᠠᠬᠤ    ᠡᠷᠡᠭᠦᠦ ᠰᠢᠳᠬᠡᠯ ᠢ ᠠᠯᠭᠤᠷᠯᠠᠬᠤ   ᠬᠠᠸᠯᠢ ᠴᠠᠭᠠᠵᠠ ᠶᠢᠨ ᠬᠢᠨᠠᠯᠲᠠ ᠲᠠᠯᠪᠢᠬᠤ ᠬᠡᠷᠡᠭᠯᠡᠭᠡᠨ ᠦ ᠵᠠᠭᠪᠤᠷ          ᠢᠵᠢᠯ ᠲᠥᠷᠥᠯ ᠦᠨ ᠬᠡᠷᠡᠭ ᠲᠦ ᠬᠢᠨᠠᠯᠲᠠ ᠲᠠᠯᠪᠢᠬᠣ

【ᠭᠣᠣᠯ ᠵᠣᠷᠢᠯᠭ᠎ᠠ】 

ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠲᠤᠭᠠᠵᠢᠭᠤᠯᠤᠭᠰᠠᠨ ᠪᠠᠶᠢᠴᠠᠭᠠᠯᠲᠠ ᠶᠢᠨ ᠴᠢᠳᠠᠪᠤᠷᠢ ᠣᠯᠭᠣᠬᠤ ᠰᠢᠨ᠎ᠡ ᠴᠠᠭ ᠦᠶ᠎ᠡ ᠶᠢᠨ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠪᠠᠶᠢᠯᠳᠤᠬᠤ ᠪᠤᠳᠤᠯᠭ᠎ᠠ ᠶᠢ ᠭᠦᠨᠵᠡᠭᠡᠢ ᠨᠠᠶᠢᠳᠠᠪᠤᠷᠢᠵᠢᠭᠤᠯᠵᠤ᠂ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠬᠡᠷᠡᠭᠯᠡᠭᠡᠨ ᠦ ᠵᠠᠭᠪᠤᠷ ᠢ ᠪᠠᠶᠢᠭᠤᠯᠬᠤ ᠵᠡᠷᠭᠡ ᠠᠷᠭ᠎ᠠ ᠬᠡᠯᠪᠡᠷᠢ ᠪᠡᠷ ᠳᠠᠮᠵᠢᠭᠤᠯᠤᠨ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠲᠦ ᠬᠢᠨᠠᠯᠲᠠ ᠬᠠᠮᠢᠶᠠᠷᠤᠯᠲᠠ ᠶᠢᠨ ᠲᠣᠭᠲᠠᠭᠠᠯ ᠢ ᠵᠥᠷᠢᠴᠡᠭᠰᠡᠨ ᠪᠤᠶᠤ ᠲᠠᠬᠢᠨ ᠶᠠᠯ᠎ᠠ ᠬᠢᠭᠰᠡᠨ ᠰᠡᠵᠢᠭᠯᠡᠯᠲᠡᠢ ᠵᠡᠷᠭᠡ ᠪᠠᠶᠢᠳᠠᠯ ᠪᠠᠶᠢᠬᠤ ᠶᠢ ᠣᠯᠵᠤ ᠮᠡᠳᠡᠭᠰᠡᠨ ᠪᠣᠯᠪᠠᠴᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠰᠢᠢᠳᠪᠦᠷᠢᠯᠡᠭᠰᠡᠨ ᠦᠭᠡᠢ ᠪᠠᠶᠢᠪᠠᠯ᠂ ᠴᠠᠭ ᠲᠤᠬᠠᠢ ᠳᠤᠨᠢ ᠪᠠᠶᠢᠴᠠᠭᠠᠨ ᠬᠠᠷᠭᠤᠭᠤᠯᠵᠤ᠂ ᠬᠢᠨᠠᠯᠲᠠ ᠲᠠᠯᠪᠢᠬᠤ ᠰᠠᠨᠠᠯ ᠢᠶᠠᠨ ᠬᠠᠤᠯᠢ ᠶᠣᠰᠣᠭᠠᠷ ᠳᠤᠷᠠᠳᠬᠤ ᠬᠡᠷᠡᠭᠲᠡᠢ᠃ ᠨᠡᠶᠢᠭᠡᠮ ᠲᠣᠭᠣᠷᠢᠭ ᠤᠨ ᠵᠠᠰᠠᠮᠵᠢᠯᠠᠯ  ᠦᠨ ᠬᠠᠸᠯᠢ ᠴᠠᠭᠠᠵᠠ ᠶᠢᠨ ᠬᠢᠨᠠᠯᠲᠠ ᠶᠢᠨ ᠬᠡᠷᠡᠭ ᠢ ᠰᠢᠶᠳᠪᠦᠷᠢᠯᠡᠬᠦ ᠳᠡᠭᠡᠨ ᠂ ᠣᠨᠴᠠᠭᠠᠶ ᠬᠡᠷᠡᠭ ᠢ ᠰᠢᠶᠳᠪᠦᠷᠢᠯᠡᠬᠦ ᠶᠠᠪᠤᠴᠠ ᠳᠤ ᠨᠡᠶᠢᠳᠡᠮ ᠣᠷᠣᠰᠢᠵᠤ ᠪᠠᠶᠢᠭ᠎ᠠ ᠠᠰᠠᠭᠤᠳᠠᠯ ᠢ ᠢᠯᠡᠷᠡᠭᠦᠯᠬᠦ ᠶᠢ ᠴᠢᠬᠤᠯᠠᠴᠢᠯᠠᠵᠤ ᠂ ᠣᠨᠴᠠᠭᠠᠶ ᠬᠡᠷᠡᠭ ᠢ ᠰᠢᠶᠳᠪᠦᠷᠢᠯᠡᠬᠦ ᠶᠢ ᠲᠥᠷᠥᠯ ᠦᠨ ᠬᠡᠷᠡᠭ ᠲᠦ ᠬᠢᠨᠠᠯᠲᠠ ᠲᠠᠯᠪᠢᠬᠤ ᠳᠠᠰᠢ ᠤᠷᠲᠤᠳᠬᠠᠬᠤ ᠶᠢ ᠳᠥᠯᠭᠢᠨ ᠠᠬᠢᠭᠤᠯᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠬᠢᠨᠠᠯᠲᠠ ᠶᠢᠨ ᠴᠢᠨᠠᠷ ᠴᠢᠨᠰᠠᠭ᠎ᠠ ᠦᠷ᠎ᠡ ᠪᠦᠲᠦᠮᠵᠢ ᠶᠢ ᠳᠡᠭᠡᠭᠰᠢᠯᠡᠭᠦᠯᠬᠦ ᠬᠡᠷᠡᠭᠲᠡᠶ ᠃ ᠠᠷᠠᠳ ᠤᠨ ᠪᠠᠶᠢᠴᠠᠭᠠᠬᠤ ᠬᠣᠷᠢᠶ᠎ᠠ ᠬᠣᠯᠪᠣᠭᠳᠠᠯ ᠪᠦᠬᠦᠢ ᠰᠠᠯᠠᠭ᠎ᠠ ᠮᠥᠴᠢᠷ ᠯᠦᠭᠡ ᠶᠢᠨ ᠨᠡᠪᠲᠡᠷᠡᠯᠴᠡᠭᠡ ᠬᠠᠮᠵᠢᠯᠴᠠᠭ᠎ᠠ ᠪᠠ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ ᠶᠢ ᠴᠢᠩᠭᠠᠳᠬᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠵᠣᠯᠭᠠᠭᠤᠯᠤᠨ ᠬᠠᠮᠵᠢᠯᠴᠠᠬᠤ ᠠᠵᠢᠯ ᠤᠨ ᠲᠣᠭᠲᠠᠴᠠ ᠶᠢ ᠲᠡᠭᠦᠯᠳᠡᠷᠵᠢᠭᠦᠯᠬᠦ ᠶᠢ ᠲᠦᠯᠬᠢᠨ ᠠᠬᠢᠭᠤᠯᠬᠤ ᠬᠡᠷᠡᠭᠲᠡᠶ᠃ 

【ᠬᠡᠷᠡᠭ ᠦᠨ ᠦᠨᠳᠦᠰᠦᠨ ᠪᠠᠶᠢᠳᠠᠯ】

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠲᠢᠶᠠᠨ ᠣᠪᠣᠭᠲᠤ ᠂ ᠡᠷᠡᠭᠲᠡᠶ ᠂ 1964 ᠣᠨ ᠤ 6 ᠰᠠᠷ᠎ᠠ ᠳᠤ ᠳᠦᠷᠦᠵᠡᠶ ᠂ 2022 ᠣᠨ ᠤ 6 ᠰᠠᠷ᠎ᠠ ᠶᠢᠨ 13 ᠤ ᠡᠳᠦᠷ ᠳᠠᠩᠰᠠᠯᠠᠭᠤᠯᠤᠭᠰᠠᠨ ᠲᠠᠸᠠᠷ ᠤᠨ ᠲᠡᠮᠳᠡᠭᠲᠦ ᠶᠢ ᠬᠠᠭᠤᠷᠮᠠᠭᠯᠠᠨ ᠬᠡᠷᠡᠭᠯᠡᠭᠰᠡᠨ ᠶᠠᠯ᠎ᠠ ᠬᠢᠭᠰᠡᠨ ᠡᠴᠡ ᠪᠣᠯᠵᠣ ᠬᠤᠨᠠᠨ ᠮᠤᠵᠢ ᠶᠢᠨ ᠴᠠᠩᠱᠠ ᠰᠢᠶᠠᠨ ᠤ ᠠᠷᠠᠳ ᠤᠨ ᠰᠢᠭᠦᠬᠦ ᠬᠣᠷᠢᠶ᠎ᠠ ᠳᠤ ᠨᠢᠭᠡ ᠵᠢᠯ  ᠦᠨ  ᠭᠠᠳᠠᠨ᠎ᠠ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠶ ᠬᠣᠷᠢᠬᠤ ᠡᠷᠡᠭᠦᠸ ᠪᠡᠷ ᠰᠢᠳᠬᠡᠭᠳᠡᠵᠦ ᠂ ᠡᠷᠡᠭᠦᠸ ᠰᠢᠳᠬᠡᠯ ᠢ ᠨᠢ ᠬᠣᠶᠠᠷ ᠵᠢᠯ ᠬᠣᠶᠢᠰᠢᠯᠠᠭᠤᠯᠬᠤ ᠪᠠᠷ ᠵᠠᠷᠯᠠᠪᠠ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ ᠨᠢ 2022 ᠣᠨ ᠤ 6 ᠰᠠᠷ᠎ᠠ ᠶᠢᠨ 24 ᠦ ᠡᠳᠦᠷ ᠡᠴᠡ 2024 ᠣᠨ ᠤ 6 ᠰᠠᠷ᠎ᠠ ᠶᠢᠨ 23 ᠤ ᠡᠳᠦᠷ ᠬᠦᠷᠲᠡᠯ᠎ᠡ ᠬᠡᠷᠡᠭᠵᠢᠭᠦᠯᠦᠨ᠎ᠡ᠃ ᠲᠢᠶᠠᠨ ᠣᠪᠣᠭᠲᠤ ᠬᠤᠨᠠᠨ ᠮᠤᠵᠢ  ᠶᠢᠨ ᠯᠢᠦ ᠶᠠᠩ ᠬᠣᠲᠠ  ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠬᠦᠯᠢᠶᠡᠵᠡᠶ ᠃ 

2023 ᠣᠨ ᠤ 3 ᠰᠠᠷ᠎ᠠ ᠳᠤ ᠂ ᠴᠠᠩᠱᠠ ᠬᠣᠲᠠ ᠶᠢᠨ ᠰᠢᠩ ᠴᠧᠩ ᠭᠠᠵᠠᠷ ᠤ ᠠᠷᠠᠳ ᠤᠨ ᠪᠠᠶᠢᠴᠠᠭᠠᠬᠤ ᠬᠣᠷᠢᠶ᠎ᠠ ᠪᠥᠬᠥ ᠬᠣᠲᠠ ᠳᠤ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠲᠣᠭᠣᠷᠢᠨ ᠪᠠᠶᠢᠴᠠᠭᠠᠬᠤ ᠠᠵᠢᠯ ᠢ ᠪᠠᠶᠢᠷᠢᠯᠠᠭᠤᠯᠬᠤ ᠳᠠᠭᠠᠨ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠡᠲᠡᠭᠡᠳ ᠲᠢᠶᠠᠨ ᠣᠪᠣᠭᠲᠤ 2022 ᠣᠨ ᠤ 12 ᠰᠠᠷ᠎ᠠ ᠶᠢᠨ 13 ᠤ ᠡᠳᠦᠷ ᠰᠣᠭᠲᠣᠭᠤ ᠪᠠᠷ ᠮᠠᠰᠢᠨ ᠲᠡᠷᠭᠡ ᠵᠢᠯᠣᠭᠣᠳᠴᠤ ᠂ 12 ᠰᠠᠷ᠎ᠠ ᠶᠢᠨ 23 ᠤ ᠡᠳᠦᠷ ᠵᠢᠯᠣᠭᠣᠴᠢ ᠶᠢᠨ ᠦᠨᠡᠮᠯᠡᠯ ᠢᠶᠡᠨ ᠬᠠᠸᠯᠢ ᠶᠣᠰᠣᠭᠠᠷ ᠬᠦᠴᠦᠨ ᠥᠬᠡᠶ ᠪᠣᠯᠭᠠᠭᠳᠠᠭᠰᠠᠨ ᠢ ᠣᠯᠵᠤ ᠮᠡᠳᠡᠵᠡᠶ ᠃ 2023 ᠣᠨ ᠤ 1 ᠰᠠᠷ᠎ᠠ ᠶᠢᠨ 17 ᠤ ᠡᠳᠦᠷ ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠲᠢᠶᠠᠨ ᠣᠪᠣᠭᠲᠤ ᠶᠢᠨ ᠠᠶᠤᠯᠲᠠᠶ ᠪᠠᠷ  ᠮᠠᠰᠢᠨᠲᠦ ᠲᠡᠷᠭᠡ ᠵᠢᠯᠣᠭᠣᠳᠤᠭᠰᠠᠨ ᠶᠠᠯ᠎ᠠ ᠳᠤ ᠬᠣᠯᠪᠣᠭᠳᠠᠭᠰᠠᠨ ᠬᠡᠷᠡᠭ ᠢ ᠬᠡᠷᠡᠭ ᠪᠣᠯᠭᠠᠨ ᠳᠡᠩᠰᠡᠯᠡᠵᠦ ᠲᠤᠷᠰᠢᠨ ᠪᠠᠶᠢᠴᠠᠭᠠᠬᠤ ᠳᠠᠭᠠᠨ ᠂ ᠲᠡᠭᠦᠨ ᠳᠦ ᠡᠷᠡᠭᠦᠸ ᠶᠢᠨ ᠬᠡᠷᠡᠭ ᠦᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠤᠭᠰᠠᠨ ᠥᠬᠡᠶ ᠪᠥᠭᠡᠳ ᠲᠣᠰ ᠬᠡᠷᠡᠭ ᠢ ᠯᠢᠦ ᠶᠠᠩ ᠬᠣᠲᠠ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠴᠤ ᠮᠡᠳᠡᠭᠳᠡᠭᠰᠡᠨ ᠥᠬᠡᠶ ᠃ 2 ᠰᠠᠷ᠎ᠠ ᠶᠢᠨ 24 ᠦ ᠡᠳᠦᠷ ᠂ ᠲᠢᠶᠠᠨ ᠣᠪᠣᠭᠲᠤ ᠦᠨᠡᠮᠯᠡᠯ ᠦᠭᠡᠶ ᠪᠡᠷ ᠮᠠᠰᠢᠨᠲᠤ ᠲᠡᠷᠭᠡ ᠵᠢᠯᠣᠭᠣᠳᠴᠤ ᠂ ᠵᠠᠮ ᠬᠠᠷᠢᠯᠴᠠᠭᠠᠨ ᠤ ᠠᠮᠤᠷ ᠲᠦᠪᠰᠢᠨ ᠦ ᠬᠣᠯᠪᠣᠭᠳᠠᠯ ᠪᠦᠬᠦᠢ ᠬᠠᠤᠯᠢ ᠲᠣᠭᠲᠠᠭᠠᠯ ᠢ ᠳᠠᠬᠢᠨᠲᠠ ᠵᠥᠷᠢᠴᠡᠪᠡ ᠃ ᠰᠢᠩ ᠴᠧᠩ ᠭᠠᠵᠠᠷ ᠤᠨ ᠠᠷᠠᠳ ᠤᠨ ᠪᠠᠶᠢᠴᠠᠭᠠᠬᠤ ᠬᠣᠷᠢᠶ᠎ᠠ ᠬᠣᠯᠪᠣᠭᠳᠠᠯ ᠪᠥᠬᠥᠶ ᠰᠦᠪᠡᠭᠴᠢ ᠶᠢ ᠯᠢᠦ ᠶᠠᠩ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠳᠤ ᠲᠤᠰᠢᠶᠠᠨ ᠥᠭᠴᠦ ᠰᠢᠶᠳᠪᠦᠷᠢᠯᠡᠭᠦᠯᠪᠡ ᠃ ᠯᠢᠦ ᠶᠠᠩ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠬᠢᠨᠠᠨ ᠬᠠᠮᠢᠶᠠᠷᠴᠤ ᠰᠤᠷᠭᠠᠨ ᠬᠥᠮᠦᠵᠢᠭᠦᠯᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠳᠤ ᠬᠠᠤᠯᠢ ᠶᠣᠰᠣᠭᠠᠷ ᠬᠢᠨᠠᠯᠲᠠ ᠲᠠᠯᠪᠢᠵᠤ ᠂ ᠲᠢᠶᠠᠨ ᠣᠪᠣᠭᠲᠤ ᠳᠤ ᠡᠷᠡᠭᠦᠦ ᠶᠢᠨ ᠬᠡᠷᠡᠭ ᠦᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠬᠤ  ᠶᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠰᠠᠨᠠᠭᠠᠴᠢᠯᠠᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠪᠠ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ  ᠴᠥᠮ ᠪᠠᠶᠢᠴᠠᠭᠠᠬᠤ ᠪᠠᠶᠢᠭᠤᠯᠭ᠎ᠠ ᠶᠢᠨ ᠰᠠᠨᠠᠯ ᠢ ᠬᠦᠯᠢᠶᠡᠨ ᠠᠪᠤᠪᠠ᠃ 

【ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠶᠠᠪᠤᠴᠠ】 

ᠰᠦᠪᠡᠭᠴᠢ  ᠶᠢ ᠢᠯᠡᠷᠡᠭᠦᠯᠦᠭᠰᠡᠨ᠄ 2023 ᠣᠨ ᠤ 3 ᠰᠠᠷ᠎ᠠ ᠳᠤ ᠂ ᠰᠢᠩ ᠴᠧᠩ  ᠭᠠᠵᠠᠷ ᠤᠨ ᠠᠷᠠᠳ ᠤᠨ ᠪᠠᠶᠢᠴᠠᠭᠠᠬᠤ ᠬᠣᠷᠢᠶ᠎ᠠ ᠪᠥᠬᠥ ᠬᠣᠲᠠ ᠳᠤ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠲᠣᠭᠣᠷᠢᠨ ᠪᠠᠶᠢᠴᠠᠭᠠᠬᠤ ᠠᠵᠢᠯ ᠥᠷᠨᠢᠭᠦᠯᠵᠦ ᠂ ᠪᠥᠬᠥ ᠬᠣᠲᠠ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠡᠲᠡᠭᠡᠳ ᠦᠨ 2018 ᠣᠨ ᠠᠴᠠ ᠨᠠᠰᠢᠬᠢ ᠵᠠᠮ ᠬᠠᠷᠢᠯᠴᠠᠭᠠᠨ ᠤ ᠬᠠᠸᠯᠢ ᠶᠢ ᠵᠥᠷᠢᠴᠡᠭᠰᠡᠨ ᠲᠡᠮᠳᠡᠭᠯᠡᠯ ᠢ ᠰᠢᠯᠵᠢᠭᠦᠯᠦᠨ ᠠᠪᠴᠤ ᠂ ︽ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠵᠠᠮ ᠬᠠᠷᠢᠯᠴᠠᠭᠠᠨ ᠤ ᠬᠠᠸᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ︾ ᠳ᠋ᠤ ᠬᠠᠸᠯᠢ ᠴᠠᠭᠠᠵᠠ ᠶᠢᠨ ᠬᠢᠨᠠᠯᠲᠠ  ᠲᠠᠯᠪᠢᠬᠣ ᠵᠠᠭᠪᠤᠷ ᠢ ᠪᠠᠶᠢᠭᠤᠯᠤᠭᠰᠠᠨ ᠪᠠᠶᠢᠨ᠎ᠠ ᠃ ᠰᠢᠰᠲ᠋ᠧᠮ ᠦᠨ ᠣᠶᠤᠨᠴᠢ ᠪᠣᠳᠣᠯᠭ᠎ᠠ ᠪᠠᠷ ᠳᠡᠮᠵᠢᠨ ᠂ ᠵᠠᠮ ᠬᠠᠷᠢᠯᠴᠠᠭᠠᠨ ᠤ ᠬᠠᠸᠯᠢ  ᠠᠴᠠ ᠵᠥᠷᠢᠴᠡᠭᠰᠡᠨ ᠬᠥᠮᠦᠰ ᠦᠨ ᠲᠣᠭ᠎ᠠ ᠪᠠᠷᠢᠮᠲᠠ ᠶᠢ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠦᠨ ᠲᠣᠭ᠎ᠠ ᠪᠠᠷᠢᠮᠲᠠ ᠲᠠᠶ ᠬᠠᠷᠢᠴᠠᠭᠤᠯᠵᠤ ᠦᠵᠡᠪᠡᠯ ᠂ ᠯᠢᠦ ᠶᠠᠩ ᠬᠣᠲᠠ ᠶᠢᠨ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠲᠢᠶᠠᠨ ᠣᠪᠣᠭᠲᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠤᠭᠤᠴᠠᠭᠠᠨ ᠳᠤ ᠰᠣᠭᠲᠣᠭᠤ ᠪᠠᠷ ᠲᠡᠷᠭᠡ ᠵᠢᠯᠣᠭᠣᠳᠤᠭᠰᠠᠨ ᠂ ᠦᠨᠡᠮᠯᠡᠯ ᠥᠬᠡᠶ ᠪᠡᠷ ᠲᠡᠷᠭᠡ ᠵᠢᠯᠣᠭᠣᠳᠤᠭᠰᠠᠨ ᠵᠡᠷᠭᠡ ᠵᠠᠮ ᠬᠠᠷᠢᠯᠴᠠᠭᠠᠨ ᠤ ᠬᠠᠸᠯᠢ  ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠶᠢᠨ ᠪᠠᠶᠢᠳᠠᠯ ᠣᠷᠣᠰᠢᠵᠤ ᠪᠠᠶᠢᠬᠤ ᠶᠢ ᠰᠢᠭᠰᠢᠨ ᠪᠠᠶᠢᠴᠠᠭᠠᠵᠤ ᠂ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠪᠠᠶᠢᠭᠤᠯᠤᠮᠵᠢ ᠳᠡᠭᠡᠷ᠎ᠡ ᠳᠤᠷᠠᠳᠤᠭᠰᠠᠨ ᠮᠡᠳᠡᠭᠡ ᠵᠠᠩᠭᠢ ᠶᠢ ᠡᠵᠡᠮᠰᠢᠭᠰᠡᠨ ᠥᠬᠡᠶ ᠪᠠᠶᠢᠵᠤ ᠮᠡᠳᠡᠨ᠎ᠡ ᠃ 3 ᠰᠠᠷ᠎ᠠ ᠶᠢᠨ 3 ᠤ ᠡᠳᠦᠷ ᠂ ᠰᠢᠩ ᠴᠧᠩ ᠭᠠᠵᠠᠷ ᠦᠨ ᠠᠷᠠᠳ ᠤᠨ ᠪᠠᠶᠢᠴᠠᠭᠠᠬᠤ ᠬᠣᠷᠢᠶ᠎ᠠ ᠲᠣᠰ ᠰᠦᠪᠡᠭᠴᠢ ᠶᠢ ᠯᠢᠦ ᠶᠠᠩ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠳᠤ ᠲᠤᠰᠢᠶᠠᠨ ᠥᠭᠴᠦ ᠰᠢᠶᠳᠪᠦᠷᠢᠯᠡᠭᠦᠯᠪᠡ ᠃ 

ᠪᠠᠶᠢᠴᠠᠭᠠᠨ ᠬᠠᠷᠭᠤᠭᠤᠯᠬᠰᠠᠨ᠄ ᠯᠢᠦ ᠶᠠᠩ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠳᠣᠣᠷᠠᠬᠢ ᠮᠡᠲᠦ ᠪᠠᠶᠢᠴᠠᠭᠠᠨ ᠬᠠᠷᠭᠤᠭᠤᠯᠬᠤ ᠠᠵᠢᠯ ᠢ ᠥᠷᠨᠢᠭᠦᠯᠪᠡ ᠄ ᠨᠢᠭᠡ ᠳᠦ ᠲᠢᠶᠠᠨ ᠣᠪᠣᠭᠲᠤ ᠶᠢᠨ ᠡᠷᠡᠭᠦᠦ ᠶᠢᠨ ᠬᠡᠷᠡᠭ ᠦᠨ ᠡᠪᠬᠡᠮᠡᠯ ᠂ ᠵᠠᠮ ᠬᠠᠷᠢᠯᠴᠠᠭᠠᠨ ᠤ ᠬᠠᠤᠯᠢ  ᠶᠢ ᠵᠥᠷᠢᠴᠡᠭᠰᠡᠨ ᠬᠡᠷᠡᠭ ᠦᠨ ᠡᠪᠬᠡᠮᠡᠯ ᠢ ᠰᠢᠯᠵᠢᠭᠦᠯᠦᠨ ᠠᠪᠤᠨ᠎ᠠ ᠃ ᠲᠢᠶᠠᠨ ᠣᠪᠣᠭᠲᠤ ᠰᠣᠭᠲᠣᠭᠤ ᠪᠠᠷ ᠮᠠᠰᠢᠨᠲᠤ ᠲᠡᠷᠭᠡ ᠵᠢᠯᠣᠭᠣᠳᠤᠭᠠᠳ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠲᠡᠭᠦᠨ ᠢ ᠠᠶᠤᠯᠲᠠᠶ ᠪᠠᠷ ᠲᠡᠷᠭᠡ ᠵᠢᠯᠣᠭᠣᠳᠤᠭᠰᠠᠨ ᠶᠠᠯ᠎ᠠ ᠬᠢᠭᠰᠡᠨ ᠢᠶᠡᠷ ᠰᠡᠵᠢᠭᠯᠡᠭᠳᠡᠭᠰᠡᠨ  ᠬᠡᠷᠡᠭ ᠪᠣᠯᠭᠠᠨ ᠲᠠᠨᠭᠰᠠᠯᠠᠵᠤ ᠲᠤᠷᠰᠢᠨ ᠪᠠᠶᠢᠴᠠᠭᠠᠭᠰᠠᠨ ᠤ ᠲᠠᠷᠠᠭ᠎ᠠ ᠪᠠᠰᠠ ᠦᠨᠡᠮᠯᠡᠯ ᠦᠭᠡᠢ ᠪᠡᠷ ᠮᠠᠰᠢᠨᠲᠤ ᠲᠡᠷᠭᠡ ᠵᠢᠯᠣᠭᠣᠳᠤᠭᠰᠠᠨ ᠨᠢ ᠨᠡᠯᠢᠶᠡᠳ ᠶᠡᠬᠡ ᠨᠡᠶᠢᠭᠡᠮ ᠦᠨ ᠠᠶᠤᠯᠳᠤ ᠴᠢᠨᠠᠷ ᠲᠠᠶ ᠪᠠᠶᠢᠬᠤ ᠶᠢ ᠣᠯᠵᠤ ᠮᠡᠳᠡᠵᠡᠢ᠂ ᠭᠡᠪᠡᠴᠦ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠲᠢᠶᠠᠨ ᠣᠪᠣᠭᠲᠤ ᠳᠤ ᠡᠷᠡᠭᠦᠦ ᠶᠢᠨ ᠬᠡᠷᠡᠭ ᠦᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠤᠭᠰᠠᠨ ᠦᠭᠡᠢ᠃ ᠬᠣᠶᠠᠷ ᠲᠤ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠪᠠᠶᠢᠳᠠᠯ ᠢ ᠣᠶᠢᠯᠠᠭᠠᠬᠤ᠃ ᠬᠢᠨᠠᠨ ᠪᠠᠶᠢᠴᠠᠭᠠᠬᠤ ᠪᠠᠷ ᠳᠠᠮᠵᠢᠭᠠᠳ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠲᠢᠶᠠᠨ ᠣᠪᠣᠭᠲᠤ ᠶᠢᠨ ᠠᠶᠤᠯᠲᠠᠶ ᠪᠠᠷ ᠲᠡᠷᠭᠡ ᠵᠢᠯᠣᠭᠣᠳᠤᠭᠰᠠᠨ ᠶᠠᠯ᠎ᠠ ᠬᠢᠭᠰᠡᠨ ᠢᠶᠡᠷ ᠰᠡᠵᠢᠭᠯᠡᠭᠳᠡᠭᠰᠡᠨ ᠂ ᠵᠠᠮ ᠬᠠᠷᠢᠯᠴᠠᠭᠠᠨ ᠤ ᠲᠠᠯ᠎ᠠ ᠪᠠᠷ ᠳᠠᠬᠢᠨᠲᠠ ᠬᠠᠤᠯᠢ ᠶᠢ ᠵᠥᠷᠢᠴᠡᠭᠰᠡᠨ ᠵᠡᠷᠭᠡ ᠪᠠᠶᠢᠳᠠᠯ ᠢ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠪᠠᠶᠢᠭᠤᠯᠤᠮᠵᠢ ᠳᠤ ᠮᠡᠳᠡᠭᠦᠯᠦᠭᠰᠡᠨ ᠦᠭᠡᠶ ᠭᠡᠳᠡᠭ ᠢ ᠭᠡᠷᠡᠴᠢᠯᠡᠵᠡᠶ ᠃ ᠭᠤᠷᠪᠠ ᠳᠤ ᠲᠢᠶᠠᠨ ᠣᠪᠣᠭᠲᠤ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠳᠠᠩᠰᠠ ᠡᠪᠬᠡᠮᠡᠯ ᠢ ᠪᠠᠶᠢᠴᠠᠭᠠᠨ ᠦᠵᠡᠨ᠎ᠡ ᠃ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠲᠢᠶᠠᠨ ᠣᠪᠣᠭᠲᠤ ᠶᠢᠨ ᠳᠠᠬᠢᠨ ᠶᠠᠯ᠎ᠠ ᠬᠢᠭᠰᠡᠨ ᠂ ᠬᠦᠨᠳᠦ ᠶᠡᠬᠡ ᠬᠠᠤᠯᠢ  ᠶᠢ ᠵᠥᠷᠢᠴᠡᠭᠰᠡᠨ ᠵᠡᠷᠭᠡ ᠪᠠᠶᠢᠳᠠᠯ ᠢ ᠴᠠᠭ ᠲᠤᠬᠠᠶ ᠳᠤᠨᠢ ᠡᠵᠡᠮᠰᠢᠭᠰᠡᠨ ᠦᠭᠡᠶ ᠂ ᠥᠪᠡᠷᠮᠢᠴᠡ ᠵᠠᠰᠠᠮᠵᠢᠯᠠᠯ  ᠶᠢᠨ ᠲᠥᠰᠦᠯ ᠲᠣᠭᠲᠠᠭᠠᠭᠰᠠᠨ ᠦᠭᠡᠶ  ᠶᠢ ᠣᠯᠵᠤ ᠮᠡᠳᠡᠵᠡᠶ ᠃ ᠳᠥᠷᠪᠡ ᠳᠦ ᠲᠢᠶᠠᠨ ᠣᠪᠣᠭᠲᠤ ᠠᠴᠠ ᠯᠠᠪᠯᠠᠨ ᠠᠰᠠᠭᠣᠨ᠎ᠠ ᠃ ᠲᠢᠶᠠᠨ ᠣᠪᠣᠭᠲᠤ ᠰᠣᠭᠲᠣᠭᠤ ᠪᠠᠷ ᠮᠠᠰᠢᠨᠲᠤ ᠲᠡᠷᠭᠡ ᠵᠢᠯᠣᠭᠣᠳᠤᠭᠰᠠᠨ ᠂ ᠦᠨᠡᠮᠯᠡᠯ ᠦᠭᠡᠶ ᠪᠡᠷ ᠮᠠᠰᠢᠨᠲᠤ ᠲᠡᠷᠭᠡ ᠵᠢᠯᠣᠭᠣᠳᠤᠭᠰᠠᠨ ᠪᠣᠳᠠᠲᠤ ᠬᠡᠷᠡᠭ ᠢ ᠥᠪᠡᠷ ᠢᠶᠡᠨ ᠮᠡᠳᠡᠷᠡᠵᠡᠶ ᠃

ᠬᠢᠨᠠᠯᠲᠠ ᠲᠠᠯᠪᠢᠬᠤ ᠰᠠᠨᠠᠯ᠄ 2023 ᠣᠨ ᠤ 3 ᠰᠠᠷ᠎ᠠ ᠶᠢᠨ 10 ᠤ ᠡᠳᠦᠷ ᠂ ᠯᠢᠦ ᠶᠠᠩ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠬᠢᠨᠠᠯᠲᠠ ᠲᠠᠯᠪᠢᠬᠤ ᠪᠢᠴᠢᠭ ᠦᠨ ᠰᠠᠨᠠᠯ ᠳᠤᠷᠠᠳᠴᠤ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠳᠠᠬᠢᠨ ᠶᠠᠯ᠎ᠠ ᠬᠢᠬᠦ ᠶᠢ ᠴᠠᠭ ᠲᠤᠬᠠᠶ ᠳᠤᠨᠢ ᠡᠵᠡᠮᠰᠢᠭᠰᠡᠨ ᠥᠬᠡᠶ ᠂ ᠥᠪᠡᠷᠮᠢᠴᠡ ᠵᠠᠰᠠᠮᠵᠢᠯᠠᠯ  ᠤᠨ ᠲᠥᠰᠦᠯ ᠲᠣᠭᠲᠠᠭᠠᠭᠰᠠᠨ ᠥᠬᠡᠶ ᠵᠡᠷᠭᠡ ᠠᠰᠠᠭᠤᠳᠠᠯ ᠢ ᠬᠠᠸᠯᠢ ᠶᠣᠰᠣᠭᠠᠷ ᠵᠠᠯᠠᠷᠠᠭᠤᠯᠪᠠ ᠃ ᠡᠭᠦᠨ ᠦ ᠬᠠᠮᠲᠤ ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠬᠢᠨᠠᠯᠲᠠ ᠲᠠᠯᠪᠢᠬᠤ ᠰᠠᠨᠠᠯ ᠳᠤᠷᠠᠳᠴᠤ ᠂ ᠲᠡᠳᠡᠨ ᠦ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠯᠤᠭ᠎ᠠ ᠶᠢᠨ ᠨᠡᠪᠲᠡᠷᠡᠯᠴᠡᠭᠡ ᠬᠠᠮᠵᠢᠯᠴᠠᠭ᠎ᠠ ᠪᠠᠨ ᠴᠢᠩᠭᠠᠳᠬᠠᠬᠤ ᠶᠢ ᠰᠢᠪᠠᠳᠠᠨ ᠱᠠᠭᠠᠷᠳᠠᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠠᠸᠯᠢ ᠶᠢ ᠵᠥᠷᠢᠴᠡᠭᠰᠡᠨ ᠪᠠᠶᠢᠳᠠᠯ ᠢ ᠴᠠᠭ ᠲᠤᠬᠠᠶ ᠳᠤᠨᠢ ᠮᠡᠳᠡᠭᠡ ᠵᠠᠩᠭᠢ ᠪᠠᠷ ᠮᠡᠳᠡᠭᠳᠡᠬᠦ ᠶᠢᠨ ᠬᠠᠮᠲᠤ ᠲᠢᠶᠠᠨ ᠣᠪᠣᠭᠲᠤ ᠳᠤ ᠴᠠᠭ ᠲᠤᠬᠠᠶ ᠳᠤᠨᠢ ᠡᠷᠡᠭᠦᠸ ᠶᠢᠨ ᠬᠡᠷᠡᠭ ᠦᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠤ ᠂ ᠨᠡᠶᠢᠭᠡᠮ ᠦᠨ ᠠᠶᠤᠯ ᠲᠦᠭᠰᠢᠭᠦᠷᠢ ᠶᠢ ᠠᠷᠢᠯᠭᠠᠬᠤ ᠶᠢ ᠰᠠᠨᠠᠭᠤᠯᠪᠠ ᠃ 

ᠬᠢᠨᠠᠯᠲᠠ ᠲᠠᠯᠪᠢᠭᠰᠠᠨ ᠦᠷ᠎ᠡ ᠳ᠋ᠦᠩ᠄ ᠯᠢᠦ ᠶᠠᠩ ᠬᠣᠲᠠ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠪᠠᠶᠢᠴᠠᠭᠠᠬᠤ ᠪᠠᠶᠢᠭᠤᠯᠭ᠎ᠠ ᠶᠢᠨ ᠬᠢᠨᠠᠯᠲᠠ ᠲᠠᠯᠪᠢᠭᠰᠠᠨ ᠰᠠᠨᠠᠯ ᠢ ᠬᠦᠯᠢᠶᠡᠨ ᠠᠪᠤᠪᠠ ᠃ 2023 ᠣᠨ ᠤ 3 ᠰᠠᠷ᠎ᠠ ᠶᠢᠨ 10 ᠤ ᠡᠳᠦᠷ ᠂ ᠯᠢᠦ ᠶᠠᠩ ᠬᠣᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ  ᠡᠴᠡ ᠲᠢᠶᠠᠨ ᠣᠪᠣᠭᠲᠤ ᠶᠢ ᠡᠷᠡᠭᠦᠸ ᠶᠢᠨ ᠬᠡᠷᠡᠭ ᠢᠶᠡᠷ ᠲᠦᠷ ᠬᠣᠷᠢᠵᠤ ᠂ 3 ᠰᠠᠷ᠎ᠠ ᠶᠢᠨ 17 ᠤ ᠡᠳᠦᠷ ᠯᠢᠦ ᠶᠠᠩ ᠬᠣᠲᠠ ᠶᠢᠨ ᠠᠷᠠᠳ ᠤᠨ ᠰᠢᠭᠦᠬᠦ ᠬᠣᠷᠢᠶ᠎ᠠ ᠠᠴᠠ ᠪᠠᠷᠢᠪᠴᠢᠯᠠᠬᠤ ᠪᠠᠷ ᠲᠣᠭᠲᠠᠪᠠ ᠃ ᠮᠥᠨ ᠡᠳᠦᠷ ᠲᠦ᠂ ᠰᠢᠭᠦᠬᠦ ᠬᠣᠷᠢᠶ᠎ᠠ ᠠᠴᠠ ᠲᠢᠶᠠᠨ ᠣᠪᠣᠭᠲᠤ ᠶᠢᠨ ᠡᠷᠡᠭᠦᠦ ᠰᠢᠳᠬᠡᠯ ᠢ ᠬᠣᠶᠢᠰᠢᠯᠠᠭᠤᠯᠤᠭᠰᠠᠨ ᠢ ᠬᠦᠴᠦᠨ ᠦᠭᠡᠢ ᠪᠣᠯᠭᠠᠵᠤ᠂ ᠠᠶᠤᠯᠲᠠᠶ ᠪᠠᠷ ᠲᠡᠷᠭᠡ ᠵᠢᠯᠣᠭᠣᠳᠤᠭᠰᠠᠨ ᠶᠠᠯ᠎ᠠ  ᠬᠢᠭᠰᠡᠨ ᠢᠶᠡᠷ ᠨᠢ ᠨᠢᠭᠡ ᠰᠠᠷ᠎ᠠ ᠬᠣᠷᠢᠵᠤ ᠬᠥᠳᠡᠯᠮᠦᠷᠢᠯᠡᠭᠦᠯᠬᠦ ᠪᠡᠷ ᠰᠢᠳᠬᠡᠵᠦ᠂ ᠤᠤᠯ ᠤᠨ ᠲᠠᠰᠤᠯᠤᠯᠲᠠ ᠲᠠᠶ ᠨᠡᠶᠢᠯᠡᠭᠦᠯᠦᠨ ᠨᠢᠭᠡ ᠵᠢᠯ  ᠤᠨ ᠭᠠᠳᠠᠨ᠎ᠠ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠶ ᠬᠣᠷᠢᠬᠤ ᠰᠢᠳᠬᠡᠯ ᠢ ᠭᠦᠢᠴᠡᠳᠬᠡᠬᠦ ᠪᠡᠷ ᠲᠣᠭᠲᠠᠭᠠᠪᠠ᠃ ᠰᠡᠭᠦᠯᠡᠷ ᠨᠢ ᠲᠢᠶᠠᠨ ᠣᠪᠣᠭᠲᠤ  ᠶᠢ ᠭᠢᠨᠳᠠᠨ ᠳᠤ ᠲᠤᠰᠢᠶᠠᠵᠤ ᠡᠷᠡᠭᠦᠦ ᠰᠢᠳᠬᠡᠯ ᠭᠦᠢᠴᠡᠳᠬᠡᠭᠦᠯᠵᠡᠶ ᠃ 

ᠰᠢᠩ ᠴᠧᠩ ᠭᠠᠵᠠᠷ  ᠤᠨ ᠠᠷᠠᠳ ᠤᠨ ᠪᠠᠶᠢᠴᠠᠭᠠᠬᠤ ᠬᠣᠷᠢᠶ᠎ᠠ ᠲᠣᠰ ᠬᠡᠷᠡᠭ ᠢ ᠰᠢᠶᠳᠪᠦᠷᠢᠯᠡᠭᠰᠡᠨ ᠠᠮᠵᠢᠯᠲᠠᠲᠠᠶ ᠲᠤᠷᠰᠢᠯᠭ᠎ᠠ ᠶᠢ ᠭᠦᠶᠴᠡᠳ ᠪᠠᠳᠠᠷᠠᠭᠤᠯᠵᠤ ᠂ ᠬᠠᠸᠯᠢ ᠴᠠᠭᠠᠵᠠ ᠶᠢᠨ ᠬᠢᠨᠠᠯᠲᠠ ᠲᠠᠯᠪᠢᠬᠤ ᠬᠡᠷᠡᠭᠯᠡᠭᠡᠨ ᠦ ᠵᠠᠭᠪᠤᠷ ᠢ ᠬᠡᠷᠡᠭᠯᠡᠨ ᠪᠥᠬᠥ ᠬᠣᠲᠠ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠮᠢᠶ᠎ᠠ ᠪᠥᠬᠥᠶ ᠲᠣᠭ᠎ᠠ ᠪᠠᠷᠢᠮᠲᠠ ᠶᠢ ᠵᠠᠳᠠᠯᠤᠭᠠᠳ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠣᠯᠠᠨ ᠡᠲᠡᠭᠡᠳ ᠲᠦ ᠰᠣᠭᠲᠣᠭᠤ ᠪᠠᠷ ᠲᠡᠷᠭᠡ ᠵᠢᠯᠣᠭᠣᠳᠤᠭᠰᠠᠨ ᠂  ᠠᠷᠢᠬᠢᠨ ᠤ ᠳᠠᠷᠠᠭ᠎ᠠ ᠲᠡᠷᠭᠡ ᠵᠢᠯᠣᠭᠣᠳᠤᠭᠰᠠᠨ ᠂ ᠦᠨᠡᠮᠯᠡᠯ ᠥᠬᠡᠶ ᠪᠡᠷ ᠲᠡᠷᠭᠡ ᠵᠢᠯᠣᠭᠣᠳᠤᠭᠰᠠᠨ ᠵᠡᠷᠭᠡ ᠵᠠᠮ ᠬᠠᠷᠢᠯᠴᠠᠭᠠᠨ ᠤ ᠬᠠᠸᠯᠢ  ᠵᠥᠷᠢᠴᠡᠭᠰᠡᠨ ᠪᠠᠶᠢᠳᠠᠯ ᠣᠷᠣᠰᠢᠵᠤ ᠪᠠᠶᠢᠬᠤ ᠶᠢ ᠢᠯᠡᠷᠡᠭᠦᠯᠪᠡ ᠃ ᠰᠢᠩ ᠴᠧᠩ  ᠭᠠᠵᠠᠷ ᠤᠨ ᠠᠷᠠᠳ ᠤᠨ ᠪᠠᠶᠢᠴᠠᠭᠠᠬᠤ ᠬᠣᠷᠢᠶᠠᠨ ᠤ ᠬᠢᠨᠠᠯᠲᠠ ᠪᠠᠷ ᠳᠡᠮᠵᠢᠨ ᠂ 6 ᠬᠥᠮᠦᠨ  ᠢ ᠨᠢᠭᠡᠨᠲᠡ ᠭᠢᠨᠳᠠᠨ ᠳᠤ ᠠᠪᠠᠴᠢᠵᠤ ᠬᠣᠷᠢᠪᠠ ᠃ ᠡᠭᠦᠨ ᠦ ᠬᠠᠮᠲᠤ  ᠰᠢᠭᠦᠬᠦ ᠬᠣᠷᠢᠶ᠎ᠠ ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠬᠠᠸᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠵᠡᠷᠭᠡ ᠰᠠᠯᠠᠭ᠎ᠠ ᠮᠥᠴᠢᠷ ᠲᠡᠶ ᠬᠠᠮᠲᠤᠷᠠᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠲᠣᠭᠲᠠᠭᠠᠨ ᠲᠠᠷᠬᠠᠭᠠᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠢ ᠵᠣᠯᠭᠠᠭᠤᠯᠵᠤ ᠬᠠᠮᠵᠢᠯᠴᠠᠬᠤ ᠠᠵᠢᠯ ᠤᠨ ᠲᠣᠭᠲᠠᠴᠠ ᠶᠢ ᠪᠠᠶᠢᠭᠤᠯᠤᠨ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ  ᠠᠵᠢᠯ ᠤᠨ ᠬᠠᠮᠢᠶ᠎ᠠ ᠪᠥᠬᠥᠶ ᠰᠠᠯᠠᠭ᠎ᠠ ᠮᠥᠴᠢᠷ ᠦᠨ ᠬᠣᠭᠣᠷᠣᠨᠳᠣᠬᠢ ᠮᠡᠳᠡᠭᠡ ᠵᠠᠩᠭᠢ ᠨᠡᠪᠲᠡᠷᠡᠯᠴᠡᠬᠦ ᠥᠬᠡᠶ ᠂ ᠵᠣᠯᠭᠠᠯᠳᠤᠭᠤᠯᠬᠤ  ᠱᠢᠯᠣᠭᠣᠬᠠᠨ ᠥᠬᠡᠶ ᠪᠠᠶᠢᠬᠤ ᠠᠰᠠᠭᠤᠳᠠᠯ ᠢ ᠪᠦᠲᠦᠮᠵᠢᠲᠡᠶ ᠰᠢᠶᠳᠪᠦᠷᠢᠯᠡᠨ᠎ᠡ ᠃ 

【ᠨᠡᠶᠢᠲᠡᠯᠢᠭ ᠠᠴᠢ ᠬᠣᠯᠪᠣᠭᠳᠠᠯ】 

(ᠨᠢᠭᠡ) ᠠᠷᠠᠳ ᠤᠨ ᠪᠠᠶᠢᠴᠠᠭᠠᠬᠤ ᠬᠣᠷᠢᠶ᠎ᠠ ᠬᠠᠤᠯᠢ ᠴᠠᠭᠠᠵᠠ ᠶᠢᠨ ᠬᠢᠨᠠᠯᠲᠠ ᠶᠢᠨ ᠬᠡᠷᠡᠭᠯᠡᠭᠡᠨ ᠦ ᠵᠠᠭᠪᠤᠷ ᠤᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ     ᠤᠨ ᠬᠠᠤᠯᠢ ᠴᠠᠭᠠᠵᠠ ᠶᠢᠨ ᠬᠢᠨᠠᠯᠲᠠ ᠶᠢᠨ ᠰᠦᠪᠡᠭᠴᠢ ᠶᠢ ᠴᠠᠭ ᠲᠤᠬᠠᠶ ᠳᠤᠨᠢ ᠣᠯᠵᠤ ᠮᠡᠳᠡᠬᠦ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠲᠣᠭ᠎ᠠ ᠪᠠᠷᠢᠮᠲᠠ ᠶᠢ ᠪᠠᠶᠢᠴᠠᠭᠠᠬᠤ ᠠᠵᠢᠯ ᠢ ᠶᠡᠬᠡ ᠪᠡᠷ ᠠᠬᠢᠭᠤᠯᠵᠤ ᠂ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠵᠠᠭᠪᠤᠷ ᠢ ᠰᠤᠳᠤᠯᠤᠨ ᠨᠡᠭᠡᠭᠡᠬᠦ ᠪᠠ ᠬᠡᠷᠡᠭᠯᠡᠬᠦ ᠶᠢ ᠴᠢᠩᠭᠠᠳᠬᠠᠵᠤ ᠂  ᠬᠠᠷᠢᠴᠠᠭᠣᠯᠣᠭᠠᠳ ᠣᠯᠤᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠵᠠᠮ ᠬᠠᠷᠢᠯᠴᠠᠭᠠᠨ ᠤ ᠬᠠᠤᠯᠢ ᠵᠥᠷᠢᠴᠡᠭᠰᠡᠨ ᠂ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠳᠬᠡᠯ ᠂ ᠶᠠᠯ᠎ᠠ ᠬᠢᠭᠰᠡᠨ ᠢᠶᠡᠷ ᠰᠡᠵᠢᠭᠯᠡᠭᠳᠡᠭᠰᠡᠨ ᠵᠡᠷᠭᠡ ᠭᠠᠳᠠᠭᠠᠳᠤ ᠲᠣᠭ᠎ᠠ ᠪᠠᠷᠢᠮᠲᠠ ᠪᠣᠯᠤᠨ ᠪᠠᠶᠢᠴᠠᠭᠠᠬᠤ  ᠪᠠᠢᠭᠣᠯᠣᠯᠭ᠎ᠠ  ᠶᠢᠨ ᠳᠣᠲᠣᠭᠠᠳᠤ  ᠲᠣᠭ᠎ᠠ ᠪᠠᠷᠢᠮᠲᠠ ᠪᠠᠷ ᠳᠠᠮᠵᠢᠭᠤᠯᠤᠨ ᠂ ᠰᠢᠰᠲ᠋ᠧᠮᠲᠦ ᠣᠶᠤᠨᠴᠢ ᠪᠤᠳᠤᠯᠭ᠎ᠠ ᠶᠢ ᠬᠢᠵᠦ᠂ ᠲᠣᠭ᠎ᠠ ᠪᠠᠷᠢᠮᠲᠠ ᠶᠢ ᠮᠥᠷᠭᠥᠯᠳᠦᠭᠦᠯᠬᠦ᠂ ᠬᠠᠷᠢᠴᠠᠭᠤᠯᠬᠤ ᠶᠢ ᠪᠡᠶᠡᠯᠡᠭᠦᠯᠵᠦ᠂ ᠨᠡᠶᠢᠭᠡᠮ ᠲᠣᠭᠣᠷᠢᠭ ᠤᠨ  ᠵᠠᠰᠠᠮᠵᠢᠯᠠᠯ   ᠤᠨ  ᠡᠲᠡᠬᠡᠳ ᠤᠨ  ᠬᠠᠮᠢᠶᠠᠷᠤᠯᠲᠠ ᠠᠴᠠ ᠮᠤᠯᠲᠤᠷᠠᠵᠤ ᠬᠠᠮᠢᠶᠠᠷᠤᠯᠲᠠ ᠠᠴᠠ ᠭᠣᠭᠣᠵᠢᠭᠳᠠᠭᠰᠠᠨ᠂ ᠬᠦᠨᠳᠦ ᠶᠡᠬᠡ ᠬᠠᠤᠯᠢ ᠶᠢ ᠵᠥᠷᠢᠴᠡᠭᠰᠡᠨ᠂ ᠲᠠᠬᠢᠨ ᠶᠠᠯ᠎ᠠ ᠬᠢᠭᠰᠡᠨ ᠵᠡᠷᠭᠡ ᠠᠰᠠᠭᠤᠳᠠᠯ ᠤᠨ ᠰᠦᠪᠡᠭᠴᠢ ᠶᠢ ᠣᠨᠣᠪᠴᠢᠲᠠᠢ ᠢᠯᠡᠷᠡᠭᠦᠯᠵᠦ᠂ ᠲᠤᠭᠠᠵᠢᠭᠤᠯᠤᠭᠰᠠᠨ ᠪᠠᠶᠢᠴᠠᠭᠠᠯᠲᠠ ᠪᠠᠷ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠪᠡ᠃ 

︵ ᠬᠣᠶᠠᠷ ︶ ᠣᠨᠴᠠᠭᠠᠶ ᠬᠡᠷᠡᠭ ᠢ ᠰᠢᠶᠳᠪᠦᠷᠢᠯᠡᠬᠦ ᠶᠢ ᠲᠥᠷᠥᠯ ᠦᠨ ᠬᠡᠷᠡᠭ ᠲᠦ ᠬᠢᠨᠠᠯᠲᠠ ᠲᠠᠯᠪᠢᠬᠤ ᠳᠠᠰᠢ ᠤᠷᠲᠤᠳᠬᠠᠬᠤ ᠶᠢ ᠠᠬᠢᠭᠤᠯᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠳᠤ ᠬᠢᠨᠠᠯᠲᠠ ᠲᠠᠯᠪᠢᠬᠤ ᠴᠢᠨᠠᠷ ᠴᠢᠨᠰᠠᠭ᠎ᠠ ᠦᠷ᠎ᠡ ᠪᠦᠲᠦᠮᠵᠢ ᠶᠢ ᠳᠡᠭᠡᠭᠰᠢᠯᠡᠭᠦᠯᠦᠨ᠎ᠡ ᠃ ᠠᠷᠠᠳ ᠤᠨ ᠪᠠᠶᠢᠴᠠᠭᠠᠬᠤ ᠬᠣᠷᠢᠶ᠎ᠠ ᠣᠨᠴᠠᠭᠠᠶ ᠬᠡᠷᠡᠭ ᠢ ᠰᠢᠶᠳᠪᠦᠷᠢᠯᠡᠭᠰᠡᠨ ᠲᠤᠷᠰᠢᠯᠭ᠎ᠠ ᠪᠠ ᠠᠷᠭ᠎ᠠ ᠬᠢᠳᠡᠯ ᠢ ᠵᠠᠳᠠᠯᠤᠨ ᠳ᠋ᠦᠩᠨᠡᠬᠦ ᠪᠡᠷ ᠳᠠᠮᠵᠢᠭᠤᠯᠤᠨ᠂ ᠨᠡᠶᠢᠭᠡᠮ ᠲᠣᠭᠣᠷᠢᠭ ᠤᠨ ᠵᠠᠰᠠᠮᠵᠢᠯᠠᠯ   ᠦᠨ ᠠᠵᠢᠯ ᠤᠨ ᠳᠤᠮᠳᠠᠬᠢ ᠨᠡᠶᠢᠳᠡᠮ ᠦᠨ ᠴᠢᠨᠠᠷᠲᠠᠶ᠂ ᠬᠡᠯᠪᠡᠷᠢᠯ ᠦᠨ ᠴᠢᠨᠠᠷᠲᠠᠶ ᠠᠰᠠᠭᠤᠳᠠᠯ ᠢ ᠴᠠᠭ ᠲᠤᠬᠠᠶ ᠳᠤᠨᠢ ᠣᠨᠣᠪᠴᠢᠲᠠᠶ ᠢᠯᠡᠷᠡᠭᠦᠯᠵᠦ᠂ ᠲᠦᠷᠦᠯ ᠦᠨ ᠬᠡᠷᠡᠭ ᠲᠦ ᠬᠢᠨᠠᠯᠲᠠ ᠲᠠᠯᠪᠢᠬᠤ ᠶᠢ ᠬᠠᠨᠳᠤᠯᠭᠠᠲᠤ ᠴᠢᠨᠠᠷᠲᠠᠶ ᠪᠠᠷ ᠥᠷᠨᠢᠭᠦᠯᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠢᠨᠠᠯᠲᠠ ᠲᠠᠯᠪᠢᠬᠤ ᠶᠢ ᠴᠡᠭ ᠡᠴᠡ ᠪᠦᠬᠦ ᠲᠠᠯ᠎ᠠ ᠳᠤ ᠬᠦᠷᠭᠡᠬᠦ᠂ ᠣᠨᠴᠠᠭᠠᠶ ᠬᠡᠷᠡᠭ ᠡᠴᠡ ᠲᠦᠷᠦᠯ ᠦᠨ ᠬᠡᠷᠡᠭ ᠲᠦ ᠬᠦᠷᠭᠡᠬᠦ᠂ ᠨᠢᠭᠡ ᠣᠷᠣᠨ ᠪᠦᠰᠡ ᠡᠴᠡ ᠪᠦᠬᠦ ᠣᠷᠣᠨ ᠪᠦᠰᠡ ᠳᠦ ᠬᠦᠷᠲᠡᠯ᠎ᠡ ᠡᠬᠢ ᠡᠭᠦᠰᠦᠯ ᠡᠴᠡ ᠨᠢ ᠵᠠᠰᠠᠬᠤ᠂ ᠰᠢᠰᠲ᠋ᠧᠮ ᠲᠡᠶ ᠵᠠᠰᠠᠬᠤ ᠶᠢ ᠲᠦᠯᠬᠢᠨ ᠠᠬᠢᠭᠤᠯᠵᠤ ᠪᠣᠯᠤᠨ᠎ᠠ᠃ 

︵ ᠭᠤᠷᠪᠠ ︶ ᠬᠠᠮᠢᠶ᠎ᠠ ᠪᠥᠬᠥᠶ ᠰᠠᠯᠠᠭ᠎ᠠ ᠮᠥᠴᠢᠷ ᠯᠦᠭᠡ ᠶᠢᠨ ᠨᠡᠪᠲᠡᠷᠡᠯᠴᠡᠨ ᠬᠠᠮᠵᠢᠯᠴᠠᠬᠤ ᠪᠠ ᠮᠡᠳᠡᠭᠡ ᠵᠠᠩᠭᠢ ᠶᠢ ᠬᠠᠮᠲᠤᠪᠠᠷ ᠭᠥᠷᠳᠡᠬᠦ ᠶᠢ ᠴᠢᠩᠭᠠᠳᠬᠠᠵᠤ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠵᠣᠯᠭᠠᠭᠤᠯᠤᠨ ᠬᠠᠮᠵᠢᠯᠴᠠᠬᠤ ᠠᠵᠢᠯ ᠤᠨ ᠲᠣᠭᠲᠠᠴᠠ ᠶᠢ ᠲᠡᠭᠦᠯᠳᠡᠷᠵᠢᠭᠦᠯᠬᠦ ᠶᠢ ᠠᠬᠢᠭᠤᠯᠤᠨ᠎ᠠ ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠠᠷᠠᠳ ᠤᠨ ᠰᠢᠭᠦᠬᠦ ᠬᠣᠷᠢᠶ᠎ᠠ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠪᠠᠶᠢᠭᠤᠯᠤᠮᠵᠢ ᠵᠡᠷᠭᠡ ᠰᠠᠯᠠᠭ᠎ᠠ ᠮᠥᠴᠢᠷ ᠯᠦᠭᠡ ᠶᠢᠨ ᠬᠠᠷᠢᠯᠴᠠᠭ᠎ᠠ ᠪᠠᠨ ᠴᠢᠩᠭᠠᠳᠬᠠᠵᠤ᠂ ᠪᠦᠲᠦᠮᠵᠢᠲᠡᠶ ᠵᠣᠬᠢᠴᠠᠭᠤᠯᠬᠤ ᠲᠣᠭᠲᠠᠴᠠ ᠶᠢ ᠪᠠᠶᠢᠭᠤᠯᠵᠤ᠂ ᠬᠢᠨᠠᠯᠲᠠ ᠲᠠᠯᠪᠢᠬᠤ ᠨᠡᠶᠢᠯᠡᠮᠡᠯ ᠬᠦᠴᠦᠨ ᠢ ᠪᠦᠷᠢᠯᠳᠦᠭᠦᠯᠬᠦ ᠬᠡᠷᠡᠭᠲᠡᠶ᠃ ᠬᠠᠮᠲᠤᠷᠠᠭᠰᠠᠨ ᠬᠤᠷᠠᠯ ᠬᠤᠷᠠᠯᠳᠤᠭᠤᠯᠬᠤ ᠂ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠬᠠᠮᠲᠤᠷᠠᠨ ᠲᠣᠭᠲᠠᠭᠠᠨ ᠲᠠᠷᠬᠠᠭᠠᠬᠤ ᠵᠡᠷᠭᠡ ᠬᠡᠯᠪᠡᠷᠢ ᠪᠡᠷ ᠳᠠᠮᠵᠢᠭᠤᠯᠤᠨ ᠂ ᠠᠵᠢᠯ ᠢ ᠵᠣᠯᠭᠠᠭᠤᠯᠬᠤ ᠪᠠᠶᠢᠭᠤᠯᠤᠮᠵᠢ ᠂ ᠲᠠᠰ ᠳᠠᠷᠠᠭᠠᠯᠠᠯ ᠪᠠ ᠠᠵᠢᠯᠲᠠᠨ ᠵᠡᠷᠭᠡ ᠶᠢ ᠲᠣᠳᠣᠷᠬᠠᠢ ᠪᠣᠯᠭᠠᠵᠦ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠲᠦ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠳᠬᠡᠯ ᠣᠯᠭᠣᠬᠤ ᠂ ᠡᠷᠡᠭᠦᠸ ᠶᠢᠨ ᠬᠡᠷᠡᠭ ᠦᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠬᠣ ᠂ ᠳᠠᠭᠢᠵᠤ ᠶᠠᠯ᠎ᠠ ᠬᠢᠬᠦ ᠵᠡᠷᠭᠡ ᠭᠣᠸᠯᠳᠠᠯᠭ᠎ᠠ ᠲᠠᠶ ᠮᠡᠳᠡᠭᠡ ᠵᠠᠩᠭᠢ ᠶᠢ ᠬᠠᠷᠢᠯᠴᠠᠨ ᠨᠡᠪᠲᠡᠷᠡᠯᠴᠡᠵᠦ ᠬᠠᠮᠲᠤ ᠪᠠᠷ ᠡᠳ᠋ᠯᠡᠭᠦᠯᠬᠦ ᠶᠢ ᠪᠡᠶᠡᠯᠡᠭᠦᠯᠵᠦ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯ ᠤᠨ ᠬᠠᠸᠯᠢ ᠶᠣᠰᠣᠭᠠᠷ ᠡᠮᠬᠢ ᠵᠢᠷᠤᠮ ᠲᠠᠶ ᠥᠷᠨᠢᠬᠦ ᠶᠢ ᠪᠠᠲᠤᠯᠠᠬᠤ ᠬᠡᠷᠡᠭᠲᠡᠶ ᠃ 

【ᠬᠣᠯᠪᠣᠭᠳᠠᠯ ᠪᠦᠬᠦᠢ ᠲᠣᠭᠲᠠᠭᠠᠯ】 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠸ ᠶᠢᠨ ᠬᠠᠸᠯᠢ ︾ ᠶᠢᠨ ᠳᠠᠯᠠᠨ ᠳᠣᠯᠣᠳᠤᠭᠠᠷ ᠵᠦᠶᠯ 

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠬᠠᠤᠯᠢ 》 ᠶᠢᠨ ᠲᠠᠪᠤᠳᠤᠭᠠᠷ ᠵᠦᠢᠯ ᠂ ᠬᠣᠷᠢᠨ ᠳᠥᠷᠪᠡᠳᠦᠭᠡᠷ ᠵᠦᠢᠯ ᠂ ᠳᠥᠴᠢᠨ ᠵᠢᠷᠭᠤᠳᠤᠭᠠᠷ ᠵᠦᠢᠯ 

 

 

 

ᠬᠡᠷᠡᠭ ᠦᠨ ᠵᠢᠱᠢᠶ᠎ᠡ ᠲᠦᠷᠪᠡ

ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠸᠠᠩ ᠣᠪᠣᠭᠲᠤ ᠬᠥᠬᠡ  ᠶᠢ ᠬᠠᠤᠯᠢ ᠴᠠᠭᠠᠵᠠ ᠶᠢᠨ  ᠬᠠᠮᠢᠶᠠᠷᠤᠯᠲᠠ ᠡᠴᠡ ᠭᠣᠭᠣᠵᠢᠭᠤᠯᠤᠭᠰᠠᠨ ᠳᠤ ᠬᠢᠨᠠᠯᠲᠠ ᠲᠠᠯᠪᠢᠭᠰᠠᠨ ᠬᠡᠷᠡᠭ

【ᠵᠠᠩᠭᠢᠯᠠᠭ᠎ᠠ ᠶᠢᠨ ᠦᠭᠡ】 

ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠢᠨᠠᠯᠲᠠ ᠲᠠᠯᠪᠢᠬᠣ      ᠬᠠᠮᠢᠶᠠᠷᠤᠯᠲᠠ ᠠᠴᠠ  ᠭᠣᠭᠣᠵᠢᠭᠣᠯᠣᠭᠰᠠᠨ ᠭᠦᠢᠴᠡᠳᠬᠡᠭᠦᠯᠬᠦ ᠪᠡᠷ ᠲᠤᠰᠢᠶᠠᠭᠰᠠᠨ ᠳᠦ ᠬᠢᠨᠠᠯᠲᠠ ᠲᠠᠯᠪᠢᠬᠣ      ᠡᠷᠬᠡ ᠲᠤᠰᠢᠶᠠᠯ ᠢᠶᠠᠨ ᠠᠰᠢᠭᠯᠠᠨ ᠶᠠᠯ᠎ᠠ ᠬᠢᠭᠰᠡᠨ ᠰᠦᠪᠡᠭᠴᠢ ᠶᠢ ᠰᠢᠯᠵᠢᠭᠦᠯᠦᠨ ᠬᠦᠷᠭᠡᠬᠦ 

【ᠭᠣᠣᠯ ᠵᠣᠷᠢᠯᠭ᠎ᠠ】 

ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠵᠠᠰᠠᠮᠵᠢᠯᠠᠯ ᠤᠨ ᠡᠲᠡᠭᠡᠳ ᠢ ᠲᠤᠰᠢᠶᠠᠭᠰᠠᠨ ᠪᠠᠢᠳᠠᠯ ᠳᠤ ᠲᠤᠰᠢᠶᠠᠯ ᠢᠶᠠᠨ  ᠬᠦᠢᠴᠡᠳᠬᠡᠭᠰᠡᠨ ᠳᠤ ᠬᠢᠨᠠᠯᠲᠠ ᠲᠠᠯᠪᠢᠬᠤ ᠡᠷᠴᠢᠮ ᠢᠶᠡᠨ ᠴᠢᠩᠭᠠᠷᠠᠭᠤᠯᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯ ᠤᠨ ᠡᠬᠢᠯᠡᠯᠲᠡ ᠶᠢᠨ ᠪᠣᠭᠣᠮᠲᠠ ᠶᠢ ᠰᠠᠶᠢᠲᠤᠷ ᠠᠳᠬᠤᠬᠤ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠵᠠᠰᠠᠮᠵᠢᠯᠠᠯ ᠤᠨ ᠡᠲᠡᠭᠡᠳ ᠢ ᠲᠤᠰᠢᠶᠠᠭᠰᠠᠨ ᠪᠠᠢᠳᠠᠯ ᠳᠤ ᠲᠤᠰᠢᠶᠠᠯ ᠢᠶᠠᠨ  ᠬᠦᠢᠴᠡᠳᠬᠡᠭᠰᠡᠨ ᠨᠢ ᠵᠤᠬᠢᠰ ᠦᠭᠡᠢ ᠵᠡᠷᠭᠡ ᠦᠢᠯᠡ ᠠᠵᠢᠯᠯᠠᠭ᠎ᠠ ᠶᠢᠨ ᠠᠷᠤ ᠳᠠᠬᠢ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠬᠡᠷᠡᠭ ᠦᠨ ᠰᠦᠪᠡᠭᠴᠢ ᠶᠢ ᠢᠯᠡᠷᠡᠭᠦᠯᠬᠦ ᠶᠢ ᠴᠢᠬᠤᠯᠠᠴᠢᠯᠠᠬᠤ ᠶᠢᠨ ᠬᠠᠮᠲᠤ ᠬᠣᠯᠪᠣᠭᠳᠠᠯ ᠪᠦᠬᠦᠢ ᠲᠣᠭᠲᠠᠭᠠᠯ ᠶᠣᠰᠣᠭᠠᠷ ᠰᠦᠪᠡᠭᠴᠢ ᠶᠢ ᠴᠠᠭ ᠲᠤᠬᠠᠶ ᠳᠤᠨᠢ ᠬᠣᠯᠪᠣᠭᠳᠠᠯ ᠪᠦᠬᠦᠢ ᠰᠠᠯᠠᠭ᠎ᠠ ᠮᠥᠴᠢᠷ ᠪᠤᠶᠤ ᠪᠠᠶᠢᠭᠤᠯᠭ᠎ᠠ ᠳᠤ ᠰᠢᠯᠵᠢᠭᠦᠯᠦᠨ ᠬᠦᠷᠭᠡᠵᠦ ᠰᠢᠶᠳᠪᠦᠷᠢᠯᠡᠭᠦᠯᠦᠨ᠂ ᠡᠷᠡᠭᠦᠦ ᠰᠢᠳᠬᠡᠯ ᠢ ᠭᠦᠢᠴᠡᠳᠬᠡᠬᠦ ᠠᠵᠢᠯᠯᠠᠭ᠎ᠠ ᠶᠢ ᠬᠠᠤᠯᠢ ᠶᠣᠰᠣᠭᠠᠷ ᠵᠢᠷᠤᠮᠵᠢᠭᠤᠯᠤᠨ ᠥᠷᠨᠢᠭᠦᠯᠬᠦ ᠶᠢ ᠦᠨᠡᠨ ᠬᠦ ᠪᠠᠲᠤᠯᠠᠵᠤ᠂ ᠬᠠᠤᠯᠢ ᠪᠠᠷᠢᠬᠤ ᠡᠷᠬᠡ ᠰᠦᠷ ᠢ ᠬᠠᠮᠠᠭᠠᠯᠠᠬᠤ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ ᠢᠳᠡᠪᠬᠢᠲᠡᠶ ᠳᠥᠯᠭᠢᠨ ᠠᠬᠢᠭᠤᠯᠵᠤ ᠂ ᠲᠤᠰᠢᠶᠠᠨ ᠥᠭᠴᠦ ᠭᠦᠶᠴᠡᠳᠬᠡᠬᠦ ᠶᠢ ᠵᠣᠯᠭᠠᠭᠤᠯᠬᠤ ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠦᠨ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠣᠭ᠎ᠠ ᠪᠠᠷᠢᠮᠲᠠ ᠶᠢᠨ ᠮᠡᠳᠡᠭᠡ ᠵᠠᠩᠭᠢ ᠶᠢ  ᠬᠠᠷᠢᠯᠴᠠᠨ ᠬᠣᠯᠪᠣᠭᠠᠯᠠᠵᠤ ᠬᠠᠮᠲᠤ ᠪᠠᠷ ᠡᠳ᠋ᠯᠡᠬᠦ  ᠢ ᠪᠡᠶᠡᠯᠡᠭᠦᠯᠬᠦ ᠬᠡᠷᠡᠭᠲᠠᠢ᠃

【ᠬᠡᠷᠡᠭ ᠦᠨ ᠦᠨᠳᠦᠰᠦᠨ ᠪᠠᠶᠢᠳᠠᠯ】

ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠸᠠᠩ ᠣᠪᠣᠭᠲᠤ ᠬᠦᠭᠡ᠂ ᠡᠷᠡᠭᠲᠡᠶ᠂ 1987 ᠣᠨ ᠤ 6 ᠰᠠᠷ᠎ᠠ ᠶᠢᠨ 16 ᠤ ᠡᠳᠦᠷ ᠲᠦᠷᠦᠵᠡᠢ᠃ 2013 ᠣᠨ ᠤ 10 ᠰᠠᠷ᠎ᠠ ᠶᠢᠨ 18 ᠤ ᠡᠳᠦᠷ ᠣᠯᠠᠭᠤᠯᠠ ᠨᠡᠶᠢᠯᠡᠵᠦ ᠵᠣᠳᠣᠭᠠᠨ ᠬᠢᠭᠰᠡᠨ ᠶᠠᠯ᠎ᠠ ᠬᠢᠭᠰᠡᠨ ᠡᠴᠡ ᠪᠤᠯᠵᠤ ᠾᠧᠨᠠᠨ ᠮᠤᠵᠢ ᠶᠢᠨ ᠵᠦᠩ ᠮᠥ᠋ ᠰᠢᠶᠠᠨ ᠤ ᠠᠷᠠᠳ ᠤᠨ ᠰᠢᠭᠦᠬᠦ ᠬᠣᠷᠢᠶ᠎ᠠ ᠲᠡᠭᠦᠨ ᠢ ᠭᠤᠷᠪᠠᠨ ᠵᠢᠯ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠡᠷᠡᠭᠦᠦ ᠰᠢᠳᠬᠡᠯ ᠢ ᠨᠢ ᠲᠠᠪᠤᠨ ᠵᠢᠯ ᠬᠣᠶᠢᠰᠢᠯᠠᠭᠤᠯᠬᠤ ᠪᠠᠷ ᠵᠠᠷᠯᠠᠪᠠ᠃ ᠰᠢᠭᠦᠬᠦ ᠬᠣᠷᠢᠶᠠᠨ ᠠᠴᠠ ᠸᠠᠩ ᠣᠪᠣᠭᠲᠤ ᠬᠦᠭᠡ ᠶᠢ ᠡᠷᠡᠭᠦᠦ ᠰᠢᠳᠬᠡᠯ ᠢ ᠨᠢ ᠬᠣᠶᠢᠰᠢᠯᠠᠭᠤᠯᠬᠤ ᠪᠠᠷ ᠰᠢᠳᠬᠡᠭᠰᠡᠨ ᠦ ᠲᠠᠷᠠᠭ᠎ᠠ᠂ ᠵᠦᠩ  ᠮᠥ᠋ ᠰᠢᠶᠠᠨ ᠤ ᠨᠡᠶᠢᠭᠡᠮ ᠲᠣᠭᠣᠷᠢᠭ  ᠤᠨ ᠵᠠᠰᠠᠮᠵᠢᠯᠠᠯ ᠤᠨ ᠪᠠᠶᠢᠭᠤᠯᠤᠮᠵᠢ ᠳᠤ ᠨᠡᠶᠢᠭᠡᠮ ᠲᠣᠭᠣᠷᠢᠭ ᠠᠴᠠ ᠵᠠᠰᠠᠬᠤ ᠶᠢ ᠬᠦᠯᠢᠶᠡᠨ ᠠᠪᠬᠤ ᠬᠡᠷᠡᠭᠲᠡᠶ᠃ 2020 ᠣᠨ ᠤ 8 ᠰᠠᠷ᠎ᠠ ᠳᠤ ᠂ ᠾᠧᠨᠠᠨ ᠮᠤᠵᠢ ᠶᠢᠨ ᠰᠢᠨ ᠮᠢ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠬᠠᠷ᠎ᠠ  ᠪᠦᠯᠦᠭᠲᠡᠨ  ᠤ ᠰᠢᠨᠵᠢ ᠴᠢᠨᠠᠷ ᠲᠠᠶ ᠵᠣᠬᠢᠶᠠᠨ ᠪᠠᠶᠢᠭᠤᠯᠤᠯᠲᠠ ᠶᠢᠨ ᠨᠢᠭᠡᠨ ᠶᠠᠯᠠᠲᠤ ᠬᠡᠷᠡᠭ ᠢ ᠬᠢᠨᠠᠨ ᠪᠠᠶᠢᠴᠠᠭᠠᠬᠤ ᠳᠠᠭᠠᠨ ᠂ ᠸᠠᠩ ᠣᠪᠣᠭᠲᠤ ᠬᠥᠬᠡ ᠡᠷᠡᠭᠦᠸ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠂ 2014 ᠣᠨ ᠤ 7 ᠰᠠᠷ᠎ᠠ ᠠᠴᠠ 2018 ᠣᠨ ᠤ 7 ᠰᠠᠷ᠎ᠠ ᠪᠣᠯᠲᠠᠯ᠎ᠠ ᠬᠠᠷ᠎ᠠ  ᠪᠦᠯᠦᠭᠲᠡᠨ ᠦᠨ ᠰᠢᠨᠵᠢ ᠴᠢᠨᠠᠷ ᠲᠠᠶ ᠵᠣᠬᠢᠶᠠᠨ ᠪᠠᠶᠢᠭᠤᠯᠤᠯᠲᠠ ᠶᠢᠨ ᠶᠠᠯᠠᠲᠤ ᠠᠵᠢᠯᠯᠠᠭ᠎ᠠ ᠳᠤ ᠣᠯᠠᠨ ᠤᠳᠠᠭ᠎ᠠ ᠣᠷᠣᠯᠴᠠᠵᠤ ᠂ ᠥᠳᠥᠭᠡᠨ ᠬᠠᠯᠳᠠᠵᠤ ᠬᠡᠷᠡᠭ ᠡᠳᠦᠭᠰᠡᠨ 8 ᠬᠡᠷᠡᠭ ᠂ ᠠᠯᠪᠠᠳᠠᠯᠭ᠎ᠠ ᠪᠠᠷ ᠠᠷᠠᠯᠵᠢᠶᠠᠯᠠᠭᠰᠠᠨ 6 ᠬᠡᠷᠡᠭ ᠵᠢᠴᠢ ᠵᠣᠭᠣᠰ ᠨᠠᠭᠠᠳᠬᠤ ᠭᠠᠵᠠᠷ ᠭᠠᠷᠭᠠᠭᠰᠠᠨ ᠂ ᠬᠢᠬᠠᠵᠤ ᠠᠪᠤᠭᠰᠠᠨ ᠂ ᠣᠯᠠᠭᠤᠯᠠ ᠨᠡᠶᠢᠯᠡᠵᠦ ᠵᠣᠳᠣᠭᠠᠨ ᠬᠢᠭᠰᠡᠨ ᠂ ᠬᠠᠸᠯᠢ ᠪᠤᠰᠤ ᠪᠠᠷ ᠬᠣᠷᠢᠭᠰᠠᠨ ᠵᠡᠷᠭᠡ ᠶᠠᠯᠠᠲᠤ ᠠᠵᠢᠯᠯᠠᠭ᠎ᠠ ᠳᠤ ᠣᠷᠣᠯᠴᠠᠭᠰᠠᠨ ᠢ ᠣᠯᠵᠤ ᠮᠡᠳᠡᠵᠡᠶ ᠃ 11 ᠰᠠᠷ᠎ᠠ ᠶᠢᠨ 30 ᠤ ᠡᠳᠦᠷ᠂ ᠰᠢᠨ ᠮᠢ ᠬᠤᠳᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠸᠠᠩ ᠣᠪᠣᠭᠲᠤ  ᠬᠥᠬᠡ ᠵᠡᠷᠭᠡ 13 ᠬᠥᠮᠦᠨ ᠦ ᠬᠠᠷ᠎ᠠ  ᠪᠦᠯᠦᠭᠲᠡᠨ  ᠤ ᠰᠢᠨᠵᠢ ᠴᠢᠨᠠᠷᠲᠠᠶ ᠵᠣᠬᠢᠶᠠᠨ ᠪᠠᠶᠢᠭᠤᠯᠤᠯᠲᠠ ᠶᠢᠨ ᠶᠠᠯᠠᠲᠤ ᠬᠡᠷᠡᠭ ᠲᠦ ᠠᠯᠪᠠᠨ ᠵᠠᠭᠠᠯᠳᠤᠯᠭ᠎ᠠ ᠭᠠᠷᠭᠠᠭᠰᠠᠨ ᠤ ᠬᠠᠮᠲᠤ ᠸᠠᠩ ᠣᠪᠣᠭᠲᠤ  ᠬᠥᠬᠡ ᠶᠢᠨ ᠡᠷᠡᠭᠦᠦ ᠰᠢᠳᠬᠡᠯ ᠢ ᠬᠣᠶᠢᠰᠢᠯᠠᠭᠤᠯᠬᠤ᠂ ᠬᠡᠳᠦᠨ ᠶᠠᠯ᠎ᠠ ᠶᠢ ᠨᠡᠶᠢᠯᠡᠭᠦᠯᠦᠨ ᠰᠢᠳᠬᠡᠬᠦ ᠶᠢ ᠬᠦᠴᠦᠨ ᠦᠭᠡᠢ ᠪᠣᠯᠭᠠᠬᠤ ᠡᠷᠡᠭᠦᠦ ᠰᠢᠳᠬᠡᠯ ᠣᠨᠣᠭᠳᠠᠭᠤᠯᠬᠤ ᠰᠠᠨᠠᠭᠤᠯᠭ᠎ᠠ ᠶᠢ ᠳᠤᠷᠠᠳᠪᠠ᠃ 12 ᠰᠠᠷ᠎ᠠ ᠶᠢᠨ 29 ᠦ ᠡᠳᠦᠷ ᠂ ᠰᠢᠨ ᠮᠢ ᠬᠣᠲᠠ ᠶᠢᠨ ᠠᠷᠠᠳ ᠤᠨ ᠰᠢᠭᠦᠬᠦ ᠬᠣᠷᠢᠶ᠎ᠠ ᠸᠠᠩ ᠣᠪᠣᠭᠲᠤ ᠶᠢᠨ ᠡᠷᠡᠭᠦᠦ ᠰᠢᠳᠬᠡᠯ ᠢ ᠬᠣᠶᠢᠰᠢᠯᠠᠭᠤᠯᠤᠭᠰᠠᠨ ᠢ ᠬᠦᠴᠦᠨ ᠦᠭᠡᠶ ᠪᠣᠯᠭᠠᠬᠤ  ᠪᠠᠷ ᠰᠢᠭᠦᠨ ᠲᠡᠰᠦᠯᠵᠦ ᠂ ᠡᠭᠦᠨ ᠦ ᠬᠠᠮᠲᠤ ᠲᠡᠭᠦᠨ ᠦ ᠬᠠᠷ᠎ᠠ  ᠪᠦᠯᠦᠭᠲᠡᠨ ᠤ ᠰᠢᠨᠵᠢ ᠴᠢᠨᠠᠷᠲᠠᠶ ᠵᠣᠬᠢᠶᠠᠨ ᠪᠠᠶᠢᠭᠤᠯᠤᠯᠲᠠ ᠳᠤ ᠣᠷᠣᠯᠴᠠᠭᠰᠠᠨ ᠶᠠᠯ᠎ᠠ᠂ ᠣᠯᠠᠭᠤᠯᠠ ᠨᠡᠶᠢᠯᠡᠵᠦ ᠵᠣᠳᠣᠭᠠᠨ ᠬᠢᠭᠰᠡᠨ ᠶᠠᠯ᠎ᠠ᠂ ᠥᠳᠥᠭᠡᠨ ᠬᠠᠯᠳᠠᠵᠤ ᠬᠡᠷᠡᠭ ᠡᠳᠦᠭᠰᠡᠨ ᠶᠠᠯ᠎ᠠ᠂ ᠠᠯᠪᠠᠳᠠᠨ ᠠᠷᠠᠯᠵᠢᠶᠠᠯᠠᠭᠤᠯᠤᠭᠰᠠᠨ ᠶᠠᠯ᠎ᠠ᠂ ᠵᠣᠭᠣᠰ ᠨᠠᠭᠠᠳᠬᠤ ᠭᠠᠵᠠᠷ ᠭᠠᠷᠭᠠᠭᠰᠠᠨ ᠶᠠᠯ᠎ᠠ᠂ ᠬᠢᠬᠠᠵᠤ ᠠᠪᠤᠭᠰᠠᠨ ᠶᠠᠯ᠎ᠠ᠂ ᠬᠠᠤᠯᠢ ᠪᠤᠰᠤ ᠪᠠᠷ ᠬᠣᠷᠢᠭᠰᠠᠨ ᠶᠠᠯ᠎ᠠ ᠵᠡᠷᠭᠡ ᠶᠠᠯ᠎ᠠ ᠶᠢᠨ ᠨᠡᠷ᠎ᠡ ᠶᠢ ᠨᠢ ᠬᠡᠳᠦᠨ ᠶᠠᠯ᠎ᠠ ᠶᠢ ᠨᠡᠶᠢᠯᠡᠭᠦᠯᠦᠨ ᠰᠢᠳᠬᠡᠵᠦ᠂ ᠬᠣᠷᠢᠨ ᠨᠢᠭᠡᠨ ᠵᠢᠯ ᠬᠤᠭᠤᠴᠠᠭ᠎ᠠ ᠲᠠᠶ ᠬᠣᠷᠢᠬᠤ ᠰᠢᠳᠬᠡᠯ ᠢ ᠨᠡᠶᠢᠯᠡᠭᠦᠯᠦᠨ ᠭᠦᠢᠴᠡᠳᠬᠡᠵᠦ᠂ ᠬᠤᠪᠢ ᠬᠥᠮᠦᠨ ᠦ ᠪᠦᠬᠦ ᠡᠳ᠋ ᠬᠦᠷᠦᠨᠭᠭᠡ ᠶᠢ ᠨᠢ ᠬᠤᠷᠢᠶᠠᠨ ᠠᠪᠬᠤ ᠪᠠᠷ ᠨᠡᠶᠢᠯᠡᠭᠦᠯᠦᠨ ᠰᠢᠳᠬᠡᠵᠦ᠂ ᠠᠷᠠᠳ ᠤᠨ ᠵᠣᠭᠣᠰ  ᠳᠥᠴᠢᠨ ᠵᠢᠷᠭᠤᠭᠠᠨ ᠲᠦᠮᠡ ᠵᠢᠷᠭᠤᠭᠠᠨ ᠮᠢᠩᠭᠠᠨ ᠲᠥᠭᠥᠷᠢᠭ ᠲᠣᠷᠭᠠᠵᠤ᠂ ᠤᠯᠤᠰ ᠲᠦᠷᠦ ᠶᠢᠨ ᠡᠷᠬᠡ ᠶᠢ ᠨᠢ ᠲᠦᠷᠪᠡᠨ ᠵᠢᠯ ᠬᠠᠰᠤᠬᠤ ᠪᠠᠷ ᠲᠣᠭᠲᠠᠭᠠᠪᠠ᠃ 2021 ᠣᠨ ᠤ 3 ᠰᠠᠷ᠎ᠠ ᠶᠢᠨ 31 ᠦ ᠡᠳᠦᠷ ᠂ ᠬᠠᠮᠲᠤ ᠬᠡᠷᠡᠭᠲᠡᠨ ᠳᠡᠭᠡᠭᠰᠢ ᠵᠠᠭᠠᠯᠳᠤᠭᠰᠠᠨ ᠠᠴᠠ ᠪᠣᠯᠵᠣ ᠂ ᠵᠧᠩᠵᠧᠸ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠬᠣᠶᠠᠳᠤᠭᠠᠷ ᠰᠢᠭᠦᠯᠲᠡ ᠳᠦ ᠳᠡᠭᠡᠭᠰᠢ ᠵᠠᠭᠠᠯᠳᠤᠭᠰᠠᠨ ᠢ ᠨᠢᠴᠤᠭᠠᠵᠤ ᠂ ᠤᠸᠯ ᠤᠨ ᠲᠠᠰᠤᠯᠤᠯᠲᠠ ᠶᠢ ᠪᠠᠷᠢᠮᠲᠠᠯᠠᠬᠤ ᠪᠠᠷ ᠲᠡᠰᠦᠯᠦᠨ ᠲᠣᠭᠲᠠᠭᠠᠪᠠ ᠃ 

2021 ᠣᠨ ᠤ 3 ᠰᠠᠷ᠎ᠠ ᠳᠤ ᠂ ᠵᠧᠩᠵᠧᠸ ᠬᠣᠲᠠ ᠶᠢᠨ ᠪᠠᠶᠢᠴᠠᠭᠠᠬᠤ ᠪᠠᠶᠢᠭᠤᠯᠭ᠎ᠠ ᠤᠯᠠᠮ ᠨᠢᠭᠡ ᠠᠯᠬᠤᠮ ᠪᠠᠶᠢᠴᠠᠭᠠᠨ ᠬᠠᠷᠭᠤᠭᠤᠯᠤᠭᠠᠳ ᠂ ᠸᠠᠩ ᠣᠪᠣᠭᠲᠤ ᠬᠥᠬᠡ ᠶᠢᠨ ᠬᠣᠯᠪᠣᠭᠳᠠᠯ ᠪᠥᠬᠥᠶ ᠬᠠᠸᠯᠢ ᠴᠠᠭᠠᠵᠠ ᠶᠢᠨ ᠠᠵᠢᠯᠲᠠᠨ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠲᠤᠰᠢᠶᠠᠨ ᠥᠭᠴᠦ ᠭᠦᠶᠴᠡᠳᠬᠡᠭᠦᠯᠬᠦ ᠶᠠᠪᠤᠴᠠ ᠳᠤ ᠲᠤᠰᠢᠶᠠᠯ ᠢᠶᠠᠨ ᠬᠦᠨᠳᠦ ᠨᠣᠴᠢᠲᠠᠶ ᠭᠤᠲᠤᠭᠠᠭᠰᠠᠨ ᠦᠶᠯᠡ ᠠᠵᠢᠯᠯᠠᠭ᠎ᠠ ᠣᠷᠣᠰᠢᠵᠤ ᠪᠠᠶᠢᠬᠤ ᠶᠢ ᠣᠯᠵᠤ ᠮᠡᠳᠡᠵᠡᠶ ᠂ ᠡᠷᠡᠭᠦᠸ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠬᠠᠸᠯᠢ ᠶᠣᠰᠣᠭᠠᠷ ᠬᠦᠯᠢᠶᠡᠭᠰᠡᠨ ᠥᠬᠡᠶ ᠃ ᠵᠧᠩᠵᠧᠦ ᠬᠤᠳᠠ ᠶᠢᠨ ᠬᠣᠶᠠᠷ ᠱᠠᠲᠤᠨ ᠤ ᠪᠠᠶᠢᠴᠠᠭᠠᠬᠤ ᠪᠠᠶᠢᠭᠤᠯᠭ᠎ᠠ ᠬᠣᠯᠪᠣᠭᠳᠠᠯ ᠪᠦᠬᠦᠢ ᠰᠠᠯᠠᠭ᠎ᠠ ᠮᠥᠴᠢᠷ ᠲᠦ ᠬᠢᠨᠠᠯᠲᠠ ᠲᠠᠯᠪᠢᠬᠤ ᠰᠠᠨᠠᠯ ᠢᠶᠠᠨ ᠳᠤᠷᠠᠳᠤᠭᠰᠠᠨ ᠪᠥᠭᠡᠳ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠲᠠᠶ ᠬᠠᠮᠵᠢᠯᠴᠠᠨ᠂ ᠨᠡᠶᠢᠭᠡᠮ ᠲᠣᠭᠣᠷᠢᠭ  ᠤᠨ ᠵᠠᠰᠠᠮᠵᠢᠯᠠᠯ  ᠳᠤ ᠲᠤᠰᠢᠶᠠᠨ ᠥᠭᠴᠦ ᠭᠦᠢᠴᠡᠳᠬᠡᠭᠦᠯᠬᠦ ᠶᠢ ᠵᠣᠯᠭᠠᠭᠤᠯᠬᠤ ᠲᠣᠭᠲᠠᠴᠠ ᠶᠢ ᠬᠠᠮᠲᠤ ᠪᠠᠷ ᠲᠡᠭᠦᠯᠳᠡᠷᠵᠢᠭᠦᠯᠪᠡ᠃ ᠤᠤᠯ ᠤᠨ ᠰᠢᠭᠦᠬᠦ ᠬᠣᠷᠢᠶᠠᠨ ᠤ ᠰᠢᠭᠦᠨ ᠲᠠᠰᠤᠯᠬᠤ ᠠᠵᠢᠯᠳᠠᠨ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠲᠤᠰᠢᠶᠠᠨ ᠥᠭᠴᠦ ᠭᠦᠢᠴᠡᠳᠬᠡᠭᠦᠯᠬᠦ ᠲᠤᠰᠢᠶᠠᠯ ᠬᠠᠷᠢᠭᠤᠴᠠᠯᠭ᠎ᠠ ᠪᠠᠨ ᠬᠠᠤᠯᠢ ᠴᠠᠭᠠᠵᠠ ᠶᠢᠨ ᠲᠣᠭᠲᠠᠭᠠᠯ ᠶᠣᠰᠣᠭᠠᠷ ᠭᠦᠢᠴᠡᠳᠬᠡᠭᠰᠡᠨ ᠦᠭᠡᠢ ᠡᠴᠡ ᠪᠤᠯᠵᠤ᠂ ᠲᠤᠰᠢᠶᠠᠯ ᠬᠠᠷᠢᠭᠤᠴᠠᠯᠭ᠎ᠠ ᠪᠠᠨ ᠣᠮᠲᠣᠭᠠᠶᠢᠯᠠᠭᠰᠠᠨ ᠶᠠᠯ᠎ᠠ ᠪᠤᠯᠵᠤ ᠪᠦᠷᠢᠯᠳᠦᠭᠰᠡᠨ ᠡᠴᠡ ᠬᠠᠤᠯᠢ ᠶᠣᠰᠣᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠪᠡ᠃ 

【ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠶᠠᠪᠤᠴᠠ】 

ᠰᠦᠪᠡᠭᠴᠢ  ᠶᠢ ᠢᠯᠡᠷᠡᠭᠦᠯᠦᠭᠰᠡᠨ᠄ᠰᠢᠨ ᠮᠢ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠸᠠᠩ ᠣᠪᠣᠭᠲᠤ  ᠬᠥᠬᠡ ᠵᠡᠷᠭᠡ 13 ᠬᠥᠮᠦᠨ ᠦ ᠬᠠᠷ᠎ᠠ  ᠪᠦᠯᠦᠭᠲᠡᠨ  ᠤ ᠰᠢᠨᠵᠢ ᠴᠢᠨᠠᠷᠲᠠᠶ ᠵᠣᠬᠢᠶᠠᠨ ᠪᠠᠶᠢᠭᠤᠯᠤᠯᠲᠠ ᠶᠢᠨ ᠶᠠᠯ᠎ᠠ ᠬᠢᠭᠰᠡᠨ ᠬᠡᠷᠡᠭ ᠢ ᠬᠢᠨᠠᠨ ᠪᠠᠶᠢᠴᠠᠭᠠᠬᠤ ᠶᠠᠪᠤᠴᠠ ᠳᠤ ᠂ ᠸᠠᠩ ᠣᠪᠣᠭᠲᠤ ᠬᠦᠭᠡ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠬᠠᠷ᠎ᠠ ᠪᠦᠯᠦᠭᠲᠡᠨ ᠬᠠᠷᠭᠢᠰ ᠬᠦᠴᠦᠨ ᠳᠦ ᠬᠣᠯᠪᠣᠭᠳᠠᠭᠰᠠᠨ ᠬᠦᠴᠦᠷᠬᠡᠭᠯᠡᠯ ᠦᠨ ᠶᠠᠯᠠᠲᠤ ᠠᠵᠢᠯᠯᠠᠭ᠎ᠠ ᠳᠤ ᠣᠯᠠᠨᠲᠠ ᠣᠷᠣᠯᠴᠠᠭᠰᠠᠨ ᠨᠢ ᠭᠢᠨᠳᠠᠨ ᠳᠤ ᠬᠤᠷᠢᠶᠠᠮᠵᠢᠯᠠᠨ ᠬᠣᠷᠢᠵᠤ ᠭᠦᠢᠴᠡᠳᠬᠡᠬᠦ ᠶᠣᠰᠣᠲᠠᠶ ᠪᠠᠶᠢᠳᠠᠯ ᠳᠤ ᠲᠣᠭᠠᠴᠠᠭᠳᠠᠨ᠎ᠠ᠂ ᠭᠡᠪᠡᠴᠦ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠪᠠᠶᠢᠭᠤᠯᠤᠮᠵᠢ ᠨᠢ ᠰᠢᠭᠦᠬᠦ ᠬᠣᠷᠢᠶᠠᠨ ᠳᠤ ᠡᠷᠡᠭᠦᠦ ᠰᠢᠳᠬᠡᠯ ᠢ ᠬᠣᠶᠢᠰᠢᠯᠠᠭᠤᠯᠬᠤ ᠶᠢ ᠬᠦᠴᠦᠨ ᠦᠭᠡᠢ ᠪᠣᠯᠭᠠᠬᠤ ᠰᠠᠨᠠᠭᠤᠯᠭ᠎ᠠ ᠳᠤᠷᠠᠳᠤᠭᠰᠠᠨ ᠦᠭᠡᠢ᠂ ᠰᠢᠭᠦᠬᠦ ᠬᠣᠷᠢᠶ᠎ᠠ ᠴᠤ ᠭᠢᠨᠳᠠᠨ ᠳᠤ ᠬᠤᠷᠢᠶᠠᠮᠵᠢᠯᠠᠨ ᠬᠣᠷᠢᠵᠤ ᠭᠦᠢᠴᠡᠳᠬᠡᠬᠦ ᠲᠣᠭᠲᠠᠭᠠᠯᠲᠠ ᠭᠠᠷᠭᠠᠭᠰᠠᠨ ᠦᠭᠡᠢ᠂ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠢ ᠬᠠᠮᠢᠶᠠᠷᠣᠯᠲᠠ ᠠᠴᠠ ᠭᠣᠭᠣᠵᠢᠭᠤᠯᠤᠭᠰᠠᠨ ᠠᠰᠠᠭᠤᠳᠠᠯ ᠣᠷᠣᠰᠢᠵᠤ ᠮᠡᠳᠡᠬᠦ ᠶᠢ ᠣᠯᠵᠤ ᠮᠡᠳᠡᠭᠡᠳ ᠬᠢᠨᠠᠯᠲᠠ ᠲᠠᠯᠪᠢᠭᠰᠠᠨ ᠰᠦᠪᠡᠭᠴᠢ ᠶᠢ ᠵᠧᠩᠵᠧᠦ ᠬᠤᠲᠠ ᠶᠢᠨ ᠠᠷᠠᠳ ᠤᠨ ᠪᠠᠶᠢᠴᠠᠭᠠᠬᠤ ᠬᠣᠷᠢᠶᠠᠨ ᠳᠤ ᠮᠡᠳᠡᠭᠦᠯᠵᠡᠶ᠃ 

ᠪᠠᠶᠢᠴᠠᠭᠠᠨ ᠬᠠᠷᠭᠤᠭᠤᠯᠬᠰᠠᠨ᠄  ᠰᠦᠪᠡᠭᠴᠢ ᠶᠢ ᠣᠯᠤᠭᠰᠠᠨ ᠤ ᠲᠠᠷᠠᠭ᠎ᠠ᠂ ᠵᠧᠩᠵᠧᠦ ᠬᠤᠳᠠ ᠶᠢᠨ ᠠᠷᠠᠳ ᠤᠨ ᠪᠠᠶᠢᠴᠠᠭᠠᠬᠤ ᠬᠣᠷᠢᠢ᠎ᠠ ᠬᠣᠯᠪᠣᠭᠳᠠᠯ ᠪᠦᠬᠦᠢ ᠪᠠᠶᠢᠴᠠᠭᠠᠬᠤ ᠪᠠᠶᠢᠭᠤᠯᠭ᠎ᠠ ᠶᠢ ᠵᠣᠬᠢᠶᠠᠨ ᠪᠠᠶᠢᠭᠤᠯᠵᠤ ᠪᠠᠶᠢᠴᠠᠭᠠᠵᠤ ᠬᠢᠨᠠᠨ ᠬᠠᠷᠭᠤᠭᠤᠯᠬᠤ ᠵᠡᠷᠭᠡ ᠠᠵᠢᠯ ᠢ ᠥᠷᠨᠢᠭᠦᠯᠪᠡ᠃ ᠨᠢᠭᠡ ᠳᠦ᠂ ᠸᠠᠩ ᠣᠪᠣᠭᠲᠤ ᠬᠦᠭᠡ ᠶᠢᠨ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠨᠡᠶᠢᠭᠡᠮ ᠲᠣᠭᠣᠷᠢᠭ ᠠᠴᠠ ᠵᠠᠯᠠᠷᠠᠭᠤᠯᠤᠭᠰᠠᠨ ᠲᠡᠮᠳᠡᠭᠯᠡᠯ ᠪᠠᠶᠢᠬᠤ ᠡᠰᠡᠬᠦ ᠶᠢ ᠪᠠᠶᠢᠴᠠᠭᠠᠨ ᠯᠠᠪᠯᠠᠪᠠ᠃ ᠵᠥᠩ ᠮᠥ ᠰᠢᠶᠠᠨ ᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠳᠡᠩᠰᠡᠯᠡᠯᠲᠡ ᠶᠢᠨ ᠬᠦᠰᠦᠨᠦᠭᠲᠦ ᠂ ᠠᠵᠢᠯ ᠤᠨ ᠡᠬᠡ ᠲᠠᠩᠰᠠ  ᠵᠡᠷᠭᠡ ᠲᠠᠩᠰᠠ ᠡᠪᠬᠡᠮᠡᠯ ᠢ ᠰᠢᠯᠵᠢᠭᠦᠯᠦᠨ ᠠᠪᠴᠤ ᠂ ᠾᠧᠨᠠᠨ ᠮᠤᠵᠢ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ ᠬᠠᠮᠢᠶᠠᠷᠤᠯᠲᠠ ᠶᠢᠨ ᠰᠢᠰᠲ᠋ᠧᠮ ᠢ ᠬᠡᠷᠡᠭᠯᠡᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠮᠡᠳᠡᠭᠡ ᠵᠠᠩᠭᠢ ᠶᠢ ᠬᠠᠷᠭᠤᠭᠤᠯᠤᠨ ᠪᠠᠶᠢᠴᠠᠭᠠᠵᠤ ᠭᠥᠯᠢᠶᠡᠨ ᠠᠪᠤᠭᠰᠠᠨ ᠪᠣᠯᠪᠠᠴᠤ ᠴᠥᠮ ᠸᠠᠩ ᠣᠪᠣᠭᠲᠤ ᠬᠥᠬᠡ ᠶᠢᠨ ᠵᠠᠰᠠᠮᠵᠢᠯᠠᠯ ᠤᠨ ᠡᠲᠡᠭᠡᠳ ᠲᠦ ᠤᠷᠤᠭᠰᠠᠨ ᠵᠡᠷᠭᠡ ᠨᠡᠶᠢᠭᠡᠮ ᠲᠣᠭᠣᠷᠢᠭ ᠤᠨ ᠵᠠᠰᠠᠮᠵᠢᠯᠠᠭᠰᠠᠨ ᠲᠡᠮᠳᠡᠭᠯᠡᠯ ᠢ ᠣᠯᠵᠤ ᠮᠡᠳᠡᠭᠰᠡᠨ ᠥᠬᠡᠶ ᠃ ᠬᠣᠶᠠᠷ ᠲᠤ ᠸᠠᠩ ᠣᠪᠣᠭᠲᠤ ᠬᠥᠭᠡ ᠶᠢᠨ ᠭᠦᠢᠴᠡᠳᠬᠡᠭᠦᠯᠬᠦ ᠪᠡᠷ ᠲᠤᠰᠢᠶᠠᠭᠰᠠᠨ ᠪᠠᠶᠢᠳᠠᠯ ᠢ ᠪᠠᠶᠢᠴᠠᠭᠠᠪᠠ᠃ ᠵᠦᠩ  ᠮᠥ᠋ ᠰᠢᠶᠠᠨ ᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠵᠢᠴᠢ ᠬᠠᠤᠯᠢ ᠴᠠᠭᠠᠵᠠ ᠶᠢᠨ ᠭᠠᠵᠠᠷ ᠵᠡᠷᠭᠡ ᠰᠠᠯᠠᠭ᠎ᠠ ᠮᠥᠴᠢᠷ ᠢ ᠲᠤᠬᠠᠢ ᠶᠢᠨ ᠭᠠᠵᠠᠷ ᠲᠤᠨᠢ ᠰᠤᠷᠪᠤᠯᠵᠢᠯᠠᠵᠤ᠂ ᠲᠤᠬᠠᠢ ᠶᠢᠨ ᠭᠠᠵᠠᠷ ᠤᠨ ᠰᠠᠭᠤᠭᠠᠯᠢ ᠠᠷᠠᠳ ᠪᠣᠯᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯᠳᠠᠨ ᠲᠠᠶ ᠶᠠᠷᠢᠯᠴᠠᠬᠤ ᠪᠠᠷ ᠲᠠᠮᠵᠢᠨ᠂ ᠸᠠᠩ ᠣᠪᠣᠭᠲᠤ ᠬᠦᠭᠡ ᠤᠷᠳᠤ ᠬᠤᠭᠤᠴᠠᠭ᠎ᠠ ᠪᠠᠷ ᠰᠠᠭᠤᠭ᠎ᠠ ᠭᠠᠵᠠᠷ ᠲᠠᠭᠠᠨ ᠠᠵᠢᠯᠯᠠᠭ᠎ᠠ ᠬᠢᠭᠰᠡᠨ ᠪᠣᠯᠪᠠᠴᠤ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠬᠦᠷᠴᠦ ᠨᠡᠷ᠎ᠡ ᠮᠡᠳᠡᠭᠦᠯᠦᠭᠰᠡᠨ ᠦᠭᠡᠢ ᠪᠠᠶᠢᠬᠤ ᠶᠢ ᠣᠶᠢᠯᠠᠭᠠᠪᠠ᠃ ᠵᠦᠩ  ᠮᠥ᠋ ᠰᠢᠶᠠᠨ ᠤ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠪᠠᠶᠢᠭᠤᠯᠤᠮᠵᠢ ᠴᠤ ᠨᠡᠶᠢᠭᠡᠮ ᠲᠣᠭᠣᠷᠢᠭ ᠤᠨ ᠵᠠᠰᠠᠮᠵᠢᠯᠠᠯ ᠢ ᠭᠦᠢᠴᠡᠳᠬᠡᠭᠦᠯᠬᠦ ᠪᠡᠷ ᠸᠠᠩ ᠣᠪᠣᠭᠲᠤ ᠳᠤ ᠲᠤᠰᠢᠶᠠᠭᠰᠠᠨ ᠬᠣᠯᠪᠣᠭᠳᠠᠯ ᠪᠦᠬᠦᠢ ᠬᠠᠤᠯᠢ ᠴᠠᠭᠠᠵᠠ ᠶᠢᠨ ᠪᠢᠴᠢᠭ ᠬᠠᠷ᠎ᠠ ᠶᠢ ᠣᠯᠤᠭᠰᠠᠨ ᠦᠭᠡᠢ᠂ ᠵᠦᠩ ᠮᠦ ᠰᠢᠶᠠᠨ ᠤ ᠪᠠᠶᠢᠴᠠᠭᠠᠬᠤ ᠬᠣᠷᠢᠶ᠎ᠠ ᠵᠢᠴᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠴᠤ ᠴᠥᠮ ᠬᠠᠭᠤᠯᠤᠨ ᠬᠦᠷᠭᠡᠭᠰᠡᠨ ᠸᠠᠩ ᠣᠪᠣᠭᠲᠤ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ ᠢ ᠭᠦᠢᠴᠡᠳᠬᠡᠬᠦ ᠬᠣᠯᠪᠣᠭᠳᠠᠯ ᠪᠦᠬᠦᠢ ᠬᠠᠤᠯᠢ ᠴᠠᠭᠠᠵᠠ ᠶᠢᠨ ᠪᠢᠴᠢᠭ ᠬᠠᠷ᠎ᠠ ᠶᠢ ᠣᠯᠤᠭᠰᠠᠨ ᠦᠭᠡᠢ᠃ ᠸᠠᠩ ᠣᠪᠣᠭᠲᠤ ᠬᠦᠭᠡ ᠶᠢᠨ ᠲᠤᠰ ᠪᠡᠶ᠎ᠡ ᠡᠴᠡ ᠯᠠᠪᠯᠠᠨ ᠠᠰᠠᠭᠤᠬᠤ ᠪᠠᠷ ᠲᠠᠮᠵᠢᠨ᠂ ᠰᠢᠭᠦᠬᠦ ᠬᠣᠷᠢᠶᠠᠨ ᠠᠴᠠ ᠲᠡᠭᠦᠨ ᠢ ᠡᠷᠡᠭᠦᠦ ᠰᠢᠳᠬᠡᠯ ᠢ ᠨᠢ ᠬᠣᠶᠢᠰᠢᠯᠠᠭᠤᠯᠬᠤ ᠪᠠᠷ ᠵᠠᠷᠯᠠᠭᠰᠠᠨ ᠤ ᠲᠠᠷᠠᠭ᠎ᠠ 《ᠰᠤᠯᠠᠯᠠᠬᠤ ᠮᠡᠳᠡᠭᠳᠡᠯ ᠦᠨ ᠪᠢᠴᠢᠭ》 ᠢ ᠣᠯᠤᠭᠰᠠᠨ ᠪᠣᠯᠪᠠᠴᠤ ᠰᠢᠭᠦᠬᠦ ᠬᠣᠷᠢᠶᠠᠨ ᠠᠴᠠ ᠲᠡᠭᠦᠨ ᠳᠦ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠪᠠᠶᠢᠭᠤᠯᠤᠮᠵᠢ ᠳᠤ ᠣᠴᠢᠵᠤ ᠨᠡᠷ᠎ᠡ ᠮᠡᠳᠡᠭᠦᠯᠬᠦ ᠴᠠᠭ ᠬᠤᠭᠤᠴᠠᠭ᠎ᠠ ᠶᠢ ᠬᠡᠯᠡᠵᠦ ᠥᠭᠭᠦᠭᠰᠡᠨ ᠦᠭᠡᠢ᠂ ᠲᠣᠭᠲᠠᠭᠠᠯ ᠶᠣᠰᠣᠭᠠᠷ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠪᠠᠶᠢᠭᠤᠯᠤᠮᠵᠢ ᠳᠤ ᠣᠴᠢᠵᠤ ᠨᠡᠷ᠎ᠡ ᠮᠡᠳᠡᠭᠦᠯᠦᠭᠰᠡᠨ ᠦᠭᠡᠢ ᠪᠥᠭᠡᠳ ᠬᠠᠤᠯᠢ ᠶᠣᠰᠣᠭᠠᠷ ᠵᠠᠰᠠᠮᠵᠢᠯᠠᠯ ᠶᠢ ᠬᠦᠯᠢᠶᠡᠨ ᠠᠪᠤᠭᠰᠠᠨ ᠦᠭᠡᠢ᠃ ᠸᠠᠩ ᠣᠪᠣᠭᠲᠤ ᠬᠦᠭᠡ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠤᠷᠳᠤ ᠬᠤᠭᠤᠴᠠᠭ᠎ᠠ ᠪᠠᠷ  ᠬᠠᠮᠢᠶᠠᠷᠣᠯᠲᠠ ᠠᠴᠠ ᠭᠣᠭᠣᠵᠢᠭᠳᠠᠭᠰᠠᠨ ᠪᠠᠶᠢᠳᠠᠯ ᠳᠤ ᠪᠠᠶᠢᠪᠠ᠃ ᠭᠤᠷᠪᠠ ᠳᠤ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠲᠤᠰᠢᠶᠠᠨ ᠥᠭᠴᠦ ᠭᠦᠢᠴᠡᠳᠬᠡᠭᠦᠯᠬᠦ ᠶᠠᠪᠤᠴᠠ ᠳᠤ ᠣᠷᠣᠰᠢᠵᠤ ᠪᠠᠶᠢᠭ᠎ᠠ ᠬᠠᠤᠯᠢ ᠶᠢ ᠵᠥᠷᠢᠴᠡᠭᠰᠡᠨ ᠠᠰᠠᠭᠤᠳᠠᠯ ᠢ ᠪᠠᠶᠢᠴᠠᠭᠠᠵᠤ ᠬᠢᠨᠠᠨ ᠬᠠᠷᠭᠤᠭᠤᠯᠪᠠ᠃ ᠸᠠᠩ ᠣᠪᠣᠭᠲᠤ ᠬᠥᠬᠡ ᠶᠢᠨ ᠤᠤᠯ ᠤᠨ ᠡᠷᠡᠭᠦᠦ ᠶᠢᠨ ᠬᠡᠷᠡᠭ ᠦᠨ ᠰᠢᠭᠦᠨ ᠲᠠᠰᠤᠯᠤᠯᠲᠠ ᠶᠢᠨ ᠬᠡᠷᠡᠭ ᠦᠨ ᠡᠪᠬᠡᠮᠡᠯ ᠢ ᠰᠢᠯᠵᠢᠭᠦᠯᠦᠨ ᠠᠪᠴᠢᠷᠠᠬᠤ ᠪᠠᠷ ᠳᠠᠮᠵᠢᠭᠠᠳ ᠤᠤᠯ ᠬᠡᠷᠡᠭ ᠦᠨ ᠡᠪᠬᠡᠮᠡᠯ ᠦᠨ ᠮᠠᠲ᠋ᠧᠷᠢᠶᠠᠯ ᠳᠤ 《ᠪᠠᠶᠢᠴᠠᠭᠠᠵᠤ ᠦᠨᠡᠯᠡᠨ ᠵᠢᠱᠢᠭᠰᠡᠨ ᠰᠠᠨᠠᠯ ᠤᠨ ᠪᠢᠴᠢᠭ》᠂ 《ᠭᠦᠢᠴᠡᠳᠬᠡᠬᠦ ᠮᠡᠳᠡᠭᠳᠡᠯ ᠦᠨ ᠪᠢᠴᠢᠭ》᠂ 《ᠭᠦᠢᠴᠡᠳᠬᠡᠬᠦ ᠮᠡᠳᠡᠭᠳᠡᠯ ᠦᠨ ᠪᠢᠴᠢᠭ (ᠬᠠᠷᠢᠭᠤ ᠪᠠᠷᠢᠮᠲᠠ)》᠂ 《ᠨᠡᠶᠢᠭᠡᠮ ᠲᠣᠭᠣᠷᠢᠭ ᠤᠨ ᠵᠠᠰᠠᠮᠵᠢᠯᠠᠯ ᠶᠢ ᠬᠦᠯᠢᠶᠡᠨ ᠠᠪᠬᠤ ᠮᠡᠳᠡᠭᠳᠡᠯ ᠦᠨ ᠪᠢᠴᠢᠭ》 ᠵᠡᠷᠭᠡ ᠬᠠᠤᠯᠢ ᠴᠠᠭᠠᠵᠠ ᠶᠢᠨ ᠪᠢᠴᠢᠭ ᠬᠠᠷ᠎ᠠ ᠳᠤᠲᠠᠭᠳᠠᠵᠤ ᠪᠠᠶᠢᠬᠤ ᠶᠢ ᠣᠯᠵᠤ ᠮᠡᠳᠡᠪᠡ᠃ ᠤᠤᠯ ᠤᠨ ᠡᠷᠡᠭᠦᠦ ᠶᠢᠨ ᠬᠡᠷᠡᠭ ᠦᠨ ᠰᠢᠭᠦᠨ ᠲᠠᠰᠤᠯᠬᠤ ᠲᠢᠩᠬᠢᠮ ᠦᠨ ᠬᠣᠯᠪᠣᠭᠳᠠᠯ ᠪᠦᠬᠦᠢ ᠠᠵᠢᠯᠲᠠᠨ ᠤ ᠭᠡᠷᠡᠴᠢᠯᠡᠭᠰᠡᠨ ᠢᠶᠡᠷ᠂ ᠲᠤᠰ ᠬᠡᠷᠡᠭ ᠦᠨ ᠤᠤᠯ ᠤᠨ ᠰᠢᠭᠦᠨ ᠲᠠᠰᠤᠯᠤᠭᠴᠢ ᠸᠠᠩ ᠣᠪᠣᠭᠲᠤ ᠬᠥᠬᠡᠭᠴᠢᠨ ᠬᠡᠷᠡᠭ ᠢ ᠰᠢᠭᠦᠬᠦ ᠶᠠᠪᠤᠴᠠ ᠳᠠᠭᠠᠨ ᠡᠷᠡᠭᠦᠦ ᠰᠢᠳᠬᠡᠯ ᠢ ᠨᠢ ᠬᠣᠶᠢᠰᠢᠯᠠᠭᠤᠯᠬᠤ ᠪᠠᠷ ᠰᠢᠳᠬᠡᠭᠰᠡᠨ ᠵᠠᠭᠠᠯᠳᠤᠭᠳᠠᠭᠴᠢ ᠸᠠᠩ ᠣᠪᠣᠭᠲᠤ ᠬᠥᠬᠡ ᠶᠢᠨ ᠨᠡᠶᠢᠭᠡᠮ ᠳᠦ ᠤᠴᠠᠷᠠᠭᠤᠯᠬᠤ ᠠᠶᠤᠯ ᠲᠦᠭᠰᠢᠭᠦᠷᠢ ᠪᠠ ᠣᠷᠣᠰᠢᠨ ᠰᠠᠭᠤᠵᠤ ᠪᠠᠶᠢᠭ᠎ᠠ ᠨᠡᠶᠢᠭᠡᠮ ᠲᠣᠭᠣᠷᠢᠭ ᠤᠨ ᠨᠥᠯᠥᠭᠡ ᠶᠢ ᠪᠠᠶᠢᠴᠠᠭᠠᠵᠤ ᠦᠨᠡᠯᠡᠨ ᠵᠢᠱᠢᠭᠰᠡᠨ ᠦᠭᠡᠢ᠂ ᠬᠠᠤᠯᠢ ᠴᠠᠭᠠᠵᠠ ᠶᠢᠨ ᠲᠣᠭᠲᠠᠭᠠᠯ ᠶᠣᠰᠣᠭᠠᠷ ᠡᠷᠡᠭᠦᠦ ᠰᠢᠳᠬᠡᠯ ᠢ ᠨᠢ ᠬᠣᠶᠢᠰᠢᠯᠠᠭᠤᠯᠤᠭᠰᠠᠨ ᠶᠠᠯᠠᠳᠠᠨ ᠤ ᠭᠦᠢᠴᠡᠳᠬᠡᠭᠦᠯᠬᠦ ᠪᠡᠷ ᠲᠤᠰᠢᠶᠠᠭᠰᠠᠨ ᠲᠤᠰᠢᠶᠠᠯ ᠬᠠᠷᠢᠭᠤᠴᠠᠯᠭ᠎ᠠ ᠶᠢ ᠭᠦᠢᠴᠡᠳᠬᠡᠭᠰᠡᠨ ᠦᠭᠡᠢ᠂ 《ᠭᠦᠢᠴᠡᠳᠬᠡᠭᠦᠯᠬᠦ ᠮᠡᠳᠡᠭᠳᠡᠯ ᠦᠨ ᠪᠢᠴᠢᠭ》 ᠵᠡᠷᠭᠡ ᠬᠠᠤᠯᠢ ᠴᠠᠭᠠᠵᠠ ᠶᠢᠨ ᠪᠢᠴᠢᠭ ᠬᠠᠷ᠎ᠠ ᠵᠣᠬᠢᠶᠠᠭᠰᠠᠨ ᠦᠭᠡᠢ᠃ 

ᠬᠢᠨᠠᠯᠲᠠ ᠲᠠᠯᠪᠢᠭᠰᠠᠨ ᠰᠠᠨᠠᠯ᠄ ᠵᠦᠩ ᠮᠥ᠋ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠬᠢᠨᠠᠨ ᠪᠠᠶᠢᠴᠠᠭᠠᠭᠠᠳ ᠵᠦᠩ  ᠮᠥ᠋ ᠰᠢᠶᠠᠨ ᠤ ᠠᠷᠠᠳ ᠤᠨ ᠰᠢᠭᠦᠬᠦ ᠬᠣᠷᠢᠶ᠎ᠠ ᠬᠣᠯᠪᠣᠭᠳᠠᠯ ᠪᠦᠬᠦᠢ ᠬᠠᠤᠯᠢ ᠴᠠᠭᠠᠵᠠ ᠶᠢᠨ ᠲᠣᠭᠲᠠᠭᠠᠯ ᠢ ᠵᠥᠷᠢᠴᠡᠵᠦ᠂ ᠬᠠᠤᠯᠢ ᠳᠤ ᠲᠣᠭᠲᠠᠭᠠᠭᠰᠠᠨ ᠬᠤᠭᠤᠴᠠᠭᠠᠨ ᠤ ᠳᠣᠲᠣᠷ᠎ᠠ ᠸᠠᠩ ᠣᠪᠣᠭᠲᠤ ᠬᠥᠬᠡ ᠶᠢ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠪᠠᠶᠢᠭᠤᠯᠤᠮᠵᠢ ᠳᠤ ᠲᠤᠰᠢᠶᠠᠨ ᠥᠭᠴᠦ ᠭᠦᠢᠴᠡᠳᠬᠡᠭᠦᠯᠦᠭᠰᠡᠨ ᠦᠭᠡᠢ ᠭᠡᠵᠦ ᠦᠵᠡᠭᠡᠳ᠂ ᠰᠢᠭᠦᠬᠦ ᠬᠣᠷᠢᠶᠠᠨ ᠳᠤ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠲᠤᠰᠢᠶᠠᠨ ᠥᠭᠴᠦ ᠭᠦᠢᠴᠡᠳᠬᠡᠭᠦᠯᠬᠦ ᠶᠢ ᠵᠣᠯᠭᠠᠭᠤᠯᠬᠤ ᠪᠠ ᠰᠢᠭᠦᠨ ᠲᠠᠰᠤᠯᠬᠤ ᠂ ᠭᠦᠢᠴᠡᠳᠬᠡᠬᠦ ᠳᠣᠲᠣᠭᠠᠳᠤ ᠶᠢᠨ ᠬᠢᠨᠠᠯᠲᠠ ᠲᠠᠯᠪᠢᠬᠤ ᠲᠣᠭᠲᠠᠴᠠ ᠶᠢ ᠴᠢᠩᠭᠠᠳᠬᠠᠬᠤ ᠲᠤᠬᠠᠶ ᠪᠠᠶᠢᠴᠠᠭᠠᠬᠤ ᠰᠠᠨᠠᠭᠤᠯᠭ᠎ᠠ ᠳᠤᠷᠠᠳᠪᠠ᠃ ᠵᠧᠩᠵᠧᠸ ᠬᠣᠲᠠ ᠶᠢᠨ ᠪᠠᠢᠴᠠᠭᠠᠬᠣ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠳᠤ ᠲᠤᠰᠢᠶᠠᠨ ᠥᠭᠴᠦ ᠭᠦᠶᠴᠡᠳᠬᠡᠬᠦ ᠶᠢ ᠵᠣᠯᠭᠠᠯᠳᠤᠭᠤᠯᠬᠤ ᠠᠰᠠᠭᠤᠳᠠᠯ ᠳᠤ ᠮᠥᠷᠳᠡᠨ ᠬᠢᠨᠠᠯᠲᠠ ᠲᠠᠯᠪᠢᠵᠤ ᠂ ᠬᠣᠲᠠ ᠶᠢᠨ ᠬᠠᠸᠯᠢ ᠴᠠᠭᠠᠵᠠ ᠶᠢᠨ ᠲᠣᠪᠴᠢᠶ᠎ᠠ ᠳᠤ ᠬᠠᠸᠯᠢ ᠴᠠᠭᠠᠵᠠ ᠶᠢᠨ ᠬᠠᠮᠵᠢᠯᠴᠠᠭ᠎ᠠ ᠵᠡᠷᠭᠡ ᠬᠣᠯᠪᠣᠭᠳᠠᠯ ᠪᠥᠬᠥᠶ ᠲᠦᠷᠢᠮ ᠢ ᠲᠡᠭᠦᠯᠳᠡᠷᠵᠢᠭᠦᠯᠵᠦ ᠂ ᠸᠠᠩ ᠣᠪᠣᠭᠲᠤ ᠬᠥᠬᠡ ᠨᠡᠶᠢᠭᠡᠮ ᠲᠣᠭᠣᠷᠢᠭ ᠤᠨ ᠵᠠᠰᠠᠮᠵᠢᠯᠠᠯ   ᠳᠤ  ᠬᠠᠮᠢᠶᠠᠷᠣᠯᠲᠠᠤ ᠠᠴᠠ ᠭᠣᠭᠣᠵᠢᠭᠳᠠᠭᠰᠠᠨ ᠤ ᠠᠷᠤ ᠳᠠᠬᠢ ᠬᠠᠸᠯᠢ ᠴᠠᠭᠠᠵᠠ ᠶᠢᠨ ᠠᠵᠢᠯᠲᠠᠨ ᠤ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠬᠡᠷᠡᠭ ᠦᠨ ᠰᠦᠪᠡᠭᠴᠢ ᠶᠢ ᠵᠦᠩᠶᠤᠸᠠᠨ ᠲᠣᠭᠣᠷᠢᠭ ᠤᠨ ᠪᠠᠢᠴᠠᠭᠠᠬᠣ ᠬᠣᠷᠢᠶ᠎ᠠ ᠶᠢ ᠵᠢᠭᠠᠨ ᠲᠣᠭᠲᠠᠭᠠᠵᠤ ᠪᠠᠶᠢᠴᠠᠭᠠᠨ ᠬᠠᠷᠭᠤᠭᠤᠯᠬᠤ ᠶᠢ ᠰᠠᠨᠠᠭᠤᠯᠪᠠ ᠃ 2022 ᠣᠨ ᠤ 9 ᠰᠠᠷ᠎ᠠ ᠶᠢᠨ 16 ᠤ ᠡᠳᠦᠷ᠂ ᠵᠧᠩᠵᠧᠦ ᠬᠤᠳᠠ ᠶᠢᠨ ᠪᠠᠢᠴᠠᠭᠠᠬᠣ ᠬᠣᠷᠢᠶ᠎ᠠ ᠠᠴᠠ ᠸᠠᠩ ᠣᠪᠣᠭᠲᠤ ᠬᠥᠬᠡᠭᠴᠢᠨ ᠢ ᠬᠡᠷᠡᠭ ᠪᠣᠯᠭᠠᠨ ᠲᠠᠨᠭᠰᠠᠯᠠᠵᠤ ᠲᠤᠷᠰᠢᠨ ᠪᠠᠶᠢᠴᠠᠭᠠᠪᠠ᠃ 

ᠬᠢᠨᠠᠯᠲᠠ ᠲᠠᠯᠪᠢᠭᠰᠠᠨ ᠦᠷ᠎ᠡ ᠳ᠋ᠦᠩ᠄2021 ᠣᠨ ᠤ 3 ᠰᠠᠷ᠎ᠠ ᠶᠢᠨ 31 ᠦ ᠡᠳᠦᠷ᠂ ᠬᠣᠶᠠᠳᠤᠭᠠᠷ ᠰᠢᠭᠦᠯᠲᠡ ᠶᠢᠨ ᠲᠣᠭᠲᠠᠭᠠᠯᠲᠠ ᠪᠠᠷ ᠸᠠᠩ ᠣᠪᠣᠭᠲᠤ ᠬᠥᠭᠡ ᠶᠢᠨ ᠡᠷᠡᠭᠦᠦ ᠰᠢᠳᠬᠡᠯ ᠢ ᠬᠣᠶᠢᠰᠢᠯᠠᠭᠤᠯᠬᠤ ᠶᠢ ᠬᠦᠴᠦᠨ ᠦᠭᠡᠢ ᠪᠣᠯᠭᠠᠵᠤ᠂ ᠬᠢᠭᠰᠡᠨ ᠰᠢᠨ᠎ᠡ ᠶᠠᠯ᠎ᠠ ᠲᠠᠶ ᠪᠠᠨ ᠬᠡᠳᠦᠨ ᠶᠠᠯ᠎ᠠ ᠶᠢ ᠨᠡᠶᠢᠯᠡᠭᠦᠯᠦᠨ ᠰᠢᠳᠬᠡᠵᠦ᠂ ᠬᠣᠷᠢᠨ ᠨᠢᠭᠡᠨ ᠵᠢᠯ ᠬᠤᠭᠤᠴᠠᠭ᠎ᠠ ᠲᠠᠶ ᠬᠣᠷᠢᠬᠤ ᠰᠢᠳᠬᠡᠯ ᠢ ᠨᠡᠶᠢᠯᠡᠭᠦᠯᠦᠨ ᠭᠦᠢᠴᠡᠳᠬᠡᠪᠡ᠃ ᠵᠦᠩ  ᠮᠥ᠋ ᠰᠢᠶᠠᠨ ᠤ ᠰᠢᠭᠦᠬᠦ ᠬᠣᠷᠢᠶ᠎ᠠ ᠪᠠᠶᠢᠴᠠᠭᠠᠬᠤ ᠬᠣᠷᠢᠶᠠᠨ ᠤ ᠬᠢᠨᠠᠯᠲᠠ ᠲᠠᠯᠪᠢᠭᠰᠠᠨ ᠰᠠᠨᠠᠯ ᠳᠤ ᠴᠢᠭᠯᠡᠭᠦᠯᠦᠨ᠂ ᠰᠡᠷᠡᠮᠵᠢᠯᠡᠭᠦᠯᠬᠦ ᠬᠥᠮᠦᠵᠢᠯ ᠬᠢᠬᠦ᠂ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠲᠡᠶ ᠬᠠᠮᠲᠤᠷᠠᠭᠰᠠᠨ ᠬᠤᠷᠠᠯ ᠬᠤᠷᠠᠯᠳᠤᠭᠤᠯᠬᠤ᠂ ᠰᠢᠭᠦᠬᠦ ᠬᠣᠷᠢᠶᠠᠨ ᠤ ᠤᠳᠤᠷᠢᠳᠤᠯᠭ᠎ᠠ ᠶᠢᠨ ᠲᠣᠭᠲᠠᠮᠠᠯ ᠬᠤᠭᠤᠴᠠᠭ᠎ᠠ ᠲᠠᠶ ᠪᠠᠷ ᠰᠣᠩᠭᠣᠨ ᠪᠠᠶᠢᠴᠠᠭᠠᠬᠤ ᠬᠡᠷᠡᠭ ᠦᠨ ᠡᠪᠬᠡᠮᠡᠯ ᠢ ᠪᠠᠶᠢᠭᠤᠯᠬᠤ ᠵᠡᠷᠭᠡ ᠬᠡᠯᠪᠡᠷᠢ ᠪᠡᠷ ᠳᠠᠮᠵᠢᠭᠤᠯᠤᠨ ᠲᠤᠰᠢᠶᠠᠨ ᠥᠭᠴᠦ ᠭᠦᠢᠴᠡᠳᠬᠡᠭᠦᠯᠬᠦ ᠵᠢᠷᠤᠮ ᠢ ᠵᠢᠷᠤᠮᠵᠢᠭᠤᠯᠪᠠ᠃ ᠵᠧᠩᠵᠧᠦ ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ ᠬᠣᠯᠪᠣᠭᠳᠠᠯ ᠪᠦᠬᠦᠢ ᠰᠠᠯᠠᠭ᠎ᠠ ᠮᠥᠴᠢᠷ ᠲᠡᠶ ᠬᠠᠮᠲᠤᠷᠠᠨ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠲᠣᠭᠲᠠᠭᠠᠵᠤ᠂ ᠲᠤᠰᠢᠶᠠᠨ ᠥᠭᠴᠦ ᠭᠦᠢᠴᠡᠳᠬᠡᠬᠦ ᠶᠢ ᠵᠣᠯᠭᠠᠭᠤᠯᠬᠤ ᠵᠢᠷᠤᠮ ᠢ ᠤᠯᠠᠮ ᠨᠢᠭᠡ ᠠᠯᠬᠤᠮ ᠨᠠᠷᠢᠯᠢᠬᠵᠢᠭᠤᠯᠪᠠ᠃ 2023 ᠣᠨ ᠤ 3 ᠰᠠᠷ᠎ᠠ ᠶᠢᠨ 29 ᠦ ᠡᠳᠦᠷ᠂ ᠵᠦᠩ ᠮᠥ᠋ ᠰᠢᠶᠠᠨ ᠤ ᠠᠷᠠᠳ ᠤᠨ ᠰᠢᠭᠦᠬᠦ ᠬᠣᠷᠢᠶᠠᠨ ᠤ ᠤᠤᠯ ᠤᠨ ᠰᠢᠭᠦᠨ ᠲᠠᠰᠤᠯᠤᠭᠴᠢ ᠸᠠᠩ ᠣᠪᠣᠭᠲᠤ ᠬᠥᠬᠡᠭᠴᠢᠨ ᠲᠤᠰᠢᠶᠠᠯ ᠬᠠᠷᠢᠭᠤᠴᠠᠯᠭ᠎ᠠ ᠪᠠᠨ ᠣᠮᠲᠣᠭᠠᠶᠢᠯᠠᠭᠰᠠᠨ ᠶᠠᠯ᠎ᠠ ᠬᠢᠭᠰᠡᠨ ᠡᠴᠡ ᠪᠤᠯᠵᠤ᠂ ᠵᠦᠩᠶᠤᠸᠠᠨ ᠲᠣᠭᠣᠷᠢᠭ ᠤᠨ ᠠᠷᠠᠳ ᠤᠨ ᠰᠢᠭᠦᠬᠦ ᠬᠣᠷᠢᠶᠠᠨ ᠳᠤ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠡᠷᠡᠭᠦᠦ ᠰᠢᠳᠬᠡᠯ ᠢ ᠨᠢ ᠨᠢᠭᠡ ᠵᠢᠯ ᠬᠣᠶᠢᠰᠢᠯᠠᠭᠤᠯᠪᠠ᠃ 

【ᠨᠡᠶᠢᠲᠡᠯᠢᠭ ᠠᠴᠢ ᠬᠣᠯᠪᠣᠭᠳᠠᠯ】  

(ᠨᠢᠭᠡ) ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠲᠤᠰᠢᠶᠠᠨ ᠥᠭᠴᠦ ᠭᠦᠢᠴᠡᠳᠬᠡᠭᠦᠯᠬᠦ ᠵᠠᠩᠭᠢᠯᠠᠭ᠎ᠠ ᠳᠤ ᠬᠢᠨᠠᠯᠲᠠ ᠲᠠᠯᠪᠢᠬᠤ ᠡᠷᠴᠢᠮ ᠢᠶᠡᠨ ᠴᠢᠩᠭᠠᠷᠠᠭᠤᠯᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠦᠨ ᠠᠵᠢᠯ ᠤᠨ ᠡᠬᠢᠯᠡᠯᠲᠡ ᠶᠢᠨ ᠪᠣᠭᠣᠮᠲᠠ ᠶᠢ ᠴᠢᠩᠭ᠎ᠠ ᠠᠳᠬᠤᠬᠤ ᠬᠡᠷᠡᠭᠲᠡᠶ᠃ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠲᠤᠰᠢᠶᠠᠨ ᠥᠭᠴᠦ ᠬᠡᠷᠡᠭᠵᠢᠭᠦᠯᠬᠦ ᠪᠣᠯ ᠨᠡᠶᠢᠭᠡᠮ ᠲᠣᠭᠣᠷᠢᠭ ᠤᠨ ᠵᠠᠰᠠᠮᠵᠢᠯᠠᠯ  ᠦᠨ ᠠᠵᠢᠯ ᠢ ᠬᠠᠸᠯᠢ ᠶᠣᠰᠣᠭᠠᠷ ᠥᠷᠨᠢᠭᠦᠯᠬᠦ ᠶᠢᠨ ᠡᠬᠢᠯᠡᠯᠲᠡ ᠶᠢᠨ ᠭᠣᠭᠴᠣᠭ᠎ᠠ ᠮᠥᠨ ᠂ ᠪᠠᠰᠠ ᠴᠤ ᠨᠡᠶᠢᠭᠡᠮ ᠲᠣᠭᠣᠷᠢᠭ ᠤᠨ ᠲᠠᠷᠠᠭᠠᠴᠢ ᠶᠢᠨ ᠵᠠᠰᠠᠮᠵᠢᠯᠠᠯ  ᠤᠨ ᠠᠵᠢᠯ ᠢ ᠡᠮᠬᠢ ᠵᠢᠷᠤᠮ ᠲᠠᠶ ᠥᠷᠨᠢᠭᠦᠯᠵᠦ ᠳᠡᠶᠢᠯᠬᠦ ᠡᠰᠡᠬᠦ ᠶᠢ ᠲᠣᠭᠲᠠᠭᠠᠬᠤ ᠵᠠᠩᠭᠢᠯᠠᠭ᠎ᠠ ᠶᠢᠨ ᠭᠣᠭᠴᠣᠭ᠎ᠠ ᠮᠥᠨ᠃ ᠲᠤᠰᠢᠶᠠᠨ ᠥᠭᠴᠦ ᠭᠦᠢᠴᠡᠳᠬᠡᠭᠦᠯᠬᠦ ᠨᠢ ᠠᠳᠠᠯᠢ ᠪᠤᠰᠤ ᠰᠠᠯᠠᠭ᠎ᠠ ᠮᠥᠴᠢᠷ ᠦᠨ ᠵᠣᠯᠭᠠᠭᠤᠯᠤᠨ ᠬᠠᠮᠵᠢᠯᠴᠠᠭᠤᠯᠬᠤ ᠳᠤ ᠬᠣᠯᠪᠣᠭᠳᠠᠨ᠎ᠠ᠂ ᠬᠡᠷᠪᠡ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠢ ᠬᠠᠤᠯᠢ ᠶᠣᠰᠣᠭᠠᠷ ᠴᠠᠭ ᠲᠤᠬᠠᠶ ᠳᠤᠨᠢ ᠲᠤᠰᠢᠶᠠᠨ ᠥᠭᠴᠦ ᠭᠦᠢᠴᠡᠳᠬᠡᠭᠦᠯᠦᠭᠰᠡᠨ ᠦᠭᠡᠢ ᠪᠤᠶᠤ ᠡᠯ᠎ᠡ ᠰᠠᠯᠠᠭ᠎ᠠ ᠮᠥᠴᠢᠷ ᠦᠨ ᠵᠣᠯᠭᠠᠭᠤᠯᠤᠨ ᠬᠠᠮᠵᠢᠯᠴᠠᠭᠤᠯᠤᠭᠰᠠᠨ ᠨᠢ ᠵᠤᠬᠢᠰ ᠦᠭᠡᠢ ᠪᠠᠶᠢᠪᠠᠯ᠂ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠭᠦᠢᠴᠡᠳᠬᠡᠬᠦ ᠶᠢ ᠬᠦᠨᠳᠦ ᠨᠣᠴᠢᠲᠠᠶ ᠨᠥᠯᠥᠭᠡᠯᠡᠬᠦ ᠪᠣᠯᠤᠨ᠎ᠠ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ  ᠤᠨ ᠵᠠᠰᠠᠮᠵᠢᠯᠠᠯ  ᠳᠤ ᠲᠤᠰᠢᠶᠠᠨ ᠥᠭᠴᠦ ᠭᠦᠢᠴᠡᠳᠬᠡᠭᠦᠯᠬᠦ ᠳᠦ ᠲᠠᠯᠪᠢᠬᠤ ᠬᠠᠤᠯᠢ ᠴᠠᠭᠠᠵᠠ ᠶᠢᠨ ᠬᠢᠨᠠᠯᠲᠠ ᠪᠠᠨ ᠴᠢᠩᠭᠠᠳᠬᠠᠵᠤ᠂ ᠨᠡᠶᠢᠭᠡᠮ ᠲᠣᠭᠣᠷᠢᠭ ᠠᠴᠠ ᠵᠠᠰᠠᠮᠵᠢᠯᠠᠯ ᠶᠢ ᠲᠣᠭᠲᠠᠭᠠᠬᠤ ᠪᠠᠶᠢᠭᠤᠯᠭ᠎ᠠ ᠪᠠ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠪᠠᠶᠢᠭᠤᠯᠤᠮᠵᠢ ᠶᠢᠨ ᠪᠦᠲᠦᠮᠵᠢᠲᠡᠶ ᠬᠠᠷᠢᠯᠴᠠᠨ ᠬᠠᠮᠵᠢᠯᠴᠠᠬᠤ ᠶᠢ ᠲᠦᠯᠬᠢᠨ ᠠᠬᠢᠭᠤᠯᠵᠤ᠂ ᠬᠠᠤᠯᠢ ᠶᠣᠰᠣᠭᠠᠷ ᠬᠢᠨᠠᠯᠲᠠ ᠲᠠᠯᠪᠢᠵᠤ᠂ ᠲᠤᠰᠢᠶᠠᠨ ᠥᠭᠴᠦ ᠭᠦᠢᠴᠡᠳᠬᠡᠭᠦᠯᠬᠦ ᠶᠠᠪᠤᠴᠠ ᠳᠠᠬᠢ ᠬᠠᠤᠯᠢ ᠶᠢ ᠵᠥᠷᠢᠴᠡᠭᠰᠡᠨ ᠦᠢᠯᠡ ᠠᠵᠢᠯᠯᠠᠭ᠎ᠠ ᠶᠢ ᠴᠠᠭ ᠲᠤᠬᠠᠶ ᠳᠤᠨᠢ ᠢᠯᠡᠷᠡᠭᠦᠯᠵᠦ᠂ ᠨᠡᠶᠢᠭᠡᠮ ᠲᠣᠭᠣᠷᠢᠭ ᠠᠴᠠ ᠵᠠᠰᠠᠮᠵᠢᠯᠠᠯ ᠤᠨ ᠠᠵᠢᠯᠯᠠᠭ᠎ᠠ ᠶᠢᠨ ᠵᠢᠷᠤᠮᠵᠢᠯ ᠲᠠᠶ ᠪᠥᠭᠡᠳ ᠡᠮᠬᠢ ᠵᠢᠷᠤᠮ ᠲᠠᠶ ᠥᠷᠨᠢᠬᠦ ᠶᠢ ᠦᠨᠡᠨ ᠬᠦ ᠪᠠᠲᠤᠯᠠᠬᠤ ᠬᠡᠷᠡᠭᠲᠡᠶ᠃ 

(ᠬᠣᠶᠠᠷ) ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠤᠨ ᠳᠤᠮᠳᠠ᠂ ᠠᠷᠠᠳ ᠤᠨ ᠪᠠᠶᠢᠴᠠᠭᠠᠬᠤ ᠬᠣᠷᠢᠶ᠎ᠠ ᠵᠠᠰᠠᠮᠵᠢᠯᠠᠯ ᠤᠨ ᠡᠲᠡᠭᠡᠳ ᠢ ᠲᠤᠰᠢᠶᠠᠭᠰᠠᠨ ᠠᠵᠢᠯ ᠳᠤ ᠲᠤᠰᠢᠶᠠᠯ ᠢᠶᠠᠨ  ᠬᠦᠢᠴᠡᠳᠬᠡᠭᠰᠡᠨ ᠨᠢ ᠵᠤᠬᠢᠰ ᠦᠭᠡᠢ ᠵᠡᠷᠭᠡ ᠦᠢᠯᠡ ᠠᠵᠢᠯᠯᠠᠭ᠎ᠠ ᠶᠢᠨ ᠠᠷᠤ ᠳᠠᠬᠢ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠬᠡᠷᠡᠭ ᠦᠨ ᠰᠦᠪᠡᠭᠴᠢ ᠶᠢ ᠣᠯᠵᠤ ᠮᠡᠳᠡᠬᠦ ᠶᠢ ᠴᠢᠬᠤᠯᠠᠴᠢᠯᠠᠬᠤ ᠶᠢᠨ ᠬᠠᠮᠲᠤ ᠬᠣᠯᠪᠣᠭᠳᠠᠯ ᠪᠦᠬᠦᠢ ᠲᠣᠭᠲᠠᠭᠠᠯ ᠶᠣᠰᠣᠭᠠᠷ ᠰᠦᠪᠡᠭᠴᠢ ᠶᠢ ᠴᠠᠭ ᠲᠤᠬᠠᠶ ᠳᠤᠨᠢ ᠬᠣᠯᠪᠣᠭᠳᠠᠯ ᠪᠦᠬᠦᠢ ᠰᠠᠯᠠᠭ᠎ᠠ ᠮᠥᠴᠢᠷ ᠪᠤᠶᠤ ᠪᠠᠶᠢᠭᠤᠯᠭ᠎ᠠ ᠳᠤ ᠰᠢᠯᠵᠢᠭᠦᠯᠦᠨ ᠬᠦᠷᠭᠡᠵᠦ ᠰᠢᠶᠳᠪᠦᠷᠢᠯᠡᠭᠦᠯᠬᠦ ᠬᠡᠷᠡᠭᠲᠡᠶ᠃ ᠨᠡᠶᠢᠭᠡᠮ ᠲᠣᠭᠣᠷᠢᠭ ᠤᠨ ᠵᠠᠰᠠᠮᠵᠢᠯᠠᠯ  ᠦᠨ ᠠᠵᠢᠯ ᠪᠣᠯ ᠲᠥᠪ ᠴᠢᠩᠭ᠎ᠠ ᠡᠷᠡᠭᠦᠦ ᠰᠢᠳᠬᠡᠯ ᠢ ᠭᠦᠢᠴᠡᠳᠬᠡᠬᠦ ᠠᠵᠢᠯᠯᠠᠭ᠎ᠠ ᠮᠥᠨ᠂ ᠲᠡᠷᠡ ᠨᠢ ᠨᠡᠶᠢᠭᠡᠮ ᠦᠨ ᠠᠮᠤᠷ ᠲᠦᠪᠰᠢᠨ ᠲᠣᠭᠲᠠᠭᠤᠨ ᠪᠠᠶᠢᠳᠠᠯ ᠤᠨ ᠶᠡᠬᠡ ᠲᠠᠯ᠎ᠠ ᠳᠤ ᠬᠣᠯᠪᠣᠭᠳᠠᠵᠤ ᠪᠠᠶᠢᠳᠠᠭ᠃ ᠠᠷᠠᠳ ᠤᠨ ᠪᠠᠶᠢᠴᠠᠭᠠᠬᠤ ᠬᠣᠷᠢᠶ᠎ᠠ ᠬᠠᠤᠯᠢ ᠴᠠᠭᠠᠵᠠ ᠶᠢᠨ ᠠᠵᠢᠯᠳᠠᠨ ᠤ ᠬᠣᠯᠪᠣᠭᠳᠠᠯ ᠪᠦᠬᠦᠢ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠠᠵᠢᠯᠯᠠᠭ᠎ᠠ ᠶᠢ ᠲᠤᠷᠰᠢᠨ ᠪᠠᠶᠢᠴᠠᠭᠠᠬᠤ ᠡᠷᠬᠡ ᠶᠢ ᠰᠠᠶᠢᠲᠤᠷ ᠬᠡᠷᠡᠭᠯᠡᠵᠦ᠂ ᠪᠠᠶᠢᠴᠠᠭᠠᠬᠤ ᠪᠠᠶᠢᠭᠤᠯᠭ᠎ᠠ ᠶᠢᠨ ᠳᠣᠲᠣᠭᠠᠳᠤ ᠶᠢᠨ ᠬᠠᠮᠵᠢᠯᠴᠠᠨ ᠬᠥᠳᠡᠯᠦᠯᠴᠡᠬᠦ ᠪᠡᠷ ᠳᠠᠮᠵᠢᠭᠤᠯᠤᠨ᠂ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠠᠵᠢᠯᠯᠠᠭ᠎ᠠ ᠶᠢ ᠪᠠᠶᠢᠴᠠᠭᠠᠨ ᠰᠢᠶᠳᠪᠦᠷᠢᠯᠡᠬᠦ ᠠᠵᠢᠯ ᠤᠨ ᠨᠡᠶᠢᠯᠡᠮᠡᠯ ᠬᠦᠴᠦᠨ ᠢ ᠪᠦᠷᠢᠯᠳᠦᠭᠦᠯᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠤᠨ ᠳᠤᠮᠳᠠ ᠢᠯᠡᠷᠡᠭᠦᠯᠦᠭᠰᠡᠨ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠠᠵᠢᠯᠯᠠᠭ᠎ᠠ ᠶᠢ  ᠪᠠᠢᠴᠠᠭᠠᠬᠣ ᠪᠠᠶᠢᠭᠤᠯᠭ᠎ᠠ ᠶᠢᠨ ᠡᠷᠬᠡ ᠲᠤᠰᠢᠶᠠᠯ ᠤᠨ ᠢᠶᠠᠨ ᠶᠣᠰᠣᠭᠠᠷ ᠡᠷᠡᠰ ᠢᠶᠡᠷ ᠪᠠᠶᠢᠴᠠᠭᠠᠨ ᠰᠢᠶᠳᠪᠦᠷᠢᠯᠡᠬᠦ ᠬᠡᠷᠡᠭᠲᠡᠶ᠃ ᠪᠠᠶᠢᠴᠠᠭᠠᠬᠤ ᠪᠠᠶᠢᠭᠤᠯᠭ᠎ᠠ ᠶᠢᠨ ᠪᠠᠶᠢᠴᠠᠭᠠᠨ ᠰᠢᠶᠳᠪᠦᠷᠢᠯᠡᠬᠦ ᠳᠦ ᠦᠯᠦ ᠬᠠᠷᠢᠶᠠᠯᠠᠭᠳᠠᠬᠤ ᠡᠷᠬᠡ ᠲᠤᠰᠢᠶᠠᠯ ᠢᠶᠠᠨ ᠠᠰᠢᠭᠯᠠᠨ ᠬᠢᠭᠰᠡᠨ ᠶᠠᠯᠠᠲᠤ ᠬᠡᠷᠡᠭ ᠦᠨ ᠰᠦᠪᠡᠭᠴᠢ ᠶᠢ ᠴᠠᠭ ᠲᠤᠬᠠᠶ ᠳᠤᠨᠢ ᠬᠣᠯᠪᠣᠭᠳᠠᠯ ᠪᠦᠬᠦᠢ ᠪᠠᠶᠢᠭᠤᠯᠭ᠎ᠠ ᠳᠤ ᠰᠢᠯᠵᠢᠭᠦᠯᠦᠨ  ᠬᠥᠷᠬᠡᠬᠥ  ᠬᠡᠷᠡᠭᠲᠠᠢ᠃ 

【ᠬᠣᠯᠪᠣᠭᠳᠠᠯ ᠪᠦᠬᠦᠢ ᠲᠣᠭᠲᠠᠭᠠᠯ】 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠸ ᠶᠢᠨ ᠬᠠᠸᠯᠢ ︾ ᠶᠢᠨ ᠳᠠᠯᠠᠨ ᠳᠣᠯᠣᠳᠤᠭᠠᠷ ᠵᠦᠶᠯ ᠂ ᠭᠤᠷᠪᠠᠨ ᠵᠠᠭᠤ ᠶᠡᠷᠡᠨ ᠳᠣᠯᠣᠳᠤᠭᠠᠷ ᠵᠦᠶᠯ 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠦᠨ ᠬᠠᠸᠯᠢ ︾ ᠶᠢᠨ ᠬᠣᠷᠢᠳᠤᠭᠠᠷ ᠵᠦᠶᠯ 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠠᠸᠯᠢ ᠶᠢ ᠬᠡᠷᠡᠭᠵᠢᠭᠦᠯᠬᠦ ᠠᠷᠭ᠎ᠠ ︾ ᠶᠢᠨ ᠠᠷᠪᠠᠨ ᠲᠠᠪᠤᠳᠤᠭᠠᠷ ᠵᠦᠶᠯ ᠂ ᠠᠷᠪᠠᠨ ᠵᠢᠷᠭᠤᠳᠤᠭᠠᠷ ᠵᠦᠶᠯ 

 

 

 

ᠬᠡᠷᠡᠭ ᠦᠨ ᠵᠢᠱᠢᠶ᠎ᠡ  ᠲᠠᠪᠣ

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠹᠠᠨ ᠣᠪᠣᠭᠲᠤ ᠶᠢᠨ ᠣᠨᠳᠣᠣ ᠭᠠᠵᠠᠷ ᠲᠤ ᠳᠠᠬᠢᠨ ᠶᠠᠯ᠎ᠠ ᠬᠢᠭᠰᠡᠨ ᠳᠦ ᠬᠢᠨᠠᠯᠲᠠ ᠲᠠᠯᠪᠢᠭᠰᠠᠨ ᠬᠡᠷᠡᠭ

【ᠵᠠᠩᠭᠢᠯᠠᠭ᠎ᠠ ᠶᠢᠨ ᠦᠭᠡ】

ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠢᠨᠠᠯᠲᠠ ᠲᠠᠯᠪᠢᠬᠤ        ᠪᠠᠶᠢᠴᠠᠭᠠᠬᠤ  ᠠᠵᠢᠯ  ᠦᠨ ᠨᠢᠭᠡ ᠴᠤᠭᠴᠠᠵᠢᠭᠤᠯᠠᠯᠲᠠ 

ᠳᠠᠬᠢᠨ ᠶᠠᠯ᠎ᠠ  ᠬᠢᠬᠥ                                    ᠡᠷᠡᠭᠦᠦ ᠠᠯᠭᠤᠷᠯᠠᠯᠲᠠ ᠶᠢ ᠬᠦᠴᠦᠨ ᠦᠭ᠋ᠡᠢ ᠪᠣᠯᠭᠠᠬᠤ 

【ᠭᠣᠣᠯ ᠵᠣᠷᠢᠯᠭ᠎ᠠ】 

ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠨᠡᠶᠢᠭᠡᠮ ᠲᠣᠭᠣᠷᠢᠭ ᠤᠨ ᠵᠠᠰᠠᠮᠵᠢᠯᠠᠯ ᠬᠢᠭᠡᠳ ᠬᠠᠤᠯᠢ ᠴᠠᠭᠠᠵᠠ ᠶᠢᠨ ᠬᠢᠨᠠᠯᠲᠠ ᠲᠠᠯᠪᠢᠵᠤ ᠬᠠᠷᠢᠯᠴᠠᠨ ᠬᠠᠮᠵᠢᠯᠴᠠᠬᠤ ᠲᠣᠭᠲᠠᠴᠠ ᠶᠢ ᠴᠢᠩᠭᠠᠳᠬᠠᠵᠤ᠂ ᠬᠢᠨᠠᠯᠲᠠ ᠲᠠᠯᠪᠢᠬᠤ ᠪᠠᠷ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠵᠢᠷᠤᠮᠵᠢᠭᠤᠯᠤᠨ ᠳᠡᠭᠡᠭᠰᠢᠯᠡᠭᠦᠯᠬᠦ ᠶᠢ ᠠᠬᠢᠭᠤᠯᠵᠤ᠂ ᠡᠷᠡᠭᠦᠦ ᠰᠢᠳᠬᠡᠯ ᠢ ᠵᠥᠪ ᠬᠡᠷᠡᠭᠵᠢᠭᠦᠯᠬᠦ ᠶᠢ ᠬᠠᠮᠲᠤ ᠪᠠᠷ ᠪᠠᠲᠤᠯᠠᠬᠤ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠪᠠᠶᠢᠴᠠᠭᠠᠬᠤ ᠠᠵᠢᠯ ᠢ ᠨᠢᠭᠡ ᠴᠤᠭᠴᠠᠵᠢᠭᠤᠯᠬᠤ ᠤᠨᠤᠯᠵᠢᠬᠤᠨ ᠢ ᠪᠠᠷᠢᠮᠲᠠᠯᠠᠵᠤ᠂ ᠠᠷᠠᠳ ᠤᠨ ᠰᠢᠭᠦᠬᠦ ᠬᠣᠷᠢᠶᠠᠨ ᠤ ᠲᠠᠰᠤᠯᠤᠯᠲᠠ ᠳᠤ ᠦᠨᠡᠬᠡᠷ ᠪᠤᠷᠤᠭᠤ ᠲᠠᠶ ᠪᠠᠶᠢᠬᠤ ᠶᠢ ᠣᠯᠵᠤ ᠮᠡᠳᠡᠪᠡᠯ᠂ ᠬᠠᠤᠯᠢ ᠴᠠᠭᠠᠵᠠ ᠶᠢᠨ ᠬᠢᠨᠠᠯᠲᠠ ᠶᠢᠨ ᠰᠦᠪᠡᠭᠴᠢ ᠶᠢ ᠴᠠᠭ ᠲᠤᠬᠠᠶ ᠳᠤᠨᠢ ᠬᠠᠤᠯᠢ ᠶᠣᠰᠣᠭᠠᠷ ᠰᠢᠯᠵᠢᠭᠦᠯᠦᠨ ᠬᠦᠷᠭᠡᠵᠦ᠂ ᠬᠠᠤᠯᠢ ᠴᠠᠭᠠᠵᠠ ᠶᠢᠨ ᠬᠢᠨᠠᠯᠲᠠ ᠶᠢᠨ ᠦᠢᠯᠡᠳᠦᠯ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠲᠥᠪ ᠭᠣᠣᠯᠴᠢ ᠪᠠᠷ ᠬᠠᠤᠯᠢ ᠪᠠᠷᠢᠬᠤ ᠶᠢ ᠬᠠᠮᠠᠭᠠᠯᠠᠬᠤ ᠬᠡᠷᠡᠭᠲᠡᠶ᠃ 

【ᠬᠡᠷᠡᠭ ᠦᠨ ᠦᠨᠳᠦᠰᠦᠨ ᠪᠠᠶᠢᠳᠠᠯ】

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠹᠠᠨ ᠣᠪᠣᠭᠲᠤ ᠂ ᠡᠷᠡᠭᠲᠡᠶ ᠂ 1994 ᠣᠨ ᠤ 6 ᠰᠠᠷ᠎ᠠ ᠳᠤ ᠳᠦᠷᠦᠵᠡᠶ ᠂ 2020 ᠣᠨ ᠤ 7 ᠰᠠᠷ᠎ᠠ ᠶᠢᠨ 23 ᠤ ᠡᠳᠦᠷ ᠬᠡᠷᠡᠭ ᠥᠳᠥᠭᠡᠵᠦ ᠬᠡᠷᠡᠭ ᠡᠳᠦᠭᠰᠡᠨ ᠶᠠᠯ᠎ᠠ ᠬᠢᠭᠰᠡᠨ ᠡᠴᠡ ᠪᠣᠯᠵᠣ ᠾᠧᠨᠠᠨ ᠮᠤᠵᠢ ᠶᠢᠨ ᠠᠨᠶᠠᠩ ᠬᠣᠲᠠ ᠶᠢᠨ ᠶᠢᠨᠳᠦ᠋ ᠲᠣᠭᠣᠷᠢᠭ ᠤᠨ ᠠᠷᠠᠳ ᠤᠨ ᠰᠢᠭᠦᠬᠦ ᠬᠣᠷᠢᠶ᠎ᠠ ᠳᠤ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠶ ᠬᠣᠷᠢᠬᠤ ᠡᠷᠡᠭᠦᠸ ᠪᠡᠷ ᠰᠢᠳᠬᠡᠭᠳᠡᠵᠦ ᠂ ᠡᠷᠡᠭᠦᠸ ᠰᠢᠳᠬᠡᠯ ᠢ ᠨᠢ ᠨᠢᠭᠡ ᠵᠢᠯ ᠬᠣᠶᠢᠰᠢᠯᠠᠭᠤᠯᠬᠤ ᠪᠠᠷ ᠵᠠᠷᠯᠠᠪᠠ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ ᠶᠢ 2020 ᠣᠨ ᠤ 8 ᠰᠠᠷ᠎ᠠ ᠶᠢᠨ 27 ᠤ ᠡᠳᠦᠷ ᠡᠴᠡ 2021 ᠣᠨ ᠤ 8 ᠰᠠᠷ᠎ᠠ ᠶᠢᠨ 26 ᠤ ᠡᠳᠦᠷ ᠪᠣᠯᠲᠠᠯ᠎ᠠ ᠬᠢᠵᠠᠭᠠᠷᠯᠠᠨ᠎ᠠ᠃ ᠹᠠᠨ ᠣᠪᠣᠭᠲᠤ ᠾᠧᠨᠠᠨ ᠮᠤᠵᠢ ᠶᠢᠨ ᠠᠨᠶᠠᠩ ᠬᠣᠲᠠ ᠶᠢᠨ ᠶᠢᠨᠳ᠋ᠦ᠋ ᠲᠣᠭᠣᠷᠢᠭ ᠤᠨ ᠬᠠᠤᠯᠢ ᠴᠠᠭᠠᠵᠠ ᠶᠢᠨ ᠲᠣᠪᠴᠢᠶ᠎ᠠ ᠳᠤ ᠨᠡᠶᠢᠭᠡᠮ ᠲᠣᠭᠣᠷᠢᠭ ᠤᠨ ᠵᠠᠰᠠᠮᠵᠢᠯᠠᠯ ᠢ ᠬᠦᠯᠢᠶᠡᠪᠡ ᠃ 

2020 ᠣᠨ ᠤ 4 ᠰᠠᠷ᠎ᠠ ᠳᠤ ᠂ ᠹᠠᠨ ᠣᠪᠣᠭᠲᠤ ᠪᠠᠲᠤᠯᠠᠭ᠎ᠠ ᠠᠪᠴᠤ ᠰᠢᠭᠦᠬᠦ ᠶᠢ ᠬᠦᠯᠢᠶᠡᠯᠭᠡᠬᠦ ᠬᠤᠭᠤᠴᠠᠭᠠᠨ ᠳᠤ ᠮᠡᠳᠡᠭᠡ ᠵᠠᠩᠭᠢ ᠶᠢᠨ ᠰᠦᠯᠵᠢᠶᠡᠨ ᠦ ᠶᠠᠯᠠᠲᠤ ᠠᠵᠢᠯᠯᠠᠭ᠎ᠠ ᠶᠢ ᠬᠠᠪᠰᠤᠷᠤᠭᠰᠠᠨ ᠶᠠᠯᠠᠲᠤ ᠠᠵᠢᠯᠯᠠᠭ᠎ᠠ ᠬᠢᠵᠡᠶ ᠃ 2021 ᠣᠨ ᠤ 1 ᠰᠠᠷ᠎ᠠ ᠶᠢᠨ 19 ᠦ ᠡᠳᠦᠷ ᠂ ᠾᠧᠨᠠᠨ ᠮᠤᠵᠢ ᠶᠢᠨ ᠲᠠᠶᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶ᠎ᠠ ᠮᠡᠳᠡᠭᠡ ᠵᠠᠩᠭᠢ ᠶᠢᠨ ᠰᠦᠯᠵᠢᠶᠡᠨ ᠦ ᠶᠠᠯᠠᠲᠤ ᠠᠵᠢᠯᠯᠠᠭ᠎ᠠ ᠶᠢ ᠬᠠᠪᠰᠤᠷᠤᠭᠰᠠᠨ ᠶᠠᠯ᠎ᠠ ᠪᠠᠷ ᠹᠠᠨ ᠣᠪᠣᠭᠲᠤ ᠶᠢ ᠨᠠᠶᠮᠠᠨ ᠰᠠᠷ᠎ᠠ ᠶᠢᠨ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ ᠂ ᠡᠷᠡᠭᠦᠸ ᠰᠢᠳᠬᠡᠯ ᠢ ᠨᠢ ᠨᠢᠭᠡ ᠵᠢᠯ ᠬᠣᠶᠢᠰᠢᠯᠠᠭᠤᠯᠬᠤ ᠪᠠᠷ ᠵᠠᠷᠯᠠᠵᠤ ᠂ ᠠᠷᠠᠳ ᠤᠨ ᠵᠣᠭᠣᠰ  ᠨᠠᠶᠮᠠᠨ ᠮᠢᠩᠭᠠᠨ ᠲᠥᠭᠥᠷᠢᠭ ᠢᠶᠡᠷ ᠲᠣᠷᠭᠠᠬᠤ ᠪᠠᠷ ᠨᠡᠶᠢᠯᠡᠭᠦᠯᠦᠨ ᠰᠢᠳᠬᠡᠪᠡ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ ᠨᠢ 2021 ᠣᠨ ᠤ 2 ᠰᠠᠷ᠎ᠠ ᠶᠢᠨ 4 ᠦ ᠡᠳᠦᠷ ᠡᠴᠡ 2022 ᠣᠨ ᠤ 2 ᠰᠠᠷ᠎ᠠ ᠶᠢᠨ 3 ᠤ ᠡᠳᠦᠷ ᠪᠣᠯᠲᠠᠯ᠎ᠠ ᠬᠢᠵᠠᠭᠠᠷᠯᠠᠨ᠎ᠠ᠃ 

2021 ᠣᠨ ᠤ 2 ᠰᠠᠷ᠎ᠠ ᠳᠤ ᠂ ᠾᠧᠨᠠᠨ ᠮᠤᠵᠢ ᠶᠢᠨ ᠠᠨᠶᠠᠩ ᠬᠣᠲᠠ ᠶᠢᠨ ᠶᠢᠨᠳᠦ᠋ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠶᠢᠨᠳᠦ᠋ ᠲᠣᠭᠣᠷᠢᠭ ᠤᠨ ᠬᠠᠸᠯᠢ ᠴᠠᠭᠠᠵᠠ ᠶᠢᠨ ᠲᠣᠪᠴᠢᠶ᠎ᠠ ᠶᠢᠨ ᠲᠤᠰᠬᠠᠭᠰᠠᠨ ᠹᠠᠨ ᠣᠪᠣᠭᠲᠤ ᠶᠢᠨ ᠨᠡᠶᠢᠭᠡᠮ ᠲᠣᠭᠣᠷᠢᠭ  ᠤᠨ ᠵᠠᠰᠠᠮᠵᠢᠯᠠᠯ  ᠤᠨ ᠬᠤᠭᠤᠴᠠᠭᠠᠨ ᠳᠤ ᠡᠷᠡᠭᠦᠸ ᠰᠢᠳᠬᠡᠯ ᠢ ᠨᠢ ᠬᠣᠶᠢᠰᠢᠯᠠᠭᠤᠯᠬᠤ ᠪᠠᠷ ᠰᠢᠳᠬᠡᠭᠳᠡᠭᠰᠡᠨ ᠪᠠᠶᠢᠳᠠᠯ ᠳᠤ ᠬᠠᠸᠯᠢ ᠶᠣᠰᠣᠭᠠᠷ ᠬᠢᠨᠠᠯᠲᠠ ᠲᠠᠯᠪᠢᠪᠠ ᠃ ᠬᠢᠨᠠᠯᠲᠠ ᠲᠠᠯᠪᠢᠬᠤ ᠪᠠᠷ ᠳᠡᠮᠵᠢᠨ ᠂ ᠶᠢᠨᠳ᠋ᠦ᠋ ᠲᠣᠭᠣᠷᠢᠭ ᠤᠨ ᠬᠠᠸᠯᠢ ᠴᠠᠭᠠᠵᠠ ᠶᠢᠨ ᠲᠣᠪᠴᠢᠶ᠎ᠠ  ᠠᠴᠠ ᠹᠠᠨ ᠣᠪᠣᠭᠲᠤ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠤᠭᠤᠴᠠᠭᠠᠨ ᠳᠠᠬᠢ ᠬᠠᠮᠢᠶᠠᠷᠤᠯᠲᠠ  ᠠᠴᠠ ᠰᠠᠯᠤᠭᠰᠠᠨ ᠦᠶᠯᠡ ᠠᠵᠢᠯᠯᠠᠭ᠎ᠠ ᠶᠢ ᠰᠢᠳᠬᠡᠭᠰᠡᠨ ᠪᠥᠭᠡᠳ ᠬᠢᠨᠠᠨ ᠬᠠᠮᠢᠶᠠᠷᠬᠤ ᠠᠵᠢᠯ ᠤᠨ ᠲᠦᠷᠢᠮ ᠢ ᠬᠠᠯᠠᠨ ᠰᠠᠶᠢᠵᠢᠷᠠᠭᠤᠯᠪᠠ ︔ ᠲᠠᠢᠴᠢᠶᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶᠠᠨ ᠤ ᠬᠢᠨᠠᠯᠲᠠ ᠪᠠᠷ ᠲᠠᠮᠵᠢᠨ᠂ ᠲᠠᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶ᠎ᠠ ᠲᠠᠬᠢᠨ ᠰᠢᠭᠦᠬᠦ ᠠᠵᠢᠯ ᠢ ᠡᠬᠢᠯᠡᠭᠦᠯᠵᠦ᠂ ᠤᠤᠯ ᠤᠨ ᠨᠢᠭᠡᠳᠦᠭᠡᠷ ᠰᠢᠭᠦᠯᠲᠡ ᠶᠢᠨ ᠲᠠᠰᠤᠯᠤᠯᠳᠡ ᠶᠢ ᠬᠦᠴᠦᠨ ᠦᠭᠡᠢ ᠪᠣᠯᠭᠠᠵᠤ᠂ ᠬᠡᠳᠦᠨ ᠶᠠᠯ᠎ᠠ ᠶᠢ ᠨᠡᠶᠢᠯᠡᠭᠦᠯᠦᠨ ᠰᠢᠳᠬᠡᠵᠦ᠂ ᠹᠠᠨ ᠣᠪᠣᠭᠲᠤ ᠶᠢ ᠠᠷᠪᠠᠨ ᠰᠠᠷ᠎ᠠ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠠᠷᠠᠳ ᠤᠨ ᠵᠣᠭᠣᠰ  ᠨᠠᠢ᠌ᠮᠠᠨ ᠮᠢᠩᠭᠠᠨ ᠲᠥᠭᠥᠷᠢᠭ ᠢᠶᠡᠷ ᠲᠣᠷᠭᠠᠬᠤ ᠪᠠᠷ ᠨᠡᠶᠢᠯᠡᠭᠦᠯᠦᠨ ᠰᠢᠳᠬᠡᠬᠦ ᠪᠡᠷ ᠲᠣᠭᠲᠠᠭᠠᠪᠠ᠃ 

【ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠶᠠᠪᠤᠴᠠ】 

ᠰᠦᠪᠡᠭᠴᠢ  ᠶᠢ ᠢᠯᠡᠷᠡᠭᠦᠯᠦᠭᠰᠡᠨ᠄  2021 ᠣᠨ ᠤ 2 ᠰᠠᠷ᠎ᠠ ᠶᠢᠨ 4 ᠦ ᠡᠳᠦᠷ ᠂ ᠶᠢᠨᠳ᠋ᠦ᠋ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠶᠢᠨᠳ᠋ᠦ᠋ ᠲᠣᠭᠣᠷᠢᠭ ᠤᠨ ᠬᠠᠸᠯᠢ ᠴᠠᠭᠠᠵᠠ ᠶᠢᠨ ᠲᠣᠪᠴᠢᠶ᠎ᠠ ᠶᠢᠨ ᠹᠠᠨ ᠣᠪᠣᠭᠲᠤ ᠶᠢ ᠨᠡᠶᠢᠭᠡᠮ ᠲᠣᠭᠣᠷᠢᠭ ᠲᠤ  ᠵᠠᠰᠠᠮᠵᠢᠯᠠᠵᠦ ᠪᠠᠶᠢᠭ᠎ᠠ ᠬᠤᠭᠤᠴᠠᠭᠠᠨ ᠳᠤ ᠪᠠᠰᠠ ᠲᠠᠶᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶ᠎ᠠ ᠳᠤ ᠡᠷᠡᠭᠦᠸ ᠰᠢᠳᠬᠡᠯ ᠢ ᠨᠢ ᠬᠣᠶᠢᠰᠢᠯᠠᠭᠤᠯᠬᠤ ᠪᠠᠷ ᠰᠢᠳᠬᠡᠭᠳᠡᠭᠰᠡᠨ ᠬᠡᠷᠡᠭ ᠦᠨ ᠪᠠᠶᠢᠳᠠᠯ ᠤᠨ ᠲᠤᠬᠠᠶ ᠮᠡᠳᠡᠭᠳᠡᠯ ᠢ ᠣᠯᠵᠠᠶ ᠃ ᠬᠢᠨᠠᠨ ᠪᠠᠶᠢᠴᠠᠭᠠᠭᠠᠳ ᠣᠯᠵᠤ ᠮᠡᠳᠡᠭᠰᠡᠨ ᠨᠢ ᠂ ᠶᠢᠨᠳ᠋ᠦ᠋ ᠲᠣᠭᠣᠷᠢᠭ ᠤᠨ ᠠᠷᠠᠳ ᠤᠨ ᠰᠢᠭᠦᠬᠦ ᠬᠣᠷᠢᠶ᠎ᠠ  ᠠᠴᠠ ᠹᠠᠨ ᠣᠪᠣᠭᠲᠤ  ᠶᠢ ᠡᠷᠡᠭᠦᠦ ᠰᠢᠳᠬᠡᠯ  ᠢ ᠨᠢ ᠬᠣᠶᠢᠰᠢᠯᠠᠭᠤᠯᠵᠤ ᠨᠡᠶᠢᠭᠡᠮ ᠲᠣᠭᠣᠷᠢᠭ ᠲᠤ ᠵᠠᠰᠠᠮᠵᠢᠯᠠᠯ ᠪᠠᠷ ᠰᠢᠳᠬᠡᠭᠰᠡᠨ ᠬᠤᠭᠤᠴᠠᠭᠠᠨ ᠳᠤ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠪᠠᠶᠢᠭᠤᠯᠤᠮᠵᠢ ᠳᠤ ᠴᠢᠯᠥᠭᠡ ᠭᠤᠶᠤᠬᠤ ᠭᠠᠷ ᠭᠦᠢᠴᠡᠳᠬᠡᠯ  ᠢ ᠭᠦᠢᠴᠡᠳᠬᠡᠭᠰᠡᠨ ᠦᠭᠡᠶ ᠪᠠᠶᠢᠳᠠᠯ ᠳᠣᠣᠷ᠎ᠠ ᠂ ᠣᠯᠠᠨ ᠤᠳᠠᠭ᠎ᠠ  ᠲᠠᠶᠴᠢᠶᠠᠨ ᠰᠢᠶᠠᠨ ᠳᠤ ᠬᠦᠷᠴᠦ ᠡᠷᠡᠭᠦᠦ  ᠶᠢᠨ ᠵᠠᠷᠭᠤ ᠳᠤ ᠣᠷᠣᠯᠴᠠᠭᠰᠠᠨ ᠪᠥᠭᠡᠳ  ᠲᠠᠶᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶ᠎ᠠ ᠳᠤ ᠡᠷᠡᠭᠦᠦ ᠰᠢᠳᠬᠡᠯ  ᠢ ᠨᠢ ᠬᠣᠶᠢᠰᠢᠯᠠᠭᠤᠯᠬᠤ ᠪᠠᠷ ᠰᠢᠳᠬᠡᠭᠳᠡᠵᠦ ᠂ ᠨᠡᠶᠢᠭᠡᠮ ᠲᠣᠭᠣᠷᠢᠭ ᠤᠨ ᠵᠠᠰᠠᠮᠵᠢᠯᠠᠯ   ᠤᠨ ᠬᠤᠭᠤᠴᠠᠭᠠᠨ ᠳᠤ ᠬᠢᠨᠠᠨ ᠬᠠᠮᠢᠶᠠᠷᠤᠯᠲᠠ  ᠠᠴᠠ ᠰᠠᠯᠤᠭᠰᠠᠨ ᠪᠠ ᠪᠤᠷᠤᠭᠤ ᠰᠢᠭᠦᠨ ᠲᠠᠰᠤᠯᠤᠭᠰᠠᠨ ᠵᠡᠷᠭᠡ ᠠᠰᠠᠭᠤᠳᠠᠯ ᠣᠷᠣᠰᠢᠵᠤ ᠮᠡᠳᠡᠨ᠎ᠡ ᠃ 

ᠪᠠᠶᠢᠴᠠᠭᠠᠨ ᠬᠠᠷᠭᠤᠭᠤᠯᠬᠰᠠᠨ᠄ ᠹᠠᠨ ᠣᠪᠣᠭᠲᠤ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠤᠭᠤᠴᠠᠭᠠᠨ ᠳᠤ ᠬᠠᠮᠢᠶᠠᠷᠤᠯᠲᠠ  ᠠᠴᠠ ᠰᠠᠯᠤᠭᠰᠠᠨ ᠡᠰᠡᠬᠦ ᠵᠢᠴᠢ ᠬᠣᠯᠪᠣᠭᠳᠠᠯ ᠪᠥᠬᠥᠶ ᠲᠠᠰᠤᠯᠤᠯᠲᠠ ᠨᠢ ᠪᠤᠷᠤᠭᠤᠳᠠᠭᠰᠠᠨ ᠡᠰᠡᠬᠦ ᠶᠢ ᠪᠥᠬᠥ ᠲᠠᠯ᠎ᠠ ᠪᠠᠷ ᠪᠠᠶᠢᠴᠠᠭᠠᠨ ᠳᠣᠲᠣᠯᠠᠬᠤ ᠶᠢᠨ ᠲᠥᠯᠥᠭᠡ ᠂ ᠶᠢᠨᠳ᠋ᠦ᠋ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠹᠠᠨ ᠣᠪᠣᠭᠲᠤ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠠᠩᠰᠠ ᠡᠪᠬᠡᠮᠡᠯ ᠂ ᠵᠢᠰᠦ ᠪᠡᠨ ᠦᠵᠡᠭᠦᠯᠦᠨ ᠰᠢᠯᠭᠠᠨ ᠪᠠᠶᠢᠴᠠᠭᠠᠭᠰᠠᠨ ᠮᠡᠳᠡᠭᠡ ᠵᠠᠩᠭᠢ ᠵᠢᠴᠢ ᠬᠣᠯᠪᠣᠭᠳᠠᠯ ᠪᠥᠬᠥᠶ ᠲᠠᠰᠤᠯᠤᠯᠲᠠ ᠶᠢᠨ ᠪᠢᠴᠢᠭ ᠬᠠᠷ᠎ᠠ ᠶᠢ ᠠᠪᠴᠤ ᠦᠵᠡᠵᠦ ᠂ ᠲᠠᠶᠢᠴᠢᠶᠠᠨ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠂ ᠪᠠᠶᠢᠴᠠᠭᠠᠬᠤ ᠬᠣᠷᠢᠶ᠎ᠠ ᠂ ᠰᠢᠭᠦᠬᠦ ᠬᠣᠷᠢᠶ᠎ᠠ ᠶᠢᠨ ᠬᠡᠷᠡᠭ ᠢ ᠳᠠᠭᠠᠭᠠᠨ ᠰᠢᠳᠬᠡᠭᠴᠢ ᠵᠢᠴᠢ ᠶᠢᠨᠳ᠋ᠦ᠋ ᠲᠣᠭᠣᠷᠢᠭ ᠤᠨ ᠬᠠᠸᠯᠢ ᠴᠠᠭᠠᠵᠠ ᠶᠢᠨ ᠲᠣᠪᠴᠢᠶ᠎ᠠ ᠶᠢᠨ ᠠᠵᠢᠯᠲᠠᠨ  ᠠᠴᠠ ᠯᠠᠪᠯᠠᠨ ᠠᠰᠠᠭᠤᠵᠠᠶ ᠃ ᠣᠶᠢᠯᠠᠭᠠᠭᠰᠠᠨ ᠢᠶᠠᠷ ᠂ ᠨᠢᠭᠡ ᠳᠦ ᠂ ᠶᠢᠨᠳ᠋ᠦ᠋ ᠲᠣᠭᠣᠷᠢᠭ ᠤᠨ ᠬᠠᠸᠯᠢ ᠴᠠᠭᠠᠵᠠ ᠶᠢᠨ ᠲᠣᠪᠴᠢᠶ᠎ᠠ ᠠᠴᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠢ ᠡᠳᠦᠷ ᠪᠦᠷᠢ ᠶᠢᠨ ᠦᠳᠡ ᠶᠢᠨ ᠡᠮᠦᠨ᠎ᠡ ᠂ ᠦᠳᠡ ᠶᠢᠨ ᠬᠣᠶᠢᠨ᠎ᠠ ᠣᠷᠣᠨ ᠪᠠᠶᠢᠷᠢ ᠲᠣᠭᠲᠠᠭᠠᠬᠤ ᠭᠠᠷ ᠤᠲᠠᠰᠤ ᠪᠠᠷ ᠲᠣᠰ ᠲᠣᠰ ᠨᠢᠭᠡ ᠤᠳᠠᠭ᠎ᠠ ᠨᠢᠭᠤᠷ ᠵᠣᠯᠭᠠᠬᠤ ᠰᠢᠯᠭᠠᠨ ᠪᠠᠲᠤᠯᠠᠯᠲᠠ ᠬᠢᠯᠭᠡᠵᠦ ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠣᠷᠣᠨ ᠪᠠᠶᠢᠷᠢ ᠶᠢ ᠲᠣᠭᠲᠠᠭᠠᠬᠤ ᠬᠡᠷᠡᠭᠲᠡᠶ ᠭᠡᠵᠦ ᠲᠣᠭᠲᠠᠭᠠᠭᠰᠠᠨ ᠪᠣᠯᠪᠠᠴᠤ ᠨᠢᠭᠤᠷ ᠵᠣᠯᠭᠠᠬᠤ ᠰᠢᠯᠭᠠᠨ ᠪᠠᠲᠤᠯᠠᠬᠤ ᠪᠣᠳᠠᠲᠠᠶ ᠴᠠᠭ ᠤᠨ ᠬᠡᠪᠴᠢᠶ᠎ᠡ ᠶᠢ ᠲᠣᠭᠲᠠᠭᠠᠭᠰᠠᠨ ᠥᠬᠡᠶ ᠃ ᠹᠠᠨ ᠣᠪᠣᠭᠲᠤ ᠡᠨᠡ ᠬᠦ ᠳᠤᠲᠠᠭᠳᠠᠯ  ᠢ ᠠᠰᠢᠭᠯᠠᠨ ᠂ ᠥᠷᠯᠥᠭᠡ ᠡᠷᠲᠡ ᠠᠩᠬ᠎ᠠ ᠤᠳᠠᠭ᠎ᠠ ᠵᠢᠰᠦ ᠪᠡᠨ ᠦᠵᠡᠭᠦᠯᠬᠦ ᠪᠡᠷ ᠰᠢᠯᠭᠠᠨ ᠪᠠᠲᠤᠯᠠᠭᠰᠠᠨ ᠤ ᠳᠠᠷᠠᠭ᠎ᠠ ᠂ ᠣᠷᠣᠨ ᠪᠠᠶᠢᠷᠢ ᠲᠣᠭᠲᠠᠭᠠᠬᠤ ᠭᠠᠷ ᠤᠲᠠᠰᠤ ᠪᠠᠨ ᠭᠡᠷ ᠲᠡᠬᠡᠨ ᠲᠠᠯᠪᠢᠵᠤ ᠂  ᠲᠠᠶ ᠴᠢᠶᠠᠨ ᠰᠢᠶᠠᠨ ᠳᠤ ᠬᠦᠷᠴᠦ ᠡᠷᠡᠭᠦᠦ  ᠶᠢᠨ ᠵᠠᠷᠭᠤ ᠳᠤ ᠣᠷᠣᠯᠴᠠᠭᠠᠳ ᠂ ᠲᠤᠰ ᠣᠷᠣᠶ ᠨᠢ ᠭᠡᠷ ᠲᠡᠬᠡᠨ ᠬᠠᠷᠢᠵᠤ ᠬᠣᠶᠠᠳᠠᠬᠢ ᠤᠳᠠᠭ᠎ᠠ ᠵᠢᠰᠦ ᠪᠡᠨ ᠦᠵᠡᠭᠦᠯᠬᠦ ᠪᠡᠷ ᠰᠢᠯᠭᠠᠨ ᠪᠠᠲᠤᠯᠠᠵᠠᠶ ᠂ ᠲᠡᠭᠦᠨ ᠳᠦ ᠵᠥᠪᠰᠢᠶᠡᠷᠡᠯ ᠣᠯᠤᠭᠰᠠᠨ ᠦᠭᠡᠶ ᠪᠡᠷ ᠲᠣᠭᠲᠠᠭᠠᠯ  ᠠᠴᠠ ᠵᠥᠷᠢᠴᠡᠨ ᠨᠡᠶᠢᠭᠡᠮ ᠲᠣᠭᠣᠷᠢᠭ ᠤᠨ ᠵᠠᠰᠠᠮᠵᠢᠯᠠᠭᠰᠠᠨ ᠭᠠᠵᠠᠷ  ᠠᠴᠠ ᠰᠠᠯᠤᠭᠰᠠᠨ ᠂ ᠬᠢᠨᠠᠨ ᠬᠠᠮᠢᠶᠠᠷᠤᠯᠲᠠ  ᠠᠴᠠ ᠰᠠᠯᠤᠭᠰᠠᠨ ᠠᠵᠢᠯᠯᠠᠭ᠎ᠠ  ᠲᠠᠶ ᠃ ᠬᠣᠶᠠᠷ ᠲᠤ ᠶᠢᠨᠳ᠋ᠦ᠋ ᠲᠣᠭᠣᠷᠢᠭ ᠤᠨ ᠠᠷᠠᠳ ᠤᠨ ᠰᠢᠭᠦᠬᠦ ᠬᠣᠷᠢᠶ᠎ᠠ ᠹᠠᠨ ᠣᠪᠣᠭᠲᠤ ᠶᠢ ᠡᠷᠡᠭᠦᠦ ᠰᠢᠳᠬᠡᠯ ᠢ ᠨᠢ ᠬᠣᠶᠢᠰᠢᠯᠠᠭᠤᠯᠬᠤ ᠪᠠᠷ ᠰᠢᠶᠳᠬᠡᠭᠰᠡᠨ ᠪᠥᠭᠡᠳ ᠨᠢᠭᠡᠨᠲᠡ ᠭᠦᠢᠴᠡᠳᠬᠡᠭᠦᠯᠬᠦ ᠪᠡᠷ ᠲᠤᠰᠢᠶᠠᠭᠰᠠᠨ ᠪᠠᠶᠢᠳᠠᠯ ᠳᠣᠣᠷ᠎ᠠ ᠂  ᠲᠠᠶᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶ᠎ᠠ ᠲᠤᠰ ᠪᠠᠶᠢᠳᠠᠯ ᠢ ᠪᠠᠶᠢᠴᠠᠭᠠᠨ ᠳᠣᠲᠣᠯᠠᠭᠰᠠᠨ ᠦᠭᠡᠶ ᠪᠡᠷ ᠨᠢᠭᠡᠳᠦᠭᠡᠷ ᠰᠢᠭᠦᠯᠲᠡ ᠶᠢᠨ ᠲᠠᠰᠤᠯᠤᠯᠲᠠ ᠭᠠᠷᠭᠠᠵᠤ ᠂ ᠹᠠᠨ ᠣᠪᠣᠭᠲᠤ ᠶᠢ ᠡᠷᠡᠭᠦᠦ ᠰᠢᠳᠬᠡᠯ ᠢ ᠨᠢ ᠬᠣᠶᠢᠰᠢᠯᠠᠭᠤᠯᠬᠤ ᠪᠠᠷ ᠰᠢᠶᠳᠬᠡᠵᠡᠶ ᠂ 《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ 》 ᠶᠢᠨ ᠳᠠᠯᠠᠨ ᠳᠣᠯᠣᠳᠤᠭᠠᠷ ᠵᠦᠢᠯ ᠦᠨ ᠲᠣᠭᠲᠠᠭᠠᠯ ᠢ ᠦᠨᠳᠦᠰᠦᠯᠡᠪᠡᠯ ᠂ ᠲᠤᠰ ᠲᠠᠰᠤᠯᠤᠯᠲᠠ ᠨᠢ ᠦᠨᠡᠬᠡᠷ ᠪᠤᠷᠤᠭᠤ  ᠲᠠᠶ ᠃ ᠭᠤᠷᠪᠠ ᠳᠤ ᠲᠠᠶᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶᠠᠨ ᠤ ᠰᠢᠭᠦᠨ ᠲᠠᠰᠤᠯᠤᠯᠲᠠ ᠪᠤᠷᠤᠭᠤ ᠪᠣᠯᠤᠭᠰᠠᠨ ᠤ ᠭᠣᠣᠯ ᠰᠢᠯᠲᠠᠭᠠᠨ ᠪᠣᠯ ᠹᠠᠨ ᠣᠪᠣᠭᠲᠤ ᠶᠠᠯ᠎ᠠ ᠬᠢᠵᠦ ᠥᠩᠭᠡᠷᠡᠭᠰᠡᠨ ᠶᠠᠯ᠎ᠠ ᠪᠠᠨ ᠦᠨᠡᠨ ᠮᠥᠨ ᠢᠶᠡᠷ ᠨᠢ ᠥᠴᠢᠭᠯᠡᠭᠰᠡᠨ ᠦᠭᠡᠶ ᠮᠥᠷᠲᠡᠭᠡᠨ ᠲᠤᠷᠰᠢᠨ ᠪᠠᠶᠢᠴᠠᠭᠠᠭᠰᠠᠨ ᠡᠪᠬᠡᠮᠡᠯ ᠳᠦ ᠹᠠᠨ ᠣᠪᠣᠭᠲᠤ ᠶᠢᠨ ᠶᠠᠯ᠎ᠠ  ᠬᠢᠭᠰᠡᠨ ᠦᠩᠭᠡᠷᠡᠭᠡᠯᠲᠡ ᠦᠭᠡᠶ ᠭᠡᠰᠡᠨ ᠬᠣᠯᠪᠣᠭᠳᠠᠯ ᠪᠦᠬᠦᠢ ᠮᠠᠲ᠋ᠧᠷᠢᠶᠠᠯ ᠢ ᠳᠠᠭᠠᠯᠳᠤᠭᠤᠯᠤᠭᠰᠠᠨ ᠠᠴᠠ ᠪᠣᠯᠤᠭᠰᠠᠨ ᠶᠤᠮ ᠃ ᠬᠣᠯᠪᠣᠭᠳᠠᠯ ᠪᠥᠬᠥᠶ ᠬᠡᠷᠡᠭ ᠰᠢᠶᠳᠪᠦᠷᠢᠯᠡᠬᠦ ᠠᠷᠠᠳ ᠤᠨ ᠴᠠᠭᠳᠠᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠶᠴᠡᠳᠬᠡᠬᠦ ᠶᠠᠪᠤᠴᠠ ᠳᠤ ᠵᠣᠬᠢᠰ ᠥᠬᠡᠶ ᠪᠠᠶᠢᠳᠠᠯ ᠣᠷᠣᠰᠢᠵᠤ ᠪᠠᠶᠢᠨ᠎ᠠ ᠃ 

ᠬᠢᠨᠠᠯᠲᠠ ᠲᠠᠯᠪᠢᠭᠰᠠᠨ ᠰᠠᠨᠠᠯ᠄ 2021 ᠣᠨ ᠤ 2 ᠰᠠᠷ᠎ᠠ ᠶᠢᠨ 24 ᠦ ᠡᠳᠦᠷ ᠂ ᠶᠢᠨᠳ᠋ᠦ᠋ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠶᠢᠨᠳ᠋ᠦ᠋ ᠲᠣᠭᠣᠷᠢᠭ ᠤᠨ ᠬᠠᠤᠯᠢ ᠴᠠᠭᠠᠵᠠ ᠶᠢᠨ ᠲᠣᠪᠴᠢᠶ᠎ᠠ ᠳᠤ ᠬᠠᠤᠯᠢ ᠵᠥᠷᠢᠴᠡᠭᠰᠡᠨ ᠠᠵᠢᠯᠯᠠᠭ᠎ᠠ ᠶᠢ ᠵᠠᠰᠠᠬᠣ ᠮᠡᠳᠡᠭᠳᠡᠯ ᠦᠨ ᠪᠢᠴᠢᠭ ᠶᠠᠪᠤᠭᠤᠯᠵᠤ ᠂ ᠲᠡᠭᠦᠨ ᠦ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠹᠠᠨ ᠣᠪᠣᠭᠲᠤ ᠶᠢᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠬᠤᠭᠤᠴᠠᠭᠠᠨ ᠳᠤ ᠬᠠᠮᠢᠶᠠᠷᠤᠯᠲᠠ ᠠᠴᠠ ᠰᠠᠯᠤᠭᠰᠠᠨ ᠠᠰᠠᠭᠤᠳᠠᠯ ᠢ ᠬᠠᠤᠯᠢ ᠶᠣᠰᠣᠭᠠᠷ  ᠬᠢᠨᠠᠯᠲᠠ ᠲᠠᠯᠪᠢᠬᠤ ᠶᠢᠨ ᠬᠠᠮᠲᠤ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠡᠳᠦᠷ ᠪᠦᠷᠢ ᠶᠢᠨ ᠵᠢᠰᠦ ᠪᠡᠨ ᠦᠵᠡᠭᠦᠯᠦᠨ ᠰᠢᠯᠭᠠᠨ ᠪᠠᠲᠤᠯᠠᠬᠤ ᠲᠦᠷᠢᠮ ᠢ ᠥᠭᠡᠷᠡᠴᠢᠯᠡᠨ ᠰᠠᠶᠢᠵᠢᠷᠠᠭᠤᠯᠵᠤ᠂ ᠰᠢᠯᠭᠠᠨ ᠪᠠᠲᠤᠯᠠᠬᠤ ᠤᠳᠠᠭ᠎ᠠ ᠶᠢ ᠨᠡᠮᠡᠭᠳᠡᠭᠦᠯᠵᠦ᠂ ᠰᠢᠯᠭᠠᠨ ᠪᠠᠲᠤᠯᠠᠬᠤ ᠴᠠᠭ ᠢ ᠬᠢᠵᠠᠭᠠᠷᠯᠠᠨ ᠲᠣᠭᠲᠠᠭᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠳᠤᠲᠠᠭᠳᠠᠯ ᠢ ᠠᠰᠢᠭᠯᠠᠨ ᠬᠠᠮᠢᠶᠠᠷᠤᠯᠲᠠ ᠠᠴᠠ ᠰᠠᠯᠬᠤ ᠶᠢ ᠰᠡᠷᠭᠡᠶᠢᠯᠡᠬᠦ ᠬᠡᠷᠡᠭᠲᠡᠶ︔ ᠬᠢᠨᠠᠯᠲᠠ ᠲᠠᠯᠪᠢᠬᠤ ᠶᠠᠪᠤᠴᠠ ᠳᠤ ᠣᠯᠵᠤ ᠮᠡᠳᠡᠭᠰᠡᠨ ᠲᠠᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶᠠᠨ ᠤ ᠨᠢᠭᠡᠳᠦᠭᠡᠷ ᠰᠢᠭᠦᠯᠲᠡ ᠶᠢᠨ ᠲᠠᠰᠤᠯᠤᠯᠳᠡ ᠳᠤ ᠪᠤᠷᠤᠭᠤᠳᠠᠭᠰᠠᠨ ᠪᠠᠶᠢᠳᠠᠯ ᠢ ᠲᠠᠢᠴᠢᠶᠠᠨ ᠰᠢᠶᠠᠨ ᠤ ᠪᠠᠶᠢᠴᠠᠭᠠᠬᠤ ᠬᠣᠷᠢᠶᠠᠨ ᠳᠤ ᠵᠠᠬᠢᠳᠠᠯ ᠢᠶᠠᠷ ᠮᠡᠳᠡᠭᠳᠡᠵᠦ᠂ ᠬᠠᠤᠯᠢ ᠶᠣᠰᠣᠭᠠᠷ ᠬᠢᠨᠠᠯᠲᠠ ᠲᠠᠯᠪᠢᠵᠤ  ᠵᠠᠯᠠᠷᠠᠭᠣᠯᠬᠣ ᠪᠠᠷ ᠰᠠᠨᠠᠭᠤᠯᠪᠠ︔ ᠳᠣᠲᠣᠭᠠᠳᠤ ᠶᠢ ᠬᠠᠮᠠᠭᠠᠯᠠᠬᠤ  ᠪᠠᠶᠢᠭᠤᠯᠭ᠎ᠠ ᠶᠢᠨ ᠠᠷᠠᠳ ᠤᠨ ᠴᠠᠭᠳᠠᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠵᠤᠬᠢᠰ ᠦᠭᠡᠢ ᠭᠦᠢᠴᠡᠳᠬᠡᠭᠰᠡᠨ ᠠᠰᠠᠭᠤᠳᠠᠯ ᠢ ᠬᠠᠤᠯᠢ ᠶᠣᠰᠣᠭᠠᠷ ᠰᠢᠯᠵᠢᠭᠦᠯᠦᠨ ᠬᠦᠷᠭᠡᠵᠦ ᠰᠢᠶᠳᠪᠦᠷᠢᠯᠡᠭᠦᠯᠪᠡ᠃ 

ᠬᠢᠨᠠᠯᠲᠠ ᠲᠠᠯᠪᠢᠭᠰᠠᠨ ᠦᠷ᠎ᠡ ᠳ᠋ᠦᠩ᠄ ᠶᠢᠨᠳ᠋ᠦ᠋ ᠲᠣᠭᠣᠷᠢᠭ ᠤᠨ ᠬᠠᠤᠯᠢ ᠴᠠᠭᠠᠵᠠ ᠶᠢᠨ ᠲᠣᠪᠴᠢᠶ᠎ᠠ ᠪᠠᠶᠢᠴᠠᠭᠠᠬᠤ ᠪᠠᠶᠢᠭᠤᠯᠭ᠎ᠠ ᠶᠢᠨ ᠰᠠᠨᠠᠯ ᠢ ᠬᠦᠯᠢᠶᠡᠨ ᠠᠪᠴᠤ ᠂ ᠹᠠᠨ ᠣᠪᠣᠭᠲᠤ ᠶᠢᠨ ᠳᠤᠷ᠎ᠠ ᠪᠠᠷ ᠢᠶᠠᠨ ᠭᠠᠳᠠᠭᠰᠢ ᠭᠠᠷᠤᠭᠰᠠᠨ ᠠᠵᠢᠯᠯᠠᠭ᠎ᠠ ᠳᠤ ᠳᠣᠩᠭᠣᠳᠬᠤ ᠰᠢᠳᠬᠡᠯ ᠥᠭᠬᠦ ᠶᠢᠨ ᠬᠠᠮᠲᠤ ᠲᠡᠭᠦᠨ ᠦ ᠡᠳᠦᠷ ᠲᠤᠲᠤᠮ ᠤᠨ ᠬᠠᠮᠢᠶᠠᠷᠤᠯᠲᠠ ᠶᠢᠨ ᠳᠡᠰ ᠢ ᠳᠡᠭᠡᠭᠰᠢᠯᠡᠭᠦᠯᠪᠡ ︔ ᠬᠢᠨᠠᠨ ᠬᠠᠮᠢᠶᠠᠷᠬᠤ ᠬᠠᠷᠢᠭᠤᠴᠠᠯᠭᠠᠲᠠᠨ ᠳᠤ ᠰᠢᠭᠦᠮᠵᠢᠯᠡᠯ ᠬᠥᠮᠦᠵᠢᠯ ᠬᠢᠵᠦ ᠂ ᠪᠥᠬᠥ ᠣᠷᠣᠨ ᠤ ᠬᠠᠸᠯᠢ ᠴᠠᠭᠠᠵᠠ ᠶᠢᠨ ᠭᠠᠵᠠᠷ ᠲᠤ ᠰᠠᠬᠢᠯᠭ᠎ᠠ ᠪᠠᠲᠤ ᠶᠢᠨ ᠰᠡᠷᠡᠮᠵᠢᠯᠡᠭᠦᠯᠬᠦ ᠬᠥᠮᠦᠵᠢᠯ ᠢ ᠦᠷᠨᠢᠭᠦᠯᠪᠡ︔ ᠡᠳᠦᠷ ᠪᠦᠷᠢ ᠶᠢᠨ ᠨᠢᠭᠤᠷ  ᠰᠢᠷᠪᠢᠬᠦ  ᠶᠢ ᠰᠢᠯᠭᠠᠨ ᠪᠠᠲᠤᠯᠠᠬᠤ ᠲᠦᠷᠢᠮ ᠢ ᠬᠠᠯᠠᠨ ᠰᠠᠶᠢᠵᠢᠷᠠᠭᠤᠯᠵᠤ ᠂ ᠨᠢᠭᠤᠷ ᠰᠢᠷᠪᠢᠬᠦ ᠶᠢ ᠰᠢᠯᠭᠠᠨ ᠪᠠᠲᠤᠯᠠᠬᠤ ᠤᠳᠠᠭ᠎ᠠ ᠶᠢ ᠡᠳᠦᠷ ᠪᠦᠷᠢ ᠭᠤᠷᠪᠠ ᠤᠳᠠᠭ᠎ᠠ ᠪᠣᠯᠭᠠᠨ ᠨᠡᠮᠡᠭᠳᠡᠭᠦᠯᠵᠦ ᠂ ᠰᠢᠯᠭᠠᠨ ᠪᠠᠲᠤᠯᠠᠬᠤ ᠴᠠᠭ ᠢ ᠲᠣᠭᠲᠠᠭᠰᠠᠨ ᠴᠠᠭ ᠤᠨ ᠬᠡᠰᠡᠭ ᠲᠦ ᠬᠢᠵᠠᠭᠠᠷᠯᠠᠨ ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠨᠢᠭᠤᠷ ᠰᠢᠷᠪᠢᠬᠦ ᠶᠢ ᠰᠢᠯᠭᠠᠨ ᠪᠠᠲᠤᠯᠠᠬᠤ ᠴᠠᠭ ᠤᠨ ᠵᠠᠶ ᠶᠢ ᠠᠰᠢᠭᠯᠠᠨ ᠬᠢᠨᠠᠯᠲᠠ ᠬᠠᠮᠢᠶᠠᠷᠤᠯᠲᠠ  ᠠᠴᠠ ᠰᠠᠯᠬᠤ ᠶᠢ  ᠰᠡᠷᠭᠡᠶᠢᠯᠡᠪᠡ ᠃ ᠲᠠᠢᠴᠢᠶᠠᠨ ᠰᠢᠶᠠᠨ ᠤ ᠪᠠᠶᠢᠴᠠᠭᠠᠬᠤ ᠬᠣᠷᠢᠶ᠎ᠠ ᠶᠢᠨᠳ᠋ᠦ᠋ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶᠠᠨ ᠤ ᠰᠢᠯᠵᠢᠭᠦᠯᠦᠨ ᠬᠦᠷᠭᠡᠭᠰᠡᠨ ᠬᠢᠨᠠᠯᠲᠠ ᠲᠠᠯᠪᠢᠬᠤ ᠰᠦᠪᠡᠭᠴᠢ ᠶᠢ ᠦᠨᠳᠦᠰᠦᠯᠡᠨ᠂ ᠲᠠᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶᠠᠨ ᠳᠤ ᠲᠠᠬᠢᠨ ᠰᠢᠭᠦᠯᠭᠡᠬᠦ ᠪᠠᠶᠢᠴᠠᠭᠠᠬᠤ ᠰᠠᠨᠠᠭᠤᠯᠭ᠎ᠠ ᠭᠠᠷᠭᠠᠪᠠ︔ 2021 ᠣᠨ ᠤ 3 ᠰᠠᠷ᠎ᠠ ᠶᠢᠨ 29 ᠦ ᠡᠳᠦᠷ ᠲᠠᠶᠢᠴᠢᠶᠠᠨ ᠰᠢᠶᠠᠨ ᠤ ᠠᠷᠠᠳ ᠤᠨ ᠰᠢᠭᠦᠬᠦ ᠬᠣᠷᠢᠶ᠎ᠠ ᠳᠠᠬᠢᠨ ᠰᠢᠭᠦᠬᠦ ᠲᠠᠰᠤᠯᠤᠯᠲᠠ ᠭᠠᠷᠭᠠᠵᠤ ᠂ ᠤᠸᠯ ᠤᠨ ᠨᠢᠭᠡᠳᠦᠭᠡᠷ ᠰᠢᠭᠦᠯᠲᠡ ᠶᠢᠨ ᠲᠠᠰᠤᠯᠤᠯᠲᠠ ᠶᠢ ᠬᠦᠴᠦᠨ ᠥᠬᠡᠶ ᠪᠣᠯᠭᠠᠵᠤ ᠂ ᠬᠡᠳᠦᠨ ᠶᠠᠯ᠎ᠠ ᠶᠢ ᠨᠡᠶᠢᠯᠡᠭᠦᠯᠦᠨ ᠰᠢᠳᠬᠡᠵᠦ ᠂ ᠹᠠᠨ ᠣᠪᠣᠭᠲᠤ ᠶᠢ ᠠᠷᠪᠠᠨ ᠰᠠᠷ᠎ᠠ ᠬᠤᠭᠤᠴᠠᠭ᠎ᠠ ᠲᠠᠶ ᠬᠣᠷᠢᠬᠤ  ᠪᠠᠷ ᠲᠣᠭᠲᠠᠭᠠᠵᠣ ᠂ ᠠᠷᠠᠳ ᠤᠨ ᠵᠣᠭᠣᠰ  ᠨᠠᠶᠮᠠᠨ ᠮᠢᠩᠭᠠᠨ ᠲᠥᠭᠥᠷᠢᠭ ᠢᠶᠡᠷ ᠲᠣᠷᠭᠠᠬᠤ ᠪᠠᠷ ᠨᠡᠶᠢᠯᠡᠭᠦᠯᠦᠨ ᠰᠢᠳᠬᠡᠬᠦ ᠪᠡᠷ ᠲᠣᠭᠲᠠᠭᠠᠵᠠᠶ ᠃ ᠬᠣᠯᠪᠣᠭᠳᠠᠯ ᠪᠥᠬᠥᠶ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠠᠷᠠᠳ ᠤᠨ ᠴᠠᠭᠳᠠᠭ᠎ᠠ ᠲᠤᠰᠢᠶᠠᠯ ᠢᠶᠠᠨ ᠵᠣᠬᠢᠰ ᠥᠬᠡᠶ ᠭᠦᠶᠴᠡᠳᠬᠡᠭᠰᠡᠨ ᠡᠴᠡ ᠪᠣᠯᠵᠣ ᠨᠠᠮ ᠤᠨ ᠳᠣᠲᠣᠭᠠᠳᠤ ᠳᠤ ᠳᠣᠩᠭᠣᠳᠬᠤ ᠰᠢᠳᠬᠡᠯ  ᠣᠯᠭᠣᠵᠠᠢ᠃

【ᠨᠡᠶᠢᠲᠡᠯᠢᠭ ᠠᠴᠢ ᠬᠣᠯᠪᠣᠭᠳᠠᠯ】 

(ᠨᠢᠭᠡ) ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠨᠡᠶᠢᠭᠡᠮ ᠲᠣᠭᠣᠷᠢᠭ ᠤᠨ ᠵᠠᠰᠠᠮᠵᠢᠯᠠᠯ ᠪᠠ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠬᠠᠮᠵᠢᠯᠴᠠᠭᠠᠨ ᠤ ᠲᠣᠭᠲᠠᠴᠠ ᠶᠢ ᠴᠢᠩᠭᠠᠳᠬᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠢᠨᠠᠯᠲᠠ ᠲᠠᠯᠪᠢᠬᠤ ᠶᠠᠰᠤ ᠴᠢᠨᠠᠷ ᠪᠠ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠡᠷᠡᠭᠦᠦ ᠰᠢᠳᠬᠡᠯ  ᠵᠥᠪ ᠬᠡᠷᠡᠭᠵᠢᠭᠦᠯᠦᠭᠳᠡᠬᠦ ᠶᠢ ᠬᠠᠮᠲᠤ ᠪᠠᠷ ᠪᠠᠲᠤᠯᠠᠬᠤ ᠬᠡᠷᠡᠭᠲᠡᠶ᠃ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠶᠠᠪᠤᠴᠠ ᠳᠤ᠂ ᠪᠠᠶᠢᠴᠠᠭᠠᠬᠤ ᠪᠠᠶᠢᠭᠤᠯᠭ᠎ᠠ ᠨᠢ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠲᠠᠶ ᠨᠡᠪᠲᠡᠷᠡᠯᠴᠡᠭᠡ ᠵᠣᠬᠢᠴᠠᠭᠤᠯᠭ᠎ᠠ ᠪᠠᠨ ᠴᠢᠩᠭᠠᠳᠬᠠᠵᠤ᠂ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ᠂ ᠬᠡᠷᠡᠭ ᠦᠨ ᠪᠠᠶᠢᠳᠠᠯ ᠢ ᠮᠡᠳᠡᠭᠳᠡᠬᠦ᠂ ᠬᠡᠷᠡᠭ ᠦᠨ ᠰᠦᠪᠡᠭᠴᠢ ᠶᠢ ᠰᠢᠯᠵᠢᠭᠦᠯᠦᠨ ᠬᠦᠷᠭᠡᠬᠦ ᠲᠣᠭᠲᠠᠴᠠ ᠶᠢ ᠪᠦᠷᠢᠨᠰᠢᠬᠦᠯᠵᠤ᠂ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠶᠠᠪᠤᠴᠠ ᠳᠤ ᠪᠤᠰᠤᠳ ᠪᠠᠶᠢᠭᠤᠯᠭ᠎ᠠ ᠪᠤᠶᠤ ᠬᠤᠪᠢ ᠬᠥᠮᠦᠨ ᠦ ᠨᠡᠶᠢᠭᠡᠮ ᠲᠣᠭᠣᠷᠢᠭ ᠤᠨ ᠵᠠᠰᠠᠮᠵᠢᠯᠠᠯ  ᠦᠨ ᠬᠣᠯᠪᠣᠭᠳᠠᠯ ᠪᠦᠬᠦᠢ ᠲᠣᠭᠲᠠᠭᠠᠯ ᠢ ᠵᠥᠷᠢᠴᠡᠭᠰᠡᠨ ᠰᠦᠪᠡᠭᠴᠢ ᠶᠢ ᠣᠯᠵᠤ ᠮᠡᠳᠡᠪᠡᠯ᠂ ᠴᠠᠭ ᠲᠤᠬᠠᠶ ᠳᠤᠨᠢ ᠬᠠᠷᠢᠯᠴᠠᠨ ᠮᠡᠳᠡᠭᠳᠡᠬᠦ ᠬᠡᠷᠡᠭᠲᠡᠶ᠃ ᠪᠠᠶᠢᠴᠠᠭᠠᠬᠤ ᠪᠠᠶᠢᠭᠤᠯᠭ᠎ᠠ ᠨᠢ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠰᠢᠯᠵᠢᠭᠦᠯᠦᠨ ᠬᠦᠷᠭᠡᠭᠰᠡᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠣᠯᠪᠣᠭᠳᠠᠯ ᠪᠦᠬᠦᠢ ᠲᠣᠭᠲᠠᠭᠠᠯ ᠢ ᠵᠥᠷᠢᠴᠡᠭᠰᠡᠨ  ᠬᠠᠮᠢᠶ᠎ᠠ ᠪᠦᠬᠦᠢ ᠰᠦᠪᠡᠭᠴᠢ ᠶᠢ ᠬᠠᠤᠯᠢ ᠶᠣᠰᠣᠭᠠᠷ ᠪᠠᠶᠢᠴᠠᠭᠠᠨ ᠬᠠᠷᠭᠤᠭᠤᠯᠬᠤ ᠬᠡᠷᠡᠭᠲᠡᠶ︔ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠶᠠᠪᠤᠴᠠ ᠳᠤ ᠣᠯᠵᠤ ᠮᠡᠳᠡᠭᠰᠡᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠢᠨᠠᠯᠲᠠ ᠬᠠᠮᠢᠶᠠᠷᠤᠯᠲᠠ ᠶᠢᠨ ᠠᠰᠠᠭᠤᠳᠠᠯ ᠵᠢᠴᠢ ᠳᠤᠲᠠᠭᠳᠠᠯ ᠢ ᠴᠠᠭ ᠲᠤᠬᠠᠶ ᠳᠤᠨᠢ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠵᠡᠷᠭᠡ ᠳᠦ ᠪᠠᠶᠢᠴᠠᠭᠠᠬᠤ ᠰᠠᠨᠠᠭᠤᠯᠭ᠎ᠠ ᠳᠤᠷᠠᠳᠴᠤ᠂ ᠬᠢᠨᠠᠯᠲᠠ ᠲᠠᠯᠪᠢᠬᠤ ᠪᠠᠷ ᠨᠡᠶᠢᠭᠡᠮ ᠲᠣᠭᠣᠷᠢᠭ ᠤᠨ ᠵᠠᠰᠠᠮᠵᠢᠯᠠᠯ  ᠢ ᠵᠢᠷᠤᠮᠵᠢᠭᠤᠯᠤᠨ ᠳᠡᠭᠡᠭᠰᠢᠯᠡᠭᠦᠯᠬᠦ ᠶᠢ ᠠᠬᠢᠭᠤᠯᠵᠤ᠂ ᠡᠷᠡᠭᠦᠦ ᠰᠢᠳᠬᠡᠯ ᠢ ᠵᠥᠪ ᠬᠡᠷᠡᠭᠵᠢᠭᠦᠯᠬᠦ ᠶᠢ ᠪᠠᠲᠤᠯᠠᠵᠤ᠂ ᠲᠥᠪ ᠭᠣᠣᠯᠴᠢ ᠪᠠᠷ ᠬᠠᠤᠯᠢ ᠪᠠᠷᠢᠬᠤ ᠶᠢ ᠬᠠᠮᠠᠭᠠᠯᠠᠬᠤ ᠬᠡᠷᠡᠭᠲᠡᠶ᠃ 

(ᠬᠣᠶᠠᠷ) ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ  ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠶᠠᠪᠤᠴᠠ ᠳᠤ᠂ ᠠᠷᠠᠳ ᠤᠨ ᠰᠢᠭᠦᠬᠦ ᠬᠣᠷᠢᠶᠠᠨ ᠤ ᠲᠠᠰᠤᠯᠤᠯᠲᠠ ᠳᠤ ᠦᠨᠡᠬᠡᠷ ᠪᠤᠷᠤᠭᠤ ᠲᠠᠶ ᠪᠠᠶᠢᠬᠤ ᠶᠢ ᠣᠯᠵᠤ ᠮᠡᠳᠡᠪᠡᠯ᠂ ᠪᠠᠶᠢᠴᠠᠭᠠᠬᠤ ᠠᠵᠢᠯ ᠢ ᠨᠢᠭᠡ ᠴᠤᠭᠴᠠᠵᠢᠭᠤᠯᠬᠤ ᠣᠶᠢᠯᠠᠭᠠᠭᠳᠠᠬᠤᠨ ᠢ ᠪᠠᠷᠢᠮᠲᠠᠯᠠᠵᠤ᠂ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠰᠦᠪᠡᠭᠴᠢ ᠶᠢ ᠬᠠᠤᠯᠢ ᠶᠣᠰᠣᠭᠠᠷ ᠴᠠᠭ ᠲᠤᠬᠠᠶ ᠳᠤᠨᠢ ᠰᠢᠯᠵᠢᠭᠦᠯᠦᠨ ᠬᠦᠷᠭᠡᠬᠦ ᠬᠡᠷᠡᠭᠲᠡᠶ᠃ ᠠᠷᠠᠳ ᠤᠨ ᠰᠢᠭᠦᠬᠦ ᠬᠣᠷᠢᠶ᠎ᠠ ᠰᠢᠨ᠎ᠡ ᠶᠠᠯ᠎ᠠ ᠶᠢ ᠰᠢᠭᠦᠬᠦ ᠪᠤᠶᠤ ᠭᠣᠭᠣᠵᠢᠭᠳᠠᠭᠰᠠᠨ ᠶᠠᠯ᠎ᠠ ᠶᠢ ᠰᠢᠭᠦᠬᠦ ᠦᠶ᠎ᠡ ᠳᠦ ᠨᠡᠶᠢᠭᠡᠮ ᠲᠣᠭᠣᠷᠢᠭ ᠤᠨ ᠵᠠᠰᠠᠮᠵᠢᠯᠠᠯ ᠦᠨ ᠡᠲᠡᠭᠡᠳ ᠢ ᠨᠢᠭᠡᠨᠲᠡ ᠡᠷᠡᠭᠦᠦ ᠰᠢᠳᠬᠡᠯ ᠢ ᠨᠢ ᠬᠣᠶᠢᠰᠢᠯᠠᠭᠤᠯᠬᠤ ᠪᠠᠷ ᠰᠢᠳᠬᠡᠭᠰᠡᠨ ᠵᠡᠷᠭᠡ ᠪᠠᠶᠢᠳᠠᠯ ᠢ ᠣᠯᠵᠤ ᠮᠡᠳᠡᠭᠰᠡᠨ ᠦᠭᠡᠢ ᠪᠠᠶᠢᠪᠠᠯ᠂ ᠠᠷᠠᠳ ᠤᠨ ᠪᠠᠶᠢᠴᠠᠭᠠᠬᠤ ᠬᠣᠷᠢᠶ᠎ᠠ ᠭᠦᠨᠵᠡᠭᠡᠶ ᠪᠠᠶᠢᠴᠠᠭᠠᠨ ᠬᠠᠷᠭᠤᠭᠤᠯᠵᠤ᠂ ᠪᠦᠬᠦ ᠲᠠᠯ᠎ᠠ ᠪᠠᠷ ᠬᠢᠨᠠᠨ ᠪᠠᠶᠢᠴᠠᠭᠠᠵᠤ᠂ ᠠᠷᠠᠳ ᠤᠨ ᠰᠢᠭᠦᠬᠦ ᠬᠣᠷᠢᠶᠠᠨ ᠤ ᠲᠠᠰᠤᠯᠤᠨ ᠲᠣᠭᠲᠠᠭᠠᠯᠲᠠ ᠨᠢ ᠦᠨᠡᠬᠡᠷ ᠪᠤᠷᠤᠭᠤ ᠲᠠᠶ ᠪᠠᠶᠢᠬᠤ ᠡᠰᠡᠬᠦ ᠶᠢ ᠪᠠᠶᠢᠴᠠᠭᠠᠨ ᠲᠣᠳᠣᠷᠬᠠᠶᠢᠯᠠᠬᠤ ᠬᠡᠷᠡᠭᠲᠡᠶ ᠮᠥᠷᠲᠡᠭᠡᠨ ᠪᠠᠰᠠ ᠬᠠᠤᠯᠢ ᠪᠠᠷᠢᠬᠤ ᠠᠵᠢᠯᠲᠠᠨ ᠳᠤ ᠬᠠᠤᠯᠢ ᠶᠢ ᠵᠥᠷᠢᠴᠡᠵᠦ ᠰᠠᠬᠢᠯᠭ᠎ᠠ ᠪᠠᠲᠤ ᠶᠢ ᠵᠥᠷᠢᠴᠡᠭᠰᠡᠨ ᠦᠢᠯᠡ ᠠᠵᠢᠯᠯᠠᠭ᠎ᠠ ᠪᠠᠶᠢᠬᠤ ᠡᠰᠡᠬᠦ ᠶᠢ ᠪᠠᠶᠢᠴᠠᠭᠠᠵᠤ᠂ ᠬᠠᠤᠯᠢ ᠴᠠᠭᠠᠵᠠ ᠶᠢᠨ ᠬᠢᠨᠠᠯᠲᠠ ᠶᠢᠨ ᠨᠠᠷᠢᠯᠢᠭ ᠣᠨᠣᠴᠠᠲᠠᠶ ᠴᠢᠨᠠᠷ ᠪᠠ ᠦᠷ᠎ᠡ ᠪᠦᠲᠦᠮᠵᠢ ᠶᠢ ᠳᠡᠭᠡᠭᠰᠢᠯᠡᠭᠦᠯᠬᠦ ᠬᠡᠷᠡᠭᠲᠡᠶ᠃ ᠰᠢᠭᠦᠬᠦ ᠬᠣᠷᠢᠶᠠᠨ ᠤ ᠲᠠᠰᠤᠯᠤᠨ ᠲᠣᠭᠲᠠᠭᠠᠯᠲᠠ ᠨᠢ ᠦᠨᠡᠬᠡᠷ ᠪᠤᠷᠤᠭᠤᠳᠠᠭᠰᠠᠨ᠂ ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠶᠢᠨ ᠬᠡᠪᠴᠢᠶᠡᠨ ᠳᠦ ᠪᠠᠭᠲᠠᠬᠤ ᠪᠣᠯᠪᠠᠴᠤ ᠲᠤᠰ ᠬᠣᠷᠢᠶᠠᠨ ᠤ ᠬᠠᠷᠢᠶᠠᠯᠠᠯ ᠳᠤ ᠪᠠᠭᠲᠠᠬᠤ ᠦᠭᠡᠢ ᠬᠢᠨᠠᠯᠲᠠ ᠲᠠᠯᠪᠢᠬᠤ ᠰᠦᠪᠡᠭᠴᠢ ᠶᠢ ᠬᠠᠷᠢᠶᠠᠯᠠᠯ ᠤᠨ ᠡᠷᠬᠡ ᠲᠡᠶ ᠪᠠᠶᠢᠴᠠᠭᠠᠬᠤ ᠬᠣᠷᠢᠶᠠᠨ ᠳᠤ ᠬᠠᠤᠯᠢ ᠶᠣᠰᠣᠭᠠᠷ ᠰᠢᠯᠵᠢᠭᠦᠯᠦᠨ ᠬᠦᠷᠭᠡᠬᠦ ᠶᠢᠨ ᠬᠠᠮᠲᠤ ᠰᠢᠭᠦᠬᠦ ᠬᠣᠷᠢᠶᠠᠨ ᠤ ᠰᠢᠭᠦᠯᠲᠡ ᠶᠢᠨ ᠦᠷ᠎ᠡ ᠳ᠋ᠦᠩ ᠢ ᠮᠥᠷᠳᠡᠬᠦ ᠬᠡᠷᠡᠭᠲᠡᠶ᠃ ᠬᠠᠤᠯᠢ ᠪᠠᠷᠢᠬᠤ ᠠᠵᠢᠯᠳᠠᠨ ᠤ ᠬᠠᠤᠯᠢ ᠶᠢ ᠵᠥᠷᠢᠴᠡᠵᠦ ᠰᠠᠬᠢᠯᠭ᠎ᠠ ᠪᠠᠲᠤ ᠶᠢ ᠵᠥᠷᠢᠴᠡᠭᠰᠡᠨ ᠰᠡᠵᠢᠭᠯᠡᠯᠲᠡᠶ ᠠᠰᠠᠭᠤᠳᠠᠯ ᠤᠨ ᠰᠦᠪᠡᠭᠴᠢ ᠶᠢ ᠬᠠᠤᠯᠢ ᠴᠠᠭᠠᠵᠠ ᠶᠢᠨ ᠲᠣᠭᠲᠠᠭᠠᠯ ᠶᠣᠰᠣᠭᠠᠷ ᠴᠠᠭ ᠲᠤᠬᠠᠶ ᠳᠤᠨᠢ ᠬᠣᠯᠪᠣᠭᠳᠠᠯ ᠪᠦᠬᠦᠢ ᠪᠠᠶᠢᠭᠤᠯᠭ᠎ᠠ ᠪᠤᠶᠤ ᠰᠠᠯᠠᠭ᠎ᠠ ᠮᠥᠴᠢᠷ ᠲᠦ ᠰᠢᠯᠵᠢᠭᠦᠯᠦᠨ ᠬᠦᠷᠭᠡᠵᠦ ᠰᠢᠶᠳᠪᠦᠷᠢᠯᠡᠭᠦᠯᠦᠨ᠂ ᠬᠠᠤᠯᠢ ᠴᠠᠭᠠᠵᠠ ᠶᠢᠨ ᠬᠢᠨᠠᠯᠲᠠ ᠶᠢᠨ ᠦᠷ᠎ᠡ ᠪᠦᠲᠦᠮᠵᠢ ᠶᠢ ᠭᠦᠨᠵᠡᠭᠡᠶᠢᠷᠡᠭᠦᠯᠬᠦ ᠬᠡᠷᠡᠭᠲᠡᠶ᠃ 

【ᠬᠣᠯᠪᠣᠭᠳᠠᠯ ᠪᠦᠬᠦᠢ ᠲᠣᠭᠲᠠᠭᠠᠯ】 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠸ ᠶᠢᠨ ᠬᠠᠸᠯᠢ ︾ ᠶᠢᠨ ᠳᠠᠯᠠᠨ ᠳᠣᠯᠣᠳᠤᠭᠠᠷ ᠵᠦᠶᠯ 

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠬᠠᠤᠯᠢ 》 ᠶᠢᠨ ᠬᠣᠷᠢᠨ ᠭᠤᠷᠪᠠᠳᠤᠭᠠᠷ ᠵᠦᠢᠯ ᠂ ᠬᠣᠷᠢᠨ ᠵᠢᠷᠭᠤᠳᠤᠭᠠᠷ ᠵᠦᠢᠯ 

 

 

 

ᠬᠡᠷᠡᠭ ᠦᠨ ᠵᠢᠱᠢᠶ᠎ᠡ ᠵᠢᠷᠭᠤᠭ᠎ᠠ

ᠨᠡᠶᠢᠭᠡᠮ ᠲᠣᠭᠣᠷᠢᠭ ᠤᠨ ᠵᠠᠰᠠᠮᠵᠢᠯᠠᠯ ᠦᠨ ᠡᠲᠡᠭᠡᠳ ᠬᠤᠸᠠᠩ ᠣᠪᠣᠭᠲᠤ ᠂ ᠰᠦᠨ ᠣᠪᠣᠭᠲᠤ ᠶᠢᠨ ᠴᠠᠭᠠᠵᠠᠯᠠᠬᠤ ᠵᠠᠷᠯᠢᠭ ᠤᠨ ᠭᠦᠢᠴᠡᠳᠬᠡᠯᠲᠡ ᠳᠦ ᠬᠢᠨᠠᠯᠲᠠ ᠲᠠᠯᠪᠢᠭᠰᠠᠨ ᠬᠡᠷᠡᠭ

【ᠵᠠᠩᠭᠢᠯᠠᠭ᠎ᠠ ᠶᠢᠨ ᠦᠭᠡ】

ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠢᠨᠠᠯᠲᠠ ᠲᠠᠯᠪᠢᠬᠤ          ᠴᠠᠭᠠᠵᠠᠯᠠᠬᠤ ᠵᠠᠷᠯᠢᠭ ᠤᠨ ᠭᠦᠢᠴᠡᠳᠬᠡᠯᠲᠡ ᠳᠦ ᠬᠢᠨᠠᠯᠲᠠ ᠲᠠᠯᠪᠢᠬᠤ         ᠦᠪᠡᠷᠮᠢᠴᠡ ᠵᠠᠰᠠᠮᠵᠢᠯᠠᠯ 

【ᠭᠣᠣᠯ ᠵᠣᠷᠢᠯᠭ᠎ᠠ】 

ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠤᠬᠠᠶ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠬᠡᠷᠡᠭᠵᠢᠭᠦᠯᠵᠦ ᠪᠠᠶᠢᠭ᠎ᠠ ᠪᠠᠶᠢᠳᠠᠯ ᠢ ᠪᠦᠬᠦ ᠲᠠᠯ᠎ᠠ ᠪᠠᠷ ᠡᠵᠡᠮᠰᠢᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢᠶᠠᠷ ᠵᠠᠷᠯᠠᠭᠳᠠᠭᠰᠠᠨ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ  ᠡᠲᠡᠬᠡᠳ  ᠲᠦ ᠬᠠᠤᠯᠢ ᠶᠣᠰᠣᠭᠠᠷ ᠬᠢᠨᠠᠯᠲᠠ ᠬᠠᠮᠢᠶᠠᠷᠤᠯᠲᠠ ᠶᠠᠪᠤᠭᠤᠯᠬᠤ ᠡᠰᠡᠬᠦ ᠳᠦ ᠬᠠᠤᠯᠢ ᠴᠠᠭᠠᠵᠠ ᠶᠢᠨ ᠬᠢᠨᠠᠯᠲᠠ ᠲᠠᠯᠪᠢᠬᠤ  ᠡᠷᠴᠢᠮ ᠢᠶᠡᠨ ᠴᠢᠩᠭᠠᠷᠠᠭᠤᠯᠬᠤ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠵᠠᠷᠯᠠᠭᠰᠠᠨ ᠨᠡᠶᠢᠭᠡᠮ ᠲᠣᠭᠣᠷᠢᠭ ᠤᠨ  ᠵᠠᠰᠠᠮᠵᠢᠯᠠᠯ ᠶᠢᠨ  ᠡᠲᠡᠬᠡᠳ ᠢ ᠬᠢᠨᠠᠨ ᠬᠠᠮᠢᠶᠠᠷᠤᠭᠰᠠᠨ ᠲᠠᠯ᠎ᠠ ᠪᠠᠷ ᠬᠦᠷᠦᠯᠴᠡᠬᠦ ᠦᠭᠡᠢ ᠪᠠᠶᠢᠬᠤ ᠶᠢ ᠣᠯᠵᠤ ᠮᠡᠳᠡᠪᠡᠯ᠂ ᠠᠷᠠᠳ ᠤᠨ ᠪᠠᠶᠢᠴᠠᠭᠠᠬᠤ ᠬᠣᠷᠢᠶ᠎ᠠ ᠬᠠᠤᠯᠢ ᠶᠣᠰᠣᠭᠠᠷ ᠴᠠᠭ ᠲᠤᠬᠠᠶ ᠳᠤᠨᠢ ᠬᠢᠨᠠᠯᠲᠠ ᠲᠠᠯᠪᠢᠬᠤ ᠰᠠᠨᠠᠯ ᠳᠤᠷᠠᠳᠴᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ  ᠡᠲᠡᠬᠡᠳ ᠤᠨ ᠶᠠᠯ᠎ᠠ ᠬᠢᠬᠦ ᠥᠳᠥᠭᠡᠯᠭᠡ ᠶᠢᠨ ᠰᠢᠯᠲᠠᠭᠠᠨ ᠲᠠᠶ ᠳᠠᠬᠢᠨᠲᠠ ᠣᠶᠢᠷᠠᠲᠤᠬᠤ ᠠᠴᠠ ᠵᠠᠶᠢᠯᠠᠰᠬᠢᠵᠦ᠂ ᠶᠠᠯ᠎ᠠ ᠬᠢᠬᠦ ᠶᠢ ᠤᠷᠢᠳᠴᠢᠯᠠᠨ ᠰᠡᠷᠭᠡᠶᠢᠯᠡᠬᠦ ᠪᠠ ᠴᠥᠭᠡᠳᠬᠡᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠬᠥᠮᠦᠵᠢᠯ  ᠵᠠᠰᠠᠯᠲᠠ ᠶᠢᠨ ᠶᠠᠰᠤ ᠴᠢᠨᠠᠷ ᠢ ᠳᠡᠭᠡᠭᠰᠢᠯᠡᠭᠦᠯᠬᠦ ᠬᠡᠷᠡᠭᠲᠡᠶ᠃ 

【ᠬᠡᠷᠡᠭ ᠦᠨ ᠦᠨᠳᠦᠰᠦᠨ ᠪᠠᠶᠢᠳᠠᠯ】

ᠨᠡᠶᠢᠭᠡᠮ ᠲᠣᠭᠣᠷᠢᠭ ᠤᠨ  ᠵᠠᠰᠠᠮᠵᠢᠯᠠᠯ ᠤᠨ ᠡᠲᠡᠭᠡᠳ ᠬᠤᠸᠠᠩ ᠣᠪᠣᠭᠲᠤ ᠂ ᠡᠮᠡᠭᠲᠡᠶ ᠂ 1972 ᠣᠨ ᠤ 11 ᠰᠠᠷ᠎ᠠ ᠳᠤ ᠳᠦᠷᠦᠵᠡᠶ ᠂ 2022 ᠣᠨ ᠤ 8 ᠰᠠᠷ᠎ᠠ ᠶᠢᠨ 16 ᠤ ᠡᠳᠦᠷ ᠬᠣᠸᠷ ᠬᠥᠨᠥᠭᠡᠯ ᠲᠡᠶ ᠢᠳᠡᠭᠡᠨ ᠪᠣᠷᠣᠯᠠᠭᠤᠯᠤᠭᠰᠠᠨ ᠶᠠᠯ᠎ᠠ ᠬᠢᠭᠰᠡᠨ ᠡᠴᠡ ᠪᠣᠯᠵᠣ ᠭᠢᠷᠢᠨ ᠮᠤᠵᠢ ᠶᠢᠨ ᠳ᠋ᠦᠩ ᠹᠸᠩ ᠰᠢᠶᠠᠨ ᠤ ᠠᠷᠠᠳ ᠤᠨ ᠰᠢᠭᠦᠬᠦ ᠬᠣᠷᠢᠶᠠᠨ ᠳᠤ ᠨᠢᠭᠡ ᠵᠢᠯ ᠦᠨ ᠬᠤᠭᠤᠴᠠᠭ᠎ᠠ ᠲᠠᠶ ᠬᠣᠷᠢᠬᠤ ᠡᠷᠡᠭᠦᠸ ᠪᠡᠷ ᠰᠢᠳᠬᠡᠭᠳᠡᠵᠦ ᠂ ᠡᠷᠡᠭᠦᠸ ᠰᠢᠳᠬᠡᠯ ᠢ ᠨᠢᠭᠡ ᠵᠢᠯ ᠬᠣᠶᠢᠰᠢᠯᠠᠭᠤᠯᠬᠤ ᠪᠠᠷ ᠵᠠᠷᠯᠠᠵᠤ ᠂ ᠠᠷᠠᠳ ᠤᠨ ᠵᠣᠭᠣᠰ ᠳᠥᠷᠪᠡᠨ ᠮᠢᠩᠭᠠᠨ ᠲᠥᠭᠥᠷᠢᠭ ᠢᠶᠡᠷ ᠲᠣᠷᠭᠠᠬᠤ ᠪᠠᠷ ᠨᠡᠶᠢᠯᠡᠭᠦᠯᠦᠨ ᠰᠢᠳᠬᠡᠵᠡᠶ ᠂ ᠡᠭᠦᠨ ᠦ ᠬᠠᠮᠲᠤ ᠡᠷᠡᠭᠦᠸ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠢᠳᠡᠭᠡᠨ ᠪᠣᠷᠣᠯᠠᠭᠤᠯᠬᠤ ᠵᠢᠴᠢ ᠬᠣᠯᠪᠣᠭᠳᠠᠯ ᠪᠥᠬᠥᠶ ᠠᠵᠢᠯᠯᠠᠭ᠎ᠠ ᠬᠢᠬᠦ ᠶᠢ ᠴᠠᠭᠠᠵᠠᠯᠠᠬᠤ ᠪᠠᠷ ᠵᠠᠷᠯᠠᠪᠠ ᠃ 2022 ᠣᠨ ᠤ 9 ᠰᠠᠷ᠎ᠠ ᠶᠢᠨ 29 ᠦ ᠡᠳᠦᠷ ᠂  ᠲᠣᠰ ᠬᠡᠷᠡᠭ ᠦᠨ ᠬᠠᠮᠲᠣ ᠵᠠᠭᠠᠯᠳᠤᠭᠳᠠᠭᠴᠢ ᠳᠡᠭᠡᠭᠰᠢ ᠵᠠᠭᠠᠯᠳᠤᠭᠰᠠᠨ ᠠᠴᠠ ᠪᠣᠯᠵᠣ ᠂ ᠭᠢᠷᠢᠨ ᠮᠤᠵᠢ ᠶᠢᠨ ᠯᠢᠶᠤᠤᠶᠤᠸᠠᠨ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠳᠡᠭᠡᠭᠰᠢ ᠵᠠᠭᠠᠯᠳᠤᠭᠰᠠᠨ ᠢ ᠨᠢᠴᠤᠭᠠᠵᠤ ᠂ ᠤᠸᠯ ᠤᠨ ᠲᠠᠰᠤᠯᠤᠯᠲᠠ ᠶᠢ ᠪᠠᠷᠢᠮᠲᠠᠯᠠᠬᠤ ᠪᠠᠷ ᠲᠣᠭᠲᠠᠭᠠᠯᠲᠠ ᠭᠠᠷᠭᠠᠪᠠ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ  ᠶᠢ 2022 ᠣᠨ ᠤ 10 ᠰᠠᠷ᠎ᠠ ᠶᠢᠨ 9 ᠦ ᠡᠳᠦᠷ ᠡᠴᠡ 2023 ᠣᠨ ᠤ 10 ᠰᠠᠷ᠎ᠠ ᠶᠢᠨ 8 ᠤ ᠡᠳᠦᠷ ᠪᠣᠯᠲᠠᠯ᠎ᠠ  ᠬᠢᠵᠠᠭᠠᠷᠯᠠᠪᠠ᠃ ᠬᠤᠸᠠᠩ ᠣᠪᠣᠭᠲᠤ ᠰᠦᠩᠶᠤᠸᠠᠨ ᠬᠣᠲᠠ ᠶᠢᠨ ᠴᠠᠩ ᠯᠢᠩ ᠰᠢᠶᠠᠨ ᠤ ᠨᠢᠭᠡᠨ ᠬᠠᠤᠯᠢ ᠴᠠᠭᠠᠵᠠ ᠶᠢᠨ  ᠰᠠᠯᠪᠣᠷᠢ  ᠳᠤ ᠨᠡᠶᠢᠭᠡᠮ ᠲᠣᠭᠣᠷᠢᠭ ᠤᠨ ᠵᠠᠰᠠᠮᠵᠢᠯᠠᠯ ᠢ ᠬᠦᠯᠢᠶᠡᠨ ᠠᠪᠴᠠᠶ ᠃ 

ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠰᠦᠨ ᠣᠪᠣᠭᠲᠤ ᠂ ᠡᠷᠡᠭᠲᠡᠶ ᠂ 1970 ᠣᠨ ᠤ 11 ᠰᠠᠷ᠎ᠠ ᠳᠤ ᠳᠦᠷᠦᠵᠡᠶ ᠂ 2022 ᠣᠨ ᠤ 6 ᠰᠠᠷ᠎ᠠ ᠶᠢᠨ 24 ᠦ ᠡᠳᠦᠷ ᠬᠣᠸᠷ ᠬᠥᠨᠥᠭᠡᠯ ᠲᠡᠶ ᠢᠳᠡᠭᠡᠨ ᠪᠣᠷᠣᠯᠠᠭᠤᠯᠤᠭᠰᠠᠨ ᠶᠠᠯ᠎ᠠ ᠬᠢᠭᠰᠡᠨ ᠡᠴᠡ ᠪᠣᠯᠵᠣ ᠭᠢᠷᠢᠨ ᠮᠤᠵᠢ ᠶᠢᠨ ᠰᠦᠩᠶᠤᠸᠠᠨ ᠬᠣᠲᠠ ᠶᠢᠨ ᠴᠠᠩ ᠯᠢᠩ ᠰᠢᠶᠠᠨ ᠤ ᠠᠷᠠᠳ ᠤᠨ ᠰᠢᠭᠦᠬᠦ ᠬᠣᠷᠢᠶ᠎ᠠ ᠳᠤ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠶ ᠬᠣᠷᠢᠬᠤ ᠡᠷᠡᠭᠦᠸ ᠪᠡᠷ ᠰᠢᠳᠬᠡᠭᠳᠡᠵᠦ ᠂ ᠡᠷᠡᠭᠦᠸ ᠰᠢᠳᠬᠡᠯ ᠢ ᠨᠢᠭᠡ ᠵᠢᠯ ᠬᠣᠶᠢᠰᠢᠯᠠᠭᠤᠯᠬᠤ ᠪᠠᠷ ᠵᠠᠷᠯᠠᠬᠤ ᠶᠢᠨ ᠬᠠᠮᠲᠤ ᠡᠷᠡᠭᠦᠸ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠢᠳᠡᠭᠡᠨ ᠪᠣᠷᠣᠯᠠᠭᠤᠯᠬᠤ ᠵᠢᠴᠢ ᠬᠣᠯᠪᠣᠭᠳᠠᠯ ᠪᠥᠬᠥᠶ ᠠᠵᠢᠯᠯᠠᠭ᠎ᠠ ᠬᠢᠬᠦ ᠶᠢ ᠴᠠᠭᠠᠵᠠᠯᠠᠬᠤ ᠪᠠᠷ ᠵᠠᠷᠯᠠᠪᠠ ᠃ ᠡᠷᠡᠭᠦᠦ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭ᠎ᠠ  ᠶᠢ 2022 ᠣᠨ ᠤ 7 ᠰᠠᠷ᠎ᠠ ᠶᠢᠨ 5 ᠤ ᠡᠳᠦᠷ ᠡᠴᠡ 2023 ᠣᠨ ᠤ 7 ᠰᠠᠷ᠎ᠠ ᠶᠢᠨ 4 ᠦ ᠡᠳᠦᠷ ᠪᠣᠯᠲᠠᠯ᠎ᠠ ᠬᠢᠵᠠᠭᠠᠷᠯᠠᠪᠠ᠃ ᠰᠦᠨ ᠣᠪᠣᠭᠲᠤ ᠰᠦᠩᠶᠤᠸᠠᠨ ᠬᠣᠲᠠ ᠶᠢᠨ ᠴᠠᠩ ᠯᠢᠩ ᠰᠢᠶᠠᠨ ᠤ ᠨᠢᠭᠡᠨ ᠬᠠᠤᠯᠢ ᠴᠠᠭᠠᠵᠠ ᠶᠢᠨ ᠰᠠᠯᠪᠣᠷᠢ ᠳᠦ ᠨᠡᠶᠢᠭᠡᠮ ᠲᠣᠭᠣᠷᠢᠭ ᠤᠨ ᠵᠠᠰᠠᠮᠵᠢᠯᠠᠯ ᠢ ᠬᠦᠯᠢᠶᠡᠨ ᠠᠪᠴᠠᠶ ᠃ 

2023 ᠣᠨ ᠤ 3 ᠰᠠᠷ᠎ᠠ ᠳᠤ ᠂ ᠭᠢᠷᠢᠨ ᠮᠤᠵᠢ ᠶᠢᠨ ᠰᠦᠩᠶᠤᠸᠠᠨ ᠬᠣᠲᠠ ᠶᠢᠨ ᠴᠠᠩ ᠯᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠴᠠᠭᠠᠵᠠᠯᠠᠬᠤ ᠵᠠᠷᠯᠢᠭ ᠢ ᠬᠡᠷᠡᠭᠵᠢᠭᠦᠯᠬᠦ ᠳᠦ ᠲᠤᠰᠬᠠᠶ ᠬᠢᠨᠠᠯᠲᠠ ᠲᠠᠯᠪᠢᠬᠤ ᠠᠵᠢᠯᠯᠠᠭ᠎ᠠ ᠥᠷᠨᠢᠭᠦᠯᠵᠦ ᠂ ᠬᠤᠸᠠᠩ ᠣᠪᠣᠭᠲᠤ ᠂ ᠰᠦᠨ ᠣᠪᠣᠭᠲᠤ ᠮᠥᠨ ᠯᠡ ᠢᠳᠡᠭᠡᠨ ᠪᠣᠷᠣᠯᠠᠭᠤᠯᠬᠤ ᠠᠵᠢᠯᠯᠠᠭ᠎ᠠ ᠬᠢᠵᠦ ᠂ ᠴᠠᠭᠠᠵᠠᠯᠠᠬᠤ ᠵᠠᠷᠯᠢᠭ ᠤᠨ ᠬᠣᠯᠪᠣᠭᠳᠠᠯ ᠪᠥᠬᠥᠶ ᠲᠣᠭᠲᠠᠭᠠᠯ ᠢ ᠵᠥᠷᠢᠴᠡᠭᠰᠡᠨ ᠢ ᠣᠯᠵᠤ ᠮᠡᠳᠡᠭᠡᠳ ᠂ ᠴᠠᠩ ᠯᠢᠩ ᠰᠢᠶᠠᠨ ᠤ ᠬᠠᠸᠯᠢ ᠴᠠᠭᠠᠵᠠ ᠶᠢᠨ ᠲᠣᠪᠴᠢᠶ᠎ᠠ ᠳᠤ ᠬᠠᠸᠯᠢ ᠶᠣᠰᠣᠭᠠᠷ ᠪᠠᠶᠢᠴᠠᠭᠠᠬᠤ ᠰᠠᠨᠠᠭᠤᠯᠭ᠎ᠠ ᠭᠠᠷᠭᠠᠭᠰᠠᠨ ᠪᠠᠶᠢᠨ᠎ᠠ ᠃ ᠴᠠᠩ ᠯᠢᠩ ᠰᠢᠶᠠᠨ ᠤ ᠬᠠᠤᠯᠢ ᠴᠠᠭᠠᠵᠠ ᠶᠢᠨ ᠲᠣᠪᠴᠢᠶ᠎ᠠ ᠪᠠᠶᠢᠴᠠᠭᠠᠬᠤ ᠰᠠᠨᠠᠭᠤᠯᠭ᠎ᠠ ᠶᠢ ᠬᠦᠯᠢᠶᠡᠨ ᠠᠪᠴᠤ ᠴᠡᠭᠴᠡᠯᠡᠨ ᠥᠭᠡᠷᠡᠴᠢᠯᠡᠪᠡ᠃ 

【ᠪᠠᠶᠢᠴᠠᠭᠠᠬᠤ ᠪᠠᠶᠢᠭᠤᠯᠭ᠎ᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠶᠠᠪᠤᠴᠠ】 

ᠰᠦᠪᠡᠭᠴᠢ  ᠶᠢ ᠢᠯᠡᠷᠡᠭᠦᠯᠦᠭᠰᠡᠨ᠄ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠶᠠᠪᠤᠴᠠ ᠳᠤ ᠂ ᠴᠠᠩ ᠯᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠦᠨ ᠰᠢᠭᠦᠨ ᠲᠠᠰᠤᠯᠤᠯᠲᠠ ᠶᠢᠨ ᠮᠡᠳᠡᠭᠡ ᠵᠠᠩᠭᠢ ᠶᠢ ᠪᠠᠶᠢᠴᠠᠭᠠᠨ ᠦᠵᠡᠬᠦ ᠪᠡᠷ  ᠳᠠᠮᠵᠢᠨ ᠂ ᠲᠣᠰ ᠰᠢᠶᠠᠨ ᠤ 260 ᠭᠠᠷᠤᠶ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠡᠲᠡᠭᠡᠳ ᠦᠨ ᠳᠣᠲᠣᠷ᠎ᠠ ᠠᠴᠠ ᠴᠠᠭᠠᠵᠠᠯᠠᠬᠤ ᠵᠠᠷᠯᠢᠭ ᠬᠡᠷᠡᠭᠯᠡᠬᠦ ᠪᠡᠷ ᠵᠠᠷᠯᠠᠭᠳᠠᠭᠰᠠᠨ ᠨᠡᠶᠢᠲᠡ 10 ᠬᠥᠮᠦᠨ  ᠪᠠᠢᠬᠣ ᠢ ᠪᠠᠶᠢᠴᠠᠭᠠᠨ ᠭᠠᠷᠭᠠᠵᠠᠶ ᠂ ᠡᠨᠡ ᠨᠢ ᠴᠥᠮ ᠡᠷᠡᠭᠦᠸ ᠰᠢᠳᠬᠡᠯ ᠢ ᠬᠣᠶᠢᠰᠢᠯᠠᠭᠤᠯᠤᠨ ᠰᠢᠯᠭᠠᠬᠤ ᠬᠤᠭᠤᠴᠠᠭᠠᠨ ᠳᠤ ᠢᠳᠡᠭᠡᠨ ᠦ ᠵᠦᠶᠯ ᠦᠨ ᠪᠣᠷᠣᠯᠠᠭᠤᠯᠭ᠎ᠠ ᠵᠢᠴᠢ ᠬᠣᠯᠪᠣᠭᠳᠠᠯ ᠪᠥᠬᠥᠶ ᠠᠵᠢᠯᠯᠠᠭ᠎ᠠ ᠬᠢᠵᠦ ᠦᠯᠦ ᠪᠣᠯᠬᠤ ᠶᠠᠪᠤᠳᠠᠯ ᠪᠣᠯᠤᠨ᠎ᠠ ᠃ ᠠᠷᠠᠳ ᠤᠯᠠᠨ ᠤ 《ᠢᠳᠡᠭᠡᠨ ᠤᠮᠳᠠᠭᠠᠨ ᠤ ᠠᠮᠤᠷ ᠲᠦᠪᠰᠢᠨ》 ᠢ ᠦᠨᠡᠨ ᠬᠦ ᠬᠠᠮᠠᠭᠠᠯᠠᠬᠤ ᠶᠢᠨ ᠲᠥᠯᠥᠭᠡ᠂ ᠴᠠᠩ ᠯᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠰᠤᠳᠤᠯᠬᠤ ᠪᠠᠷ ᠲᠠᠮᠵᠢᠨ᠂ ᠴᠠᠭᠠᠵᠠᠯᠠᠬᠤ ᠵᠠᠷᠯᠢᠭ ᠢ ᠬᠡᠷᠡᠭᠵᠢᠭᠦᠯᠬᠦ ᠳᠦ ᠲᠤᠰᠬᠠᠶ ᠬᠢᠨᠠᠯᠲᠠ ᠲᠠᠯᠪᠢᠬᠤ ᠠᠵᠢᠯᠯᠠᠭ᠎ᠠ ᠥᠷᠨᠢᠭᠦᠯᠬᠦ ᠪᠡᠷ ᠲᠣᠭᠲᠠᠪᠠ᠃ ᠲᠤᠬᠠᠶ ᠶᠢᠨ ᠭᠠᠵᠠᠷ ᠲᠤᠨᠢ ᠰᠤᠷᠪᠤᠯᠵᠢᠯᠠᠬᠤ ᠂ ᠮᠥᠷᠳᠡᠨ ᠪᠠᠶᠢᠴᠠᠭᠠᠬᠤ ᠂ ᠭᠡᠨᠡᠳᠲᠡ ᠶᠢᠨ ᠪᠠᠶᠢᠴᠠᠭᠠᠯᠲᠠ ᠬᠢᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠂ ᠴᠠᠩ ᠯᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ  ᠨᠢᠭᠡ  ᠪᠦᠯᠦᠭ ᠴᠠᠭᠠᠵᠠᠯᠠᠬᠤ ᠪᠠᠷ ᠵᠠᠷᠯᠠᠭᠰᠠᠨ ᠵᠠᠰᠠᠮᠵᠢᠯᠠᠯ  ᠤᠨ ᠡᠲᠡᠭᠡᠳ ᠮᠥᠨ ᠯᠡ ᠢᠳᠡᠭᠡᠨ ᠦ ᠵᠦᠶᠯ ᠦᠨ ᠪᠣᠷᠣᠯᠠᠭᠤᠯᠭ᠎ᠠ ᠶᠢᠨ ᠠᠵᠢᠯᠯᠠᠭ᠎ᠠ ᠬᠢᠵᠦ ᠪᠠᠶᠢᠭ᠎ᠠ ᠠᠰᠠᠭᠤᠳᠠᠯ ᠤᠨ ᠰᠦᠪᠡᠭᠴᠢ ᠶᠢ ᠢᠯᠡᠷᠡᠭᠦᠯᠪᠡ ᠃ 

ᠪᠠᠶᠢᠴᠠᠭᠠᠨ ᠬᠠᠷᠭᠤᠭᠤᠯᠬᠰᠠᠨ᠄ ᠴᠠᠩ ᠯᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠬᠡᠷᠡᠭᠵᠢᠭᠦᠯᠵᠦ ᠪᠠᠶᠢᠭ᠎ᠠ ᠪᠠᠶᠢᠳᠠᠯ ᠳᠤ ᠴᠢᠭᠯᠡᠭᠦᠯᠦᠨ ᠳᠣᠸᠷᠠᠬᠢ ᠮᠡᠲᠦ ᠪᠠᠶᠢᠴᠠᠭᠠᠨ ᠬᠠᠷᠭᠤᠭᠤᠯᠬᠤ ᠠᠵᠢᠯ ᠢ ᠥᠷᠨᠢᠭᠦᠯᠪᠡ ᠄ ᠨᠢᠭᠡ ᠳᠦ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠠᠵᠢᠯᠲᠠᠳ ᠲᠠᠶ ᠶᠠᠷᠢᠯᠴᠠᠬᠤ ᠬᠤᠷᠠᠯ ᠥᠷᠨᠢᠭᠦᠯᠪᠡ ᠃ ᠴᠠᠭᠠᠵᠠᠯᠠᠬᠤ ᠪᠠᠷ ᠵᠠᠷᠯᠠᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠬᠥᠮᠦᠨ ᠦ ᠲᠣᠭ᠎ᠠ᠂ ᠶᠠᠯ᠎ᠠ ᠬᠢᠭᠰᠡᠨ ᠨᠡᠷ᠎ᠡ᠂ ᠬᠠᠮᠢᠶᠠᠷᠤᠯᠲᠠ ᠶᠢᠨ ᠠᠷᠭ᠎ᠠ ᠮᠠᠶ᠋ᠢᠭ᠂ ᠠᠰ ᠲᠤᠨᠢ ᠵᠠᠯᠠᠷᠠᠭᠤᠯᠬᠤ ᠠᠷᠭ᠎ᠠ ᠬᠡᠮᠵᠢᠶ᠎ᠡ ᠵᠡᠷᠭᠡ ᠳᠦ ᠴᠢᠭᠯᠡᠭᠦᠯᠦᠨ  ᠰᠠᠨᠠᠯ  ᠪᠠᠨ ᠰᠣᠯᠢᠯᠴᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠬᠡᠷᠡᠭᠵᠢᠭᠦᠯᠵᠦ ᠪᠠᠶᠢᠭ᠎ᠠ ᠣᠳᠣᠬᠢ ᠪᠠᠶᠢᠳᠠᠯ ᠢ ᠪᠦᠬᠦ ᠲᠠᠯ᠎ᠠ ᠪᠠᠷ ᠭᠦᠨᠵᠡᠭᠡᠶ ᠣᠶᠢᠯᠠᠭᠠᠪᠠ᠃ ᠬᠣᠶᠠᠷ ᠲᠤ ᠲᠤᠬᠠᠶ ᠶᠢᠨ ᠲᠠᠯᠠᠪᠤᠷ ᠲᠤ ᠮᠠᠲ᠋ᠧᠷᠢᠶᠠᠯ ᠪᠠᠶᠢᠴᠠᠭᠠᠨ ᠦᠵᠡᠵᠦ᠂ ᠮᠡᠳᠡᠭᠡ ᠵᠠᠩᠭᠢ ᠶᠢ  ᠬᠠᠷᠢᠴᠠᠭᠤᠯᠪᠠ᠃ ᠲᠤᠬᠠᠶ ᠶᠢᠨ ᠲᠠᠯᠠᠪᠤᠷ ᠲᠤ ᠪᠠᠶᠢᠴᠠᠭᠠᠨ ᠦᠵᠡᠬᠦ ᠪᠡᠷ ᠳᠠᠮᠵᠢᠭᠤᠯᠤᠨ ᠂ ᠴᠠᠭᠠᠵᠠᠯᠠᠬᠤ ᠵᠠᠷᠯᠢᠭ ᠤᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠦᠨ ᠮᠡᠳᠡᠭᠡ ᠵᠠᠩᠭᠢ ᠶᠢᠨ ᠡᠬᠡ ᠲᠠᠩᠰᠠ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠲᠠᠩᠰᠠ ᠡᠪᠬᠡᠮᠡᠯ ᠂ ᠭᠠᠷ ᠤᠲᠠᠰᠤᠨ ᠤ ᠪᠠᠶᠢᠷᠢ ᠲᠣᠭᠲᠠᠭᠠᠯᠲᠠ ᠶᠢᠨ ᠵᠠᠮ ᠮᠥᠷ ᠵᠡᠷᠭᠡ ᠮᠠᠲ᠋ᠧᠷᠢᠶᠠᠯ ᠤᠨ ᠮᠡᠳᠡᠭᠡ ᠵᠠᠩᠭᠢ ᠶᠢ ᠬᠠᠷᠢᠴᠠᠭᠤᠯᠤᠨ ᠬᠡᠷᠡᠭᠯᠡᠵᠦ ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠵᠠᠷᠯᠠᠬᠤ ᠴᠠᠭᠠᠵᠠᠯᠠᠬᠤ ᠵᠠᠷᠯᠢᠭ ᠢᠶᠠᠷ ᠵᠠᠷᠯᠠᠭᠳᠠᠭᠰᠠᠨ ᠵᠠᠰᠠᠮᠵᠢᠯᠠᠯ  ᠤᠨ ᠡᠲᠡᠭᠡᠳ ᠦᠨ ᠬᠣᠯᠪᠣᠭᠳᠠᠯ ᠪᠥᠬᠥᠶ ᠮᠡᠳᠡᠭᠡ ᠵᠠᠩᠭᠢ ᠶᠢ ᠪᠥᠬᠥ ᠲᠠᠯ᠎ᠠ ᠪᠠᠷ ᠣᠨᠣᠪᠴᠢᠲᠠᠶ ᠡᠵᠡᠮᠰᠢᠭᠰᠡᠨ ᠥᠬᠡᠶ ᠪᠠᠶᠢᠬᠤ ᠶᠢ ᠣᠯᠵᠤ ᠮᠡᠳᠡᠪᠡ ᠃ ᠭᠤᠷᠪᠠ ᠳᠤ ᠲᠤᠬᠠᠶ ᠶᠢᠨ ᠭᠠᠵᠠᠷ  ᠲᠤᠨᠢ ᠬᠦᠷᠴᠦ ᠭᠦᠨᠵᠡᠭᠡᠶᠢᠷᠡᠨ ᠰᠤᠷᠪᠤᠯᠵᠢᠯᠠᠪᠠ ᠃ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠲᠠᠶ ᠬᠣᠯᠪᠣᠭᠠᠯᠠᠨ ᠭᠡᠨᠡᠳᠲᠡ ᠶᠢᠨ ᠪᠠᠶᠢᠴᠠᠭᠠᠯᠲᠠ ᠬᠢᠵᠦ ᠂ ᠬᠠᠷᠢᠶ᠎ᠠ ᠣᠷᠣᠨ ᠤ ᠡᠷᠡᠭᠦᠯᠵᠢᠯ ᠦᠨ ᠡᠳ᠋ ᠦᠨ ᠳᠡᠯᠭᠡᠭᠦᠷ ᠵᠡᠷᠭᠡ ᠭᠠᠵᠠᠷ ᠢᠶᠠᠷ ᠭᠦᠨᠵᠡᠭᠡᠶᠢᠷᠡᠨ ᠲᠤᠬᠠᠶ ᠶᠢᠨ ᠭᠠᠵᠠᠷ ᠲᠤᠨᠢ ᠬᠦᠷᠴᠦ ᠰᠤᠷᠪᠤᠯᠵᠢᠯᠠᠭᠰᠠᠨ ᠤ ᠬᠠᠮᠲᠤ ᠲᠤᠬᠠᠶ ᠶᠢᠨ ᠲᠠᠯᠠᠪᠤᠷ ᠤᠨ ᠬᠥᠮᠦᠰ ᠡᠴᠡ ᠯᠠᠪᠯᠠᠨ ᠠᠰᠠᠭᠤᠭᠰᠠᠨ ᠳᠤ ᠂ ᠴᠠᠭᠠᠵᠠᠯᠠᠬᠤ ᠵᠠᠷᠯᠢᠭ ᠢᠶᠠᠷ ᠵᠠᠷᠯᠠᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠭᠡᠳ ᠬᠤᠸᠠᠩ ᠣᠪᠣᠭᠲᠤ ᠂ ᠰᠦᠨ ᠣᠪᠣᠭᠲᠤ ᠡᠷᠡᠭᠦᠯᠵᠢᠯ ᠦᠨ ᠢᠳᠡᠭᠡᠨ ᠢᠶᠡᠨ ᠪᠣᠷᠣᠯᠠᠭᠤᠯᠵᠤ ᠪᠠᠶᠢᠬᠤ ᠨᠢ ᠴᠠᠭᠠᠵᠠᠯᠠᠬᠤ ᠵᠠᠷᠯᠢᠭ ᠤᠨ ᠬᠣᠯᠪᠣᠭᠳᠠᠯ ᠪᠦᠬᠦᠢ ᠲᠣᠭᠲᠠᠭᠠᠯ ᠢ ᠵᠥᠷᠢᠴᠡᠭᠰᠡᠨ ᠢ ᠣᠯᠵᠤ ᠮᠡᠳᠡᠵᠡᠶ ᠃ 

ᠬᠢᠨᠠᠯᠲᠠ  ᠲᠠᠯᠪᠢᠭᠰᠠᠨ ᠰᠠᠨᠠᠯ᠄ ᠴᠠᠩ ᠯᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠬᠡᠷᠡᠭᠵᠢᠭᠦᠯᠬᠦ ᠳᠤᠮᠳᠠ ᠣᠷᠣᠰᠢᠵᠤ ᠪᠠᠶᠢᠭ᠎ᠠ ᠠᠰᠠᠭᠤᠳᠠᠯ ᠳᠤ ᠴᠢᠭᠯᠡᠭᠦᠯᠦᠨ᠂ ᠬᠠᠤᠯᠢ ᠶᠣᠰᠣᠭᠠᠷ ᠰᠢᠶᠠᠨ ᠤ ᠬᠠᠤᠯᠢ ᠴᠠᠭᠠᠵᠠ ᠶᠢᠨ ᠲᠣᠪᠴᠢᠶ᠎ᠠ ᠳᠤ ᠪᠠᠶᠢᠴᠠᠭᠠᠬᠤ ᠰᠠᠨᠠᠭᠤᠯᠭ᠎ᠠ ᠳᠤᠷᠠᠳᠴᠤ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠳᠤ ᠴᠠᠭᠠᠵᠠᠯᠠᠬᠤ ᠵᠠᠷᠯᠢᠭ ᠢ ᠭᠦᠢᠴᠡᠳᠬᠡᠬᠦ ᠠᠵᠢᠯ ᠤᠨ ᠴᠢᠬᠤᠯᠠ ᠴᠢᠨᠠᠷ ᠤᠨ ᠲᠤᠬᠠᠶ ᠲᠠᠨᠢᠯᠲᠠ ᠪᠠᠨ ᠴᠢᠩᠭᠠᠳᠬᠠᠵᠤ᠂ ᠵᠠᠬ᠎ᠠ ᠳᠡᠯᠭᠡᠭᠦᠷ ᠦᠨ ᠬᠢᠨᠠᠯᠲᠠ ᠬᠠᠮᠢᠶᠠᠷᠤᠯᠲᠠ ᠵᠡᠷᠭᠡ ᠰᠠᠯᠠᠭ᠎ᠠ ᠮᠥᠴᠢᠷ ᠯᠦᠭᠡ ᠶᠢᠨ ᠨᠡᠪᠲᠡᠷᠡᠯᠴᠡᠭᠡ ᠪᠡᠨ ᠴᠢᠩᠭᠠᠳᠬᠠᠵᠤ᠂ ᠬᠣᠯᠪᠣᠭᠳᠠᠯ ᠪᠦᠬᠦᠢ ᠵᠠᠷᠯᠠᠨ ᠮᠡᠳᠡᠭᠳᠡᠬᠦ ᠲᠣᠭᠲᠠᠴᠠ ᠶᠢ ᠪᠠᠶᠢᠭᠤᠯᠬᠤ ᠬᠡᠷᠡᠭᠲᠡᠶ︔ ᠴᠠᠭᠠᠵᠠᠯᠠᠬᠤ ᠵᠠᠷᠯᠢᠭ ᠪᠠᠷ ᠵᠠᠷᠯᠠᠭᠳᠠᠭᠰᠠᠨ ᠵᠠᠰᠠᠮᠵᠢᠯᠠᠯ  ᠤᠨ ᠡᠲᠡᠭᠡᠳ ᠦᠨ ᠲᠠᠩᠰᠠ ᠡᠪᠬᠡᠮᠡᠯ ᠦᠨ ᠬᠠᠮᠢᠶᠠᠷᠤᠯᠲᠠ ᠪᠠ ᠥᠪᠡᠷᠮᠢᠴᠡ ᠵᠠᠰᠠᠮᠵᠢᠯᠠᠯ ᠶᠢᠨ ᠠᠷᠭ᠎ᠠ ᠬᠡᠮᠵᠢᠶ᠎ᠡ ᠶᠢ ᠴᠢᠩᠭᠠᠳᠬᠠᠬᠤ ᠬᠡᠷᠡᠭᠲᠡᠶ ︔ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠠᠵᠢᠯᠲᠠᠨ ᠤ ᠲᠤᠰᠬᠠᠶ ᠮᠡᠷᠭᠡᠵᠢᠯ ᠦᠨ ᠪᠣᠯᠪᠠᠰᠤᠷᠠᠭᠤᠯᠤᠯ ᠢ ᠴᠢᠩᠭᠠᠳᠬᠠᠵᠤ ᠂  ᠡᠭᠦᠷᠭᠡ ᠲᠤᠰᠢᠶᠠᠯ ᠢᠶᠠᠨ ᠭᠦᠶᠴᠡᠳᠬᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ  ᠃ 

ᠬᠢᠨᠠᠯᠲᠠ ᠲᠠᠯᠪᠢᠭᠰᠠᠨ ᠦᠷ᠎ᠡ ᠳ᠋ᠦᠩ᠄ ᠴᠠᠩ ᠯᠢᠩ ᠰᠢᠶᠠᠨ ᠤ ᠬᠠᠤᠯᠢ ᠴᠠᠭᠠᠵᠠ ᠶᠢᠨ ᠲᠣᠪᠴᠢᠶ᠎ᠠ ᠪᠠᠶᠢᠴᠠᠭᠠᠬᠤ ᠪᠠᠶᠢᠭᠤᠯᠭ᠎ᠠ ᠶᠢᠨ ᠬᠢᠨᠠᠯᠲᠠ ᠲᠠᠯᠪᠢᠭᠰᠠᠨ ᠰᠠᠨᠠᠯ ᠢ ᠬᠦᠯᠢᠶᠡᠨ ᠠᠪᠤᠭᠰᠠᠨ ᠪᠥᠭᠡᠳ ᠳᠣᠣᠷᠠᠬᠢ ᠮᠡᠲᠦ ᠴᠡᠭᠴᠡᠯᠡᠨ ᠥᠭᠡᠷᠡᠴᠢᠯᠡᠬᠦ ᠠᠷᠭ᠎ᠠ ᠬᠡᠮᠵᠢᠶ᠎ᠡ  ᠶᠢ ᠠᠪᠤᠭᠰᠠᠨ ᠪᠠᠶᠢᠨ᠎ᠠ ᠄ ᠨᠢᠭᠡ ᠳᠦ ᠬᠤᠸᠠᠩ ᠣᠪᠣᠭᠲᠤ ᠂ ᠰᠦᠨ ᠣᠪᠣᠭᠲᠤ ᠶᠢᠨ ᠴᠠᠭᠠᠵᠠᠯᠠᠬᠤ ᠵᠠᠷᠯᠢᠭ ᠢ ᠵᠥᠷᠢᠴᠡᠭᠰᠡᠨ ᠦᠢᠯᠡ ᠪᠠᠶᠢᠳᠠᠯ ᠨᠢ ᠬᠥᠩᠭᠡᠨ ᠪᠠᠶᠢᠳᠠᠯ ᠳᠤ ᠴᠢᠭᠯᠡᠭᠦᠯᠦᠨ ᠂ ᠲᠡᠭᠦᠨ ᠳᠦ ᠳᠣᠩᠭᠣᠳᠬᠤ ᠰᠢᠳᠬᠡᠯ ᠥᠭᠴᠦ ᠂ ᠵᠠᠷᠯᠢᠭᠳᠠᠵᠤ ᠪᠠᠶᠢᠭᠠᠳ ᠪᠠᠶᠢᠴᠠᠭᠠᠯᠲᠠ ᠶᠢᠨ ᠪᠢᠴᠢᠭ ᠪᠢᠴᠢᠭᠦᠯᠵᠦ ᠂ ᠬᠣᠯᠪᠣᠭᠳᠠᠯ ᠪᠦᠬᠦᠢ ᠡᠷᠡᠭᠦᠯᠵᠢᠯ ᠦᠨ ᠢᠳᠡᠭᠡᠨ ᠢ ᠲᠠᠯᠪᠢᠭᠤᠷ ᠠᠴᠠ ᠪᠠᠭᠤᠯᠭᠠᠪᠠ ᠃ ᠡᠭᠦᠨ ᠦ ᠬᠠᠮᠲᠤ ᠴᠠᠭᠠᠵᠠᠯᠠᠬᠤ ᠵᠠᠷᠯᠢᠭ ᠪᠡᠷ ᠵᠠᠷᠯᠠᠭᠳᠠᠭᠰᠠᠨ ᠪᠤᠢ ᠪᠦᠬᠦᠢ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠲᠦ ᠲᠥᠪᠯᠡᠷᠡᠭᠦᠯᠦᠨ ᠬᠥᠮᠦᠵᠢᠭᠦᠯᠬᠦ ᠠᠵᠢᠯ ᠢ ᠥᠷᠨᠢᠭᠦᠯᠦᠨ᠎ᠡ᠃ ᠬᠣᠶᠠᠷ ᠲᠤ ᠴᠠᠭᠠᠵᠠᠯᠠᠬᠤ ᠵᠠᠷᠯᠢᠭ ᠢᠶᠠᠷ ᠵᠠᠷᠯᠠᠭᠳᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠲᠦ ᠲᠠᠩᠰᠠ ᠡᠪᠬᠡᠮᠡᠯ ᠢ ᠲᠤᠰᠬᠠᠶ ᠬᠥᠮᠦᠨ ᠢᠶᠡᠷ ᠬᠠᠷᠢᠭᠤᠴᠠᠭᠤᠯᠬᠤ ᠪᠠᠷ ᠲᠣᠭᠲᠠᠭᠠᠵᠤ ᠂ ᠥᠪᠡᠷᠮᠢᠴᠡ ᠬᠠᠮᠢᠶᠠᠷᠤᠯᠲᠠ ᠶᠢ ᠴᠢᠩᠭᠠᠳᠬᠠᠨ ᠂ ᠡᠬᠡ ᠲᠠᠩᠰᠠ ᠶᠢ ᠴᠠᠭ ᠲᠤᠬᠠᠶ ᠳᠤᠨᠢ ᠰᠢᠨᠡᠳᠬᠡᠵᠦ ᠂ ᠮᠡᠳᠡᠭᠡ ᠵᠠᠩᠭᠢ ᠶᠢᠨ ᠵᠥᠪ ᠣᠨᠣᠪᠴᠢᠲᠠᠶ ᠪᠠᠶᠢᠬᠤ ᠶᠢ ᠦᠨᠡᠨ ᠬᠦ  ᠪᠠᠲᠤᠯᠠᠪᠠ ᠃ ᠭᠤᠷᠪᠠ ᠳᠤ ᠲᠥᠪᠯᠡᠷᠡᠩᠭᠦᠶ ᠰᠤᠷᠤᠯᠴᠠᠯᠭ᠎ᠠ ᠪᠣᠯᠪᠠᠰᠤᠷᠠᠭᠤᠯᠤᠯ ᠢ ᠵᠣᠬᠢᠶᠠᠨ ᠪᠠᠶᠢᠭᠤᠯᠵᠤ ᠂ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠠᠵᠢᠯᠲᠠᠨ ᠤ ᠲᠤᠰᠢᠶᠠᠯ ᠬᠠᠷᠢᠭᠤᠴᠠᠯᠭ᠎ᠠ ᠪᠠᠨ ᠭᠦᠶᠴᠡᠳᠬᠡᠬᠦ ᠴᠢᠳᠠᠪᠤᠷᠢ ᠶᠢ  ᠳᠡᠭᠡᠭᠰᠢᠯᠡᠭᠦᠯᠪᠡ ᠃ ᠲᠦᠷᠪᠡ ᠳᠦ ᠴᠠᠭᠠᠵᠠᠯᠠᠬᠤ ᠵᠠᠷᠯᠢᠭ ᠢ ᠬᠡᠷᠡᠭᠵᠢᠭᠦᠯᠦᠭᠰᠡᠨ ᠪᠠᠶᠢᠳᠠᠯ ᠢ 《ᠡᠷᠭᠢᠵᠦ ᠬᠠᠷᠠᠬᠤ》 ᠠᠵᠢᠯᠯᠠᠭ᠎ᠠ ᠶᠢ ᠵᠣᠬᠢᠶᠠᠨ ᠪᠠᠶᠢᠭᠤᠯᠪᠠ᠃ ᠪᠦᠬᠦ ᠰᠢᠶᠠᠨ ᠤ ᠬᠡᠪᠴᠢᠶᠡᠨ ᠳᠦ ᠴᠠᠭᠠᠵᠠᠯᠠᠬᠤ ᠵᠠᠷᠯᠢᠭ ᠢ ᠬᠡᠷᠡᠭᠯᠡᠵᠦ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠢ ᠳᠠᠬᠢᠨ ᠰᠤᠷᠪᠤᠯᠵᠢᠯᠠᠵᠤ᠂ ᠳᠠᠬᠢᠨ ᠳᠠᠷᠠᠭᠠᠯᠠᠨ ᠪᠠᠶᠢᠴᠠᠭᠠᠵᠤ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠭᠡᠳ ᠦᠨ ᠴᠠᠭᠠᠵᠠᠯᠠᠬᠤ ᠵᠠᠷᠯᠢᠭ ᠢ  ᠲᠠᠬᠢᠨ ᠵᠥᠷᠢᠴᠡᠭᠰᠡᠨ ᠦᠢᠯᠡ ᠠᠵᠢᠯᠯᠠᠭ᠎ᠠ ᠶᠢ ᠣᠯᠵᠤ ᠦᠵᠡᠭᠰᠡᠨ ᠦᠭᠡᠢ᠃ 

【ᠨᠡᠶᠢᠲᠡᠯᠢᠭ ᠠᠴᠢ ᠬᠣᠯᠪᠣᠭᠳᠠᠯ】 

ᠴᠠᠭᠠᠵᠠᠯᠠᠬᠤ ᠵᠠᠷᠯᠢᠭ ᠤᠨ ᠲᠦᠷᠢᠮ︽禁止令︾ ᠪᠣᠯ ᠮᠠᠨ ᠤ ᠤᠯᠤᠰ ᠤᠨ ᠡᠷᠡᠭᠦᠦ ᠰᠢᠳᠬᠡᠯ ᠦᠨ ᠲᠦᠷᠢᠮ ᠦᠨ ᠨᠢᠭᠡᠨ ᠴᠢᠬᠤᠯᠠ ᠰᠢᠨ᠎ᠡ ᠡᠭᠦᠳᠦᠯᠲᠡ ᠮᠥᠨ᠃ ᠵᠠᠬᠢᠷᠤᠨ ᠬᠠᠮᠢᠶᠠᠷᠤᠯᠲᠠ ᠶᠢᠨ ᠶᠠᠯᠠᠲᠠᠨ᠂ ᠡᠷᠡᠭᠦᠦ ᠰᠢᠳᠬᠡᠯ ᠢ ᠨᠢ ᠬᠣᠶᠢᠰᠢᠯᠠᠭᠤᠯᠤᠭᠰᠠᠨ  ᠶᠠᠯᠠᠲᠠᠨ ᠢ ᠬᠢᠨᠠᠨ ᠬᠠᠮᠢᠶᠠᠷᠬᠤ ᠪᠠᠨ ᠴᠢᠩᠭᠠᠳᠬᠠᠵᠤ᠂ ᠶᠠᠯᠠᠲᠤ ᠡᠲᠡᠭᠡᠳ ᠢ ᠰᠤᠷᠭᠠᠨ ᠬᠥᠮᠦᠵᠢᠭᠦᠯᠵᠦ ᠵᠠᠯᠠᠷᠠᠭᠤᠯᠬᠤ ᠶᠢ ᠠᠬᠢᠭᠤᠯᠬᠤ ᠶᠢᠨ ᠬᠠᠮᠲᠤ ᠪᠠᠰᠠ ᠬᠣᠣᠷᠯᠠᠭᠳᠠᠭᠴᠢ᠂ ᠭᠡᠷᠡᠴᠢᠯᠡᠭᠴᠢ ᠵᠡᠷᠭᠡ ᠬᠥᠮᠦᠰ ᠦᠨ ᠠᠮᠤᠷ ᠲᠦᠪᠰᠢᠨ ᠢ ᠪᠦᠲᠦᠮᠵᠢᠲᠡᠶ ᠬᠠᠮᠠᠭᠠᠯᠠᠵᠤ᠂ ᠨᠡᠶᠢᠭᠡᠮ ᠦᠨ ᠬᠡᠪ ᠦᠨ ᠡᠮᠬᠢ ᠵᠢᠷᠤᠮ ᠢ ᠬᠠᠮᠠᠭᠠᠯᠠᠬᠤ ᠶᠢᠨ ᠲᠥᠯᠥᠭᠡ᠂ ᠡᠷᠡᠭᠦᠦ ᠶᠢᠨ ᠬᠠᠤᠯᠢ ᠳᠤ ᠵᠠᠰᠠᠪᠤᠷᠢ ᠣᠷᠣᠭᠤᠯᠤᠭᠰᠠᠨ ᠲᠥᠰᠦᠯ ( ᠨᠠᠢ᠌ᠮᠠ) ᠳᠤ ᠵᠠᠬᠢᠷᠤᠨ ᠬᠠᠮᠢᠶᠠᠷᠤᠯᠲᠠ ᠶᠢᠨ  ᠶᠠᠯᠠᠲᠠᠨ᠂ ᠡᠷᠡᠭᠦᠦ ᠰᠢᠳᠬᠡᠯ ᠢ ᠨᠢ ᠬᠣᠶᠢᠰᠢᠯᠠᠭᠤᠯᠤᠭᠰᠠᠨ ᠶᠠᠯᠠᠲᠠᠨ ᠳᠦ ᠴᠠᠭᠠᠵᠠᠯᠠᠬᠤ ᠵᠠᠷᠯᠢᠭ ᠢ ᠬᠡᠷᠡᠭᠯᠡᠵᠦ ᠪᠣᠯᠬᠤ ᠲᠤᠬᠠᠶ ᠲᠣᠭᠲᠠᠭᠠᠯ ᠢ ᠨᠡᠮᠡᠵᠦ ᠲᠣᠭᠲᠠᠭᠠᠵᠠᠶ᠃ ᠬᠣᠯᠪᠣᠭᠳᠠᠯ ᠪᠦᠬᠦᠢ ᠬᠠᠤᠯᠢ ᠴᠠᠭᠠᠵᠠ ᠶᠢᠨ ᠲᠣᠭᠲᠠᠭᠠᠯ ᠢ ᠦᠨᠳᠦᠰᠦᠯᠡᠪᠡᠯ᠂ ᠴᠠᠭᠠᠵᠠᠯᠠᠬᠤ ᠵᠠᠷᠯᠢᠭ ᠢ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠠᠴᠠ ᠬᠠᠷᠢᠭᠤᠴᠠᠨ ᠭᠦᠢᠴᠡᠳᠬᠡᠨ᠎ᠡ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ ᠳᠤ ᠬᠠᠤᠯᠢ ᠴᠠᠭᠠᠵᠠ ᠶᠢᠨ ᠬᠢᠨᠠᠯᠲᠠ ᠲᠠᠯᠪᠢᠬᠤ ᠠᠵᠢᠯ ᠢ ᠥᠷᠨᠢᠭᠦᠯᠬᠦ ᠳᠡᠭᠡᠨ ᠨᠡᠶᠢᠭᠡᠮ ᠲᠣᠭᠣᠷᠢᠭ ᠤᠨ  ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠬᠠᠤᠯᠢ ᠶᠣᠰᠣᠭᠠᠷ ᠬᠡᠷᠡᠭᠵᠢᠭᠦᠯᠵᠦ ᠪᠠᠶᠢᠬᠤ ᠡᠰᠡᠬᠦ ᠳᠦ ᠬᠢᠨᠠᠯᠲᠠ ᠲᠠᠯᠪᠢᠬᠤ ᠪᠠᠨ ᠴᠢᠩᠭᠠᠳᠬᠠᠬᠤ ᠬᠡᠷᠡᠭᠲᠡᠶ᠃ ᠠᠷᠠᠳ ᠤᠨ ᠪᠠᠶᠢᠴᠠᠭᠠᠬᠤ ᠬᠣᠷᠢᠶ᠎ᠠ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠬᠡᠷᠡᠭᠵᠢᠭᠦᠯᠵᠦ ᠪᠠᠶᠢᠭ᠎ᠠ ᠪᠠᠶᠢᠳᠠᠯ ᠢ ᠪᠦᠬᠦ ᠲᠠᠯ᠎ᠠ ᠪᠠᠷ ᠡᠵᠡᠮᠰᠢᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠪᠠᠶᠢᠭᠤᠯᠤᠮᠵᠢ ᠶᠢᠨ ᠴᠠᠭᠠᠵᠠᠯᠠᠬᠤ ᠵᠠᠷᠯᠢᠭ ᠢ ᠵᠠᠷᠯᠠᠭᠰᠠᠨ ᠨᠡᠶᠢᠭᠡᠮ ᠲᠣᠭᠣᠷᠢᠭ ᠤᠨ ᠵᠠᠰᠠᠮᠵᠢᠯᠠᠯ  ᠤᠨ ᠡᠲᠡᠬᠡᠳ ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠬᠤ ᠳᠤ ᠬᠠᠤᠯᠢ ᠶᠣᠰᠣᠭᠠᠷ ᠬᠢᠨᠠᠯᠲᠠ ᠲᠠᠯᠪᠢᠵᠤ᠂ ᠲᠦᠷᠦᠯ ᠬᠤᠪᠢᠶᠠᠨ ᠬᠠᠮᠢᠶᠠᠷᠬᠤ᠂ ᠦᠪᠡᠷᠮᠢᠴᠡ ᠵᠠᠰᠠᠮᠵᠢᠯᠠᠯ ᠶᠢ ᠪᠡᠶᠡᠯᠡᠭᠦᠯᠵᠦ᠂ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠡᠲᠡᠬᠡᠳ ᠤᠨ ᠶᠠᠯ᠎ᠠ ᠬᠢᠬᠦ ᠥᠳᠥᠭᠡᠯᠭᠡ ᠲᠡᠶ ᠳᠠᠬᠢᠨᠲᠠ ᠣᠶᠢᠷᠠᠲᠤᠬᠤ ᠶᠢ ᠰᠡᠷᠭᠡᠶᠢᠯᠡᠵᠦ᠂ ᠴᠠᠭᠠᠵᠠᠯᠠᠬᠤ ᠵᠠᠷᠯᠢᠭ ᠢ ᠴᠢᠩᠭ᠎ᠠ ᠵᠢᠷᠤᠮᠵᠢᠭᠤᠯᠤᠨ ᠬᠡᠷᠡᠭᠵᠢᠭᠦᠯᠬᠦ ᠶᠢ ᠦᠨᠡᠨ ᠬᠦ ᠪᠠᠲᠤᠯᠠᠬᠤ ᠬᠡᠷᠡᠭᠲᠡᠶ᠃ 

【ᠬᠣᠯᠪᠣᠭᠳᠠᠯ ᠪᠦᠬᠦᠢ ᠲᠣᠭᠲᠠᠭᠠᠯ】 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠸ ᠶᠢᠨ ᠬᠠᠸᠯᠢ ︾ ᠶᠢᠨ ᠭᠤᠴᠢᠨ ᠨᠠᠶᠮᠠᠳᠤᠭᠠᠷ ᠵᠦᠶᠯ ᠂ ᠳᠠᠯᠠᠨ ᠬᠣᠶᠠᠳᠤᠭᠠᠷ ᠵᠦᠶᠯ 

《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ ᠵᠠᠰᠠᠮᠵᠢᠯᠠᠯ ᠤᠨ ᠬᠠᠤᠯᠢ 》 ᠶᠢᠨ ᠬᠣᠷᠢᠨ ᠳᠥᠷᠪᠡᠳᠦᠭᠡᠷ ᠵᠦᠢᠯ 

︽ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠲᠣᠭᠣᠷᠢᠭ ᠤᠨ  ᠵᠠᠰᠠᠮᠵᠢᠯᠠᠯ ᠶᠢᠨ ᠬᠠᠸᠯᠢ ᠶᠢ ᠬᠡᠷᠡᠭᠵᠢᠭᠦᠯᠬᠦ ᠠᠷᠭ᠎ᠠ ︾ ᠶᠢᠨ ᠭᠤᠴᠢᠨ ᠲᠠᠪᠤᠳᠤᠭᠠᠷ ᠵᠦᠶᠯ 

 

 

ᠢᠷᠡᠯᠲᠡ
ᠡᠸ᠋ᠩᠬᠢ ᠬᠤᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro