ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠵᠢᠯᠣᠭᠣᠴᠢ ᠵᠢᠨ ᠦᠨᠡᠮᠯᠡᠯ ᠢᠶᠠᠷ ᠮᠡᠬᠡᠯᠡᠭᠰᠡᠨ ᠶᠠᠯᠠᠳᠣ ᠬᠡᠷᠡᠭ  ᠤᠨ ᠲᠤᠬᠠᠢ ᠲᠤᠪᠴᠢ ᠦᠭᠦᠯᠡᠬᠦᠢ    

2024-01-19 11:26:48
ᠵᠣᠬᠢᠶᠠᠭᠴᠢ
ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ

  

 


         ᠨᠢᠳᠤᠨᠤᠨ ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ ᠵᠢᠯᠣᠭᠣᠴᠢ ᠵᠢᠨ ᠦᠨᠡᠮᠯᠡᠯ ᠢᠶᠠᠷ ᠪᠤᠰᠣᠳ ᠢ ᠮᠡᠬᠡᠯᠡᠭᠰᠡᠨ ᠬᠡᠷᠡᠭ ᠢ ᠤᠷᠢᠳ ᠬᠤᠵᠢᠳ ᠬᠡᠳᠦᠨᠳᠡ ᠲᠤᠰᠴᠤ᠂ ᠬᠡᠷᠡᠭᠳᠡᠨ ᠤ ᠪᠡᠶᠡᠴᠢ ᠵᠤᠷᠢᠯᠭ᠎ᠠ᠂ ᠬᠡᠷᠡᠭ ᠤᠨ ᠰᠢᠨᠵᠢ ᠴᠢᠨᠠᠷ᠂ ᠨᠡᠶᠢᠬᠡᠮ ᠤᠨ ᠬᠤᠤᠷ ᠬᠦᠨᠦᠬᠡᠯᠳᠦ ᠴᠢᠨᠠᠷ ᠵᠡᠷᠬᠡ ᠤᠯᠠᠨ ᠲᠠᠯ᠎ᠠ ᠶᠢ ᠬᠢᠨᠠᠨ ᠪᠠᠶᠢᠴᠠᠭᠠᠭᠰᠠᠨ ᠤ ᠰᠠᠭᠤᠷᠢᠨ ᠲᠡᠭᠡᠷ᠎ᠡ ᠬᠠᠤᠯᠢ ᠶᠤᠰᠣᠭᠠᠷ ᠠᠯᠪᠠᠨ ᠵᠠᠭᠠᠯᠳᠣᠯᠭ᠎ᠠ ᠭᠠᠷᠭᠠᠭᠰᠠᠨ ᠪᠠᠶᠢᠨ᠎ᠠ᠃ ᠡᠳᠦᠬᠡ ᠠᠷᠤ ᠬᠤᠷᠴᠢᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ ᠡᠳᠡᠬᠡᠷ ᠬᠡᠷᠡᠭᠳᠡᠳ ᠢ ᠴᠦᠮ ᠮᠡᠬᠡᠯᠡᠭᠰᠡᠨ ᠶᠠᠯ᠎ᠠ ᠶᠢ ᠵᠦᠷᠢᠴᠡᠭᠰᠡᠨ ᠢᠶᠠᠷ ᠨᠤᠳᠠᠯᠠᠨ ᠲᠤᠭᠳᠠᠭᠠᠵᠦ ᠡᠷᠡᠬᠦᠦ ᠶᠢᠨ ᠬᠡᠷᠡᠭ ᠤᠨ ᠰᠢᠬᠦᠨ ᠲᠠᠰᠣᠯᠣᠯᠳᠠ ᠭᠠᠷᠭᠠᠪᠠ᠃
      ᠠᠳᠡ ᠡᠳᠡᠬᠡᠷ ᠬᠡᠷᠡᠭ ᠤᠨ ᠪᠤᠳᠠᠳᠣ ᠶᠠᠪᠤᠳᠠᠯ ᠢᠶᠠᠷ ᠦᠯᠢᠬᠡᠷᠯᠡᠨ ᠡᠶᠢᠮᠦᠷᠬᠦ ᠲᠦᠷᠦᠯ ᠤᠨ ᠮᠡᠬᠡᠯᠡᠯ ᠤᠨ ᠬᠡᠷᠡᠭ ᠤᠨ ᠨᠡᠶᠢᠳᠡᠯᠢᠭ ᠲᠠᠯ᠎ᠠ ᠳᠤ ᠳᠥᠭᠦᠮ ᠵᠠᠳᠠᠯᠤᠯᠳᠠ ᠬᠢᠰᠦᠬᠡᠢ᠃
       ᠨᠢᠬᠡ ᠳᠤ᠂ ᠪᠡᠶᠡᠴᠢ ᠵᠤᠷᠢᠯᠭ᠎ᠠ ᠶᠢᠨ ᠬᠤᠪᠢ ᠳᠤ᠂ ᠡᠳᠡᠬᠡᠷ ᠬᠡᠷᠡᠭᠳᠡᠨ ᠴᠦᠮ ᠤᠷᠢᠳᠠᠪᠠᠷ ᠨᠡᠷ᠎ᠡ ᠮᠡᠳᠡᠬᠦᠯᠬᠦ ᠵᠤᠭᠤᠰ ᠠᠪᠴᠤ᠂ ᠲᠠᠷᠠᠭ᠎ᠠ ᠨᠢ ᠰᠢᠯᠭᠠᠯᠳᠠ ᠶᠢᠨ ᠲᠠᠯᠠᠪᠠᠢ ᠶᠢᠨ ᠰᠦᠢᠳᠬᠡᠯ᠂ ᠰᠢᠯᠭᠠᠯᠳᠠ ᠶᠢᠨ ᠴᠠᠭ ᠲᠠᠭᠤᠰᠬᠠᠬᠤ ᠵᠤᠭᠤᠰ᠂ ᠦᠨᠡᠮᠯᠡᠯ ᠤᠨ ᠵᠤᠭᠤᠰ ᠬᠡᠬᠦ ᠮᠡᠳᠦ ᠪᠠᠷ ᠢᠳᠡᠭ ᠠᠯᠬᠤᠮ ᠢᠶᠠᠷ ᠯᠠᠪᠰᠢᠷᠠᠭᠤᠯᠤᠨ ᠵᠤᠭᠤᠰ ᠠᠪᠤᠭᠠᠳ ᠮᠡᠬᠡᠯᠡᠵᠦ ᠠᠪᠴᠢᠷᠠᠭᠰᠠᠨ ᠵᠤᠭᠤᠰ ᠢᠶᠠᠨ ᠢᠳᠡᠵᠦ ᠤᠤᠭᠤᠵᠦ ᠨᠠᠭᠠᠳᠴᠤ ᠴᠡᠩᠬᠡᠵᠦ ᠪᠦᠷᠢᠯᠭᠡᠳᠡᠭ᠃ ᠬᠤᠤᠷ ᠠᠮᠰᠠᠭᠴᠢᠳ ᠦᠨᠡᠮᠯᠡᠯ ᠢᠶᠠᠨ ᠠᠰᠠᠭᠤᠪᠠᠯ ᠡᠯᠳᠡᠪ ᠵᠦᠢᠯ ᠤᠨ ᠰᠢᠯᠳᠠᠭ ᠵᠤᠬᠢᠶᠠᠵᠦ ᠬᠤᠶᠢᠰᠢᠯᠠᠭᠤᠯᠬᠤ᠂ ᠴᠢᠨᠠᠭᠰᠢᠯᠠᠪᠠᠯ ᠪᠤᠰᠣᠳ ᠬᠦᠮᠦᠨ ᠳᠤ ᠮᠡᠬᠡᠯᠡᠭᠳᠡᠴᠢᠬᠡᠵᠡᠢ ᠬᠡᠵᠦ ᠦᠪᠡᠷ ᠠᠴᠠ ᠪᠠᠨ ᠵᠠᠶᠢᠯᠠᠭᠤᠯᠬᠤ ᠪᠤᠶᠤ ᠤᠳᠠᠰᠣ ᠳ᠋ᠣᠭᠠᠷ ᠢᠶᠠᠨ ᠬᠠᠯᠠᠵᠦ ᠵᠠᠶᠢᠯᠠᠨ ᠲᠤᠳᠠᠭᠠᠳᠠᠭ᠃ ᠬᠡᠷᠡᠭᠳᠡᠨ ᠲᠦ᠋ ︵ᠪᠤᠷᠤᠭᠤᠯᠠᠭᠰᠠᠨ ᠨᠡᠷ᠎ᠡ︶ ᠶᠢᠨ ᠮᠡᠬᠡᠯᠡᠭᠰᠡᠨ ᠬᠡᠷᠡᠭ ᠲᠤ ᠬᠡᠷᠡᠭᠳᠡᠨ ᠭᠤᠴᠢ ᠭᠠᠷᠤᠢ ᠬᠤᠤᠷ ᠠᠮᠰᠠᠴᠢᠳ ᠤᠨ ᠨᠡᠷ᠎ᠡ ᠮᠡᠳᠡᠬᠦᠯᠬᠦ ᠰᠦᠢᠳᠬᠡᠯ ᠢ ᠬᠤᠷᠢᠶᠠᠵᠦ ᠠᠪᠤᠭᠠᠳ ᠨᠡᠷ᠎ᠡ ᠦᠯᠦ ᠮᠡᠳᠡᠬᠦᠯᠦᠭᠰᠡᠨ ᠮᠦᠷᠳᠡᠬᠡᠨ ᠲᠠᠬᠢᠨ ᠲᠠᠪᠳᠠᠨ ᠡᠯᠳᠡᠪ ᠰᠢᠯᠳᠠᠭ ᠲᠤᠷᠠᠳᠴᠤ ᠵᠤᠭᠤᠰ ᠠᠪᠤᠭᠠᠳ᠂ ᠮᠡᠬᠡᠯᠡᠭᠰᠡᠨ ᠵᠤᠭᠤᠰ ᠢᠶᠠᠨ ᠴᠦᠮ ᠢ ᠰᠦᠯᠵᠢᠶᠡᠨ ᠲᠤᠭᠯᠠᠭᠠᠮ ᠳᠤ ᠦᠷᠡᠭᠡᠭᠰᠡᠨ ᠪᠤᠶᠤ ᠦᠷᠢ ᠰᠢᠷᠢ ᠪᠠᠨ ᠲᠦᠯᠦᠵᠦ ᠪᠦᠷᠢᠯᠬᠡᠪᠡ᠃ ᠬᠡᠷᠡᠭᠳᠡᠨ ᠪᠠ ︵ᠪᠤᠷᠤᠭᠤᠯᠠᠭᠰᠠᠨ ᠨᠡᠷ᠎ᠡ︶ ᠶᠢᠨ ᠮᠡᠬᠡᠯᠡᠭᠰᠡᠨ ᠬᠡᠷᠡᠭ ᠲᠤ ᠮᠦᠨ ᠠᠳᠠᠯᠢᠬᠠᠨ ᠬᠡᠯᠪᠷᠢ ᠪᠠᠷ ᠬᠤᠷᠢ ᠰᠢᠬᠠᠮ ᠬᠤᠤᠷ ᠠᠮᠰᠠᠭᠴᠢᠳ ᠤᠨ ᠮᠦᠩᠬᠦ ᠶᠢ ᠮᠡᠬᠡᠯᠡᠵᠦ ᠠᠪᠤᠭᠠᠳ ᠱᠧᠨᠵᠧᠨ᠂ ᠬᠠᠶᠢᠨᠠᠨ ᠢᠶᠠᠷ ᠵᠤᠭᠠᠯᠠᠵᠦ ᠪᠦᠬᠦᠨ ᠢ ᠪᠦᠷᠢᠯᠬᠡᠵᠦ ᠦᠷᠡᠭᠰᠡᠨ ᠪᠠᠶᠢᠨ᠎ᠠ᠃ ᠪᠤᠰᠣᠳ ᠢ ᠬᠠᠪᠰᠣᠷᠴᠤ ᠤᠴᠢᠷ ᠪᠦᠲᠦᠬᠡᠵᠦ ᠦᠭᠬᠦ ᠬᠡᠯᠪᠡᠷᠢ ᠶᠢᠨ ᠮᠡᠬᠡᠯᠡᠯ ᠤᠨ ᠬᠡᠷᠡᠭ ᠲᠤ ᠬᠡᠷᠡᠭ ᠤᠨ ᠰᠡᠵᠢᠭᠳᠡᠨ ᠤ ᠪᠡᠶᠡᠴᠢ ᠵᠤᠷᠢᠯᠭ᠎ᠠ ᠶᠢ ᠮᠠᠭᠠᠳᠯᠠᠬᠤ ᠳᠠᠭᠠᠨ ᠬᠡᠷᠡᠭᠳᠡᠨ ᠤ ᠪᠤᠰᠣᠳ ᠤᠨ ᠵᠤᠭᠤᠰ ᠢ ᠠᠪᠬᠤ ᠦᠶᠡᠰ ᠤᠨ ᠠᠮᠠᠯᠠᠭᠰᠠᠨ ᠤᠴᠢᠷ ᠲᠠᠭᠠᠨ ᠪᠤᠳᠠᠳᠣ ᠴᠢᠷᠮᠠᠶᠢᠯᠭ᠎ᠠ ᠭᠠᠷᠭᠠᠭᠰᠠᠨ ᠡᠰᠡᠬᠦ ᠶᠢ ᠰᠠᠶᠢᠳᠣᠷ ᠬᠢᠨᠠᠨ ᠬᠠᠷᠭᠤᠭᠤᠯᠬᠤ ᠴᠢᠬᠤᠯᠠᠳᠠᠢ᠃ ᠵᠢᠱᠢᠶᠡᠯᠡᠪᠡᠯ᠂ ᠲᠡᠬᠡᠷᠡᠬᠢ ᠬᠤᠶᠠᠷ ᠬᠡᠷᠡᠭ ᠲᠤ ᠬᠤᠶᠠᠷ ᠬᠡᠷᠡᠭᠳᠡᠨ ᠠᠴᠠ ᠪᠤᠰᠣᠳ ᠲᠤ ᠬᠠᠪᠰᠣᠷᠴᠦ ᠵᠢᠯᠤᠭᠤᠴᠢ ᠶᠢᠨ ᠦᠨᠡᠮᠯᠡᠯ ᠤᠯᠵᠦ ᠦᠭᠬᠦᠨ᠎ᠡ ᠬᠡᠵᠦ ᠵᠤᠭᠤᠰ ᠠᠪᠤᠭᠠᠳ ᠠᠳᠠᠭ ᠨᠢ ᠨᠡᠷ᠎ᠡ ᠶᠢ ᠨᠢ ᠴᠦ ᠮᠡᠳᠡᠬᠦᠯᠵᠦ ᠦᠭᠬᠦᠭᠰᠡᠨ ᠦᠬᠡᠢ᠂ ᠪᠦᠬᠦᠨ ᠢ ᠪᠦᠷᠢᠯᠬᠡᠵᠦ ᠦᠷᠡᠬᠡᠭᠰᠡᠨ ᠪᠠᠶᠢᠨ᠎ᠠ᠃
      ᠶᠠᠯ᠎ᠠ ᠶᠢᠨ ᠪᠤᠰᠣᠳᠴᠢ ᠲᠠᠯ᠎ᠠ ᠶᠢᠨ ᠬᠤᠪᠢ ᠳᠤ᠂ ᠡᠳᠡᠬᠡᠷ ᠬᠡᠷᠡᠭᠳᠡᠨ ᠴᠦᠮ ︽ᠵᠤᠭᠤᠰ ᠲᠤᠰᠢᠶᠠᠭᠰᠠᠭᠠᠷ ᠵᠢᠯᠤᠭᠤᠴᠢ ᠶᠢᠨ ᠦᠨᠡᠮᠯᠡᠯ ᠢ ᠪᠠᠳᠣᠯᠠᠭ᠎ᠠ ᠲᠠᠢ ᠤᠯᠵᠦ ᠦᠭᠴᠦ ᠴᠢᠳᠠᠨ᠎ᠠ᠂ ᠪᠡᠶ᠎ᠡ ᠪᠠᠷ ᠢᠶᠠᠨ ᠰᠢᠯᠭᠠᠬᠤ ᠴᠢᠬᠤᠯᠠ ᠦᠬᠡᠢ᠂ ᠲᠦᠴᠢᠨ ᠲᠠᠪᠤᠨ ᠡᠳᠦᠷ ᠲᠤ ᠪᠠᠳᠣᠯᠠᠭ᠎ᠠ ᠲᠠᠢ ᠪᠠᠭᠤᠨ᠎ᠠ᠂ ᠪᠠᠭᠤᠵᠦ ᠢᠷᠡᠬᠦ ᠦᠬᠡᠢ ᠪᠤᠯ ᠵᠤᠭᠤᠰ ᠢ ᠴᠢᠨᠢ ᠪᠤᠴᠠᠭᠠᠨ᠎ᠠ︾ ᠬᠡᠬᠦ ᠮᠡᠳᠦ ᠶᠢᠨ ᠬᠡᠶᠢᠰᠪᠦᠷᠢᠯᠡᠨ ᠵᠤᠬᠢᠶᠠᠭᠰᠠᠨ ᠵᠠᠷ ᠢᠶᠠᠨ ᠬᠤᠷᠳᠣᠨ ᠭᠠᠷ᠂ ᠸᠢᠴᠠᠲ ᠤᠨ ᠬᠤᠯᠪᠤᠭ᠎ᠠ᠂ ᠨᠠᠶᠢᠵᠠ ᠶᠢᠨ ᠴᠤᠮᠤᠷᠯᠢᠭ ᠢᠶᠠᠷ ᠲᠦᠬᠡᠬᠡᠵᠦ᠂ ᠪᠢᠴᠢᠭ ᠰᠤᠶᠤᠯ ᠦᠵᠡᠭᠰᠡᠨ ᠦᠬᠡᠢ᠂ ᠦᠵᠡᠵᠦ ᠰᠣᠨᠣᠰᠣᠭᠰᠠᠨ ᠢᠶᠠᠷ ᠪᠠᠭ᠎ᠠ᠂ ᠠᠮᠠᠷᠬᠠᠨ ᠢᠳᠡᠮᠡᠬᠡᠳᠡᠢ ᠪᠠᠶᠢᠳᠠᠭ ᠦᠨᠳᠦᠰᠦᠨ ᠱᠠᠳᠣᠨ ᠤ ᠠᠰᠪᠤᠷ ᠴᠠᠭᠠᠪᠤᠷ ᠮᠠᠯᠴᠢᠨ ᠲᠠᠷᠢᠶᠠᠴᠢᠨ ᠢ ᠬᠢᠯᠪᠠᠷᠬᠠᠨ ᠢᠶᠠᠷ ᠲᠠᠨᠢᠯᠳᠠ ᠶᠢᠨ ᠠᠳᠡᠬᠦᠷᠡᠯ ᠳᠤ ᠤᠷᠤᠭᠤᠯᠤᠨ ᠲᠡᠳᠡᠨ ᠤ ᠵᠤᠭᠤᠰ ᠢ ᠮᠡᠬᠡᠯᠡᠵᠦ ᠠᠪᠳᠠᠭ᠃ ᠢᠯᠠᠩᠭᠤᠶ᠎ᠠ ᠵᠠᠷᠢᠮ ᠬᠡᠷᠡᠭᠳᠡᠨ ᠨᠢ ᠵᠤᠭᠤᠰ ᠵᠠᠷᠤᠴᠠᠭᠤᠯᠵᠦ ᠪᠠᠶᠢᠭᠠᠳ ᠰᠦᠯᠵᠢᠶᠡᠨ ᠲᠡᠭᠡᠷ᠎ᠡ ᠮᠡᠷᠭᠡᠵᠢᠯ ᠤᠨ ᠠᠷᠭ᠎ᠠ ᠪᠠᠷ ᠬᠠᠭᠤᠷᠮᠠᠭ ᠵᠢᠯᠣᠭᠣᠴᠢ ᠵᠢᠨ ᠦᠨᠡᠮᠯᠡᠯ ᠵᠤᠬᠢᠶᠠᠵᠦ᠂ ᠸᠢᠴᠠᠲ ᠤᠨ ᠬᠤᠯᠪᠤᠭᠠᠨ ᠳᠤ ᠵᠢᠷᠤᠭ ᠢ ᠨᠢ ᠲᠦᠬᠡᠬᠡᠳ᠂ ᠵᠢᠯᠣᠭᠣᠴᠢ ᠵᠢᠨ ᠦᠨᠡᠮᠯᠡᠯ ᠴᠢᠨᠢ ᠪᠠᠭᠤᠭᠠᠳ ᠢᠷᠡᠴᠢᠭᠡᠵᠡᠢ ᠬᠡᠵᠦ ᠪᠤᠰᠣᠳ ᠢ ᠬᠠᠭᠤᠷᠤᠨ ᠠᠷᠭᠠᠯᠠᠬᠤ ᠪᠤᠶᠤ ᠵᠤᠭᠤᠰ ᠨᠡᠮᠡᠵᠦ ᠠᠪᠳᠠᠭ᠃
        ᠮᠡᠬᠡᠯᠡᠭᠴᠢᠳ ᠤᠨ ᠬᠤᠪᠢ ᠳᠤ᠂ ᠲᠤᠰ ᠬᠡᠳᠦᠨ ᠬᠡᠷᠡᠭ ᠤᠨ ᠬᠤᠤᠷ ᠠᠮᠰᠠᠭᠴᠢᠳ ᠨᠢ ᠴᠦᠮ ᠬᠦᠳᠡᠭᠡ ᠲᠤᠰᠬᠤᠨ ᠦᠨᠳᠦᠰᠦᠨ ᠱᠠᠳᠤᠨ ᠤ ᠮᠠᠯᠴᠢᠨ ᠲᠠᠷᠢᠶᠠᠴᠢᠳ ᠪᠠᠶᠢᠪᠠ᠃
       ︽ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠤᠯᠢ︾ ᠶᠢᠨ ᠠᠷᠪᠠ ᠶᠢᠰᠦᠳᠦᠬᠡᠷ ᠵᠤᠷᠪᠤᠰ ᠤᠨ ᠲᠤᠭᠳᠠᠭᠠᠯ ᠢ ᠦᠨᠳᠦᠰᠦᠯᠡᠪᠡᠯ᠂ ︽ᠮᠠᠰᠢᠨ ᠲᠡᠷᠬᠡ ᠵᠢᠯᠤᠭᠤᠳᠬᠤ ᠶᠢᠨ ᠤᠷᠢᠳᠠᠯ ᠨᠢ ᠬᠠᠤᠯᠢ ᠶᠤᠰᠣᠭᠠᠷ ᠵᠢᠯᠣᠭᠣᠴᠢ ᠵᠢᠨ ᠦᠨᠡᠮᠯᠡᠯ ᠡᠷᠡᠮᠡᠯᠵᠡᠨ ᠠᠪᠤᠭᠰᠠᠨ ᠪᠠᠶᠢᠬᠤ ᠬᠡᠷᠡᠭᠳᠡᠢ᠃ ᠵᠢᠯᠣᠭᠣᠴᠢ ᠵᠢᠨ ᠦᠨᠡᠮᠯᠡᠯ ᠡᠷᠡᠮᠡᠯᠵᠡᠬᠦ ᠳᠤ ᠵᠠᠪᠠᠯ ᠲᠦᠷᠦ ᠶᠢᠨ ᠶᠠᠪᠤᠳᠠᠯ ᠤᠨ ᠬᠤᠷᠢᠶ᠎ᠠ ᠲᠤᠳᠣᠭᠠᠳᠣ ᠶᠢ ᠬᠠᠮᠠᠭᠠᠯᠠᠬᠤ ᠬᠡᠯᠳᠡᠰ ᠠᠴᠠ ᠲᠤᠭᠳᠠᠭᠠᠭᠰᠠᠨ ᠵᠢᠯᠣᠭᠣᠴᠢ ᠵᠢᠨ ᠦᠨᠡᠮᠯᠡᠯ ᠤᠨ ᠵᠦᠪᠰᠢᠶᠡᠷᠡᠯ ᠤᠨ ᠨᠦᠬᠦᠴᠡᠯ ᠢ ᠬᠠᠩᠭᠠᠭᠰᠠᠨ ᠪᠠᠶᠢᠬᠤ ᠬᠡᠷᠡᠭᠳᠡᠢ᠃ ᠰᠢᠯᠭᠠᠭᠠᠳ ᠬᠢᠷᠢ ᠲᠡᠩᠴᠡᠪᠡᠯ᠂ ᠲᠤᠳᠣᠭᠠᠳᠣ ᠶᠢ ᠬᠠᠮᠠᠭᠠᠯᠠᠬᠤ ᠪᠠᠶᠢᠭᠤᠯᠭ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠬᠡᠯᠳᠡᠰ ᠠᠴᠠ ᠬᠠᠷᠠᠭᠠᠯᠵᠠᠭᠰᠠᠨ ᠮᠠᠰᠢᠨ ᠤ ᠵᠢᠯᠣᠭᠣᠴᠢ ᠵᠢᠨ ᠦᠨᠡᠮᠯᠡᠯ ᠢ ᠪᠠᠭᠤᠯᠭᠠᠳᠠᠭ︾ ᠬᠡᠵᠡᠢ᠃ ᠶᠠᠮᠠᠷ ᠨᠢᠬᠡᠨ ᠬᠤᠪᠢ ᠬᠦᠮᠦᠨ ᠪᠤᠶᠤ ᠪᠠᠶᠢᠭᠤᠯᠭ᠎ᠠ ᠨᠢᠬᠡᠴᠢ ᠬᠦᠷᠢᠮᠳᠡᠵᠦ ᠲᠤᠮᠳᠠ ᠠᠴᠠ ᠨᠢ ᠠᠰᠢᠭ ᠭᠤᠷᠢᠯᠠᠬᠤ ᠨᠢ ᠬᠠᠤᠯᠢ ᠳᠤ ᠬᠠᠷᠰᠢ ᠲᠠᠢ ᠬᠢᠳᠡᠯ ᠪᠤᠯᠬᠤᠷ ᠵᠠᠪᠠᠯ ᠴᠢᠩᠭ᠎ᠠ ᠪᠠᠷ ᠵᠠᠯᠬᠠᠭᠠᠨ ᠴᠡᠬᠡᠷᠯᠡᠬᠦᠯᠪᠡᠯ ᠵᠤᠬᠢᠨ᠎ᠠ᠃
       ᠤᠷᠴᠢᠮ ᠤᠨ ᠬᠡᠳᠦᠨ ᠵᠢᠯ ᠠᠷᠤ ᠡᠬᠦᠳᠡ ᠬᠦᠬᠡᠬᠡᠵᠦ᠂ ᠵᠢᠯᠣᠭᠣᠴᠢ ᠵᠢᠨ ᠦᠨᠡᠮᠯᠡᠯ ᠬᠠᠪᠰᠣᠷᠴᠤ ᠤᠯᠵᠦ ᠦᠭᠬᠦ ᠨᠡᠷ᠎ᠡ ᠪᠠᠷ ᠪᠤᠰᠣᠳ ᠢ ᠮᠡᠬᠡᠯᠡᠭᠰᠡᠨ ᠶᠠᠯᠠᠳᠣ ᠬᠡᠷᠡᠭ ᠪᠠᠶᠢᠨ ᠲᠠᠬᠢᠨ ᠡᠬᠦᠰᠴᠦ᠂ ᠠᠷᠠᠳ ᠲᠦᠮᠡᠨ ᠤ ᠠᠮᠢ ᠠᠮᠢᠵᠢᠷᠠᠯ ᠳᠤ ᠶᠡᠬᠡᠬᠡᠨ ᠬᠤᠬᠢᠷᠠᠯ ᠠᠪᠴᠢᠷᠠᠵᠦ ᠪᠤᠢ᠃ ᠢᠯᠠᠩᠭᠤᠶ᠎ᠠ ᠮᠠᠯᠵᠢᠬᠤ ᠤᠷᠤᠨ ᠢᠶᠠᠷ ᠡᠨᠡ ᠪᠠᠶᠢᠳᠠᠯ ᠨᠡᠩ ᠬᠦᠨᠳᠦ ᠪᠠᠶᠢᠵᠦ᠂ ᠬᠡᠷᠡᠭᠳᠡᠨ ᠠᠴᠠ ᠮᠠᠯᠴᠢᠨ ᠲᠦᠮᠡᠨ ᠤ ᠰᠤᠶᠤᠯ ᠮᠡᠳᠡᠯᠬᠡ ᠲᠤᠤᠷ᠎ᠠ᠂ ᠵᠢᠯᠣᠭᠣᠴᠢ ᠵᠢᠨ ᠦᠨᠡᠮᠯᠡᠯ ᠤᠨ ᠨᠢᠬᠡᠳᠦᠬᠡᠷ ᠲᠦᠷᠦᠯ᠂ ᠲᠦᠷᠪᠡᠳᠦᠬᠡᠷ ᠲᠦᠷᠦᠯ ᠤᠨ ᠰᠣᠶᠣᠯ ᠤᠨ ᠰᠢᠯᠭᠠᠯᠳᠠ ᠳᠤ ᠪᠡᠷᠬᠡᠳᠡᠳᠡᠭ ᠲᠤᠯᠢᠮᠠᠭ ᠲᠠᠯ᠎ᠠ ᠶᠢ ᠬᠢᠷᠠᠬᠠᠢ ᠪᠠᠷ ᠲᠠᠯᠢᠮᠳᠠᠨ᠂ ᠠᠷᠤ ᠡᠬᠦᠳᠡ ᠬᠦᠬᠡᠬᠡᠵᠦ ᠠᠳᠬᠤᠨ ᠳᠤ ᠨᠢ ᠵᠤᠭᠤᠰ ᠠᠳᠬᠤᠭᠤᠯᠴᠢᠬᠠᠪᠠᠯ ᠠᠮᠠᠷᠬᠠᠨ ᠰᠠᠭᠤᠵᠦ ᠪᠠᠶᠢᠳᠠᠯ᠎ᠠ ᠠᠶ᠎ᠠ ᠪᠠᠷ ᠢᠶᠠᠨ ᠪᠠᠭᠤᠭᠠᠳ ᠢᠷᠡᠴᠢᠬᠡᠬᠦ ᠮᠡᠳᠦ ᠶᠢᠨ ᠬᠤᠳᠠᠯ ᠦᠬᠡ ᠪᠠᠷ ᠲᠡᠳᠡᠨ ᠤ ᠨᠢᠳᠦ ᠶᠢ ᠪᠦᠭᠯᠡᠨ ᠴᠢᠬᠢ ᠶᠢ ᠨᠢ ᠬᠠᠭᠤᠷᠤᠨ ᠪᠠᠶᠢᠵᠦ ᠵᠤᠭᠤᠰ ᠮᠦᠩᠬᠦ ᠶᠢ ᠨᠢ ᠬᠢᠯᠪᠠᠷᠬᠠᠨ ᠢᠶᠠᠷ ᠮᠡᠬᠡᠯᠡᠨ ᠠᠪᠴᠦ ᠪᠠᠶᠢᠨ᠎ᠠ᠃ ᠵᠢᠯᠣᠭᠣᠴᠢ ᠵᠢᠨ ᠦᠨᠡᠮᠯᠡᠯ ᠪᠤᠯ ᠮᠠᠰᠢᠨ ᠪᠠᠷᠢᠬᠤ ᠶᠢᠨ ᠵᠦᠪᠰᠢᠶᠡᠷᠡᠯ ᠤᠨ ᠲᠡᠮᠳᠡᠭ ᠮᠦᠨ᠂ ᠬᠠᠷᠢᠨ ᠵᠠᠬ᠎ᠠ ᠳᠤ ᠬᠤᠳᠠᠯᠳᠣᠳᠠᠭ ᠶᠠᠮᠠᠷ ᠨᠢᠬᠡᠨ ᠪᠠᠷᠠᠭ᠎ᠠ ᠪᠢᠰᠢ᠃ ᠵᠢᠯᠣᠭᠣᠴᠢ ᠵᠢᠨ ᠦᠨᠡᠮᠯᠡᠯ ᠢ ᠬᠤᠳᠠᠯᠳᠣᠨ ᠠᠪᠬᠤ ᠶᠢ ᠤᠷᠤᠯᠳᠣᠬᠤ ᠨᠢ ᠦᠨᠡᠨ ᠳᠡᠭᠡᠨ ᠪᠤᠳᠠ ᠪᠡᠶ᠎ᠡ ᠪᠠᠷ ᠢᠶᠠᠨ ᠬᠠᠤᠯᠢ ᠳᠤ ᠬᠠᠷᠰᠢ ᠲᠠᠢ ᠬᠢᠳᠡᠯ ᠪᠠᠶᠢᠵᠦ᠂ ᠬᠠᠤᠯᠢ ᠪᠤᠰᠣ ᠡᠳᠡᠬᠡᠳ ᠤᠨ ᠬᠡᠮᠳᠦ ᠦᠢᠯᠡ ᠶᠢ ᠲᠠᠮ ᠢᠶᠠᠷ ᠲᠡᠮᠵᠢᠭᠰᠡᠨ ᠤᠴᠢᠷ ᠪᠤᠯᠵᠦ ᠴᠤ ᠪᠠᠶᠢᠭ᠎ᠠ ᠶᠤᠮ᠃ ᠡᠶᠢᠮᠦ ᠠᠴᠠ ᠡᠶᠢᠮᠦᠷᠬᠦ ᠲᠦᠷᠦᠯ ᠤᠨ ᠮᠡᠬᠡᠯᠡᠭᠰᠡᠨ ᠬᠡᠷᠡᠭ ᠢ ᠡᠷᠳᠡ ᠠᠴᠠ ᠬᠤᠷᠢᠭᠯᠠᠨ ᠵᠤᠭᠰᠣᠭᠠᠶ᠎ᠠ ᠬᠡᠪᠡᠯ᠂ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠶᠢᠨ ᠬᠢᠨ ᠲᠤᠤᠷ ᠰᠦᠯᠵᠢᠶ᠎ᠡ ᠶᠢᠨ ᠬᠠᠮᠢᠶᠠᠷᠤᠯᠳᠠ ᠪᠤᠶᠤ ᠪᠤᠰᠣᠳ ᠲᠠᠯ᠎ᠠ ᠶᠢᠨ ᠬᠠᠮᠢᠶᠠᠷᠤᠯᠳᠠ ᠪᠠᠨ ᠴᠢᠩᠭᠠᠷᠠᠭᠤᠯᠬᠤ ᠶᠢᠨ ᠲᠠᠭᠠᠤ ᠳᠤ ᠬᠠᠤᠯᠢ ᠶᠢᠨ ᠰᠤᠷᠳᠠᠯᠴᠢᠯᠠᠭ᠎ᠠ ᠶᠢ ᠰᠠᠶᠢᠳᠣᠷ ᠦᠷᠨᠢᠬᠦᠯᠵᠦ ᠠᠷᠠᠳ ᠢᠷᠬᠡᠳ ᠤᠨ ᠬᠠᠤᠯᠢ ᠶᠢᠨ ᠤᠬᠠᠮᠰᠠᠷ ᠢ ᠲᠡᠭᠡᠭᠰᠢᠯᠡᠬᠦᠯᠬᠦ ᠳᠤ ᠠᠩᠬᠠᠷᠤᠯ ᠲᠠᠯᠪᠢᠬᠤ ᠴᠢᠬᠤᠯᠠᠳᠠᠢ᠃ ᠨᠦᠬᠦᠬᠡ ᠲᠠᠯ᠎ᠠ ᠪᠠᠷ ᠦᠷᠬᠡᠨ ᠤᠯᠠᠨ ᠮᠠᠯᠴᠢᠨ ᠲᠠᠷᠢᠶᠠᠴᠢᠳ ᠠᠷᠤ ᠡᠬᠦᠳᠡ ᠬᠦᠶᠦᠵᠦ ᠬᠠᠷᠢᠴᠠᠭ᠎ᠠ ᠰᠦᠯᠪᠡᠭᠡ ᠲᠠᠳᠠᠪᠠᠯ ᠡᠰᠡ ᠪᠦᠲᠦᠵᠦ ᠪᠡᠶᠡᠯᠡᠬᠦ ᠣᠴᠢᠷ ᠦᠬᠡᠢ ᠬᠡᠮᠡᠬᠦ ᠬᠠᠭᠤᠴᠢᠷᠠᠭᠰᠠᠨ ᠦᠵᠡᠯ ᠲᠠᠨᠢᠯᠳᠠ ᠪᠠᠨ ᠵᠠᠰᠠᠨ ᠰᠢᠨᠡᠳᠬᠡᠨ᠂ ᠬᠠᠤᠯᠢ ᠶᠢᠨ ᠤᠬᠠᠮᠰᠠᠷ ᠢᠶᠠᠷ ᠠᠰᠠᠭᠤᠳᠠᠯ ᠳᠤ ᠬᠠᠨᠳᠣᠵᠦ ᠰᠣᠷᠬᠤ ᠬᠡᠷᠡᠭᠳᠡᠢ᠃ ᠪᠤᠰᠣᠳ ᠤᠨ ᠦᠬᠡ ᠶᠢ ᠠᠮᠠᠷᠬᠠᠨ ᠢᠳᠡᠬᠡᠬᠦ ᠠᠴᠠ ᠪᠠᠨ ᠢᠯᠡᠬᠦᠦ ᠳᠡᠭᠡᠨ ᠬᠢᠵᠦ ᠵᠤᠷᠢᠵᠦ ᠪᠠᠶᠢᠭ᠎ᠠ ᠵᠦᠢᠯ ᠨᠢ ᠬᠠᠤᠯᠢ ᠴᠠᠭᠠᠵᠠ᠂ ᠶᠤᠰᠣ ᠰᠣᠷᠳᠠᠬᠤᠨ ᠳᠤ ᠬᠠᠷᠰᠢ ᠲᠠᠢ ᠡᠰᠡᠬᠦ ᠶᠢ ᠤᠶᠤᠨ ᠲᠠᠷᠢᠬᠢᠨ ᠳᠠᠭᠠᠨ ᠢᠯᠡᠬᠦᠬᠡᠨ ᠲᠤᠩᠭᠠᠵᠦ ᠪᠤᠳᠣᠭᠰᠠᠨ ᠪᠠᠶᠢᠬᠤ ᠬᠡᠷᠡᠭᠳᠡᠢ᠃ ᠦᠪᠡᠷ ᠤᠨ ᠦᠨᠡᠨᠴᠢ ᠬᠦᠳᠡᠯᠮᠦᠷᠢ᠂ ᠤᠢ ᠤᠬᠠᠭᠠᠨ ᠢᠶᠠᠷ ᠢᠶᠠᠨ ᠤᠯᠵᠦ ᠠᠪᠴᠢᠷᠠᠭᠰᠠᠨ ᠵᠦᠢᠯ ᠪᠤᠯ ᠰᠠᠶ᠋ᠢ ᠦᠪᠡᠷ ᠤᠨ ᠶᠠᠭᠤᠮ᠎ᠠ ᠪᠤᠯᠵᠦ ᠰᠢᠩᠬᠡᠵᠦ ᠴᠢᠳᠠᠨ᠎ᠠ ᠬᠡᠰᠡᠨ ᠵᠦᠪ ᠦᠷᠳᠡᠭ ᠤᠨ ᠦᠵᠡᠯᠳᠡ᠂ ᠠᠮᠢᠳᠣᠷᠠᠬᠤᠢ ᠶᠢᠨ ᠦᠵᠡᠯᠳᠡ ᠲᠠᠢ ᠪᠤᠯᠵᠦ ᠠᠮᠢᠳᠣᠷᠠᠬᠤ ᠬᠡᠷᠡᠭᠳᠡᠢ ᠬᠡᠳᠡᠭ ᠢ ᠲᠠᠨᠢᠵᠦ ᠤᠯᠤᠭᠰᠠᠨ ᠪᠠᠶᠢᠬᠤ ᠬᠡᠷᠡᠭᠳᠡᠢ᠃
    
               
              

ᠢᠷᠡᠯᠲᠡ
     ᠬᠦᠰᠡᠯᠡᠷᠳᠡᠨᠢ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro