ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠠᠷᠠᠳ ᠤᠨ ᠳᠡᠭᠡᠳᠦ ᠪᠠᠶᠢᠴᠠᠭᠠᠬᠤ ᠬᠣᠷᠢᠶ᠎ᠠ ᠠᠷᠠᠳ ᠤᠨ ᠳᠡᠭᠡᠳᠦ ᠰᠢᠭᠦᠬᠦ ᠬᠣᠯᠪᠣᠭᠠᠯᠠᠨ ᠢᠳᠡᠭᠡᠨ ᠦ ᠠᠮᠤᠷ ᠲᠦᠪᠰᠢᠨ ᠳᠦ ᠬᠣᠤᠷ ᠬᠥᠨᠥᠭᠡᠯ ᠤᠴᠠᠷᠠᠭᠤᠯᠤᠭᠰᠠᠨ ᠶᠠᠯᠠᠲᠤ ᠬᠡᠷᠡᠭ ᠦᠨ ᠨᠡᠶᠢᠲᠡᠯᠢᠭ ᠬᠡᠷᠡᠭ  ᠦᠨ ᠵᠢᠱᠢᠶ᠎ᠡ ᠶᠢ ᠨᠡᠶᠢᠲᠡᠯᠡᠪᠡ   

2023-12-15 16:50:43
ᠵᠣᠬᠢᠶᠠᠭᠴᠢ
ᠣᠳᠤᠨ

︽ᠠᠷᠠᠳ ᠤᠨ ᠳᠡᠭᠡᠳᠦ ᠪᠠᠶᠢᠴᠠᠭᠠᠬᠤ ᠬᠣᠷᠢᠶ᠎ᠠ ᠠᠷᠠᠳ ᠤᠨ ᠳᠡᠭᠡᠳᠦ ᠰᠢᠭᠦᠬᠦ ᠬᠣᠷᠢᠶ᠎ᠠ︾ ᠬᠣᠯᠪᠤᠭᠠᠯᠠᠨ ᠢᠳᠡᠭᠡᠨ ᠦ ᠠᠮᠤᠷ ᠲᠦᠪᠰᠢᠨ ᠳᠦ ᠬᠣᠤᠷ ᠬᠥᠨᠥᠭᠡᠯ ᠤᠴᠠᠷᠠᠭᠤᠯᠤᠭᠰᠠᠨ ᠶᠠᠯᠠᠲᠤ ᠬᠡᠷᠡᠭ ᠦᠨ ᠨᠡᠶᠢᠲᠡᠯᠢᠭ ᠬᠡᠷᠡᠭ  ᠦᠨ ᠵᠢᠱᠢᠶ᠎ᠡ ᠶᠢ ᠨᠡᠶᠢᠲᠡᠯᠡᠪᠡ   

2023 ᠣᠨ ᠤ 11 ᠰᠠᠷ᠎ᠠ ᠶᠢᠨ 28 ᠤ ᠡᠳᠦᠷ᠂ ᠠᠷᠠᠳ ᠤᠨ ᠳᠡᠭᠡᠳᠦ ᠰᠢᠭᠦᠬᠦ ᠬᠣᠷᠢᠶ᠎ᠠ ᠂ ᠠᠷᠠᠳ ᠤᠨ ᠳᠡᠭᠡᠳᠦ ᠪᠠᠶᠢᠴᠠᠭᠠᠬᠤ ᠬᠣᠷᠢᠶ᠎ᠠ ᠲᠥᠷᠥ ᠶᠢᠨ ᠶᠠᠪᠤᠳᠠᠯ ᠤᠨ ᠬᠣᠷᠢᠶᠠᠨ ᠤ ᠢᠳᠡᠭᠡᠨ ᠦ ᠠᠮᠤᠷ ᠲᠦᠪᠰᠢᠨ ᠦ ᠵᠥᠪᠯᠡᠯ ᠦᠨ ᠡᠯ᠎ᠡ ᠪᠦᠷᠢᠯᠳᠦᠬᠦᠨ ᠨᠢᠭᠡᠴᠡ ᠲᠡᠶ ᠬᠠᠮᠲᠤᠷᠠᠨ 《 ᠪᠦᠬᠦ ᠤᠯᠤᠰ ᠤᠨ ᠢᠳᠡᠭᠡᠨ ᠦ ᠠᠮᠤᠷ ᠲᠦᠪᠰᠢᠨ ᠦ ᠤᠬᠠᠭᠤᠯᠭ᠎ᠠ ᠶᠢᠨ ᠭᠠᠷᠠᠭ 》 ᠤᠨ ᠠᠵᠢᠯᠯᠠᠭ᠎ᠠ ᠢᠳᠡᠭᠡᠨ ᠦ ᠠᠮᠤᠷ ᠲᠦᠪᠰᠢᠨ ᠳᠦ ᠬᠣᠣᠷ ᠬᠥᠨᠥᠭᠡᠯ ᠤᠴᠠᠷᠠᠭᠤᠯᠤᠭᠰᠠᠨ ᠨᠢᠭᠡ ᠪᠦᠯᠦᠭ ᠨᠡᠶᠢᠲᠡᠯᠢᠭ ᠬᠡᠷᠡᠭ ᠦᠨ ᠵᠢᠱᠢᠶ᠎ᠡ ᠶᠢ ᠬᠠᠮᠲᠤᠷᠠᠨ ᠨᠡᠶᠢᠲᠡᠯᠡᠵᠦ᠂ ᠬᠠᠤᠯᠢ ᠴᠠᠭᠠᠵᠠ ᠶᠢᠨ ᠪᠠᠶᠢᠭᠤᠯᠭ᠎ᠠ ᠶᠢᠨ ᠢᠳᠡᠭᠡᠨ ᠦ ᠠᠮᠤᠷ ᠲᠦᠪᠰᠢᠨ ᠳᠦ ᠬᠣᠣᠷ ᠬᠥᠨᠥᠭᠡᠯ ᠤᠴᠠᠷᠠᠭᠤᠯᠤᠭᠰᠠᠨ ᠶᠠᠯᠠᠲᠤ ᠠᠵᠢᠯᠯᠠᠭ᠎ᠠ ᠳᠤ ᠬᠠᠤᠯᠢ ᠶᠣᠰᠣᠭᠠᠷ ᠴᠣᠬᠢᠯᠲᠠ ᠥᠭᠬᠦ᠂ ᠠᠷᠠᠳ ᠤᠯᠠᠨ ᠤ ᠠᠮᠢ ᠨᠠᠰᠤ ᠡᠷᠡᠭᠦᠯ ᠮᠡᠨᠳᠤ ᠶᠢᠨ ᠠᠮᠤᠷ ᠲᠦᠪᠰᠢᠨ ᠢ ᠪᠠᠲᠤᠯᠠᠬᠤ᠂ ᠥᠷᠭᠡᠨ ᠤᠯᠠᠨ ᠬᠡᠷᠡᠭᠯᠡᠭᠴᠢᠳ ᠢ ᠬᠥᠮᠦᠵᠢᠭᠦᠯᠦᠨ ᠬᠥᠲᠥᠯᠥᠨ ᠵᠢᠯᠣᠭᠣᠳᠴᠤ ᠪᠠᠶᠢᠭᠠᠳ ᠢᠳᠡᠭᠡᠨ ᠦ ᠠᠮᠤᠷ ᠲᠦᠪᠰᠢᠨ ᠦ ᠤᠬᠠᠮᠰᠠᠷ ᠢ ᠨᠢ ᠳᠡᠭᠡᠭᠰᠢᠯᠡᠭᠦᠯᠦᠭᠰᠡᠨ ᠪᠠᠶᠢᠨ᠎ᠠ ᠃
ᠢᠳᠡᠭᠡᠨ ᠦ ᠠᠮᠤᠷ ᠲᠦᠪᠰᠢᠨ ᠪᠣᠯ ᠠᠷᠠᠳ ᠤᠨ ᠠᠮᠢᠳᠤᠷᠠᠯ ᠤᠨ ᠴᠢᠬᠤᠯᠠ ᠠᠰᠠᠭᠤᠳᠠᠯ ᠪᠣᠯᠤᠨ᠎ᠠ᠃ ᠨᠠᠮ ᠤᠨ ᠠᠷᠪᠠᠨ ᠨᠠᠢᠮᠠᠳᠤᠭᠠᠷ ᠶᠡᠬᠡ ᠬᠤᠷᠠᠯ ᠠᠴᠠ ᠨᠠᠰᠢ᠂ ᠶᠡᠷᠦᠩᠬᠡᠢ ᠱᠦᠵᠢ ᠰᠢ ᠶᠢᠨ ᠫᠢᠩ ᠢᠳᠡᠭᠡᠨ ᠦ ᠠᠮᠤᠷ ᠲᠦᠪᠰᠢᠨ ᠦ ᠠᠵᠢᠯ ᠳᠤ ᠤᠯᠠᠨ ᠤᠳᠠᠭ᠎ᠠ ᠴᠢᠬᠤᠯᠠ ᠵᠢᠭᠠᠪᠤᠷᠢ ᠥᠭᠴᠦ᠂ ᠢᠳᠡᠭᠡᠨ ᠦ ᠠᠮᠤᠷ ᠲᠦᠪᠰᠢᠨ ᠦ ᠠᠵᠢᠯ ᠢ ᠴᠢᠩᠭᠠᠳᠬᠠᠬᠤ ᠳᠤ ᠦᠨᠳᠦᠰᠦᠨ ᠵᠢᠷᠤᠮᠯᠠᠯ ᠬᠠᠩᠭᠠᠵᠠᠢ᠃ 2019 ᠣᠨ ᠤ 5 ᠰᠠᠷ᠎ᠠ ᠳᠤ᠂︽ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠢᠳᠡᠭᠡᠨ ᠦ ᠠᠮᠤᠷ ᠲᠦᠪᠰᠢᠨ ᠦ ᠠᠵᠢᠯ ᠢ ᠴᠢᠩᠭᠠᠳᠬᠠᠬᠤ ᠲᠤᠬᠠᠢ ᠨᠠᠮ ᠤᠨ ᠲᠥᠪ ᠬᠣᠷᠢᠢ᠎ᠠ ᠲᠦᠷᠦ ᠶᠢᠨ ᠶᠠᠪᠤᠳᠠᠯ ᠤᠨ ᠬᠣᠷᠢᠶᠠᠨ ᠤ ᠰᠠᠨᠠᠯ︾ ᠢ ᠨᠡᠶᠢᠲᠡᠯᠡᠵᠦ᠂ ᠢᠳᠡᠭᠡᠨ ᠦ ᠠᠮᠤᠷ ᠲᠦᠪᠰᠢᠨ ᠦ ᠠᠵᠢᠯ ᠢ ᠴᠢᠩᠭᠠᠳᠬᠠᠬᠤ ᠲᠤᠬᠠᠢ ᠪᠦᠬᠦ ᠲᠠᠯ᠎ᠠ ᠶᠢᠨ ᠪᠠᠶᠢᠷᠢᠯᠠᠭᠤᠯᠤᠯᠲᠠ ᠬᠢᠵᠡᠢ᠃ 《ᠬᠣᠶᠠᠷ ᠳᠡᠭᠡᠳᠦ ᠬᠣᠷᠢᠶ᠎ᠠ》 ᠬᠠᠮᠲᠤᠷᠠᠨ 《ᠢᠳᠡᠭᠡᠨ ᠦ ᠠᠶᠤᠯᠭᠦᠶ ᠳᠦ ᠬᠣᠣᠷ ᠬᠥᠨᠥᠭᠡᠯ ᠤᠴᠠᠷᠠᠭᠤᠯᠤᠭᠰᠠᠨ ᠡᠷᠡᠭᠦᠦ ᠶᠢᠨ ᠬᠡᠷᠡᠭ ᠢ ᠰᠢᠶᠳᠪᠦᠷᠢᠯᠡᠬᠦ ᠳᠦ ᠬᠠᠤᠯᠢ ᠴᠠᠭᠠᠵᠠ ᠶᠢ ᠬᠡᠷᠡᠭᠯᠡᠬᠦ ᠠᠰᠠᠭᠤᠳᠠᠯ ᠤᠳ ᠤᠨ ᠲᠤᠬᠠᠶ ᠲᠠᠶᠢᠯᠪᠤᠷᠢᠯᠠᠯᠲᠠ》 ᠶᠢ ᠨᠡᠶᠢᠲᠡᠯᠡᠵᠦ᠂ ᠢᠳᠡᠭᠡᠨ ᠦ ᠠᠶᠤᠯᠭᠦᠶ ᠳᠦ ᠬᠣᠣᠷ ᠬᠥᠨᠥᠭᠡᠯ ᠤᠴᠠᠷᠠᠭᠤᠯᠤᠭᠰᠠᠨ ᠶᠠᠯᠠᠲᠤ ᠠᠵᠢᠯᠯᠠᠭ᠎ᠠ ᠳᠤ ᠬᠠᠤᠯᠢ ᠶᠣᠰᠣᠭᠠᠷ ᠴᠣᠬᠢᠯᠲᠠ ᠥᠭᠬᠦ ᠡᠷᠡᠭᠦᠦ ᠶᠢᠨ ᠬᠡᠷᠡᠭ ᠦᠨ ᠬᠠᠤᠯᠢ ᠶᠢᠨ ᠲᠣᠣᠷ ᠢ ᠤᠯᠠᠮ ᠨᠢᠭᠡ ᠠᠯᠬᠤᠮ ᠴᠢᠩᠭᠠᠯᠠᠪᠠ᠃ ᠡᠯ᠎ᠡ ᠱᠠᠲᠤᠨ ᠤ ᠰᠢᠭᠦᠬᠦ ᠬᠣᠷᠢᠶ᠎ᠠ᠂ ᠪᠠᠶᠢᠴᠠᠭᠠᠬᠤ ᠬᠣᠷᠢᠶ᠎ᠠ ᠨᠤᠭᠤᠳ ᠢᠳᠡᠭᠡᠨ ᠦ ᠠᠶᠤᠯᠭᠦᠶ ᠶᠢᠨ ᠬᠠᠤᠯᠢ ᠪᠠᠷᠢᠬᠤ ᠠᠵᠢᠯ ᠢ ᠢᠮᠠᠭᠲᠠ ᠨᠢᠭᠡᠨ ᠴᠢᠬᠤᠯᠠ ᠶᠡᠬᠡ ᠤᠯᠤᠰ ᠲᠦᠷᠦ ᠶᠢᠨ ᠡᠭᠦᠷᠭᠡ ᠪᠣᠯᠭᠠᠵᠤ᠂ 《ᠲᠦᠷᠪᠡᠨ ᠬᠠᠮᠤᠭ ᠤᠨ ᠴᠢᠩᠭᠭ᠎ᠠ》 ᠶᠢᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠡᠭᠦᠷᠭᠡ ᠴᠢᠳᠠᠪᠤᠷᠢ ᠶᠢᠨ ᠦᠢᠯᠡᠳᠦᠯ ᠢᠶᠡᠨ ᠭᠦᠢᠴᠡᠳ ᠪᠠᠳᠠᠷᠠᠭᠤᠯᠤᠨ᠂ ᠢᠳᠡᠭᠡᠨ ᠦ ᠠᠶᠤᠯᠭᠦᠶ ᠳᠦ ᠬᠣᠣᠷ ᠬᠥᠨᠥᠭᠡᠯ ᠤᠴᠠᠷᠠᠭᠤᠯᠤᠭᠰᠠᠨ ᠶᠠᠯᠠᠲᠤ ᠠᠵᠢᠯᠯᠠᠭ᠎ᠠ ᠶᠢ ᠬᠠᠤᠯᠢ ᠶᠣᠰᠣᠭᠠᠷ ᠴᠢᠩᠭ᠎ᠠ ᠰᠢᠳᠬᠡᠵᠦ᠂ ᠡᠷᠡᠭᠦᠦ ᠰᠢᠳᠬᠡᠯ ᠢ ᠵᠣᠯᠭᠠᠭᠤᠯᠬᠤ ᠲᠣᠭᠲᠠᠴᠠ ᠶᠢ ᠲᠡᠭᠦᠯᠳᠡᠷᠵᠢᠭᠦᠯᠵᠦ᠂ ᠨᠡᠶᠢᠭᠡᠮ ᠦᠨ ᠶᠡᠷᠦᠩᠬᠡᠶᠢᠯᠡᠨ ᠵᠠᠰᠠᠬᠤ ᠠᠵᠢᠯ ᠳᠤ ᠢᠳᠡᠪᠬᠢᠲᠡᠶ ᠣᠷᠣᠯᠴᠠᠵᠤ᠂ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ᠂ ᠢᠳᠡᠭᠡᠨ ᠦ ᠠᠶᠤᠯᠭᠦᠶ ᠶᠢ ᠪᠠᠲᠤᠯᠠᠬᠤ ᠪᠠᠲᠤ ᠪᠡᠬᠢ ᠰᠡᠷᠭᠡᠶᠢᠯᠡᠯᠲᠡ ᠶᠢᠨ ᠱᠤᠭᠤᠮ ᠢ ᠪᠠᠲᠤ ᠪᠤᠢ ᠪᠣᠯᠭᠠᠪᠠ᠃ 2013 ᠣᠨ ᠠᠴᠠ 2022 ᠣᠨ ᠪᠣᠯᠲᠠᠯ᠎ᠠ᠂ ᠬᠠᠤᠯᠢ ᠴᠠᠭᠠᠵᠠ ᠶᠢᠨ ᠪᠠᠶᠢᠭᠤᠯᠭ᠎ᠠ ᠠᠴᠠ ᠠᠶᠤᠯᠭᠦᠶ ᠶᠢᠨ ᠪᠠᠷᠢᠮᠵᠢᠶ᠎ᠠ ᠳᠤ ᠦᠯᠦ ᠨᠡᠶᠢᠴᠡᠬᠦ ᠢᠳᠡᠭᠡᠨ ᠦ ᠵᠦᠢᠯ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠ ᠬᠣᠣᠷᠲᠠᠢ ᠬᠥᠨᠥᠭᠡᠯ ᠲᠡᠶ ᠢᠳᠡᠭᠡᠨ ᠦ ᠵᠦᠢᠯ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠶᠢᠨ ᠡᠷᠡᠭᠦᠦ ᠶᠢᠨ ᠬᠡᠷᠡᠭ ᠢ 4᠋᠂5 ᠲᠦᠮᠡ ᠭᠠᠷᠤᠶ ᠰᠢᠶᠳᠪᠦᠷᠢᠯᠡᠵᠦ᠂ 6᠂2 ᠲᠦᠮᠡ ᠭᠠᠷᠤᠶ ᠬᠥᠮᠦᠨ ᠡᠴᠡ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠪᠡ᠂ ᠡᠭᠦᠨ ᠡᠴᠡ ᠭᠠᠳᠠᠨ᠎ᠠ ᠪᠠᠰᠠ ᠢᠳᠡᠭᠡᠨ ᠦ ᠠᠶᠤᠯᠭᠦᠶ ᠳᠦ ᠶᠡᠬᠡ ᠬᠡᠮᠵᠢᠶᠡᠨ ᠦ ᠬᠣᠣᠷ ᠬᠥᠨᠥᠭᠡᠯ ᠤᠴᠠᠷᠠᠭᠤᠯᠤᠭᠰᠠᠨ ᠶᠠᠯᠠᠲᠤ ᠠᠵᠢᠯᠯᠠᠭ᠎ᠠ ᠶᠢ ᠬᠠᠭᠤᠷᠮᠠᠭ ᠮᠠᠭᠤ ᠦᠢᠯᠡᠳᠬᠦᠨ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠵᠡᠷᠭᠡ ᠬᠣᠯᠪᠣᠭᠳᠠᠯ ᠪᠦᠬᠦᠢ ᠶᠠᠯ᠎ᠠ ᠶᠢᠨ ᠨᠡᠷ᠎ᠡ ᠪᠡᠷ ᠶᠠᠯ᠎ᠠ ᠲᠣᠭᠲᠠᠭᠠᠨ ᠰᠢᠳᠬᠡᠵᠦ᠂ ᠢᠳᠡᠭᠡᠨ ᠦ ᠠᠶᠤᠯᠭᠦᠶ ᠳᠦ ᠬᠣᠣᠷ ᠬᠥᠨᠥᠭᠡᠯ ᠤᠴᠠᠷᠠᠭᠤᠯᠤᠭᠰᠠᠨ ᠶᠠᠯᠠᠲᠤ ᠠᠵᠢᠯᠯᠠᠭ᠎ᠠ ᠳᠤ ᠪᠦᠲᠦᠮᠵᠢᠲᠡᠶ ᠴᠣᠬᠢᠯᠲᠠ ᠥᠭᠪᠡ᠃ 
ᠲᠣᠰ ᠤᠳᠠᠭ᠎ᠠ ᠨᠡᠶᠢᠲᠡᠯᠡᠭᠰᠡᠨ 4 ᠬᠡᠷᠡᠭ ᠦᠨ ᠵᠢᠱᠢᠶ᠎ᠡ ᠳᠦ ᠂ ᠦᠬᠡᠷ ᠦᠨ ᠮᠢᠬᠠᠨ ᠤ ᠦᠶᠯᠡᠳᠬᠦᠨ ᠂ ᠮᠠᠷᠢᠶ᠎ᠠ ᠰᠢᠭᠤᠷᠠᠭᠤᠯᠬᠤ ᠢᠳᠡᠭᠡᠨ ᠂ ᠪᠤᠳᠠᠭᠠᠨ ᠭᠤᠯᠢᠷ ᠂ ᠳᠠᠪᠦᠰᠦᠯᠠᠨ ᠬᠠᠲᠠᠭᠠᠭᠰᠠᠨ ᠮᠢᠬ᠎ᠠ ᠵᠡᠷᠭᠡ 4 ᠲᠥᠷᠥᠯ ᠦᠨ ᠢᠳᠡᠭᠡᠨ ᠳᠦ ᠬᠣᠯᠪᠣᠭᠳᠠᠭᠰᠠᠨ ᠬᠠᠭᠤᠷᠮᠠᠭ ᠶᠠᠭᠤᠮ᠎ᠠ ᠪᠠᠷ ᠵᠢᠩᠬᠢᠨᠢ ᠶᠠᠭᠤᠮ᠎ᠠ ᠶᠢ ᠣᠷᠣᠯᠠᠭᠤᠯᠬᠤ ᠂ ᠬᠣᠤᠷ ᠲᠠᠶ  ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠮᠠᠲ᠋ᠧᠷᠢᠶᠠᠯ ᠢ ᠬᠠᠤᠯᠢ ᠪᠤᠰᠤ ᠪᠠᠷ ᠨᠡᠮᠡᠬᠦ ᠵᠡᠷᠭᠡ ᠨᠡᠶᠢᠲᠡᠯᠢᠭ ᠶᠠᠯᠠᠲᠤ ᠠᠵᠢᠯᠯᠠᠭ᠎ᠠ ᠶᠢᠨ ᠠᠷᠭ᠎ᠠ ᠪᠠᠷᠢᠯ ᠢ ᠪᠠᠭᠲᠠᠭᠠᠭᠰᠠᠨ ᠪᠥᠭᠡᠳ ᠴᠥᠮ ᠮᠠᠰᠢ ᠶᠡᠬᠡ ᠲᠥᠯᠥᠭᠡᠯᠡᠬᠦ ᠴᠢᠨᠠᠷ ᠲᠠᠶ ᠶᠤᠮ ᠃ ᠡᠭᠦᠨ ᠦ ᠳᠣᠲᠣᠷ᠎ᠠ ᠣᠯᠠᠨ ᠵᠠᠭᠠᠯᠳᠤᠭᠳᠠᠭᠴᠢ  ᠶᠢ ᠬᠦᠨᠳᠦ ᠡᠷᠡᠭᠦᠦ ᠪᠡᠷ ᠰᠢᠳᠬᠡᠭᠰᠡᠨ ᠪᠥᠭᠡᠳ ᠶᠡᠬᠡ ᠲᠣᠭᠠᠨ ᠤ ᠵᠣᠭᠣᠰ ᠢᠶᠠᠷ ᠲᠣᠷᠭᠠᠬᠤ ᠪᠠᠷ ᠰᠢᠳᠬᠡᠭᠰᠡᠨ ᠨᠢ ᠬᠠᠤᠯᠢ ᠪᠠᠷᠢᠬᠤ ᠪᠠᠶᠢᠭᠤᠯᠤᠯᠭ᠎ᠠ  ᠶᠢᠨ ᠠᠷᠠᠳ ᠲᠦᠮᠡᠨ  ᠢ ᠳᠡᠭᠡᠳᠦᠯᠡᠬᠦ  ᠶᠢ ᠪᠠᠷᠢᠮᠲᠠᠯᠠᠨ ᠂ ᠢᠳᠡᠭᠡᠨ ᠦ ᠠᠮᠤᠷ ᠲᠦᠪᠰᠢᠨ ᠳᠦ ᠬᠣᠣᠷ ᠬᠥᠨᠥᠭᠡᠯ ᠤᠴᠠᠷᠠᠭᠤᠯᠤᠭᠰᠠᠨ ᠶᠠᠯᠠᠲᠤ ᠠᠵᠢᠯᠯᠠᠭ᠎ᠠ  ᠶᠢ ᠬᠠᠤᠯᠢ ᠶᠣᠰᠣᠭᠠᠷ ᠴᠢᠩᠭᠭ᠎ᠠ ᠰᠢᠳᠬᠡᠬᠦ ᠡᠷᠡᠰ ᠵᠣᠷᠢᠭ  ᠢ ᠬᠠᠷᠠᠭᠤᠯᠵᠠᠶ ᠃ 
ᠠᠷᠠᠳ ᠤᠨ ᠳᠡᠭᠡᠳᠦ ᠰᠢᠭᠦᠬᠦ ᠬᠣᠷᠢᠶ᠎ᠠ ᠂ ᠠᠷᠠᠳ ᠤᠨ ᠳᠡᠭᠡᠳᠦ ᠪᠠᠶᠢᠴᠠᠭᠠᠬᠤ ᠬᠣᠷᠢᠶ᠎ᠠ ᠰᠢ ᠶᠢᠨ ᠫᠢᠩ ᠵᠢᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ  ᠲᠠᠶ ᠨᠡᠶᠢᠭᠡᠮ ᠵᠢᠷᠤᠮ ᠤᠨ ᠦᠵᠡᠯ ᠰᠠᠨᠠᠭ᠎ᠠ  ᠪᠠᠷ ᠵᠢᠯᠣᠭᠣᠳᠣᠯᠭ᠎ᠠ ᠪᠣᠯᠭᠠᠬᠤ  ᠶᠢ ᠢᠮᠠᠭᠲᠠ ᠪᠠᠷᠢᠮᠲᠠᠯᠠᠵᠤ ᠂ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠪᠣᠯᠤᠨ ᠰᠢ ᠶᠢᠨ ᠫᠢᠩ ᠶᠡᠷᠦᠩᠬᠡᠶ ᠱᠦᠵᠢ ᠶᠢᠨ ᠢᠳᠡᠭᠡᠨ ᠦ ᠠᠮᠤᠷ ᠲᠦᠪᠰᠢᠨ ᠢ ᠬᠠᠮᠠᠭᠠᠯᠠᠬᠤ ᠂ ᠠᠷᠠᠳ ᠣᠯᠠᠨ ᠤ ᠪᠡᠶ᠎ᠡ ᠮᠠᠬᠠᠪᠣᠳ ᠤᠨ ᠡᠷᠡᠭᠦᠯ ᠴᠢᠭᠢᠷᠠᠭ ᠢ ᠪᠠᠲᠤᠯᠠᠬᠤ ᠵᠡᠷᠭᠡ ᠠᠯᠢ ᠣᠯᠠᠨ ᠴᠢᠬᠤᠯᠠ ᠵᠢᠭᠠᠪᠤᠷᠢ ᠴᠣᠬᠣᠯᠠᠪᠤᠷᠢ ᠶᠢᠨ ᠵᠣᠷᠢᠭ ᠰᠠᠨᠠᠭ᠎ᠠ  ᠶᠢ ᠭᠦᠨᠵᠡᠭᠡᠶ ᠲᠤᠤᠱᠯᠠᠭᠤᠯᠵᠤ ᠂ ᠠᠷᠠᠳ ᠲᠦᠮᠡᠨ ᠢᠶᠡᠷ ᠭᠣᠣᠯ ᠪᠣᠯᠭᠠᠬᠤ ᠶᠢ ᠪᠠᠷᠢᠮᠲᠠᠯᠠᠵᠤ᠂ ᠣᠷᠣᠨ ᠨᠤᠲᠤᠭ ᠤᠨ ᠡᠯ᠎ᠡ ᠱᠠᠲᠤᠨ ᠤ ᠰᠢᠭᠦᠬᠦ ᠬᠣᠷᠢᠶ᠎ᠠ᠂ ᠪᠠᠶᠢᠴᠠᠭᠠᠬᠤ ᠬᠣᠷᠢᠶ᠎ᠠ ᠶᠢᠨ ᠤᠯᠤᠰ ᠲᠦᠷᠦ ᠶᠢᠨ ᠵᠣᠭᠰᠣᠴᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢ ᠬᠢᠨᠠᠨ ᠵᠢᠯᠣᠭᠣᠳᠴᠤ᠂ ᠪᠡᠶᠡᠴᠢ ᠴᠣᠭᠴᠠ ᠶᠢᠨ ᠬᠠᠷᠢᠭᠤᠴᠠᠯᠭ᠎ᠠ ᠪᠠᠨ ᠪᠣᠳᠠᠲᠠᠶᠢᠵᠢᠭᠤᠯᠵᠤ᠂ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠵᠦ᠂ ᠴᠢᠳᠠᠮᠠᠭᠠᠶ ᠪᠠᠷ ᠬᠠᠤᠯᠢ ᠪᠠᠷᠢᠵᠤ᠂ ᠠᠷᠠᠳ ᠤᠯᠠᠨ ᠤ 《ᠢᠳᠡᠭᠡᠨ ᠤᠮᠳᠠᠭᠠᠨ》 ᠤ ᠠᠮᠤᠷ ᠲᠦᠪᠰᠢᠨ ᠢ ᠰᠠᠶᠢᠲᠤᠷ ᠬᠠᠮᠠᠭᠠᠯᠠᠪᠠ᠃ 


ᠬᠡᠷᠡᠭ ᠦᠨ ᠵᠢᠱᠢᠶ᠎ᠡ ᠶᠢᠨ ᠭᠠᠷᠴᠠᠭ

ᠬᠡᠷᠡᠭ ᠦᠨ ᠵᠢᠱᠢᠶ᠎ᠡ ᠨᠢᠭᠡ ᠄ ᠱᠸᠨ ᠣᠪᠣᠭᠲᠤ ᠵᠡᠷᠭᠡ ᠬᠥᠮᠦᠰ ᠦᠨ ᠬᠠᠭᠤᠷᠮᠠᠭ ᠮᠠᠭᠤ ᠦᠢᠯᠡᠳᠬᠦᠨ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ - ᠮᠣᠷᠢᠨ ᠤ ᠮᠢᠬ᠎ᠠ᠂ ᠨᠤᠭᠤᠰᠤᠨ ᠮᠢᠬ᠎ᠠ ᠵᠡᠷᠭᠡ ᠪᠡᠷ ᠣᠷᠣᠯᠠᠭᠤᠯᠤᠭᠰᠠᠨ ᠦᠬᠡᠷ ᠦᠨ ᠮᠢᠬᠠᠨ ᠤ ᠪᠦᠲᠦᠭᠡᠭᠳᠡᠬᠦᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ 
ᠬᠡᠷᠡᠭ ᠦᠨ ᠵᠢᠱᠢᠶ᠎ᠡ ᠬᠣᠶᠠᠷ᠄ ᠽᠸᠩ ᠣᠪᠣᠭᠲᠤ  ᠵᠢᠨ ᠬᠣᠣᠷᠲᠠᠢ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ - ᠮᠠᠷᠢᠶ᠎ᠠ ᠰᠢᠭᠤᠷᠠᠭᠤᠯᠬᠤ ᠢᠳᠡᠭᠡᠨ ᠳᠦ ᠬᠠᠤᠯᠢ ᠪᠤᠰᠤ ᠪᠠᠷ ᠰᠢ ᠪᠦ᠋ ᠴᠢᠦᠶ ᠮᠢᠩ (西布曲明)ᠨᠡᠮᠡᠪᠡ 
ᠬᠡᠷᠡᠭ ᠦᠨ ᠵᠢᠱᠢᠶ᠎ᠡ ᠭᠤᠷᠪᠠ᠄ ᠹᠦ᠋ ᠣᠪᠣᠭᠲᠤ ᠬᠣᠣᠷᠲᠠᠢ᠂ ᠬᠥᠨᠥᠭᠡᠯ ᠲᠡᠶ ᠢᠳᠡᠭᠡᠨ ᠦ ᠵᠦᠢᠯ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ - ᠪᠤᠳᠠᠭᠠᠨ ᠭᠤᠯᠢᠷ ᠦᠢᠯᠡᠳᠪᠦᠷᠢᠯᠡᠬᠦ ᠶᠠᠪᠤᠴᠠ ᠳᠤ ᠫᠡᠨᠭ ᠱᠠ ᠨᠡᠮᠡᠪᠡ 
ᠬᠡᠷᠡᠭ ᠦᠨ ᠵᠢᠱᠢᠶ᠎ᠡ ᠲᠥᠷᠪᠡ᠄ ᠵᠠᠩ ᠣᠪᠣᠭᠲᠤ ᠢᠦᠢ᠂ ᠵᠠᠩ ᠣᠪᠣᠭᠲᠤ ᠶᠢᠨ ᠬᠣᠣᠷᠲᠠᠢ᠂ ᠬᠥᠨᠥᠭᠡᠯ ᠲᠡᠶ ᠢᠳᠡᠭᠡᠨ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ - ᠳᠠᠪᠤᠰᠤᠯᠠᠭᠰᠠᠨ ᠮᠢᠬ᠎ᠠ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠪᠤᠴᠠ ᠳᠤ ᠳ᠋ᠢ ᠳ᠋ᠢ ᠸᠧᠶ ᠶᠢ ᠰᠦᠷᠴᠢᠭᠰᠡᠨ ᠨᠢ ᠬᠡᠷᠡᠭ 
ᠬᠡᠷᠡᠭ ᠦᠨ ᠵᠢᠱᠢᠶ᠎ᠡ ᠨᠢᠭᠡ
ᠱᠸᠨ ᠣᠪᠣᠭᠲᠤ ᠵᠡᠷᠭᠡ ᠬᠥᠮᠦᠰ ᠦᠨ ᠬᠠᠭᠤᠷᠮᠠᠭ ᠮᠠᠭᠤ ᠦᠢᠯᠡᠳᠬᠦᠨ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ
- ᠦᠢᠯᠡᠳᠪᠦᠷᠢᠯᠡᠬᠦ᠂ ᠪᠣᠷᠣᠯᠠᠭᠤᠯᠬᠤ ᠳᠤ ᠬᠡᠷᠡᠭᠯᠡᠬᠦ ᠮᠣᠷᠢᠨ ᠤ ᠮᠢᠬ᠎ᠠ᠂ ᠨᠤᠭᠤᠰᠤᠨ ᠤ ᠮᠢᠬ᠎ᠠ ᠵᠡᠷᠭᠡ ᠬᠠᠭᠤᠷᠮᠠᠭ ᠦᠬᠡᠷ ᠦᠨ ᠮᠢᠬᠠᠨ ᠤ ᠪᠦᠲᠦᠭᠡᠭᠳᠡᠬᠦᠨ

ᠬᠡᠷᠡᠭ ᠦᠨ ᠲᠣᠪᠴᠢ ᠪᠠᠶᠢᠳᠠᠯ

2020 ᠣᠨ  ᠠᠴᠠ ᠨᠠᠰᠢ ᠂ ᠵᠠᠭᠠᠯᠳᠤᠭᠳᠠᠭᠴᠢ ᠱᠸᠨ ×× ᠹᠦ᠋ ᠾᠧᠨᠠᠨ ᠤ ᠨᠢᠭᠡᠨ ᠢᠳᠡᠭᠡᠨ ᠦ ᠬᠢᠵᠠᠭᠠᠷᠲᠤ ᠺᠣᠮᠫᠠᠨᠢ  ᠶᠢᠨ ᠦᠢᠯᠡᠳᠪᠦᠷᠢᠯᠡᠯ ᠡᠵᠡᠩᠨᠡᠯᠲᠡ  ᠶᠢ ᠪᠣᠳᠠᠲᠠᠶ ᠡᠵᠡᠮᠳᠡᠵᠦ ᠪᠠᠶᠢᠭᠰᠠᠨ ᠬᠤᠭᠤᠴᠠᠭᠠᠨ ᠳᠤ ᠂ ᠵᠠᠭᠠᠯᠳᠤᠭᠳᠠᠭᠴᠢ ᠱᠸᠨ ×× ᠼᠠᠢ ‍ᠳ᠋ᠥ ᠨᠠᠶᠢᠳᠠᠵᠤ ᠲᠤᠰ ᠺᠣᠮᠫᠠᠨᠢ  ᠶᠢᠨ ᠶᠡᠷᠦᠩᠬᠡᠶ ᠳᠠᠭᠠᠭᠠᠮᠠᠯ ᠤᠨ ᠲᠤᠰᠢᠶᠠᠯ  ᠢ ᠬᠠᠷᠢᠭᠤᠴᠠᠭᠤᠯᠤᠭᠰᠠᠨ ᠪᠥᠭᠡᠳ ᠯᠢᠦ ×× ᠴᠤᠤ ᠵᠡᠷᠭᠡ ᠬᠥᠮᠦᠰ  ᠢ ᠤᠷᠢᠵᠤ ᠡᠯ᠎ᠡ ᠵᠦᠢᠯ ᠦᠨ ᠮᠢᠬᠠᠨ ᠤ ᠲᠥᠷᠥᠯ ᠦᠨ ᠪᠣᠯᠪᠠᠰᠤᠷᠠᠭᠤᠯᠬᠤ ᠦᠢᠯᠡᠳᠬᠦᠨ  ᠢ ᠦᠢᠯᠡᠳᠪᠦᠷᠢᠯᠡᠭᠦᠯᠵᠦ ᠪᠣᠷᠣᠯᠠᠭᠤᠯᠵᠠᠶ ᠃ 2020 ᠣᠨ ᠤ 4 ᠰᠠᠷ᠎ᠠ ᠳᠤ᠂ ᠱᠸᠨ ×× ᠹᠦ᠋ ᠪᠡᠯᠡ ᠮᠥᠩᠭᠥ ᠭᠠᠷᠭᠠᠨ ᠡᠯᠸᠺᠲᠷᠤᠨ ᠬᠤᠳᠠᠯᠳᠤᠭᠠᠨ ᠤ ᠰᠠᠯᠠᠭ᠎ᠠ ᠮᠥᠴᠢᠷ ᠢ ᠪᠠᠶᠢᠭᠤᠯᠵᠤ᠂ ᠤᠯᠠᠨ ᠡᠯᠸᠺᠲᠷᠤᠨ ᠬᠤᠳᠠᠯᠳᠤᠭᠠᠨ ᠤ ᠲᠠᠪᠴᠠᠩ ᠳᠤ 30 ᠭᠠᠷᠤᠢ ᠳᠡᠯᠭᠡᠭᠦᠷ ᠨᠡᠭᠡᠭᠡᠵᠦ᠂ ᠦᠢᠯᠡᠳᠪᠦᠷᠢᠯᠡᠭᠰᠡᠨ ᠮᠢᠬᠠᠨ ᠤ ᠲᠦᠷᠦᠯ ᠦᠨ ᠡᠳ᠋ᠰᠢᠭᠦᠯᠦᠭᠰᠡᠨ ᠦᠢᠯᠡᠳᠬᠦᠨ ᠢᠶᠡᠨ ᠪᠣᠷᠣᠯᠠᠭᠤᠯᠬᠤ ᠳᠤ ᠬᠡᠷᠡᠭᠯᠡᠵᠡᠢ᠃ ᠡᠭᠦᠨ ᠡᠴᠡ ᠰᠡᠭᠦᠯᠡᠷ ᠂ ᠱᠸᠨ ×× ᠹᠦ᠋ ᠠᠵᠢᠯᠲᠠᠨ ᠢᠶᠠᠨ ᠵᠣᠬᠢᠶᠠᠨ ᠪᠠᠶᠢᠭᠤᠯᠤᠨ ᠮᠣᠷᠢᠨ ᠮᠢᠬ᠎ᠠ ᠂ ᠨᠤᠭᠤᠰᠤᠨ ᠮᠢᠬ᠎ᠠ ᠂ ᠲᠠᠬᠢᠶᠠᠨ ᠮᠢᠬ᠎ᠠ ᠪᠠ ᠭᠠᠬᠠᠶ ᠶᠢᠨ ᠮᠢᠬ᠎ᠠ ᠬᠤᠳᠠᠯᠳᠤᠨ ᠠᠪᠴᠤ ᠂ ᠳᠠᠪᠤᠰᠤᠯᠠᠬᠤ ᠂ ᠠᠮᠲᠠ ᠤᠷᠥᠭᠤᠯᠠᠨ ᠴᠢᠨᠠᠬᠤ ᠂ ᠰᠢᠷᠠᠬᠤ ᠂ ᠡᠭᠡᠭᠡᠬᠦ ᠬᠠᠲᠠᠭᠠᠬᠤ ᠵᠡᠷᠭᠡ ᠭᠠᠷ ᠤᠷᠠᠯᠠᠯ ᠢᠶᠠᠷ ︽ ᠭᠠᠷ ᠢᠶᠠᠷ ᠤᠷᠠᠭᠰᠠᠨ ᠦᠬᠡᠷ ᠦᠨ ᠮᠢᠬ᠎ᠠ ᠂ ᠬᠠᠲᠠᠭᠠᠭᠰᠠᠨ ᠦᠬᠡᠷ ᠦᠨ ᠮᠢᠬ᠎ᠠ ᠂ ᠲᠠᠪᠤᠨ ᠠᠮᠲᠠᠲᠤ ᠦᠬᠡᠷ ᠦᠨ ᠭᠤᠶ᠎ᠠ ᠶᠢᠨ ᠮᠢᠬ᠎ᠠ ᠂ ᠲᠠᠪᠤᠨ ᠠᠮᠲᠠᠲᠤ ᠦᠬᠡᠷ ᠦᠨ ᠰᠢᠷᠪᠥᠰᠥᠨ ᠦᠶ᠎ᠡ ︾ ᠵᠡᠷᠭᠡ ᠬᠠᠭᠤᠷᠮᠠᠭ ᠦᠬᠡᠷ ᠦᠨ ᠮᠢᠬᠠᠨ ᠤ ᠪᠦᠲᠦᠭᠡᠭᠳᠡᠬᠦᠨ ᠬᠢᠵᠦ ᠂ ᠰᠦᠯᠵᠢᠶᠡᠨ ᠭᠠᠳᠠᠨᠠᠬᠢ ᠵᠠᠮ ᠪᠠ ᠰᠦᠯᠵᠢᠶᠡᠨ ᠳᠡᠭᠡᠷᠡᠬᠢ ᠡᠯᠧᠺᠲ᠋ᠷᠣᠨ ᠬᠤᠳᠠᠯᠳᠤᠭᠠᠨ ᠤ ᠵᠠᠮ ᠢᠶᠠᠷ ᠪᠥᠬᠥ ᠤᠯᠤᠰ ᠤᠨ ᠡᠯ᠎ᠡ ᠭᠠᠵᠠᠷ ᠲᠤ ᠪᠣᠷᠣᠯᠠᠭᠤᠯᠪᠠ ᠃ ᠱᠸᠨ ×× ᠹᠦ᠋ ᠵᠡᠷᠭᠡ ᠬᠥᠮᠦᠰ ᠬᠠᠭᠤᠷᠮᠠᠭ ᠦᠬᠡᠷ ᠦᠨ ᠮᠢᠬᠠᠨ ᠤ ᠪᠦᠲᠦᠭᠡᠭᠳᠡᠬᠦᠨ ᠢ ᠦᠢᠯᠡᠳᠪᠦᠷᠢᠯᠡᠵᠦ ᠪᠣᠷᠣᠯᠠᠭᠤᠯᠤᠭᠠᠳ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ ᠨᠡᠢᠢᠳᠡ 2690 ᠭᠠᠷᠤᠶ ᠲᠦᠮᠡᠨ ᠲᠥᠭᠥᠷᠢᠭ ᠲᠦ ᠬᠦᠷᠴᠡᠶ᠃ ᠡᠭᠦᠨ ᠡᠴᠡ ᠭᠠᠳᠠᠨ᠎ᠠ ᠱᠸᠨ ×× ᠹᠦ᠋ ᠵᠡᠷᠭᠡ ᠬᠥᠮᠦᠰ ᠪᠠᠰᠠ ᠪᠤᠷᠴᠠᠭ ᠤᠨ ᠲᠣᠰᠣᠨ ᠳᠤ ᠠᠩᠬᠢᠯᠤᠮ᠎ᠠ ᠶᠢᠨ ᠣᠬᠢ ᠂ ᠥᠩᠭᠡᠨ ᠦ ᠡᠳ᠋ ᠵᠡᠷᠭᠡ ᠶᠢ ᠨᠡᠮᠡᠭᠡᠳ ᠬᠠᠭᠤᠷᠮᠠᠭ ᠮᠠᠭᠠᠵᠢ ᠶᠢᠨ ᠲᠣᠰᠣ  ᠶᠢ ᠦᠢᠯᠡᠳᠪᠦᠷᠢᠯᠡᠵᠦ ᠂ ᠪᠣᠷᠣᠯᠠᠭᠤᠯᠵᠤ ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ ᠨᠡᠶᠢᠲᠡ 180 ᠭᠠᠷᠤᠶ ᠲᠦᠮᠡᠨ ᠲᠥᠭᠥᠷᠢᠭ ᠲᠦ ᠬᠦᠷᠴᠡᠶ ᠃ 

ᠵᠠᠷᠭᠤ ᠶᠢᠨ ᠶᠠᠪᠤᠴᠠ

ᠾᠧᠨᠠᠨ ᠮᠤᠵᠢ ᠶᠢᠨ ᠠᠨᠶᠠᠩ ᠬᠤᠳᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠬᠠᠭᠤᠷᠮᠠᠭ ᠮᠠᠭᠤ ᠦᠢᠯᠡᠳᠬᠦᠨ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠱᠸᠨ ×× ᠹᠦ᠋ ᠵᠡᠷᠭᠡ ᠬᠥᠮᠦᠰ ᠲᠦ ᠠᠯᠪᠠᠨ ᠵᠠᠭᠠᠯᠳᠤᠯᠭ᠎ᠠ ᠭᠠᠷᠭᠠᠪᠠ᠃ ᠾᠧᠨᠠᠨ ᠮᠤᠵᠢ ᠶᠢᠨ ᠠᠨᠶᠠᠩ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠶᠢᠨ ᠨᠢᠭᠡᠳᠦᠭᠡᠷ ᠰᠢᠭᠦᠯᠲᠡ ᠂ ᠾᠧᠨᠠᠨ ᠮᠤᠵᠢ ᠶᠢᠨ ᠠᠷᠠᠳ ᠤᠨ ᠥᠨᠳᠥᠷ ᠵᠡᠷᠭᠡ ᠶᠢᠨ ᠰᠢᠭᠦᠬᠦ ᠬᠣᠷᠢᠶ᠎ᠠ ᠶᠢᠨ ᠬᠣᠶᠠᠳᠤᠭᠠᠷ ᠰᠢᠭᠦᠯᠲᠡ ᠪᠡᠷ ᠳᠡᠮᠵᠢᠨ ᠂ ᠵᠠᠭᠠᠯᠳᠤᠭᠳᠠᠭᠴᠢ ᠱᠸᠨ ×× ᠹᠦ᠋ ᠵᠡᠷᠭᠡ ᠬᠥᠮᠦᠰ ᠦᠨ ᠬᠠᠭᠤᠷᠮᠠᠭ ᠢᠶᠠᠷ ᠦᠨᠡᠨ ᠢ ᠣᠷᠣᠯᠠᠭᠤᠯᠵᠤ ᠂ ᠬᠠᠭᠤᠷᠮᠠᠭ ᠦᠬᠡᠷ ᠦᠨ ᠮᠢᠬᠠᠨ ᠤ ᠪᠦᠲᠦᠭᠡᠭᠳᠡᠬᠦᠨ ᠂ ᠬᠠᠭᠤᠷᠮᠠᠭ ᠮᠠᠭᠠᠵᠢ ᠶᠢᠨ ᠲᠣᠰᠣ ᠦᠶᠯᠡᠳᠪᠦᠷᠢᠯᠡᠨ ᠪᠣᠷᠣᠯᠠᠭᠤᠯᠵᠤ ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ ᠨᠡᠶᠢᠲᠡ 2870 ᠭᠠᠷᠤᠶ ᠲᠦᠮᠡᠨ ᠲᠥᠭᠥᠷᠢᠭ ᠲᠦ ᠬᠦᠷᠴᠦ ᠂ ᠲᠡᠭᠦᠨ ᠦ ᠦᠶᠯᠡ ᠠᠵᠢᠯᠯᠠᠭ᠎ᠠ ᠨᠢ ᠨᠢᠭᠡᠨᠲᠡ ᠬᠠᠭᠤᠷᠮᠠᠭ ᠮᠠᠭᠤ ᠦᠶᠯᠡᠳᠬᠦᠨ ᠦᠶᠯᠡᠳᠪᠦᠷᠢᠯᠡᠨ ᠪᠣᠷᠣᠯᠠᠭᠤᠯᠤᠭᠰᠠᠨ ᠶᠠᠯ᠎ᠠ ᠪᠣᠯᠵᠣ ᠪᠦᠷᠢᠯᠳᠦᠪᠡ ᠭᠡᠵᠦ ᠮᠠᠭᠠᠳᠯᠠᠨ ᠲᠣᠭᠲᠠᠭᠠᠵᠠᠶ ᠃ ᠬᠠᠮᠲᠤ ᠪᠠᠷ ᠶᠠᠯ᠎ᠠ ᠬᠢᠬᠦ ᠶᠠᠪᠤᠴᠠ ᠳᠤ ᠱᠸᠨ ×× ᠹᠦ᠋᠂ ᠱᠸᠨ ×× ᠼᠠᠢ  ᠪᠤᠯ ᠭᠣᠣᠯ ᠭᠡᠷᠡᠭᠳᠡᠨ᠂ ᠪᠤᠰᠤᠳ ᠵᠠᠭᠠᠯᠳᠤᠭᠳᠠᠭᠴᠢ ᠨᠢ ᠳᠠᠭᠠᠭᠰᠠᠨ ᠭᠡᠷᠡᠭᠳᠡᠨ ᠳᠦ ᠲᠣᠭᠠᠴᠠᠭᠳᠠᠨ᠎ᠠ᠃ ᠡᠭᠦᠨ ᠢ ᠦᠨᠳᠦᠰᠦᠯᠡᠪᠡᠯ᠂ ᠬᠠᠭᠤᠷᠮᠠᠭ ᠮᠠᠭᠤ ᠦᠢᠯᠡᠳᠬᠦᠨ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠱᠸᠨ ×× ᠹᠦ᠋ ᠶᠢ ᠬᠤᠭᠤᠴᠠᠭ᠎ᠠ ᠦᠭᠡᠢ ᠬᠣᠷᠢᠬᠤ ᠪᠠᠷ ᠰᠢᠳᠬᠡᠵᠦ᠂ ᠤᠯᠤᠰ ᠲᠦᠷᠦ ᠶᠢᠨ ᠡᠷᠬᠡ ᠶᠢ ᠨᠢ ᠨᠠᠰᠤᠨ ᠲᠤᠷᠰᠢᠳᠠ ᠨᠢ ᠬᠠᠰᠤᠵᠤ᠂ ᠬᠤᠪᠢ ᠬᠥᠮᠦᠨ ᠦ ᠪᠦᠬᠦ ᠡᠳ᠋ ᠬᠦᠷᠦᠡᠭᠭᠡ ᠶᠢ ᠨᠢ ᠬᠤᠷᠢᠶᠠᠨ ᠠᠪᠬᠤ ᠪᠠᠷ ᠨᠡᠶᠢᠯᠡᠭᠦᠯᠦᠨ ᠰᠢᠳᠬᠡᠨ᠎ᠡ︔ ᠬᠠᠭᠤᠷᠮᠠᠭ ᠮᠠᠭᠤ ᠦᠢᠯᠡᠳᠬᠦᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠱᠸᠨ ×× ᠼᠠᠢ᠂ ᠯᠢᠦ ×× ᠴᠤᠤ ᠵᠡᠷᠭᠡ ᠬᠥᠮᠦᠨ ᠢ ᠲᠤᠰ ᠲᠤᠰ ᠠᠷᠪᠠᠨ ᠲᠠᠪᠤᠨ ᠵᠢᠯ ᠡᠴᠡ ᠬᠣᠶᠠᠷ ᠵᠢᠯ ᠦᠨ ᠠᠳᠠᠯᠢ ᠪᠤᠰᠤ ᠡᠷᠡᠭᠦᠦ ᠶᠢᠨ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠵᠣᠭᠣᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠳᠬᠡᠪᠡ᠃ 

ᠨᠡᠶᠢᠲᠡᠯᠢᠭ ᠤᠳᠬ᠎ᠠ 

ᠣᠶᠢᠷ᠎ᠠ ᠶᠢᠨ ᠵᠢᠯ ᠦᠳ ᠲᠦ ᠂ ᠵᠠᠷᠢᠮ ᠬᠠᠤᠯᠢ ᠪᠤᠰᠤ ᠬᠤᠳᠠᠯᠳᠤᠭᠠᠴᠢᠳ ᠬᠢᠮᠳᠠ ᠦᠨ᠎ᠡ ᠲᠡᠶ ᠮᠣᠷᠢᠨ ᠤ ᠮᠢᠬ᠎ᠠ ᠂ ᠨᠤᠭᠤᠰᠤᠨ ᠮᠢᠬ᠎ᠠ ᠵᠡᠷᠭᠡ ᠪᠡᠷ ᠦᠬᠡᠷ ᠦᠨ ᠮᠢᠬᠠᠨ ᠤ ᠪᠦᠲᠦᠭᠡᠭᠳᠡᠬᠦᠨ ᠢᠶᠡᠷ ᠣᠪᠯᠠᠨ ᠬᠡᠲᠦ ᠠᠰᠢᠭ ᠣᠯᠵᠤ ᠪᠠᠶᠢᠨ᠎ᠠ ᠃ ᠡᠨᠡ ᠲᠥᠷᠥᠯ ᠦᠨ ᠦᠬᠡᠷ ᠦᠨ ᠮᠢᠬᠠᠨ ᠤ ᠬᠠᠭᠤᠷᠮᠠᠭ ᠪᠦᠲᠦᠭᠡᠭᠳᠡᠬᠦᠨ ᠨᠢ ᠶᠡᠷᠦ ᠳᠡᠭᠡᠨ ᠬᠠᠲᠠᠭᠠᠭᠰᠠᠨ ᠦᠬᠡᠷ ᠦᠨ ᠮᠢᠬ᠎ᠠ ᠂ ᠦᠬᠡᠷ ᠦᠨ ᠮᠢᠬᠠᠨ ᠤ ᠣᠷᠢᠶᠠᠮᠠᠭ ᠂ ᠦᠬᠡᠷ ᠦᠨ ᠮᠢᠬᠠᠨ ᠤ ᠦᠷᠡᠯ ᠂ ᠰᠢᠷᠠᠭᠰᠠᠨ ᠢᠳᠡᠭᠡᠨ ᠦ ᠮᠠᠲ᠋ᠧᠷᠢᠶᠠᠯ ᠵᠡᠷᠭᠡ ᠪᠦᠲᠦᠭᠡᠭᠳᠡᠬᠦᠨ ᠳᠦ ᠢᠯᠡᠷᠡᠵᠦ ᠂ ᠦᠬᠡᠷ ᠦᠨ ᠮᠢᠬᠠᠨ ᠤ ᠠᠮᠲᠠ ᠣᠷᠣᠭᠤᠯᠬᠤ ᠡᠳ᠋  ᠢ ᠬᠢᠭᠡᠳ ᠠᠮᠲᠠ ᠣᠷᠣᠭᠤᠯᠬᠤ ᠡᠳ᠋  ᠢ ᠬᠤᠳᠬᠤᠯᠳᠤᠭᠤᠯᠬᠤ ᠦᠷ᠎ᠡ ᠳ᠋ᠦᠩ ᠳᠦ ᠬᠦᠷᠴᠦ ᠂ ᠢᠳᠡᠭᠡᠨ ᠦ ᠠᠮᠤᠷ ᠲᠦᠪᠰᠢᠨ ᠳᠦ ᠬᠦᠨᠳᠦ ᠨᠣᠴᠢᠲᠠᠶ ᠬᠣᠬᠢᠷᠠᠯ ᠤᠴᠠᠷᠠᠭᠤᠯᠵᠤ ᠂ ᠬᠡᠷᠡᠭᠯᠡᠭᠴᠢᠳ ᠦᠨ ᠡᠷᠬᠡ ᠠᠰᠢᠭ ᠲᠤ ᠬᠠᠯᠳᠠᠳᠠᠭ ᠃ ᠬᠠᠤᠯᠢ ᠪᠤᠰᠤ ᠡᠲᠡᠭᠡᠳ ᠡᠯᠧᠺᠲ᠋ᠷᠣᠨ ᠬᠤᠳᠠᠯᠳᠤᠭᠠᠨ ᠤ ᠲᠠᠪᠴᠠᠩ ᠢᠶᠠᠷ ᠳᠠᠮᠵᠢᠭᠤᠯᠤᠨ ᠂ ᠪᠠᠷᠠᠭ᠎ᠠ ᠠᠪᠴᠤ ᠪᠣᠷᠣᠯᠠᠭᠤᠯᠬᠤ ᠶᠢ ᠰᠢᠭᠤᠳ ᠨᠡᠪᠲᠡᠷᠡᠭᠦᠯᠪᠡᠯ ᠦᠶᠯᠡᠳᠬᠦᠨ ᠦ ᠦᠨᠡᠨ ᠪᠣᠳᠠᠲᠠᠶ ᠶᠠᠰᠤ ᠴᠢᠨᠠᠷ ᠢ ᠨᠠᠩ ᠠᠮᠠᠷᠬᠠᠨ ᠬᠠᠯᠬᠠᠯᠠᠵᠤ ᠂ ᠢᠳᠡᠭᠡᠨ ᠦ ᠠᠮᠤᠷ ᠲᠦᠪᠰᠢᠨ ᠦ ᠬᠢᠨᠠᠯᠲᠠ ᠬᠠᠮᠢᠶᠠᠷᠤᠯᠲᠠ ᠶᠢᠨ ᠡᠮᠬᠢ ᠵᠢᠷᠤᠮ ᠢ ᠬᠦᠨᠳᠦ ᠨᠣᠴᠢᠲᠠᠶ ᠰᠠᠮᠠᠭᠤᠷᠠᠭᠤᠯᠬᠤ ᠶᠢᠨ ᠵᠡᠷᠭᠡ ᠳᠦ ᠬᠢᠨᠠᠯᠲᠠ ᠬᠠᠮᠢᠶᠠᠷᠤᠯᠲᠠ ᠪᠠ ᠴᠣᠬᠢᠯᠲᠠ ᠥᠭᠬᠦ ᠶᠢᠨ ᠬᠦᠴᠢᠷᠳᠡᠯ ᠢ ᠨᠡᠮᠡᠭᠳᠡᠭᠦᠯᠦᠭᠰᠡᠨ ᠪᠠᠶᠢᠨ᠎ᠠ ᠃ ᠲᠤᠰ ᠬᠡᠷᠡᠭ ᠪᠣᠯ ᠰᠦᠯᠵᠢᠶ᠎ᠡ ᠶᠢ ᠠᠰᠢᠭᠯᠠᠨ ᠬᠡᠷᠡᠭᠵᠢᠭᠦᠯᠦᠭᠰᠡᠨ ᠬᠡᠪᠴᠢᠶᠡᠵᠢᠭᠰᠡᠨ᠂ ᠵᠣᠬᠢᠶᠠᠨ ᠪᠠᠶᠢᠭᠤᠯᠤᠯᠴᠠᠭᠰᠠᠨ᠂ ᠬᠡᠯᠬᠢᠶᠡᠵᠢᠭᠰᠡᠨ ᠶᠠᠯᠠᠲᠤ ᠠᠵᠢᠯᠯᠠᠭ᠎ᠠ ᠮᠥᠨ᠂ ᠦᠷᠭᠦᠯᠵᠢᠯᠡᠭᠰᠡᠨ ᠴᠠᠭ ᠨᠢ ᠤᠷᠳᠤ᠂ ᠪᠣᠷᠣᠯᠠᠭᠤᠯᠤᠭᠰᠠᠨ ᠬᠡᠪᠴᠢᠶ᠎ᠡ ᠨᠢ ᠥᠷᠭᠡᠨ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ ᠣᠨᠴᠠᠭᠠᠶ ᠯᠤᠲᠤ ᠶᠡᠬᠡ ᠪᠠᠶᠢᠵᠤ᠂ ᠬᠠᠤᠯᠢ ᠴᠠᠭᠠᠵᠠ ᠶᠢᠨ ᠪᠠᠶᠢᠭᠤᠯᠭ᠎ᠠ ᠬᠡᠷᠡᠭ ᠢ ᠰᠢᠶᠳᠪᠦᠷᠢᠯᠡᠬᠦ ᠳᠡᠭᠡᠨ ᠭᠣᠣᠯ ᠪᠠ ᠲᠠᠭᠠᠬᠰᠠᠨ ᠬᠡᠷᠡᠭᠲᠡᠨ ᠢ ᠢᠯᠭᠠᠬᠤ ᠶᠢ ᠠᠩᠬᠠᠷᠴᠤ᠂ ᠶᠠᠯᠠᠲᠤ ᠠᠵᠢᠯᠯᠠᠭ᠎ᠠ ᠳᠤ ᠪᠦᠲᠦᠮᠵᠢᠲᠡᠶ ᠪᠡᠷ ᠴᠣᠬᠢᠯᠲᠠ ᠥᠭᠬᠦ ᠪᠡᠷ ᠪᠠᠷᠠᠬᠤ ᠦᠭᠡᠢ ᠪᠠᠰᠠ ᠠᠭᠤᠴᠢᠯᠠᠬᠤ ᠪᠠ ᠴᠢᠩᠭ᠎ᠠ ᠰᠢᠳᠬᠡᠬᠦ ᠶᠢ ᠬᠣᠣᠰᠯᠠᠭᠤᠯᠤᠭᠰᠠᠨ ᠪᠠᠶᠢᠨ᠎ᠠ᠃ ᠲᠣᠰ ᠬᠡᠷᠡᠭ ᠲᠦ ᠪᠠᠰᠠ ᠥᠷᠭᠡᠨ ᠣᠯᠠᠨ ᠬᠡᠷᠡᠭᠯᠡᠭᠴᠢᠳ ᠲᠦ ᠡᠯᠧᠺᠲ᠋ᠷᠣᠨ ᠬᠤᠳᠠᠯᠳᠤᠭᠠᠨ ᠤ ᠲᠠᠪᠴᠠᠩ ᠂ ᠰᠢᠭᠤᠳ ᠨᠡᠪᠲᠡᠷᠡᠭᠦᠯᠭᠡ ᠪᠡᠷ ᠪᠠᠷᠠᠭ᠎ᠠ ᠠᠪᠴᠤ ᠶᠠᠪᠤᠬᠤ ᠵᠡᠷᠭᠡ ᠪᠡᠷ ᠳᠠᠮᠵᠢᠭᠤᠯᠤᠨ ᠢᠳᠡᠭᠡᠨ ᠬᠤᠳᠠᠯᠳᠤᠨ ᠠᠪᠬᠤ ᠳᠠᠭᠠᠨ ᠵᠢᠩᠬᠢᠨᠢ ᠲᠠᠪᠴᠠᠩ ᠰᠣᠩᠭᠣᠬᠤ ᠶᠢ ᠠᠩᠬᠠᠷᠴᠤ ᠂ ᠲᠠᠸᠠᠷ ᠤᠨ ᠨᠠᠷᠠᠲᠤ ᠲᠡᠮᠳᠡᠭ ᠂ ᠪᠦᠷᠢᠯᠳᠦᠬᠦᠨ ᠂ ᠮᠠᠭᠲᠠᠭᠠᠯ ᠤᠨ ᠦᠨᠡᠯᠡᠯᠲᠡ ᠵᠡᠷᠭᠡ ᠶᠢ ᠭᠦᠶᠴᠡᠳ ᠣᠶᠢᠯᠠᠭᠠᠬᠤ ᠬᠡᠷᠡᠭᠲᠡᠶ ᠂ ᠵᠢᠱᠢᠶᠡᠯᠡᠪᠡᠯ ᠮᠡᠬᠡᠯᠡᠯ ᠳᠦ ᠤᠴᠠᠷᠠᠪᠠᠯ ᠴᠠᠭ ᠲᠤᠬᠠᠶ ᠳᠤᠨᠢ ᠭᠡᠷᠡᠴᠢ ᠪᠠᠷᠢᠮᠲᠠ ᠶᠢ ᠬᠠᠳᠠᠭᠠᠯᠠᠵᠤ ᠂ ᠬᠠᠤᠯᠢ ᠶᠣᠰᠣᠭᠠᠷ ᠵᠠᠭᠠᠯᠳᠤᠵᠤ ᠂ ᠬᠠᠤᠯᠢ ᠴᠠᠭᠠᠵᠠ ᠶᠢᠨ ᠠᠷᠭ᠎ᠠ ᠪᠠᠷᠢᠯ ᠢᠶᠠᠷ ᠳᠠᠮᠵᠢᠭᠤᠯᠤᠨ ᠲᠣᠰ ᠪᠡᠶ᠎ᠡ ᠶᠢᠨ ᠬᠠᠤᠯᠢ ᠶᠣᠰᠣᠨ ᠤ ᠡᠷᠬᠡ ᠠᠰᠢᠭ ᠢᠶᠠᠨ ᠬᠠᠮᠠᠭᠠᠯᠠᠬᠤ ᠬᠡᠷᠡᠭᠲᠡᠶ ᠭᠡᠵᠦ ᠰᠠᠨᠠᠭᠤᠯᠤᠭᠰᠠᠨ ᠪᠠᠶᠢᠨ᠎ᠠ ᠃ 
ᠬᠡᠷᠡᠭ ᠦᠨ ᠵᠢᠱᠢᠶ᠎ᠡ ᠬᠣᠶᠠᠷ
ᠽᠸᠩ ×× ᠸᠧᠶ ᠶᠢᠨ ᠬᠣᠣᠷ ᠲᠠᠶ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ
︱ ︱ ᠮᠠᠷᠢᠶ᠎ᠠ ᠰᠢᠭᠤᠷᠠᠭᠤᠯᠬᠤ ᠢᠳᠡᠭᠡᠨ ᠦ ᠵᠦᠶᠯ ᠳᠦ ᠬᠠᠤᠯᠢ ᠪᠤᠰᠤ ᠪᠠᠷ ᠰᠢ ᠪᠦ᠋ ᠴᠢᠦᠶ ᠮᠢᠩ (西布曲明)  ᠢ ᠨᠡᠮᠡᠪᠡ

ᠬᠡᠷᠡᠭ ᠦᠨ ᠲᠣᠪᠴᠢ ᠪᠠᠶᠢᠳᠠᠯ

2020 ᠣᠨ ᠤ 8 ᠰᠠᠷ᠎ᠠ  ᠠᠴᠠ 2021 ᠣᠨ ᠤ 3 ᠰᠠᠷ᠎ᠠ ᠪᠣᠯᠲᠠᠯ᠎ᠠ ᠂ ᠵᠠᠭᠠᠯᠳᠤᠭᠳᠠᠭᠴᠢ ᠽᠸᠩ ×× ᠸᠧᠶ ᠵᠢᠭᠤᠷᠠᠬᠤ ᠮᠠᠰᠢᠨ ᠂ ᠢᠯᠲᠠᠰᠤ ᠳᠠᠷᠤᠬᠤ ᠮᠠᠰᠢᠨ ᠵᠡᠷᠭᠡ ᠦᠶᠯᠡᠳᠪᠦᠷᠢᠯᠡᠯ ᠦᠨ ᠲᠥᠬᠥᠭᠡᠷᠦᠮᠵᠢ ᠵᠢᠴᠢ ᠰᠢ ᠪᠦ᠋ ᠴᠢᠦᠶ ᠮᠢᠩ ᠂ ᠯᠢᠩᠬᠤ᠎ᠠ ᠶᠢᠨ ᠨᠠᠪᠴᠢᠨ ᠨᠤᠨᠲᠠᠭ ᠂ ᠪᠤᠭᠤᠳᠠᠶ ᠶᠢᠨ ᠨᠠᠬᠢᠶᠠᠨ ᠵᠤᠲᠠᠩ ᠂ ᠬᠤᠮᠵᠢᠶ᠎ᠠ ᠶᠢᠨ ᠬᠠᠯᠢᠰᠤ ᠵᠡᠷᠭᠡ ᠲᠦᠭᠦᠬᠡᠶ ᠮᠠᠲ᠋ᠧᠷᠢᠶᠠᠯ ᠢ ᠬᠤᠳᠠᠯᠳᠤᠨ ᠠᠪᠴᠤ ᠂ ᠪᠤᠰᠤᠳ ᠲᠠᠶ ᠬᠠᠮᠲᠤᠷᠠᠨ ᠰᠢ ᠪᠦ᠋ ᠴᠢᠦᠶ ᠮᠢᠩ ᠵᠡᠷᠭᠡ ᠬᠣᠤᠷ ᠲᠠᠶ ᠂ ᠬᠥᠨᠥᠭᠡᠯ ᠲᠡᠶ ᠪᠦᠷᠢᠯᠳᠦᠬᠦᠨ ᠲᠡᠶ ᠮᠠᠷᠢᠶ᠎ᠠ ᠰᠢᠭᠤᠷᠠᠭᠤᠯᠬᠤ ᠰᠢᠬᠢᠷ ᠵᠡᠷᠭᠡ ᠮᠠᠷᠢᠶ᠎ᠠ ᠰᠢᠭᠤᠷᠠᠭᠤᠯᠬᠤ ᠦᠶᠯᠡᠳᠬᠦᠨ ᠢ ᠥᠪᠡᠰᠦᠪᠡᠨ ᠦᠶᠯᠡᠳᠪᠦᠷᠢᠯᠡᠵᠦ ᠂ ᠸᠢᠴᠠᠲ ᠵᠡᠷᠭᠡ ᠠᠷᠭ᠎ᠠ ᠵᠠᠮ ᠢᠶᠠᠷ ᠭᠠᠳᠠᠭᠰᠢ ᠪᠣᠷᠣᠯᠠᠭᠤᠯᠪᠠ ᠂ ᠦᠶᠯᠡᠳᠪᠦᠷᠢᠯᠡᠭᠰᠡᠨ ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ ᠨᠡᠶᠢᠲᠡ 40 ᠭᠠᠷᠤᠶ ᠲᠦᠮᠡᠨ ᠲᠥᠭᠥᠷᠢᠭ ᠲᠦ ᠬᠦᠷᠴᠡᠶ ᠃ ᠬᠡᠷᠡᠭ ᠭᠠᠷᠤᠭᠰᠠᠨ ᠤ ᠳᠠᠷᠠᠭ᠎ᠠ ᠂ ᠳᠣᠲᠣᠭᠠᠳᠤ ᠶᠢ ᠬᠠᠮᠠᠭᠠᠯᠠᠬᠤ ᠠᠵᠢᠯᠲᠠᠨ ᠽᠸᠩ ×× ᠸᠧᠶ ᠡᠴᠡ ᠡᠯ᠎ᠡ ᠲᠥᠷᠥᠯ ᠦᠨ ᠮᠠᠷᠢᠶ᠎ᠠ ᠰᠢᠭᠤᠷᠠᠭᠤᠯᠬᠤ ᠦᠶᠯᠡᠳᠬᠦᠨ 10 ᠲᠦᠮᠡ ᠭᠠᠷᠤᠶ ᠮᠥᠬᠥᠯᠢᠭ ᠂ ᠡᠯ᠎ᠡ ᠲᠥᠷᠥᠯ ᠦᠨ 20 ᠭᠠᠷᠤᠶ ᠤᠭᠤᠲᠠ ᠨᠤᠨᠲᠠᠭ ᠵᠢᠴᠢ ᠦᠶᠯᠡᠳᠪᠦᠷᠢᠯᠡᠯ ᠦᠨ ᠮᠠᠰᠢᠨ ᠂ ᠬᠤᠮᠵᠢᠶ᠎ᠠ ᠳᠦᠭᠦᠷᠭᠡᠬᠦ ᠬᠠᠪᠲᠠᠰᠤ ᠂ ᠡᠯᠧᠺᠲ᠋ᠷᠣᠨ ᠵᠢᠩᠯᠡᠭᠦᠷ ᠂ ᠡᠯ᠎ᠡ ᠲᠥᠷᠥᠯ ᠦᠨ ᠮᠠᠷᠢᠶ᠎ᠠ ᠰᠢᠭᠤᠷᠠᠭᠤᠯᠬᠤ ᠦᠶᠯᠡᠳᠬᠦᠨ ᠦ ᠭᠠᠳᠠᠷ ᠪᠣᠭᠣᠳᠠᠯ ᠵᠡᠷᠭᠡ ᠶᠢ ᠪᠠᠶᠢᠴᠠᠭᠠᠨ ᠭᠠᠷᠭᠠᠵᠠᠶ ᠃ ᠳᠡᠭᠡᠷ᠎ᠡ ᠶᠠᠷᠢᠭᠰᠠᠨ ᠮᠠᠷᠢᠶ᠎ᠠ ᠰᠢᠭᠤᠷᠠᠭᠤᠯᠬᠤ ᠦᠢᠯᠡᠳᠬᠦᠨ ᠵᠢᠴᠢ ᠨᠤᠨᠲᠠᠭ ᠤᠨ ᠳᠣᠲᠣᠷ᠎ᠠ  ᠠᠴᠠ ᠴᠥᠮ ᠰᠢᠪᠦ᠋ ᠴᠢᠦᠶ ᠮᠢᠩ  ᠢ ᠪᠠᠶᠢᠴᠠᠭᠠᠵᠤ ᠭᠠᠷᠭᠠᠵᠠᠶ ᠃ 

ᠵᠠᠷᠭᠤ ᠶᠢᠨ ᠶᠠᠪᠤᠴᠠ

ᠱᠠᠩᠬᠠᠶ  ᠶᠢᠨ ᠲᠡᠮᠦᠷ ᠵᠠᠮ ᠤᠨ ᠲᠡᠭᠡᠭᠡᠪᠦᠷᠢ  ᠶᠢᠨ ᠪᠠᠶᠢᠴᠠᠭᠠᠬᠤ ᠬᠣᠷᠢᠶ᠎ᠠ ᠂ ᠬᠣᠣᠷ  ᠲᠠᠶ ᠢᠳᠡᠭᠡᠨ ᠦ ᠵᠦᠢᠯ  ᠢ ᠦᠢᠯᠡᠳᠪᠦᠷᠢᠯᠡᠭᠰᠡᠨ ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠽᠸᠩ ×× ᠸᠧᠶ ᠳᠦ ᠠᠯᠪᠠᠨ ᠵᠠᠭᠠᠯᠳᠤᠯᠭ᠎ᠠ ᠭᠠᠷᠭᠠᠵᠠᠶ ᠃ ᠱᠠᠩᠬᠠᠶ ᠶᠢᠨ ᠲᠡᠮᠦᠷ ᠵᠠᠮ ᠤᠨ ᠲᠡᠭᠡᠭᠡᠪᠦᠷᠢ ᠶᠢᠨ ᠰᠢᠭᠦᠬᠦ ᠬᠣᠷᠢᠶ᠎ᠠ ᠰᠢᠭᠦᠨ ᠰᠢᠶᠳᠪᠦᠷᠢᠯᠡᠬᠦ ᠪᠡᠷ ᠳᠠᠮᠵᠢᠭᠠᠳ ᠂ ᠵᠠᠭᠠᠯᠳᠤᠭᠳᠠᠭᠴᠢ ᠽᠸᠩ ×× ᠸᠧᠶ ᠦᠢᠯᠡᠳᠪᠦᠷᠢᠯᠡᠵᠦ ᠂ ᠪᠣᠷᠣᠯᠠᠭᠤᠯᠵᠤ ᠪᠠᠶᠢᠭ᠎ᠠ ᠢᠳᠡᠭᠡᠨ ᠳᠡᠭᠡᠨ ᠬᠣᠣᠷ ᠲᠠᠶ ᠂ ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠮᠠᠲ᠋ᠧᠷᠢᠶᠠᠯ ᠬᠣᠯᠢᠵᠤ ᠂ ᠲᠡᠭᠦᠨ ᠦ ᠠᠵᠢᠯᠯᠠᠭ᠎ᠠ ᠨᠢ ᠨᠢᠭᠡᠨᠲᠡ ᠬᠣᠣᠷ ᠲᠠᠶ ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠵᠦ ᠂ ᠪᠣᠷᠣᠯᠠᠭᠤᠯᠤᠭᠰᠠᠨ ᠶᠠᠯ᠎ᠠ ᠪᠣᠯᠵᠤ ᠪᠦᠷᠢᠯᠳᠦᠵᠡᠶ ᠭᠡᠵᠦ ᠦᠵᠡᠪᠡ ᠃ ᠽᠸᠩ ×× ᠸᠧᠶ ᠶᠠᠯ᠎ᠠ ᠪᠠᠨ ᠮᠡᠳᠡᠷᠡᠵᠦ ᠰᠢᠳᠭᠡᠯ ᠢ ᠬᠦᠯᠢᠶᠡᠪᠡ ᠃ ᠡᠭᠦᠨ ᠢ ᠦᠨᠳᠦᠰᠦᠯᠡᠪᠡᠯ᠂ ᠬᠣᠣᠷᠲᠠᠢ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠽᠸᠩ ×× ᠶᠢ  ᠨᠠᠢᠮᠠᠨ ᠵᠢᠯ ᠵᠢᠷᠭᠤᠭᠠᠨ ᠰᠠᠷ᠎ᠠ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠠᠷᠠᠳ ᠤᠨ ᠵᠣᠭᠣᠰ ᠢᠶᠠᠷ ᠬᠣᠶᠠᠷ ᠵᠠᠭᠤᠨ ᠲᠦᠮᠡᠨ ᠲᠥᠭᠥᠷᠢᠭ ᠲᠣᠷᠭᠠᠬᠤ ᠪᠠᠷ ᠨᠡᠶᠢᠯᠡᠭᠦᠯᠦᠨ ᠰᠢᠳᠬᠡᠪᠡ᠃ 

ᠨᠡᠶᠢᠲᠡᠯᠢᠭ ᠤᠳᠬ᠎ᠠ

ᠰᠢ ᠪᠦ᠋ ᠴᠢᠦᠶ ᠮᠢᠩ ᠵᠡᠷᠭᠡ ᠪᠦᠷᠢᠯᠳᠦᠬᠦᠨ ᠢ ᠬᠠᠤᠯᠢ ᠪᠤᠰᠤ ᠪᠠᠷ ᠨᠡᠮᠡᠭᠰᠡᠨ ᠮᠠᠷᠢᠶ᠎ᠠ ᠰᠢᠭᠤᠷᠠᠭᠤᠯᠬᠤ ᠢᠳᠡᠭᠡᠨ ᠢ ᠰᠦᠯᠵᠢᠶ᠎ᠡ ᠪᠡᠷ ᠪᠣᠷᠣᠯᠠᠭᠤᠯᠬᠤ ᠪᠣᠯ ᠢᠳᠡᠭᠡᠨ ᠦ ᠠᠮᠤᠷ ᠲᠦᠪᠰᠢᠨ ᠳᠦ ᠬᠣᠤᠷ ᠬᠥᠨᠥᠭᠡᠯ ᠤᠴᠠᠷᠠᠭᠤᠯᠬᠤ ᠦᠷᠭᠦᠯᠵᠢ ᠲᠣᠬᠢᠶᠠᠯᠳᠤᠳᠠᠭ ᠶᠠᠯᠠᠲᠤ ᠠᠵᠢᠯᠯᠠᠭ᠎ᠠ ᠮᠥᠨ ᠃ ᠰᠢ ᠪᠦ᠋ ᠴᠢᠦᠶ ᠮᠢᠩ  ᠢ ᠮᠠᠷᠢᠶ᠎ᠠ ᠰᠢᠭᠤᠷᠠᠭᠤᠯᠬᠤ ᠡᠮ ᠳᠦ ᠬᠡᠷᠡᠭᠯᠡᠵᠦ ᠥᠩᠭᠡᠷᠡᠵᠡᠶ ᠂ ᠰᠡᠭᠦᠯᠡᠷ ᠨᠢ ᠤᠯᠤᠰ ᠤᠨ ᠡᠮ ᠦᠨ ᠵᠦᠶᠯ ᠦᠨ ᠬᠢᠨᠠᠯᠲᠠ ᠬᠠᠮᠢᠶᠠᠷᠤᠯᠲᠠ  ᠶᠢᠨ ᠲᠣᠪᠴᠢᠶ᠎ᠠ ᠲᠤᠰᠬᠠᠶ ᠮᠡᠷᠭᠡᠵᠢᠯᠲᠡᠨ  ᠢ ᠵᠣᠬᠢᠶᠠᠨ ᠪᠠᠶᠢᠭᠤᠯᠵᠤ ᠰᠢ ᠪᠦ᠋ ᠴᠢᠦᠶ ᠮᠢᠩ ᠦᠨ ᠠᠶᠤᠯᠭᠦᠶ ᠴᠢᠨᠠᠷ  ᠢ ᠦᠨᠡᠯᠡᠨ ᠵᠢᠱᠢᠭᠡᠳ ᠰᠢ ᠪᠦ᠋ ᠴᠢᠦᠶ ᠮᠢᠩ  ᠢ ᠬᠡᠷᠡᠭᠯᠡᠪᠡᠯ ᠵᠢᠷᠦᠬᠡ ᠲᠠᠷᠢᠬᠢᠨ ᠤ ᠴᠢᠰᠤᠨ ᠰᠤᠳᠠᠯ ᠤᠨ ᠬᠦᠨᠳᠦ ᠨᠣᠴᠢᠲᠠᠶ ᠲᠦᠭᠰᠢᠭᠦᠷᠢ  ᠶᠢ ᠨᠡᠮᠡᠭᠳᠡᠭᠦᠯᠵᠦ ᠮᠡᠳᠡᠨ᠎ᠡ ᠭᠡᠳᠡᠭ  ᠢ ᠣᠯᠵᠤ ᠮᠡᠳᠡᠭᠡᠳ 2010 ᠣᠨ ᠳᠤ ᠰᠢ ᠪᠦ᠋ ᠴᠢᠦᠶ ᠮᠢᠩ ᠦᠨ ᠨᠠᠶᠢᠷᠠᠯᠲᠠ ᠪᠠ ᠲᠦᠭᠦᠬᠡᠶ ᠮᠠᠲ᠋ᠧᠷᠢᠶᠠᠯ ᠤᠨ ᠡᠮ  ᠢ ᠦᠶᠯᠡᠳᠪᠦᠷᠢᠯᠡᠬᠦ ᠂ ᠪᠣᠷᠣᠯᠠᠭᠤᠯᠬᠤ ᠪᠠ ᠬᠡᠷᠡᠭᠯᠡᠬᠦ  ᠶᠢ ᠵᠣᠭᠰᠣᠭᠠᠬᠤ ᠪᠠᠷ ᠲᠣᠭᠲᠠᠵᠠᠶ ᠃ ᠰᠢ ᠪᠦ᠋ ᠴᠢᠦᠶ ᠮᠢᠩ ︽ᠡᠷᠡᠭᠦᠯᠵᠢᠯ ᠦᠨ ᠢᠳᠡᠭᠡᠨ ᠳᠦ ᠬᠠᠤᠯᠢ ᠪᠤᠰᠤ ᠪᠠᠷ ᠨᠡᠮᠡᠵᠦ ᠪᠣᠯᠬᠤ ᠪᠣᠳᠠᠰ ᠤᠨ ᠨᠡᠷᠡᠰ ︾ ᠲᠤ ᠵᠢᠭᠰᠠᠭᠠᠭᠳᠠᠨ ᠣᠷᠣᠵᠤ ᠂ ᠤᠯᠤᠰ  ᠠᠴᠠ ᠨᠡᠮᠡᠬᠦ ᠶᠢ ᠴᠠᠭᠠᠵᠠᠯᠠᠭᠰᠠᠨ ︽ ᠬᠣᠤᠷ ᠲᠠᠶ ᠂ ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠮᠠᠲ᠋ᠧᠷᠢᠶᠠᠯ ︾ ᠳ᠋ᠤ ᠲᠣᠭᠠᠴᠠᠭᠳᠠᠨ᠎ᠠ ᠃ ᠲᠤᠰ ᠬᠡᠷᠡᠭ ᠲᠦ ᠵᠠᠭᠠᠯᠳᠤᠭᠳᠠᠭᠴᠢ ᠶᠢᠨ ᠦᠢᠯᠡᠳᠴᠦ ᠪᠣᠷᠣᠯᠠᠭᠤᠯᠤᠭᠰᠠᠨ ᠮᠠᠷᠢᠶ᠎ᠠ ᠰᠢᠭᠤᠷᠠᠭᠤᠯᠬᠤ ᠢᠳᠡᠭᠡᠨ ᠦ ᠵᠦᠢᠯ ᠳᠡᠭᠡᠨ ᠬᠠᠤᠯᠢ ᠪᠤᠰᠤ ᠪᠠᠷ ᠰᠢ ᠪᠦ᠋ ᠴᠢᠦᠶ ᠮᠢᠩ ᠨᠡᠮᠡᠵᠡᠶ᠂ ᠲᠡᠭᠦᠨ ᠦ ᠦᠢᠯᠡ ᠠᠵᠢᠯᠯᠠᠭ᠎ᠠ ᠨᠢ ᠬᠣᠣᠷᠲᠠᠢ᠂ ᠬᠥᠨᠥᠭᠡᠯ ᠲᠡᠶ ᠢᠳᠡᠭᠡᠨ ᠦ ᠵᠦᠢᠯ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠤᠯᠵᠤ ᠪᠦᠷᠢᠯᠳᠦᠵᠡᠶ᠃ ᠬᠠᠤᠯᠢ ᠴᠠᠭᠠᠵᠠ ᠶᠢᠨ ᠪᠠᠶᠢᠭᠤᠯᠤᠯᠭ᠎ᠠ ᠡᠶᠢᠮᠦᠷᠬᠦ ᠶᠠᠯᠠᠲᠤ ᠠᠵᠢᠯᠯᠠᠭ᠎ᠠ ᠶᠢ ᠬᠠᠤᠯᠢ ᠶᠣᠰᠣᠭᠠᠷ ᠵᠠᠯᠬᠠᠭᠠᠨ ᠰᠢᠳᠭᠡᠬᠦ ᠳᠡᠭᠡᠨ ᠪᠦᠬᠦ ᠬᠡᠯᠬᠢᠶ᠎ᠡ ᠪᠡᠷ ᠴᠣᠬᠢᠯᠲᠠ ᠥᠭᠬᠦ ᠶᠢ ᠲᠣᠰ ᠬᠡᠷᠡᠭ ᠪᠣᠯ ᠳᠠᠷᠤᠶ ᠬᠠᠸᠯᠢ ᠪᠠᠷᠢᠬᠤ ᠪᠠᠶᠢᠭᠤᠯᠭ᠎ᠠ ᠪᠤᠰᠤᠳ ᠠᠳᠠᠯᠢ ᠲᠥᠷᠥᠯ ᠦᠨ ᠬᠡᠷᠡᠭ ᠢ ᠰᠢᠶᠳᠪᠦᠷᠢᠯᠡᠬᠦ ᠶᠠᠪᠤᠴᠠ ᠳᠤ ᠂ ᠡᠯᠧᠺᠲ᠋ᠷᠣᠨ ᠲᠣᠭ᠎ᠠ ᠪᠠᠷᠢᠮᠲᠠ ᠶᠢ ᠡᠮᠬᠢᠯᠡᠨ ᠳᠢᠭᠯᠡᠬᠦ ᠂ ᠡᠳ᠋ ᠪᠠᠷᠠᠭᠠᠨ ᠤ ᠭᠦᠶᠯᠭᠡᠭᠡ ᠪᠠ ᠲᠠᠩᠰᠠ ᠰᠢᠯᠵᠢᠭᠦᠯᠦᠭᠰᠡᠨ ᠲᠡᠮᠳᠡᠭᠯᠡᠯ ᠢ ᠭᠦᠨ ᠠᠭᠤᠳᠠᠯᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠂ ᠬᠣᠸᠷ ᠲᠠᠶ ᠂ ᠬᠣᠸᠷ ᠬᠥᠨᠥᠭᠡᠯ ᠲᠡᠶ ᠮᠠᠷᠢᠶ᠎ᠠ ᠰᠢᠭᠤᠷᠠᠭᠤᠯᠬᠤ ᠢᠳᠡᠭᠡᠨ ᠦ ᠡᠬᠢ ᠡᠭᠦᠰᠦᠯ ᠢ ᠪᠠᠶᠢᠴᠠᠭᠠᠨ ᠳᠣᠲᠣᠯᠠᠬᠤ ᠶᠢᠨ ᠬᠠᠮᠲᠤ ᠡᠭᠦᠨ ᠢ ᠦᠨᠳᠦᠰᠦᠯᠡᠨ ᠤᠯᠠᠮ ᠨᠢᠭᠡ ᠠᠯᠬᠤᠮ ᠭᠦᠨ ᠠᠭᠤᠳᠠᠯᠵᠤ ᠂ ᠳᠣᠤᠷᠠᠳᠤ ᠱᠠᠲᠤᠨ ᠤ ᠣᠷᠣᠯᠠᠭᠴᠢ ᠶᠢᠨ ᠠᠷᠪᠠ ᠭᠠᠷᠤᠶ ᠬᠥᠮᠦᠨ ᠢ ᠠᠮᠵᠢᠯᠲᠠᠲᠠᠶ ᠨᠡᠬᠡᠮᠵᠢᠯᠡᠨ ᠵᠠᠭᠠᠯᠳᠤᠵᠤ ᠂ ᠲᠣᠰ ᠶᠠᠯᠠᠲᠤ ᠠᠵᠢᠯᠯᠠᠭ᠎ᠠ ᠶᠢᠨ ᠬᠡᠯᠬᠢᠶ᠎ᠡ ᠳᠦ ︽ ᠪᠦᠬᠦᠨ ᠢ ᠬᠠᠮᠤᠷᠬᠤ ᠮᠠᠶ᠋ᠢᠭ ︾ ᠤᠨ ᠴᠣᠬᠢᠯᠲᠠ ᠥᠭᠭᠦᠭᠰᠡᠨ ᠶᠠᠪᠤᠳᠠᠯ ᠪᠣᠯᠤᠨ᠎ᠠ ᠃ ᠡᠨᠡ ᠬᠦ ᠬᠡᠷᠡᠭ ᠪᠣᠯ ᠳᠠᠷᠤᠶ ᠬᠠᠤᠯᠢ ᠪᠠᠷᠢᠬᠤ ᠪᠠᠶᠢᠭᠤᠯᠭ᠎ᠠ ᠪᠤᠰᠤᠳ ᠠᠳᠠᠯᠢ ᠲᠥᠷᠥᠯ ᠦᠨ ᠬᠡᠷᠡᠭ ᠢ ᠰᠢᠶᠳᠪᠦᠷᠢᠯᠡᠬᠦ ᠶᠠᠪᠤᠴᠠ ᠳᠤ ᠂ ᠲᠣᠰ ᠶᠠᠯᠠᠲᠤ ᠠᠵᠢᠯᠯᠠᠭ᠎ᠠ ᠶᠢᠨ ᠬᠡᠯᠬᠢᠶ᠎ᠡ ᠳᠦ ︽ ᠪᠦᠬᠦᠨ ᠢ ᠬᠠᠮᠤᠷᠬᠤ ᠮᠠᠶ᠋ᠢᠭ ︾ ᠤᠨ ᠴᠣᠬᠢᠯᠲᠠ ᠥᠭᠭᠦᠭᠰᠡᠨ ᠶᠠᠪᠤᠳᠠᠯ ᠪᠣᠯᠤᠨ᠎ᠠ ᠃ ᠡᠭᠦᠨ ᠡᠴᠡ ᠭᠠᠳᠠᠨ᠎ᠠ ᠂ ᠬᠠᠤᠯᠢ ᠪᠤᠰᠤ ᠡᠲᠡᠭᠡᠳ ᠦᠨ ᠰᠦᠯᠵᠢᠶᠡᠨ ᠦ ᠲᠠᠪᠴᠠᠩ ᠢ ᠠᠰᠢᠭᠯᠠᠨ ᠬᠣᠤᠷ ᠲᠠᠶ ᠂ ᠬᠣᠤᠷ ᠬᠥᠨᠥᠭᠡᠯ ᠲᠡᠶ ᠮᠠᠷᠢᠶ᠎ᠠ ᠰᠢᠭᠤᠷᠠᠭᠤᠯᠬᠤ ᠢᠳᠡᠭᠡᠨ ᠢ ᠪᠣᠷᠣᠯᠠᠭᠤᠯᠵᠤ ᠪᠠᠶᠢᠭ᠎ᠠ ᠪᠠᠶᠢᠳᠠᠯ ᠳᠤ ᠴᠢᠭᠯᠡᠭᠦᠯᠦᠨ ᠂ ᠬᠠᠤᠯᠢ ᠪᠠᠷᠢᠬᠤ ᠪᠠᠶᠢᠭᠤᠯᠭ᠎ᠠ ᠪᠠᠰᠠ ᠬᠠᠤᠯᠢ ᠪᠠᠷᠢᠬᠤ ᠡᠭᠦᠷᠭᠡ ᠴᠢᠳᠠᠪᠤᠷᠢ ᠪᠠᠨ ᠤᠷᠲᠤᠳᠬᠠᠨ ᠡᠬᠢ ᠡᠭᠦᠰᠦᠯ ᠢ ᠨᠢ ᠡᠷᠢᠵᠦ ᠵᠠᠰᠠᠬᠤ ᠠᠵᠢᠯ ᠢ ᠥᠷᠨᠢᠭᠦᠯᠵᠦ ᠂ ᠰᠦᠯᠵᠢᠶᠡᠨ ᠦ ᠲᠠᠪᠴᠠᠩ ᠤᠨ ᠡᠳᠦᠷ ᠲᠤᠲᠤᠮ ᠤᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠶᠢ ᠰᠢᠪᠠᠳᠠᠨ ᠱᠠᠭᠠᠷᠳᠠᠵᠤ ᠂ ᠰᠦᠯᠵᠢᠶᠡᠨ ᠦ ᠬᠡᠷᠡᠭᠯᠡᠭᠡᠨ ᠦ ᠣᠷᠴᠢᠨ ᠨᠥᠬᠥᠴᠡᠯ ᠢ ᠲᠠᠰᠤᠷᠠᠯᠲᠠ ᠥᠬᠡᠶ ᠴᠡᠪᠡᠷᠰᠢᠭᠦᠯᠪᠡ ᠃ ᠥᠷᠭᠡᠨ ᠣᠯᠠᠨ ᠬᠡᠷᠡᠭᠯᠡᠭᠴᠢᠳ ᠮᠠᠷᠢᠶ᠎ᠠ ᠰᠢᠭᠤᠷᠠᠭᠤᠯᠬᠤ ᠢᠳᠡᠭᠡᠨ ᠬᠤᠳᠠᠯᠳᠤᠨ ᠠᠪᠬᠤ ᠳᠠᠭᠠᠨ ᠪᠣᠯᠭᠣᠮᠵᠢᠲᠠᠶ ᠢᠯᠭᠠᠨ ᠲᠠᠨᠢᠬᠤ ᠬᠡᠷᠡᠭᠲᠡᠶ ᠂ ᠢᠯᠠᠩᠭᠤᠶ᠎ᠠ ᠮᠠᠷᠢᠶ᠎ᠠ ᠰᠢᠭᠤᠷᠠᠭᠤᠯᠬᠤ ᠶᠢ ᠤᠬᠠᠭᠤᠯᠵᠤ ᠪᠠᠶᠢᠭ᠎ᠠ ᠦᠶᠯᠡᠳᠬᠦᠨ ᠳᠦ ᠰᠣᠨᠣᠷ ᠰᠡᠷᠡᠮᠵᠢ ᠪᠡᠨ ᠳᠡᠭᠡᠭᠰᠢᠯᠡᠭᠦᠯᠵᠦ ᠂ ᠮᠠᠷᠢᠶ᠎ᠠ ᠰᠢᠭᠤᠷᠠᠭᠤᠯᠬᠤ ᠦᠷ᠎ᠡ ᠪᠦᠲᠦᠮᠵᠢ ᠶᠢ ᠰᠣᠬᠣᠷ ᠪᠠᠯᠠᠶ ᠪᠠᠷ ᠬᠥᠭᠡᠭᠡᠴᠡᠯᠳᠦᠭᠰᠡᠨ ᠡᠴᠡ ᠪᠣᠯᠵᠣ ᠦᠶᠯᠡᠳᠬᠦᠨ ᠦ ᠠᠮᠤᠷ ᠲᠦᠪᠰᠢᠨ ᠳᠦ ᠠᠩᠬᠠᠷᠤᠯ ᠲᠠᠯᠪᠢᠬᠤ ᠶᠢ ᠣᠮᠲᠣᠭᠠᠶᠢᠯᠠᠵᠤ ᠪᠣᠯᠬᠤ ᠥᠬᠡᠶ ᠃ 

ᠬᠡᠷᠡᠭ ᠦᠨ ᠵᠢᠱᠢᠶ᠎ᠡ ᠭᠤᠷᠪᠠ

ᠹᠦ᠋ ×× ᠳᠸ ᠬᠣᠣᠷ ᠲᠠᠶ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠬᠡᠷᠡᠭ
- ᠲᠤᠲᠤᠷᠭᠠᠨ ᠭᠤᠯᠢᠷ ᠢ ᠦᠢᠯᠡᠳᠪᠦᠷᠢᠯᠡᠬᠦ ᠶᠠᠪᠤᠴᠠ ᠳᠤ  ᠫᠡᠨᠭ ᠱᠠ(硼砂) ᠨᠡᠮᠡᠨ᠎ᠡ

ᠬᠡᠷᠡᠭ ᠦᠨ ᠲᠣᠪᠴᠢ ᠪᠠᠶᠢᠳᠠᠯ

ᠵᠠᠭᠠᠯᠳᠤᠭᠳᠠᠭᠴᠢ ᠹᠦ᠋ ×× ‍ᠳ᠋ᠸ ᠪᠣᠯ ᠭᠦᠢᠵᠧᠦ ᠮᠤᠵᠢ ᠶᠢᠨ ᠬᠤᠸᠠᠩ ᠫᠢᠩ ᠰᠢᠶᠠᠨ ᠤ ᠨᠢᠭᠡᠨ ᠪᠤᠳᠠᠭᠠᠨ ᠭᠤᠯᠢᠷ ᠪᠣᠯᠪᠠᠰᠤᠷᠠᠭᠤᠯᠬᠤ ᠳᠡᠯᠭᠡᠭᠦᠷ ᠦᠨ ᠡᠵᠡᠩᠨᠡᠭᠴᠢ ᠪᠣᠯᠤᠨ᠎ᠠ ᠃ 2020 ᠣᠨ ᠤ 5 ᠰᠠᠷ᠎ᠠ ᠳᠤ᠂ ᠹᠦ᠋ ×× ‍ᠳ᠋ᠸ ᠲᠤᠲᠤᠷᠭᠠᠨ ᠭᠤᠯᠢᠷ ᠤᠨ ᠭᠠᠷᠤᠯᠲᠠ ᠶᠢ ᠨᠡᠮᠡᠭᠳᠡᠭᠦᠯᠵᠦ᠂ ᠬᠠᠳᠠᠭᠠᠯᠠᠬᠤ ᠴᠠᠭ ᠢ ᠤᠷᠲᠤᠳᠬᠠᠬᠤ ᠶᠢᠨ ᠲᠥᠯᠥᠭᠡ᠂ ᠫᠡᠨᠭ ᠱᠠ  ᠲᠤᠲᠤᠷᠭᠠᠨ ᠡᠭᠡᠳᠡᠩ ᠳᠣᠲᠣᠷ᠎ᠠ ᠬᠣᠯᠢᠵᠤ ᠲᠤᠲᠤᠷᠭᠠᠨ ᠭᠤᠯᠢᠷ ᠢ ᠦᠢᠯᠡᠳᠪᠦᠷᠢᠯᠡᠬᠦ ᠳᠦ ᠬᠡᠷᠡᠭᠯᠡᠭᠰᠡᠨ ᠪᠥᠭᠡᠳ ᠵᠢᠩ ᠪᠦᠷᠢ ᠳᠡᠭᠡᠨ 1᠂2 ᠲᠥᠭᠥᠷᠢᠭ ᠦᠨ ᠦᠨ᠎ᠡ ᠪᠡᠷ ᠪᠣᠷᠣᠯᠠᠭᠤᠯᠪᠠ᠃ ᠲᠤᠰ ᠵᠢᠯ ᠦᠨ 9 ᠰᠠᠷ᠎ᠠ ᠶᠢᠨ 1 ᠦ ᠡᠳᠦᠷ᠂ ᠬᠤᠸᠠᠩ ᠫᠢᠩ ᠰᠢᠶᠠᠨ ᠤ ᠵᠠᠬ᠎ᠠ ᠳᠡᠯᠭᠡᠭᠦᠷ ᠦᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠴᠠ ᠨᠢᠭᠡᠨ ᠭᠧᠷᠮᠠᠨ ᠤ ᠦᠢᠯᠡᠳᠪᠦᠷᠢᠯᠡᠭᠰᠡᠨ ᠲᠤᠲᠤᠷᠭᠠᠨ ᠭᠤᠯᠢᠷ ᠢ ᠰᠣᠩᠭᠣᠨ ᠪᠠᠶᠢᠴᠠᠭᠠᠭᠰᠠᠨ ᠤ ᠳ᠋ᠦᠩ ᠳᠦ᠂ ᠲᠤᠲᠤᠷᠭᠠᠨ ᠭᠤᠯᠢᠷ ᠲᠤ ᠫᠡᠨᠭ ᠱᠠ ᠠᠭᠤᠯᠤᠭᠳᠠᠵᠤ ᠪᠠᠶᠢᠬᠤ ᠶᠢ ᠢᠯᠡᠷᠡᠭᠦᠯᠪᠡ᠃ ᠲᠤᠰ ᠵᠢᠯ ᠦᠨ 10 ᠰᠠᠷ᠎ᠠ ᠶᠢᠨ 13 ᠤ ᠡᠳᠦᠷ ᠂ ᠬᠤᠸᠠᠩ ᠫᠢᠩ ᠰᠢᠶᠠᠨ ᠤ ᠵᠠᠬ᠎ᠠ ᠳᠡᠯᠭᠡᠭᠦᠷ ᠦᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠹᠦ᠋ ×× ‍ᠳ᠋ᠸ ᠵᠢᠨ ᠡᠵᠡᠩᠨᠡᠵᠦ ᠪᠠᠶᠢᠭᠰᠠᠨ ᠲᠤᠲᠤᠷᠭᠠᠨ ᠭᠤᠯᠢᠷ ᠤᠨ ᠪᠣᠯᠪᠠᠰᠤᠷᠠᠭᠤᠯᠬᠤ ᠳᠡᠯᠭᠡᠭᠦᠷ ᠡᠴᠡ 15.3 ᠺᠢᠯᠣᠭ᠍ᠷᠠᠮ ᠫᠡᠨᠭ ᠱᠠ  ᠶᠢ ᠪᠠᠶᠢᠴᠠᠭᠠᠨ ᠣᠯᠵᠠᠶ ᠃ ᠪᠠᠶᠢᠴᠠᠭᠠᠭᠰᠠᠨ ᠢᠶᠠᠷ ᠂ 2020 ᠣᠨ ᠤ 5 ᠰᠠᠷ᠎ᠠ  ᠠᠴᠠ 9 ᠰᠠᠷ᠎ᠠ ᠪᠣᠯᠲᠠᠯ᠎ᠠ ᠂ ᠹᠦ᠋ ×× ‍ᠳ᠋ᠸ 1.8 ᠲᠦᠮᠡ ᠭᠠᠷᠤᠶ ᠵᠢᠩ ᠫᠡᠨᠭ ᠱᠠ ᠨᠡᠮᠡᠭᠰᠡᠨ ᠲᠤᠲᠤᠷᠭᠠᠨ ᠭᠤᠯᠢᠷ  ᠢ ᠬᠤᠳᠠᠯᠳᠤᠨ ᠭᠠᠷᠭᠠᠵᠤ ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ 2.2 ᠲᠦᠮᠡ ᠭᠠᠷᠤᠶ ᠲᠥᠭᠥᠷᠢᠭ ᠲᠦ ᠬᠦᠷᠴᠡᠶ ᠃ 

ᠵᠠᠷᠭᠤ ᠶᠢᠨ ᠶᠠᠪᠤᠴᠠ

ᠭᠦᠢᠵᠧᠦ ᠮᠤᠵᠢ ᠶᠢᠨ ᠬᠤᠸᠠᠩ ᠫᠢᠩ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ ᠂ᠬᠣᠣᠷᠲᠠᠢ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠹᠦ᠋ ×× ᠳ᠋ᠧ ᠳᠦ ᠠᠯᠪᠠᠨ ᠵᠠᠭᠠᠯᠳᠤᠯᠭ᠎ᠠ ᠭᠠᠷᠭᠠᠪᠠ᠃  ᠭᠦᠢᠵᠧᠦ ᠮᠤᠵᠢ  ᠶᠢᠨ ᠬᠤᠸᠠᠩ ᠫᠢᠩ ᠰᠢᠶᠠᠨ ᠤ ᠠᠷᠠᠳ ᠤᠨ ᠰᠢᠭᠦᠬᠦ ᠬᠣᠷᠢᠶ᠎ᠠ ᠰᠢᠭᠦᠨ ᠰᠢᠶᠳᠪᠦᠷᠢᠯᠡᠬᠦ ᠪᠡᠷ ᠳᠠᠮᠵᠢᠭᠠᠳ ᠂ ᠵᠠᠭᠠᠯᠳᠤᠭᠳᠠᠭᠴᠢ ᠹᠦ᠋ ×× ‍ᠳ᠋ᠸ ᠤᠯᠤᠰ ᠤᠨ ᠢᠳᠡᠭᠡᠨ ᠦ ᠠᠶᠤᠯᠭᠦᠶ  ᠶᠢᠨ ᠬᠠᠮᠢᠶᠠᠷᠤᠯᠲᠠ  ᠶᠢᠨ ᠲᠣᠭᠲᠠᠭᠠᠯ  ᠢ ᠵᠥᠷᠢᠴᠡᠵᠦ ᠂ ᠦᠢᠯᠡᠳᠪᠦᠷᠢᠯᠡᠵᠦ ᠂ ᠪᠣᠷᠣᠯᠠᠭᠤᠯᠵᠤ ᠪᠠᠶᠢᠭ᠎ᠠ ᠢᠳᠡᠭᠡᠨ ᠳᠡᠭᠡᠨ ᠬᠣᠣᠷ ᠲᠠᠶ ᠂ ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠡᠳ᠋  ᠢ ᠬᠣᠯᠢᠭᠰᠠᠨ ᠪᠣᠯᠬᠣᠷ ᠲᠡᠭᠦᠨ ᠦ ᠠᠵᠢᠯᠯᠠᠭ᠎ᠠ ᠨᠢ ᠨᠢᠭᠡᠨᠲᠡ ᠬᠣᠣᠷ ᠲᠠᠶ ᠬᠥᠨᠥᠭᠡᠯ ᠲᠡᠶ ᠢᠳᠡᠭᠡᠨ ᠦ ᠵᠦᠢᠯ  ᠢ ᠦᠢᠯᠡᠳᠪᠦᠷᠢᠯᠡᠵᠦ ᠂ ᠪᠣᠷᠣᠯᠠᠭᠤᠯᠤᠭᠰᠠᠨ ᠶᠠᠯ᠎ᠠ ᠪᠣᠯᠵᠤ ᠪᠦᠷᠢᠯᠳᠦᠵᠡᠶ ᠭᠡᠵᠦ ᠦᠵᠡᠪᠡ ᠃ ᠹᠦ᠋ ×× ‍ᠳ᠋ᠸ ᠪᠡᠶ᠎ᠡ ᠪᠡᠨ ᠲᠤᠰᠢᠶᠠᠭᠰᠠᠨ ᠦᠢᠯᠡ ᠪᠠᠶᠢᠳᠠᠯ  ᠲᠠᠶ ᠂ ᠬᠠᠤᠯᠢ ᠶᠣᠰᠣᠭᠠᠷ ᠬᠥᠩᠭᠡᠨ ᠢᠶᠡᠷ  ᠰᠢᠳᠭᠡᠬᠦ ᠪᠤᠶᠤ ᠬᠥᠩᠭᠡᠷᠡᠭᠦᠯᠦᠨ  ᠰᠢᠳᠭᠡᠵᠦ ᠪᠣᠯᠤᠨ᠎ᠠ ᠃ ᠡᠭᠦᠨ ᠢ ᠦᠨᠳᠦᠰᠦᠯᠡᠪᠡᠯ᠂ ᠬᠣᠣᠷᠲᠠᠢ᠂ ᠬᠥᠨᠥᠭᠡᠯ ᠲᠡᠶ ᠢᠳᠡᠭᠡᠨ ᠦ ᠵᠦᠢᠯ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠹᠦ᠋ ×× ᠳ᠋ᠧ ᠶᠢ ᠨᠢᠭᠡ ᠵᠢᠯ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠠᠷᠠᠳ ᠤᠨ ᠵᠣᠭᠣᠰ ᠢᠶᠠᠷ ᠲᠠᠪᠤᠨ ᠲᠦᠮᠡᠨ ᠲᠥᠭᠥᠷᠢᠭ ᠲᠣᠷᠭᠠᠬᠤ ᠪᠠᠷ ᠨᠡᠶᠢᠯᠡᠭᠦᠯᠦᠨ ᠰᠢᠳᠬᠡᠪᠡ᠃ 

ᠨᠡᠶᠢᠲᠡᠯᠢᠭ ᠤᠳᠬ᠎ᠠ

ᠲᠤᠲᠤᠷᠭᠠᠨ ᠭᠤᠯᠢᠷ ᠪᠣᠯ ᠥᠷᠭᠡᠨ ᠤᠯᠠᠨ ᠬᠡᠷᠡᠭᠯᠡᠭᠴᠢᠳ ᠦᠨ ᠳᠤᠷ᠎ᠠ ᠪᠠᠬ᠎ᠠ ᠶᠢ ᠶᠡᠬᠡᠳᠡ ᠲᠠᠲᠠᠳᠠᠭ ᠥᠪᠡᠷᠮᠢᠴᠡ ᠣᠨᠴᠠᠯᠢᠭ ᠲᠠᠶ ᠢᠳᠡᠭᠡᠨ ᠮᠥᠨ᠂ ᠭᠡᠪᠡᠴᠦ ᠣᠨᠴᠠ ᠵᠠᠷᠢᠮ ᠬᠠᠤᠯᠢ ᠪᠤᠰᠤ ᠬᠤᠳᠠᠯᠳᠤᠭᠠᠴᠢᠳ ᠲᠤᠲᠤᠷᠭᠠᠨ ᠭᠤᠯᠢᠷ ᠤᠨ ᠰᠢᠨ᠎ᠡ ᠰᠣᠷᠭᠣᠭ ᠪᠠᠶᠢᠯᠭᠠᠬᠤ ᠬᠤᠭᠤᠴᠠᠭ᠎ᠠ ᠶᠢ ᠤᠷᠲᠤᠳᠬᠠᠵᠤ᠂ ᠤᠶᠠᠨ ᠬᠠᠳᠠᠨ ᠴᠢᠨᠠᠷ ᠢ ᠪᠠᠲᠤᠯᠠᠬᠤ ᠶᠢᠨ ᠲᠥᠯᠥᠭᠡ᠂ ᠦᠢᠯᠡᠳᠪᠦᠷᠢᠯᠡᠬᠦ ᠶᠠᠪᠤᠴᠠ ᠳᠠᠭᠠᠨ ᠫᠡᠨᠭ ᠱᠠ ᠵᠡᠷᠭᠡ ᠪᠣᠳᠠᠰ ᠢ ᠬᠠᠤᠯᠢ ᠪᠤᠰᠤ ᠪᠠᠷ ᠨᠡᠮᠡᠳᠡᠭ᠃ ᠫᠡᠨᠭ ᠱᠠ ᠪᠣᠯ 《ᠢᠳᠡᠭᠡᠨ ᠦ ᠳᠣᠲᠣᠷ᠎ᠠ ᠬᠠᠤᠯᠢ ᠶᠢ ᠵᠥᠷᠢᠴᠡᠨ ᠨᠡᠮᠡᠵᠦ ᠮᠡᠳᠡᠬᠦ ᠢᠳᠡᠭᠡᠨ ᠦ ᠪᠤᠰᠤ ᠪᠣᠳᠠᠰ ᠤᠨ ᠨᠡᠷᠡᠰ》 ᠲᠦ ᠢᠳᠡᠭᠡᠨ ᠦ ᠳᠣᠲᠣᠷ᠎ᠠ ᠨᠡᠮᠡᠵᠦ ᠣᠷᠣᠭᠤᠯᠬᠤ ᠶᠢ ᠲᠣᠳᠣᠷᠬᠠᠶ ᠴᠠᠭᠠᠵᠠᠯᠠᠭᠰᠠᠨ ᠪᠣᠳᠠᠰ ᠮᠥᠨ᠂ 《ᠬᠣᠣᠷᠲᠠᠢ᠂ ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠮᠠᠲ᠋ᠧᠷᠢᠶᠠᠯ》 ᠳᠤ ᠲᠣᠭᠠᠴᠠᠭᠳᠠᠨ᠎ᠠ᠂ ᠫᠡᠨᠭ ᠱᠠ ᠨᠡᠮᠡᠭᠰᠡᠨ ᠢᠳᠡᠭᠡᠨ ᠢ ᠤᠷᠳᠤ ᠬᠤᠭᠤᠴᠠᠭ᠎ᠠ ᠪᠠᠷ ᠢᠳᠡᠪᠡᠯ ᠬᠥᠮᠦᠨ ᠦ ᠪᠡᠶ᠎ᠡ ᠳᠦ ᠬᠣᠬᠢᠷᠠᠯ ᠤᠴᠠᠷᠠᠭᠤᠯᠵᠤ᠂ ᠣᠨᠴᠠᠭᠠᠶᠢᠯᠠᠨ ᠬᠥᠮᠦᠨ ᠦ ᠪᠡᠶ᠎ᠡ ᠶᠢᠨ ᠦᠷᠡᠵᠢᠯ᠂ ᠪᠣᠶᠢᠵᠢᠯᠲᠠ ᠪᠠ ᠳᠣᠲᠣᠭᠠᠳᠤ ᠰᠢᠭᠦᠷᠡᠯ ᠦᠨ ᠰᠢᠰᠲ᠋ᠧᠮ ᠳᠦ ᠬᠣᠣᠷᠲᠤ ᠴᠢᠨᠠᠷᠲᠠᠶ ᠨᠥᠯᠥᠭᠡ ᠭᠠᠷᠭᠠᠨ᠎ᠠ᠃ ᠲᠤᠰ ᠬᠡᠷᠡᠭ ᠲᠦ ᠂ ᠵᠠᠭᠠᠯᠳᠤᠭᠳᠠᠭᠴᠢ ᠹᠦ᠋ ×× ‍ᠳ᠋ᠸ ᠲᠤᠲᠤᠷᠭᠠᠨ ᠭᠤᠯᠢᠷ ᠤᠨ ᠦᠢᠯᠡᠳᠪᠦᠷᠢᠯᠡᠯ ᠦᠨ ᠶᠠᠪᠤᠴᠠ ᠳᠤ ᠫᠡᠨᠭ ᠱᠠ ᠨᠡᠮᠡᠭᠰᠡᠨ ᠠᠵᠢᠯᠯᠠᠭ᠎ᠠ ᠨᠢ ᠬᠣᠣᠷ  ᠲᠠᠶ ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ ᠂ ᠪᠣᠷᠣᠯᠠᠭᠤᠯᠤᠭᠰᠠᠨ ᠶᠠᠯ᠎ᠠ ᠪᠣᠯᠵᠤ ᠪᠦᠷᠢᠯᠳᠦᠵᠡᠶ ᠃ ᠬᠠᠤᠯᠢ ᠴᠠᠭᠠᠵᠠ ᠶᠢᠨ ᠪᠠᠶᠢᠭᠤᠯᠭ᠎ᠠ ᠪᠠᠰᠠ ᠰᠢᠶᠠᠨ ᠤ ᠵᠠᠬ᠎ᠠ ᠳᠡᠯᠭᠡᠭᠦᠷ ᠦᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠠᠵᠢᠯᠲᠠᠨ ᠂ ᠢᠳᠡᠭᠡᠨ ᠤᠮᠳᠠᠭᠠᠨ ᠤ ᠦᠢᠯᠡᠰ ᠦᠨ ᠡᠵᠡᠩᠨᠡᠭᠴᠢ ᠂ ᠬᠣᠯᠢᠰᠢᠨ ᠢᠳᠡᠭᠡᠨ ᠦ ᠡᠵᠡᠩᠨᠡᠭᠴᠢ ᠵᠢᠴᠢ ᠬᠡᠷᠡᠭᠯᠡᠭᠴᠢᠳ ᠦᠨ ᠲᠥᠯᠥᠭᠡᠯᠡᠭᠴᠢ ᠂ ᠰᠢᠶᠠᠨ ᠤ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠲᠥᠯᠥᠭᠡᠯᠡᠭᠴᠢ ᠂ ᠤᠯᠤᠰ ᠲᠥᠷᠥ ᠶᠢᠨ ᠵᠥᠪᠯᠡᠯᠭᠡᠨ ᠦ ᠭᠡᠰᠢᠭᠦᠨ ᠢ ᠤᠷᠢᠵᠤ ᠲᠢᠩᠬᠢᠮ ᠦᠨ ᠰᠢᠭᠦᠯᠲᠡ ᠳᠦ ᠰᠤᠯᠢᠠ ᠣᠷᠣᠯᠴᠠᠭᠤᠯᠵᠤ ᠂ ᠬᠠᠤᠯᠢ ᠴᠠᠭᠠᠵᠠ ᠶᠢ ᠲᠠᠶᠢᠯᠪᠤᠷᠢᠯᠠᠨ ᠶᠣᠰᠣ ᠶᠠᠷᠢᠬᠤ ᠶᠢᠨ ᠬᠠᠮᠲᠤ ᠂ ᠢᠳᠡᠭᠡᠨ ᠦ ᠬᠡᠷᠡᠭᠯᠡᠭᠡᠨ ᠦ ᠠᠮᠤᠷ ᠲᠦᠪᠰᠢᠨ ᠣᠷᠴᠢᠨ ᠲᠣᠭᠣᠷᠢᠨ ᠢ ᠪᠣᠶ ᠪᠣᠯᠭᠠᠬᠤ ᠳᠤ ᠨᠡᠶᠢᠯᠡᠮᠡᠯ ᠬᠦᠴᠦᠨ ᠢ ᠨᠢᠭᠲᠠᠷᠠᠭᠤᠯᠵᠤ ᠂ ᠢᠳᠡᠭᠡᠨ ᠦ ᠦᠶᠯᠡᠳᠪᠦᠷᠢᠯᠡᠯ ᠡᠵᠡᠩᠨᠡᠭᠴᠢ ᠶᠢᠨ ᠬᠠᠤᠯᠢ ᠶᠢ ᠮᠡᠳᠡᠵᠦ ᠬᠠᠤᠯᠢ ᠶᠢ ᠰᠠᠬᠢᠬᠤ ᠶᠢ ᠬᠥᠲᠥᠯᠦᠨ ᠵᠢᠯᠣᠭᠣᠳᠴᠤ ᠂ ᠠᠷᠠᠳ ᠣᠯᠠᠨ ᠤ ᠢᠳᠡᠭᠡᠨ ᠦ ᠠᠮᠤᠷ ᠲᠦᠪᠰᠢᠨ ᠦ ᠦᠵᠡᠯ ᠤᠬᠠᠮᠰᠠᠷ ᠢ ᠳᠡᠭᠡᠭᠰᠢᠯᠡᠭᠦᠯᠦᠨ᠎ᠡ ᠃ 

ᠬᠡᠷᠡᠭ ᠦᠨ ᠵᠢᠱᠢᠶ᠎ᠡ ᠲᠦᠷᠪᠡ

ᠵᠠᠩ ×× ᠢᠦᠢ᠂ ᠵᠠᠩ ᠣᠪᠣᠭᠲᠤ ᠬᠣᠣᠷ ᠲᠠᠶ ᠬᠥᠨᠥᠭᠡᠯᠲᠡᠶ ᠢᠳᠡᠭᠡᠨ ᠦ ᠬᠡᠷᠡᠭ ᠦᠢᠯᠡᠳᠪᠦᠷᠢᠯᠡᠵᠦ᠂ ᠪᠣᠷᠣᠯᠠᠭᠤᠯᠠᠭᠤᠯᠥᠭᠰᠠᠨ ᠬᠡᠷᠡᠭ
-- ᠳᠠᠪᠤᠰᠤᠯᠠᠭᠰᠠᠨ ᠮᠢᠬ᠎ᠠ ᠦᠢᠯᠡᠳᠪᠦᠷᠢᠯᠡᠬᠦ᠂ ᠪᠣᠷᠣᠯᠠᠭᠤᠯᠬᠤ ᠶᠠᠪᠤᠴᠠ ᠳᠤ ᠳ᠋ᠢ ᠳ᠋ᠢ ᠸᠧᠶ(敌敌畏) ᠶᠢ ᠰᠦᠷᠴᠢᠳᠡᠭ

ᠬᠡᠷᠡᠭ ᠦᠨ ᠲᠣᠪᠴᠢ ᠪᠠᠶᠢᠳᠠᠯ

2019 ᠣᠨ  ᠠᠴᠠ 2021 ᠣᠨ ᠤ 6 ᠰᠠᠷ᠎ᠠ ᠪᠣᠯᠲᠠᠯ᠎ᠠ ᠂ ᠵᠠᠭᠠᠯᠳᠤᠭᠳᠠᠭᠴᠢ ᠵᠠᠩ ×× ᠢᠦᠶ ᠂ ᠵᠠᠩ ×× ᠵᠧᠵᠢᠶᠠᠩ ᠮᠤᠵᠢ  ᠶᠢᠨ ᠳ᠋ᠦᠩᠶᠠᠩ ᠬᠣᠲᠠ  ᠶᠢᠨ ᠨᠢᠭᠡᠨ ᠨᠣᠭᠣᠭ᠎ᠠ  ᠶᠢᠨ ᠵᠠᠬ᠎ᠠ ᠳᠡᠯᠭᠡᠭᠦᠷ ᠲᠦ ᠳᠠᠪᠤᠰᠤᠯᠠᠭᠰᠠᠨ ᠮᠢᠬ᠎ᠠ ᠬᠤᠳᠠᠯᠳᠤᠵᠤ ᠂ ᠬᠣᠷᠣᠬᠠᠶ ᠤᠰᠠᠳᠬᠠᠬᠤ  ᠶᠢᠨ ᠲᠥᠯᠥᠭᠡ ᠲᠠᠷᠢᠶᠠᠨ ᠡᠮ ᠬᠡᠷᠡᠭᠯᠡᠨ ᠳ᠋ᠢ ᠳ᠋ᠢ ᠸᠧᠶ  ᠶᠢ ᠳᠠᠪᠤᠰᠤᠯᠠᠭᠰᠠᠨ ᠮᠢᠬᠠᠨ  ᠳᠤ ᠰᠦᠷᠴᠢᠵᠦ ᠂ ᠳ᠋ᠢ ᠳ᠋ᠢ ᠸᠧᠶ ᠲᠠᠢ ᠳᠠᠪᠤᠰᠤᠯᠠᠭᠰᠠᠨ ᠮᠢᠬᠠᠨ ᠤ ᠪᠦᠲᠦᠭᠡᠭᠳᠡᠬᠦᠨ  ᠢ ᠨᠡᠶᠢᠲᠡ 70 ᠵᠢᠩ ᠪᠣᠷᠣᠯᠠᠭᠤᠯᠵᠤ ᠂ ᠪᠣᠷᠣᠯᠠᠭᠤᠯᠤᠭᠰᠠᠨ ᠵᠣᠭᠣᠰ ᠤᠨ ᠲᠣᠭ᠎ᠠ ᠨᠢ ᠨᠡᠶᠢᠲᠡ 2600 ᠲᠥᠭᠥᠷᠢᠭ ᠲᠦ ᠬᠦᠷᠴᠡᠶ ᠃ ᠵᠧᠵᠢᠶᠠᠩ ᠮᠤᠵᠢ ᠶᠢᠨ ᠵᠢᠨᠬᠤᠸᠠ ᠬᠣᠲᠠ ᠶᠢᠨ ᠢᠳᠡᠭᠡᠨ ᠦ ᠵᠦᠶᠯ ᠡᠮ ᠦᠨ ᠵᠦᠶᠯ ᠦᠨ ᠰᠢᠯᠭᠠᠨ ᠪᠠᠶᠢᠴᠠᠭᠠᠯᠲᠠ ᠶᠢᠨ ᠰᠤᠳᠤᠯᠭᠠᠨ ᠤ ᠬᠦᠷᠢᠶᠡᠯᠡᠩ ᠦᠨ ᠰᠢᠯᠭᠠᠨ ᠪᠠᠶᠢᠴᠠᠭᠠᠯᠲᠠ ᠪᠠᠷ ᠳᠡᠮᠵᠢᠨ ᠂ ᠳᠠᠷᠤᠵᠤ ᠠᠪᠤᠭᠰᠠᠨ ᠳᠠᠪᠤᠰᠤᠯᠠᠭᠰᠠᠨ ᠮᠢᠬᠠᠨ ᠤ ᠥᠯᠢᠭᠡᠷ ᠡᠳ᠋ ᠡᠴᠡ 0.48mg/kg ᠠᠭᠤᠯᠤᠭᠳᠠᠴᠠ ᠲᠠᠶ ᠳ᠋ᠢ ᠳ᠋ᠢ ᠸᠧᠶ ᠶᠢ ᠪᠠᠶᠢᠴᠠᠭᠠᠨ ᠳᠣᠲᠣᠯᠠᠵᠠᠶ ᠃ 

ᠵᠠᠷᠭᠤ ᠶᠢᠨ ᠶᠠᠪᠤᠴᠠ

ᠵᠧᠵᠢᠶᠠᠩ ᠮᠤᠵᠢ ᠶᠢᠨ ᠳ᠋ᠦᠩ ᠶᠠᠩ ᠬᠣᠲᠠ ᠶᠢᠨ ᠠᠷᠠᠳ ᠤᠨ ᠪᠠᠶᠢᠴᠠᠭᠠᠬᠤ ᠬᠣᠷᠢᠶ᠎ᠠ᠂ ᠬᠣᠣᠷ ᠲᠠᠶ ᠬᠥᠨᠥᠭᠡᠯ ᠲᠡᠶ ᠢᠳᠡᠭᠡᠨ ᠦ ᠵᠦᠢᠯ ᠢ ᠦᠢᠯᠡᠳᠪᠦᠷᠢᠯᠡᠭᠰᠡᠨ ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠵᠠᠩ ᠣᠪᠣᠭᠲᠤ ᠳᠤ ᠵᠧᠵᠢᠶᠠᠩ ᠮᠤᠵᠢ ᠶᠢᠨ ᠳ᠋ᠦᠩᠶᠠᠩ ᠬᠤᠳᠠ ᠶᠢᠨ ᠠᠷᠠᠳ ᠤᠨ ᠪᠠᠶᠢᠴᠠᠭᠠᠬᠤ ᠬᠣᠷᠢᠶ᠎ᠠ ᠂ᠬᠣᠣᠷᠲᠠᠢ᠂ᠬᠥᠨᠥᠭᠡᠯ ᠲᠡᠶ ᠢᠳᠡᠭᠡᠨ ᠦ ᠵᠦᠢᠯ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠵᠠᠩ ××ᠢᠦᠢ᠂ ᠵᠠᠩ ×× ᠳᠤ ᠠᠯᠪᠠᠨ ᠵᠠᠭᠠᠯᠳᠤᠯᠭ᠎ᠠ ᠭᠠᠷᠭᠠᠪᠠ᠃ ᠵᠧᠵᠢᠶᠠᠩ ᠮᠤᠵᠢ  ᠶᠢᠨ ᠳ᠋ᠦᠩᠶᠠᠩ ᠬᠣᠲᠠ  ᠶᠢᠨ ᠠᠷᠠᠳ ᠤᠨ ᠰᠢᠭᠦᠬᠦ ᠬᠣᠷᠢᠶ᠎ᠠ ᠰᠢᠭᠦᠨ ᠰᠢᠶᠳᠪᠦᠷᠢᠯᠡᠬᠦ ᠪᠡᠷ ᠳᠡᠮᠵᠢᠨ ᠂ ᠵᠠᠭᠠᠯᠳᠤᠭᠳᠠᠭᠴᠢ ᠵᠠᠩ ×× ᠢᠦᠶ ᠂ ᠵᠠᠩ ×× ᠦᠢᠯᠡᠳᠪᠦᠷᠢᠯᠡᠭᠰᠡᠨ ᠂ ᠪᠣᠷᠣᠯᠠᠭᠤᠯᠤᠭᠰᠠᠨ ᠢᠳᠡᠭᠡᠨ ᠳᠡᠭᠡᠨ ᠬᠣᠣᠷ ᠲᠠᠶ ᠂ ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠮᠠᠲ᠋ᠧᠷᠢᠶᠠᠯ ᠬᠣᠯᠢᠭᠰᠠᠨ ᠪᠣᠯᠬᠣᠷ ᠲᠡᠭᠦᠨ ᠦ ᠠᠵᠢᠯᠯᠠᠭ᠎ᠠ ᠨᠢ ᠨᠢᠭᠡᠨᠲᠡ ᠬᠣᠣᠷ ᠲᠠᠶ ᠂ ᠬᠥᠨᠥᠭᠡᠯ ᠲᠡᠶ ᠢᠳᠡᠭᠡᠨ ᠦ ᠵᠦᠢᠯ  ᠢ ᠦᠢᠯᠡᠳᠪᠦᠷᠢᠯᠡᠭᠰᠡᠨ ᠂ ᠪᠣᠷᠣᠯᠠᠭᠤᠯᠤᠭᠰᠠᠨ ᠶᠠᠯ᠎ᠠ ᠪᠣᠯᠵᠤ ᠪᠦᠷᠢᠯᠳᠦᠵᠡᠶ ᠭᠡᠵᠦ ᠦᠵᠡᠪᠡ ᠃ ᠬᠣᠶᠠᠷ ᠵᠠᠭᠠᠯᠳᠤᠭᠳᠠᠭᠴᠢ ᠳᠤ ᠴᠠᠭᠠᠪᠤᠷᠢᠯᠠᠭᠰᠠᠨ ᠦᠢᠯᠡ ᠪᠠᠶᠢᠳᠠᠯ ᠲᠠᠶ ᠪᠠᠶᠢᠵᠤ᠂ ᠶᠠᠯ᠎ᠠ ᠪᠠᠨ ᠮᠡᠳᠡᠷᠡᠵᠦ ᠰᠢᠳᠬᠡᠯ ᠢᠶᠡᠨ ᠮᠡᠳᠡᠷᠡᠭᠰᠡᠨ ᠪᠠᠶᠢᠪᠠ ᠃ ᠡᠭᠦᠨ ᠢ ᠦᠨᠳᠦᠰᠦᠯᠡᠪᠡᠯ᠂ ᠬᠣᠣᠷᠲᠠᠢ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠵᠠᠩ ××ᠢᠦᠢ ᠶᠢ ᠲᠤᠯᠤᠭᠠᠨ ᠰᠠᠷ᠎ᠠ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠠᠷᠠᠳ ᠤᠨ ᠵᠣᠭᠣᠰ ᠢᠶᠠᠷ ᠭᠤᠷᠪᠠᠨ ᠮᠢᠩᠭᠠᠨ ᠲᠥᠭᠥᠷᠢᠭ ᠲᠣᠷᠭᠠᠬᠤ ᠪᠠᠷ ᠨᠡᠶᠢᠯᠡᠭᠦᠯᠦᠨ  ᠰᠢᠳᠭᠡᠪᠡ︔ ᠬᠣᠣᠷᠲᠠᠢ᠂ ᠬᠥᠨᠥᠭᠡᠯ ᠲᠡᠶ ᠢᠳᠡᠭᠡᠨ ᠢ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠶᠠᠯ᠎ᠠ ᠪᠠᠷ ᠵᠠᠭᠠᠯᠳᠤᠭᠳᠠᠭᠴᠢ ᠵᠠᠩ ×× ᠶᠢ ᠵᠢᠷᠭᠤᠭᠠᠨ ᠰᠠᠷ᠎ᠠ ᠬᠤᠭᠤᠴᠠᠭ᠎ᠠ ᠲᠠᠶ ᠬᠣᠷᠢᠬᠤ ᠪᠠᠷ ᠰᠢᠳᠬᠡᠵᠦ᠂ ᠠᠷᠠᠳ ᠤᠨ ᠵᠣᠭᠣᠰ ᠢᠶᠠᠷ ᠭᠤᠷᠪᠠᠨ ᠮᠢᠩᠭᠠᠨ ᠲᠥᠭᠥᠷᠢᠭ ᠲᠣᠷᠭᠠᠬᠤ ᠪᠠᠷ ᠨᠡᠶᠢᠯᠡᠭᠦᠯᠦᠨ ᠰᠢᠳᠬᠡᠪᠡ᠃ 

ᠨᠡᠶᠢᠲᠡᠯᠢᠭ ᠤᠳᠬ᠎ᠠ

ᠵᠠᠷᠢᠮ ᠡᠷᠡᠭᠦᠯ ᠪᠤᠰᠤ ᠬᠤᠳᠠᠯᠳᠤᠭᠠᠴᠢᠳ ᠳᠠᠪᠤᠰᠤᠯᠠᠭᠰᠠᠨ ᠮᠢᠬᠠᠨ ᠳᠤ ᠬᠣᠷᠣᠬᠠᠶᠢᠲᠤᠬᠤ ᠠᠴᠠ ᠰᠡᠷᠭᠡᠶᠢᠯᠡᠬᠦ ᠶᠢᠨ ᠲᠥᠯᠥᠭᠡ᠂ ᠳᠠᠪᠤᠰᠤᠯᠠᠭᠰᠠᠨ ᠮᠢᠬᠠᠨ ᠳᠤ ᠳ᠋ᠢ ᠳ᠋ᠢ ᠸᠧᠶ ᠵᠡᠷᠭᠡ ᠲᠠᠷᠢᠶᠠᠨ ᠡᠮ ᠢ ᠰᠦᠷᠴᠢᠵᠦ ᠪᠠᠶᠢᠨ᠎ᠠ᠃ ᠳ᠋ᠢ ᠳ᠋ᠢ ᠸᠧᠶ ᠪᠣᠯ ︽ ᠢᠳᠡᠭᠡᠨ ᠦ ᠵᠦᠶᠯ ᠳᠦ ᠬᠠᠤᠯᠢ ᠶᠢ ᠵᠥᠷᠢᠴᠡᠨ ᠨᠡᠮᠡᠵᠦ ᠮᠡᠳᠡᠬᠦ ᠢᠳᠡᠭᠡᠨ ᠦ ᠪᠤᠰᠤ ᠪᠣᠳᠠᠰ ᠤᠨ ᠨᠡᠷᠡᠰ ︾ ᠳ᠋ᠤ ᠢᠳᠡᠭᠡᠨ ᠦ ᠵᠦᠶᠯ ᠳᠦ ᠨᠡᠮᠡᠵᠦ ᠣᠷᠣᠭᠤᠯᠬᠤ ᠶᠢ ᠲᠣᠳᠣᠷᠬᠠᠶ ᠴᠠᠭᠠᠵᠠᠯᠠᠭᠰᠠᠨ ᠪᠣᠳᠠᠰ ᠮᠥᠨ ᠂ ︽ ᠬᠣᠤᠷ ᠲᠠᠶ ᠂ ᠬᠥᠨᠥᠭᠡᠯ ᠲᠡᠶ ᠢᠳᠡᠭᠡᠨ ᠦ ᠪᠤᠰᠤ ᠲᠦᠭᠦᠬᠡᠶ ᠮᠠᠲ᠋ᠧᠷᠢᠶᠠᠯ ︾ ᠳ᠋ᠤ ᠲᠣᠭᠠᠴᠠᠭᠳᠠᠨ᠎ᠠ ᠂ ᠦᠶᠯᠡᠳᠪᠦᠷᠢᠯᠡᠭᠰᠡᠨ ᠂ ᠪᠣᠷᠣᠯᠠᠭᠤᠯᠤᠭᠰᠠᠨ ᠳᠠᠪᠤᠰᠤᠯᠠᠭᠰᠠᠨ ᠮᠢᠬ᠎ᠠ ᠳᠡᠭᠡᠷ᠎ᠡ ᠳ᠋ᠢ ᠳ᠋ᠢ ᠸᠧᠶ ᠶᠢ ᠰᠦᠷᠴᠢᠭᠰᠡᠨ ᠪᠠᠶᠢᠪᠠᠯ ᠂ ᠬᠣᠤᠷ ᠲᠠᠶ ᠂ ᠬᠥᠨᠥᠭᠡᠯ ᠲᠡᠶ ᠢᠳᠡᠭᠡᠨ ᠦ ᠵᠦᠶᠯ ᠢ ᠦᠶᠯᠡᠳᠪᠦᠷᠢᠯᠡᠭᠰᠡᠨ ᠂ ᠪᠣᠷᠣᠯᠠᠭᠤᠯᠤᠭᠰᠠᠨ ᠶᠠᠯ᠎ᠠ ᠪᠠᠷ ᠶᠠᠯ᠎ᠠ ᠲᠣᠭᠲᠠᠭᠠᠵᠤ ᠰᠢᠳᠬᠡᠬᠦ ᠬᠡᠷᠡᠭᠲᠡᠶ ᠃ ᠬᠠᠤᠯᠢ ᠴᠠᠭᠠᠵᠠ ᠶᠢᠨ ᠪᠠᠶᠢᠭᠤᠯᠭ᠎ᠠ ᠬᠡᠷᠡᠭ ᠰᠢᠶᠳᠪᠦᠷᠢᠯᠡᠬᠦ ᠶᠠᠪᠤᠴᠠ ᠳᠠᠭᠠᠨ ᠢᠯᠡ ᠪᠡᠷ ᠭᠡᠷᠡᠴᠢᠯᠡᠭᠡ ᠰᠣᠨᠣᠰᠬᠤ᠂ ᠰᠢᠭᠦᠬᠦ ᠲᠢᠩᠬᠢᠮ ᠦᠨ ᠬᠥᠮᠦᠵᠢᠯ᠂ ᠵᠠᠭᠤᠴᠢᠯᠠᠭᠤᠷ ᠤᠨ ᠤᠬᠠᠭᠤᠯᠭ᠎ᠠ ᠵᠡᠷᠭᠡ ᠤᠯᠠᠨ ᠵᠦᠢᠯ ᠦᠨ ᠬᠡᠯᠪᠡᠷᠢ ᠶᠢ ᠭᠦᠢᠴᠡᠳ ᠬᠡᠷᠡᠭᠯᠡᠨ᠂ ᠥᠷᠭᠡᠨ ᠤᠯᠠᠨ ᠬᠡᠷᠡᠭᠯᠡᠭᠴᠢᠳ ᠲᠦ ᠢᠳᠡᠭᠡᠨ ᠦ ᠠᠶᠤᠯᠭᠦᠶ ᠶᠢᠨ ᠶᠡᠷᠦ ᠶᠢᠨ ᠮᠡᠳᠡᠯᠭᠡ ᠶᠢ ᠤᠬᠠᠭᠤᠯᠵᠤ᠂ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠡᠴᠡ ᠳᠠᠪᠤᠰᠤᠯᠠᠭᠰᠠᠨ ᠮᠢᠬᠠᠨ ᠤ ᠪᠦᠲᠦᠭᠡᠭᠳᠡᠬᠦᠨ ᠢ ᠰᠣᠩᠭᠣᠵᠤ ᠬᠤᠳᠠᠯᠳᠤᠨ ᠠᠪᠬᠤ ᠳᠠᠭᠠᠨ ᠨᠡᠬᠡᠮᠵᠢᠯᠡᠵᠦ ᠪᠣᠯᠬᠤ ᠢᠳᠡᠭᠡᠨ ᠦ ᠬᠠᠩᠭᠠᠯᠭ᠎ᠠ ᠶᠢᠨ ᠬᠡᠯᠬᠢᠶ᠎ᠡ ᠲᠡᠶ ᠪᠦᠲᠦᠭᠡᠭᠳᠡᠬᠦᠨ ᠢ ᠰᠣᠩᠭᠣᠵᠤ᠂ ᠲᠤᠰ ᠪᠡᠶ᠎ᠡ ᠶᠢᠨ ᠡᠷᠡᠭᠦᠯ ᠮᠡᠨᠳᠤ ᠶᠢᠨ ᠠᠮᠤᠷ ᠲᠦᠪᠰᠢᠨ ᠦ ᠨᠢᠭᠡᠳᠦᠭᠡᠷ ᠬᠠᠷᠢᠭᠤᠴᠠᠯᠭᠠᠲᠠᠨ ᠪᠣᠯᠬᠤ ᠶᠢ ᠤᠯᠠᠨ ᠲᠦᠮᠡᠨ ᠳᠦ ᠰᠡᠷᠡᠮᠵᠢᠯᠡᠭᠦᠯᠪᠡ᠃ 

 

ᠢᠷᠡᠯᠲᠡ
ᠡᠸ᠋ᠩᠬᠢ ᠬᠤᠰᠢᠭᠤᠨ ᠤ ᠠᠷᠠᠳ ᠤᠨ ᠪᠠᠶᠢᠴᠭᠠᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro