ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠳᠣᠲᠣᠷ᠎ᠠ ᠭᠠᠳᠠᠨ᠎ᠠ ᠰᠦᠯᠪᠡᠭᠡᠯᠳᠦᠵᠦ ᠴᠠᠬᠢᠯᠭᠠᠨ ᠳᠡᠭᠡᠰᠦ ᠬᠤᠯᠠᠭᠠᠶᠢᠯᠠᠭᠰᠠᠨ ᠡᠪᠰᠡᠯ ᠪᠦᠯᠦᠭ ᠢ ᠰᠥᠨᠥᠭᠡᠪᠡ

2024-02-02 10:44:02
ᠵᠣᠬᠢᠶᠠᠭᠴᠢ
ᠶᠠᠩ ᠸᠸᠨ ᠭᠤᠸᠠᠩ


     ᠣᠶᠢᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠲᠠ ᠶᠢᠨ ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠠᠴᠠ ᠠᠯᠪᠠᠨ ᠵᠠᠭᠠᠯᠳᠤᠯᠭ᠎ᠠ ᠬᠢᠭᠰᠡᠨ ᠳ᠋ᠢᠩ ᠣᠪᠣᠭᠲᠤ ᠵᠡᠷᠭᠡ 12 ᠬᠥᠮᠥᠨ ᠤ ᠴᠠᠬᠢᠯᠭᠠᠨ ᠤᠲᠠᠰᠤ ᠬᠤᠯᠠᠭᠠᠶᠢᠯᠠᠭᠰᠠᠨ ᠬᠡᠷᠡᠭ ᠤᠨ ᠲᠠᠰᠤᠯᠤᠯᠲᠠ ᠶᠢ ᠢᠯᠡ ᠪᠠᠷ ᠵᠠᠷᠯᠠᠵᠤ᠂ ᠳ᠋ᠢᠩ ᠣᠪᠣᠭᠲᠤ ᠵᠡᠷᠭᠡ ᠬᠥᠮᠥᠨ ᠢ ᠬᠤᠯᠠᠭᠠᠶᠢᠯᠠᠭᠰᠠᠨ ᠶᠠᠯ᠎ᠠ ᠪᠠᠷ ᠲᠣᠰ ᠲᠣᠰ ᠠᠷᠪᠠᠨ ᠬᠤᠶᠠᠷ ᠵᠢᠯ ᠤᠨ ᠭᠠᠳᠠᠨ᠎ᠠ ᠭᠤᠷᠪᠠᠨ ᠰᠠᠷ᠎ᠠ ᠠᠴᠠ ᠭᠤᠷᠪᠠᠨ ᠵᠢᠯ ᠤᠨ ᠠᠳᠠᠯᠢ ᠪᠤᠰᠤ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠬᠡᠵᠡᠶ᠃
ᠠᠵᠤ ᠠᠬᠤᠶᠢᠯᠠᠯ ᠤᠨ ᠴᠠᠬᠢᠯᠭᠠᠨ ᠳᠡᠭᠡᠰᠦᠨ ᠳᠤ ᠵᠠᠯᠭᠠᠭ᠎ᠠ ᠬᠤᠯᠠᠭᠠᠢ ᠣᠷᠣᠳᠠᠭ ᠨᠢ  ᠳᠤᠲᠤᠭᠠᠳᠤ ᠶᠢᠨ ᠵᠠᠯᠢᠬᠠᠢ ᠡᠴᠡ ᠪᠣᠯᠤᠭᠰᠠᠨ ᠪᠠᠶᠢᠨ᠎ᠠ

2023 ᠣᠨ ᠤ ᠨᠢᠭᠡᠨ ᠰᠥᠨᠢ᠂ ᠣᠲᠤᠭ ᠬᠤᠰᠢᠭᠤᠨ ᠤ ᠨᠢᠭᠡᠨ ᠪᠦᠯᠦᠭᠯᠡᠯᠲᠦ ᠺᠣᠮᠫᠠᠨᠢ ᠶᠢᠨ ᠠᠮᠤᠷ ᠢ ᠬᠠᠮᠠᠭᠠᠯᠠᠬᠤ ᠠᠵᠢᠯᠲᠠᠨ ᠲᠣᠭᠤᠷᠢᠨ ᠴᠠᠭᠳᠠᠵᠤ ᠪᠠᠶᠢᠬᠤ ᠳᠤ ᠪᠠᠨ ᠺᠣᠮᠫᠠᠨᠢ ᠶᠢᠨ ᠡᠮᠦᠨ᠎ᠡ ᠲᠠᠯ᠎ᠠ ᠶᠢᠨ ᠣᠶ ᠳᠣᠲᠣᠷ᠎ᠠ ᠰᠡᠵᠢᠭᠯᠡᠯ ᠲᠠᠢ ᠬᠡᠳᠦᠨ ᠬᠥᠮᠥᠨ ᠲᠠᠢ ᠬᠠᠷᠭᠤᠵᠤ ᠯᠠᠪᠯᠠᠵᠤ ᠠᠰᠠᠭᠤᠬᠤ ᠶᠢᠨ ᠵᠠᠭᠤᠷ᠎ᠠ ᠭᠠᠵᠠᠷ ᠳᠡᠭᠡᠷ᠎ᠡ ᠮᠠᠰᠢ ᠣᠯᠠᠨ ᠵᠡᠰ ᠬᠢᠯᠭᠠᠰᠤᠨ ᠴᠠᠬᠢᠯᠭᠠᠨ ᠤᠲᠠᠰᠤ ᠲᠠᠯᠪᠢᠭᠰᠠᠨ ᠢ ᠣᠯᠵᠤ ᠦᠵᠡᠭᠡᠳ᠂ ᠬᠡᠳᠦᠨ ᠬᠥᠮᠥᠨ ᠢ ᠡᠵᠡᠮᠳᠡᠭᠰᠡᠨ ᠤ ᠳᠠᠷᠠᠭ᠎ᠠ ᠴᠠᠭᠳᠠᠭ᠎ᠠ ᠳᠤ ᠮᠡᠳᠡᠭᠦᠯᠪᠡ᠃ ᠲᠦᠳᠡᠯ ᠦᠭᠡᠢ ᠴᠠᠭᠳᠠᠭ᠎ᠠ ᠢᠷᠡᠭᠡᠳ 4 ᠶᠠᠯ᠎ᠠ ᠬᠢᠭᠰᠡᠨ ᠰᠡᠵᠢᠭᠲᠡᠨ ᠢ ᠪᠠᠷᠢᠪᠴᠢᠯᠠᠭᠰᠠᠨ ᠪᠥᠭᠡᠳ ᠪᠤᠵᠠᠷ ᠡᠳ᠋ ᠢ ᠨᠢ ᠴᠥᠮ ᠬᠤᠷᠢᠶᠠᠨ ᠠᠪᠴᠠᠢ᠃ ᠲᠤᠰ ᠬᠡᠷᠡᠭ ᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠨᠠᠷᠢᠨ ᠮᠥᠷᠳᠡᠭᠰᠡᠨ ᠤ ᠳᠠᠷᠠᠭ᠎ᠠ᠂ ᠪᠠᠶᠢᠴᠠᠭᠠᠬᠤ ᠬᠤᠷᠢᠶᠠᠨ ᠳᠤ ᠰᠢᠯᠵᠢᠭᠦᠯᠦᠨ ᠬᠢᠨᠠᠨ ᠪᠠᠶᠢᠴᠠᠭᠠᠯᠭᠠᠵᠤ ᠵᠠᠭᠠᠯᠳᠤᠭᠤᠯᠪᠠ᠃ ᠳ᠋ᠢᠩ ᠣᠪᠣᠭᠲᠤ ᠵᠡᠷᠭᠡ ᠬᠥᠮᠥᠰ ︽ᠳᠣᠲᠣᠷ᠎ᠠ ᠭᠠᠳᠠᠨ᠎ᠠ ᠠᠴᠠ ᠰᠦᠯᠪᠡᠬᠡᠯᠡᠬᠦ︾ ᠠᠷᠭ᠎ᠠ ᠪᠠᠷ ᠨᠢᠭᠡᠨ ᠪᠦᠯᠦᠭᠯᠡᠯᠲᠦ ᠺᠤᠮᠫᠠᠨᠢ  ᠵᠢᠨ  ᠬᠠᠷᠢᠶᠠᠨ ᠳᠠᠬᠢ ᠣᠯᠠᠨ ᠺᠣᠮᠫᠠᠨᠢ ᠠᠴᠠ ᠵᠡᠰ ᠭᠤᠣᠯ ᠲᠠᠢ ᠴᠠᠬᠢᠯᠭᠠᠨ ᠤᠲᠠᠰᠤ  ᠶᠢ ᠬᠤᠯᠠᠭᠠᠶᠢᠯᠠᠭᠰᠠᠨ ᠶᠠᠯ᠎ᠠ ᠪᠠᠨ ᠥᠴᠢᠭᠯᠡᠨ ᠮᠡᠳᠡᠷᠡᠵᠡᠢ᠃
     

 

 ᠳᠣᠲᠣᠷ᠎ᠠ ᠭᠠᠳᠠᠨ᠎ᠠ ᠶᠢᠨ ᠳᠣᠲᠣᠨᠣ ᠨᠠᠶᠢᠵᠠ ᠤᠳ ᠬᠤᠭᠤᠷᠤᠨᠲᠤ  ᠪᠠᠨ ᠰᠥᠯᠪᠡᠭᠡᠯᠳᠦᠨ ᠪᠦᠯᠦᠭᠯᠡᠭᠡᠳ ᠲᠠᠪᠤᠨ ᠵᠢᠯ ᠳᠤ 480 ᠭᠠᠷᠤᠢ ᠲᠦᠮᠡᠨ ᠲᠥᠭᠦᠷᠢᠭ ᠢ ᠤᠤᠯᠭᠠᠯᠠᠭᠰᠠᠨ ᠪᠠᠶᠢᠨ᠎ᠠ  
       ᠪᠠᠶᠢᠴᠠᠭᠠᠬᠤ ᠲᠤᠰᠢᠶᠠᠯᠲᠠᠨ ᠬᠢᠨᠠᠨ ᠪᠠᠶᠢᠴᠠᠭᠠᠭᠠᠳ ᠡᠨᠡ ᠪᠣᠯ ᠺᠣᠮᠫᠠᠨᠢ ᠳᠣᠲᠣᠷᠠᠬᠢ  ᠠᠵᠢᠯᠲᠠᠨ ᠪᠣᠯᠣᠨ ᠨᠡᠶᠢᠭᠡᠮ ᠤᠨ ᠠᠵᠢᠯᠲᠠᠨ ᠰᠦᠯᠪᠡᠭᠡᠯᠡᠵᠦ ᠴᠠᠬᠢᠯᠭᠠᠨ ᠳᠡᠭᠡᠳᠦ  ᠬᠤᠯᠠᠭᠠᠶᠢᠯᠠᠭᠰᠠᠨ ᠨᠡᠶᠢᠲᠡᠯᠢᠭ ᠬᠡᠷᠡᠭ ᠪᠣᠯᠬᠤ ᠶᠢ ᠲᠣᠳᠣᠯᠠᠵᠠᠢ᠃ ᠡᠨᠡ ᠬᠦ ᠬᠤᠯᠠᠭᠠᠶᠢᠯᠠᠭᠰᠠᠨ ᠶᠠᠯᠠᠲᠤ ᠪᠦᠯᠬᠦᠮ ᠨᠢ ᠬᠠᠮᠲᠤ ᠠᠵᠢᠯᠯᠠᠭᠴᠢ᠂ ᠲᠦᠷᠦᠯ ᠰᠠᠳᠤᠨ᠂ ᠨᠤᠲᠤᠭ ᠤᠨ ᠠᠬ᠎ᠠ ᠳᠡᠬᠦᠦ ᠶᠢᠨ  ᠬᠠᠷᠢᠴᠠᠭ᠎ᠠ ᠪᠠᠷ ᠬᠤᠯᠪᠣᠭᠠᠰᠤ ᠪᠣᠯᠭᠠᠵᠤ᠂ ᠵᠣᠬᠢᠶᠠᠨ ᠪᠠᠶᠢᠭᠤᠯᠤᠯᠲᠠ ᠨᠢ ᠪᠠᠲᠤ ᠴᠢᠩᠭ᠎ᠠ᠂ ᠠᠵᠢᠯ ᠤᠨ ᠬᠤᠪᠢᠶᠠᠷᠢᠯᠠᠯ ᠨᠢ ᠲᠣᠳᠣᠷᠬᠠᠢ ᠪᠥᠭᠡᠳ ︽ᠬᠤᠯᠠᠭᠠᠶᠢᠯᠠᠬᠤ ᠪᠣᠷᠣᠯᠠᠭᠤᠯᠬᠤ ᠢᠵᠢ ᠪᠦᠷᠢᠳᠦᠭᠰᠡᠨ︾ ᠶᠠᠯ᠎ᠠ ᠬᠢᠬᠦ ᠡᠪᠰᠡᠯ ᠪᠦᠯᠦᠭ ᠤᠨ ᠬᠡᠪ ᠵᠠᠭᠪᠤᠷ ᠢ ᠪᠦᠷᠢᠯᠳᠦᠭᠦᠯᠵᠡᠢ᠃
      ᠲᠤᠰ ᠬᠡᠷᠡᠭ ᠲᠤ ᠬᠤᠯᠪᠣᠭᠳᠠᠬᠤ ᠳ᠋ᠢᠩ ᠣᠪᠣᠭᠲᠤ᠂ ᠮᠢ ᠣᠪᠣᠭᠲᠤ ᠵᠡᠷᠭᠡ ᠣᠯᠠᠨ ᠬᠥᠮᠥᠨ ᠴᠥᠮ ᠲᠤᠰ ᠪᠦᠯᠦᠭᠯᠡᠯᠲᠦ ᠺᠣᠮᠫᠠᠨᠢ ᠶᠢᠨ ᠬᠠᠷᠢᠶᠠᠨ ᠳᠠᠬᠢ ᠬᠡᠳᠦᠨ ᠺᠣᠮᠫᠠᠨᠢ ᠶᠢᠨ ᠠᠵᠢᠯᠲᠠᠨ ᠪᠠᠶᠢᠪᠠ᠃ ᠲᠤᠰ  ᠪᠦᠯᠦᠭᠯᠡᠯ ᠳᠦ  ᠣᠯᠠᠨ ᠵᠢᠯ ᠠᠵᠢᠯᠯᠠᠭᠰᠠᠨ ᠳ᠋ᠢᠩ ᠣᠪᠣᠭᠲᠤ ᠪᠣᠯ ᠲᠤᠰ ᠪᠦᠯᠦᠭᠯᠡᠯ ᠤᠨ ᠬᠠᠷᠢᠶᠠᠨ ᠳᠠᠬᠢ ᠺᠣᠮᠫᠠᠨᠢ ᠶᠢᠨ ᠬᠦᠴᠦᠳᠡᠯ ᠥᠭᠡᠷᠡᠴᠢᠯᠡᠬᠦ ᠥᠷᠲᠡᠭᠡᠨ ᠤ ᠳᠠᠷᠤᠭ᠎ᠠ᠂ ᠲᠡᠷᠡ ᠬᠡᠷᠡᠭ ᠦᠢᠯᠡᠳᠬᠦ ᠣᠷᠴᠢᠨ ᠲᠣᠭᠤᠷᠢᠨ ᠢ ᠰᠠᠶᠢᠨ ᠮᠡᠳᠡᠬᠦ ᠪᠠᠷ ᠪᠠᠷᠠᠬᠤ ᠦᠭᠡᠢ᠂ ᠴᠠᠬᠢᠯᠭᠠᠨ ᠳᠡᠭᠡᠰᠦ ᠶᠢ ᠲᠠᠲᠠᠵᠤ ᠬᠡᠷᠡᠭᠯᠡᠭᠰᠡᠨ ᠪᠠᠶᠢᠳᠠᠯ ᠪᠠ ᠴᠠᠬᠢᠯᠭᠠᠨ ᠳᠡᠭᠡᠰᠦᠨ ᠤ ᠬᠤᠳᠳᠤᠭ ᠤᠨ ᠣᠷᠣᠵᠤ ᠭᠠᠷᠬᠤ ᠠᠮᠠᠰᠠᠷ ᠬᠠᠮᠢᠭ᠎ᠠ ᠪᠠᠶᠢᠬᠤ ᠶᠢ ᠰᠠᠶᠢᠨ ᠮᠡᠳᠡᠳᠡᠭ ᠵᠡᠷᠭᠡ ᠠᠵᠢᠯ ᠤᠨ ᠳᠥᠭᠦᠮ ᠨᠥᠬᠦᠴᠡᠯ  ᠢᠶᠠᠨ ᠠᠰᠢᠭᠯᠠᠵᠤ᠂ ᠳᠣᠲᠣᠷᠠᠬᠢ ᠣᠯᠠᠨ ᠠᠵᠢᠯᠲᠠᠨ ᠪᠠ ᠭᠠᠳᠠᠨ᠎ᠠ  ᠶᠢᠨ ᠲᠥᠷᠥᠯ ᠰᠠᠳᠤᠨ ᠨᠠᠶᠢᠵᠠ ᠨᠥᠬᠦᠳ ᠲᠠᠢ  ᠪᠠᠨ ᠨᠡᠶᠢᠲᠡ 11 ᠬᠥᠮᠥᠨ  ᠢ ᠵᠣᠬᠢᠶᠠᠨ ᠪᠠᠶᠢᠭᠤᠯᠵᠤ ᠬᠤᠯᠠᠭᠠᠶᠢᠯᠠᠬᠤ ᠠᠵᠢᠯᠯᠠᠭ᠎ᠠ ᠳᠤ ᠣᠷᠣᠯᠴᠠᠭᠤᠯᠤᠭᠰᠠᠨ ᠪᠥᠭᠡᠳ ᠵᠠᠩ ᠣᠪᠣᠭᠲᠤ  ᠶᠢ ᠬᠠᠶᠠᠭᠳᠠᠯ ᠡᠳ᠋ ᠬᠤᠳᠠᠯᠳᠤᠨ ᠠᠪᠤᠭᠴᠢ ᠲᠠᠢ  ᠰᠦᠯᠪᠡᠭᠡᠯᠳᠦᠭᠦᠯᠦᠨ ᠲᠤᠰ ᠶᠠᠯᠠᠲᠤ ᠪᠦᠯᠦᠭ ᠲᠤ ᠣᠷᠣᠭᠤᠯᠵᠠᠢ᠂ ᠵᠠᠩ ᠣᠪᠣᠭᠲᠤ ᠬᠤᠯᠠᠭᠠᠶᠢᠯᠠᠵᠤ ᠣᠯᠣᠭᠰᠠᠨ ᠴᠠᠬᠢᠯᠭᠠᠨ ᠳᠡᠭᠡᠰᠦ ᠶᠢ ᠬᠤᠳᠠᠯᠳᠤᠨ ᠠᠪᠬᠤ ᠠᠵᠢᠯ  ᠢ ᠬᠠᠷᠢᠭᠤᠴᠠᠬᠤ  ᠶᠢᠨ ᠬᠠᠮᠲᠤ ᠬᠤᠯᠠᠭᠠᠶᠢᠯᠠᠬᠤ ᠪᠦᠷᠢ ᠬᠡᠷᠡᠭ ᠦᠢᠯᠡᠳᠬᠦ ᠲᠡᠷᠭᠡ ᠬᠠᠩᠭᠠᠵᠤ ᠴᠠᠬᠢᠯᠭᠠᠨ ᠳᠡᠭᠡᠰᠦ ᠶᠢ ᠵᠥᠭᠡᠭᠡᠪᠦᠷᠢᠯᠡᠬᠦ ᠳᠤ ᠬᠡᠷᠡᠭᠯᠡᠭᠦᠯᠵᠡᠢ᠃ 2018 ᠣᠨ  ᠠᠴᠠ 2023 ᠣᠨ ᠤ ᠬᠤᠭᠤᠷᠣᠨᠳᠤ᠂ ᠲᠣᠰ ᠬᠤᠯᠠᠭᠠᠶᠢᠯᠠᠬᠤ ᠪᠦᠯᠬᠦᠮ ᠰᠥᠨᠢ ᠶᠢᠨ ᠭᠦᠨ ᠳᠤ ᠬᠥᠮᠥᠨ ᠬᠠᠷ᠎ᠠ ᠶᠢᠨ ᠬᠥᠯ ᠨᠠᠮᠳᠠᠬᠤ ᠦᠶ᠎ᠡ ᠬᠤᠬᠢᠷᠠᠯ ᠠᠮᠰᠠᠭᠰᠠᠨ ᠠᠵᠤ ᠠᠬᠤᠶᠢᠯᠠᠯ ᠳᠤ ᠣᠯᠠᠨ ᠤᠳᠠᠭ᠎ᠠ ᠨᠢᠭᠤᠴᠠ ᠪᠠᠷ ᠣᠷᠣᠵᠤ᠂ ᠲᠣᠰ ᠠᠵᠤ ᠠᠬᠤᠶᠢᠯᠠᠯ ᠤᠨ ᠬᠠᠷᠢᠶᠠᠨ ᠳᠠᠬᠢ ᠣᠯᠠᠨ ᠺᠣᠮᠫᠠᠨᠢ ᠶᠢᠨ ᠨᠢᠭᠡᠨᠲᠡ ᠬᠡᠷᠡᠭᠯᠡᠬᠦ ᠪᠠᠨ ᠵᠣᠭᠰᠣᠭᠰᠠᠨ ᠵᠡᠰ ᠬᠢᠯᠭᠠᠰᠤᠨ ᠴᠠᠬᠢᠯᠭᠠᠨ ᠤᠲᠠᠰᠤ ᠶᠢ ᠭᠠᠯᠵᠠᠭᠤᠷᠠᠭᠰᠠᠨ ᠮᠡᠲᠦ ᠬᠤᠯᠠᠭᠠᠶᠢᠯᠠᠵᠤ᠂ ᠥᠷᠲᠡᠭ ᠨᠢ 480 ᠭᠠᠷᠤᠢ ᠲᠦᠮᠡᠨ ᠲᠥᠭᠦᠷᠢᠭ ᠲᠤ ᠬᠦᠷᠴᠡᠢ᠂ ᠡᠭᠦᠨ ᠤ ᠳ᠋ᠦᠩ ᠳᠤ ᠲᠡᠷᠡ ᠳᠠᠷᠤᠢ ᠳᠤᠨᠢ ᠪᠤᠵᠠᠷ ᠡᠳ᠋ ᠢᠶᠠᠨ ᠵᠠᠩ ᠣᠪᠣᠭᠲᠤ ᠶᠢᠨ ᠡᠵᠡᠩᠨᠡᠵᠦ ᠪᠠᠶᠢᠭ᠎ᠠ ᠬᠠᠶᠠᠭᠳᠠᠮᠠᠯ ᠡᠳ᠋ ᠬᠤᠳᠠᠯᠳᠤᠨ ᠠᠪᠬᠤ ᠥᠷᠲᠡᠭᠡ ᠳᠤ ᠪᠣᠷᠣᠯᠠᠭᠤᠯᠪᠠ᠃
   

 

 ᠰᠢᠯᠵᠢᠮᠡᠯ ᠲᠦᠷᠰᠦ ᠠᠪᠬᠤ ᠡᠵᠡᠮᠳᠡᠭᠦᠷ ᠤᠭᠰᠠᠷᠠᠵᠤ ︽ᠬᠤᠯᠠᠭᠠᠶᠢᠯᠠᠵᠤ ᠵᠥᠭᠡᠭᠡᠪᠦᠷᠢᠯᠡᠵᠦ ᠪᠣᠷᠣᠯᠠᠭᠤᠯᠬᠤ︾ ᠶᠢ ᠬᠡᠯᠬᠢᠶᠡᠵᠢᠭᠦᠯᠦᠭᠰᠡᠨ ᠪᠠᠶᠢᠨ᠎ᠠ  
     ᠲᠤᠰ ᠬᠤᠯᠠᠭᠠᠶᠢᠯᠠᠬᠤ ᠪᠦᠯᠬᠦᠮ ᠤᠨ ᠬᠢᠨ ᠤᠳᠠᠭ᠎ᠠ ᠪᠦᠷᠢ ᠬᠤᠯᠠᠭᠠᠶᠢᠯᠠᠬᠤ ᠠᠵᠢᠯᠯᠠᠭ᠎ᠠ ᠬᠢᠬᠦ ᠳᠡᠭᠡᠨ ᠴᠥᠮ ᠲᠣᠳᠣᠷᠬᠠᠢ ᠠᠵᠢᠯ ᠤᠨ ᠬᠤᠪᠢᠶᠠᠷᠢᠯᠠᠯ ᠲᠠᠢ ᠪᠠᠶᠢᠳᠠᠭ᠂ ᠳ᠋ᠢᠩ ᠣᠪᠣᠭᠲᠤ ᠬᠤᠯᠠᠭᠠᠶᠢᠯᠠᠭᠰᠠᠨ ᠭᠠᠵᠠᠷ ᠢ ᠲᠣᠭᠲᠠᠭᠠᠭᠰᠠᠨ ᠤ ᠳᠠᠷᠠᠭ᠎ᠠ᠂ ᠬᠠᠮᠰᠠᠭᠠᠲᠠᠨ ᠳᠠᠭᠠᠨ ᠴᠠᠬᠢᠯᠭᠠᠨ ᠳᠡᠭᠡᠰᠦᠨ ᠤ ᠭᠤᠤ ᠶᠢᠨ ᠣᠷᠣᠵᠤ ᠭᠠᠷᠬᠤ ᠡᠭᠦᠳᠡ ᠶᠢ ᠵᠢᠭᠠᠨ ᠥᠭᠴᠦ᠂ ᠪᠤᠰᠤᠳ ᠰᠡᠵᠢᠭᠲᠡᠨ ᠬᠠᠷᠠᠩᠭᠤᠢ ᠰᠥᠨᠢ ᠶᠢ ᠳᠠᠯᠢᠮᠳᠠᠭᠤᠯᠤᠨ ᠴᠠᠬᠢᠯᠭᠠᠨ ᠳᠡᠭᠡᠰᠦᠨ ᠤ ᠭᠤᠤ ᠳᠤ ᠣᠷᠣᠵᠤ ᠴᠠᠬᠢᠯᠭᠠᠨ ᠳᠡᠭᠡᠰᠦᠨ ᠤ ᠬᠠᠶᠢᠴᠢ ᠪᠠᠷ ᠴᠠᠬᠢᠯᠭᠠᠨ ᠳᠡᠭᠡᠰᠦᠨ ᠤ ᠤᠲᠠᠰᠤ ᠶᠢ ᠪᠠᠷᠤᠭ 1.7 ᠮᠧᠲᠷ ᠤᠷᠲᠤ ᠪᠣᠯᠭᠠᠨ ᠬᠠᠶᠢᠴᠢᠯᠠᠵᠤ᠂ ᠬᠤᠳᠳᠤᠭ ᠤᠨ ᠠᠮᠠᠰᠠᠷ ᠤᠷᠤᠭᠤ ᠵᠥᠭᠡᠭᠡᠵᠦ ᠳᠠᠷᠠᠭ᠎ᠠ ᠡᠳᠦᠷ ᠤᠨ ᠬᠢᠨᠢ ᠥᠷᠯᠥᠭᠡ ᠡᠷᠲᠡ ᠶᠢᠨ ᠦᠶ᠎ᠡ ᠪᠠᠷ ᠬᠡᠷᠡᠭ ᠬᠢᠬᠦ ᠪᠠᠨ ᠲᠦᠷ ᠵᠣᠭᠰᠣᠵᠤ᠂ ᠳᠠᠷᠠᠭ᠎ᠠ ᠡᠳᠦᠷ ᠤᠨ ᠣᠷᠣᠢ ᠨᠢ ᠲᠡᠭᠷᠢ ᠬᠠᠷᠠᠩᠭᠤᠢ ᠪᠣᠯᠤᠭᠰᠠᠨ ᠤ ᠳᠠᠷᠠᠭ᠎ᠠ ᠦᠷᠭᠦᠯᠵᠢᠯᠡᠨ ᠬᠤᠯᠠᠭᠠᠶᠢᠯᠠᠬᠤ ᠠᠵᠢᠯᠯᠠᠭ᠎ᠠ ᠬᠢᠵᠦ᠂ ᠬᠠᠶᠢᠴᠢᠯᠠᠵᠤ ᠲᠠᠰᠤᠯᠤᠭᠰᠠᠨ ᠴᠠᠬᠢᠯᠭᠠᠨ ᠤᠲᠠᠰᠤ ᠨᠢ ᠨᠢᠭᠡ ᠭᠤᠷᠪᠠᠨ ᠬᠦᠷᠳᠦᠲᠦ ᠲᠡᠷᠭᠡ ᠶᠢ ᠳᠦᠭᠦᠷᠭᠡᠵᠦ ᠭᠦᠢᠴᠡᠬᠦ ᠬᠡᠮᠵᠢᠶᠡᠨ ᠳᠤ ᠬᠦᠷᠪᠡᠯ ᠴᠠᠬᠢᠯᠭᠠᠨ ᠳᠡᠭᠡᠰᠦ ᠶᠢ ᠭᠠᠵᠠᠷ ᠳᠡᠭᠡᠷ᠎ᠡ ᠵᠥᠭᠡᠭᠡᠵᠦ ᠭᠠᠷᠭᠠᠭᠠᠳ ᠭᠤᠷᠪᠠᠨ ᠬᠦᠷᠳᠦᠲᠦ ᠲᠡᠷᠭᠡᠨ ᠳᠤ  ᠰᠠᠪᠠᠯᠠᠨ᠎ᠠ᠃ ᠮᠢ ᠣᠪᠣᠭᠲᠤ ᠵᠡᠷᠭᠡ ᠬᠥᠮᠥᠰ ᠭᠤᠷᠪᠠᠨ ᠬᠦᠷᠳᠦᠲᠦ ᠲᠡᠷᠭᠡ ᠪᠠᠷ ᠳᠠᠬᠢᠨ ᠵᠠᠩ ᠣᠪᠣᠭᠲᠤ ᠶᠢᠨ ᠬᠠᠩᠭᠠᠭᠰᠠᠨ ᠬᠤᠳᠠᠯᠳᠤᠭᠠᠨ ᠤ ᠲᠡᠷᠭᠡᠨ ᠳᠡᠭᠡᠷ᠎ᠡ ᠵᠥᠭᠡᠭᠡᠵᠦ ᠠᠪᠠᠴᠢᠨ᠎ᠠ᠃ ᠳ᠋ᠢᠩ ᠣᠪᠣᠭᠲᠤ ᠬᠤᠳᠠᠯᠳᠤᠭᠠᠨ ᠤ ᠲᠡᠷᠭᠡ ᠵᠢᠯᠣᠭᠤᠳᠤᠨ ᠬᠤᠯᠠᠭᠠᠶᠢᠯᠠᠭᠰᠠᠨ ᠴᠠᠬᠢᠯᠭᠠᠨ ᠳᠡᠭᠡᠰᠦ ᠪᠠᠨ ᠵᠠᠩ ᠣᠪᠣᠭᠲᠤ ᠶᠢᠨ ᠡᠵᠡᠩᠨᠡᠵᠦ ᠪᠠᠶᠢᠭ᠎ᠠ ᠬᠠᠶᠠᠭᠳᠠᠮᠠᠯ ᠡᠳ ᠬᠤᠳᠠᠯᠳᠤᠨ ᠠᠪᠬᠤ ᠥᠷᠲᠡᠭᠡᠨ ᠳᠤ ᠬᠦᠷᠭᠡᠵᠦ ᠪᠤᠵᠠᠷ ᠡᠳ᠋ ᠢᠶᠠᠨ ᠪᠣᠷᠣᠯᠠᠭᠤᠯᠳᠠᠭ  ᠪᠠᠶᠢᠨ᠎ᠠ᠃ ᠳ᠋ᠢᠩ ᠣᠪᠣᠭᠲᠤ ᠵᠡᠷᠭᠡ ᠬᠥᠮᠥᠰ ᠠᠵᠤ ᠠᠬᠤᠶᠢᠯᠠᠯ ᠤᠨ ᠴᠠᠭᠳᠠᠨ ᠪᠠᠶᠢᠴᠠᠭᠠᠭᠴᠢ ᠣᠯᠵᠤ ᠮᠡᠳᠡᠬᠦ ᠠᠴᠠ ᠰᠡᠷᠭᠡᠶᠢᠯᠡᠬᠦ ᠶᠢᠨ ᠲᠥᠯᠥᠭᠡ ᠴᠠᠬᠢᠯᠭᠠᠨ ᠳᠡᠭᠡᠰᠦᠨ ᠤ ᠭᠤᠤ ᠶᠢᠨ ᠣᠷᠣᠵᠤ ᠭᠠᠷᠬᠤ ᠡᠭᠦᠳᠡᠨ ᠳᠤ ᠰᠢᠯᠵᠢᠮᠡᠯ ᠲᠦᠷᠰᠦ ᠠᠪᠬᠤ ᠡᠵᠡᠮᠳᠡᠭᠦᠷ ᠤᠭᠰᠠᠷᠠᠵᠤ᠂ ᠭᠠᠷ ᠤᠲᠠᠰᠤ ᠪᠠᠨ ᠵᠠᠯᠭᠠᠭᠰᠠᠨ ᠤ ᠳᠠᠷᠠᠭ᠎ᠠ ᠡᠷᠭᠢᠨ ᠲᠣᠭᠤᠷᠢᠨ ᠤ ᠬᠥᠮᠥᠰ ᠤᠨ ᠶᠠᠪᠤᠵᠤ ᠰᠠᠭᠤᠵᠤ ᠪᠠᠶᠢᠭ᠎ᠠ ᠪᠠᠶᠢᠳᠠᠯ ᠢ ᠴᠠᠭ ᠲᠤᠬᠠᠢ ᠳᠤᠨᠢ ᠪᠠᠶᠢᠴᠠᠭᠠᠨ ᠦᠵᠡᠵᠦ᠂ ᠬᠡᠷᠡᠭ ᠦᠢᠯᠡᠳᠦᠭᠰᠡᠨ ᠤ ᠳᠠᠷᠠᠭ᠎ᠠ ᠲᠤᠰᠬᠠᠢ ᠬᠥᠮᠥᠨ ᠢᠶᠠᠷ ᠲᠤᠬᠠᠢ ᠶᠢᠨ ᠲᠠᠯᠠᠪᠤᠷ ᠳᠠᠬᠢ ᠤᠯᠠ ᠮᠥᠷ ᠢ ᠴᠡᠪᠡᠷᠯᠡᠭᠦᠯᠳᠡᠭ᠃ ᠳ᠋ᠢᠩ ᠣᠪᠣᠭᠲᠤ ᠵᠡᠷᠭᠡ ᠬᠥᠮᠥᠰ ᠳᠡᠭᠡᠷ᠎ᠡ ᠳᠤᠷᠠᠳᠤᠭᠰᠠᠨ ᠠᠷᠭ᠎ᠠ ᠪᠠᠷ 3 ᠲᠦᠮᠡ ᠭᠠᠷᠤᠢ ᠮᠧᠲᠷ ᠤᠨ ᠴᠠᠬᠢᠯᠭᠠᠨ ᠳᠡᠭᠡᠰᠦ  ᠶᠢ ᠬᠤᠯᠠᠭᠠᠶᠢᠯᠠᠵᠤ᠂ ᠠᠵᠤ ᠠᠬᠤᠶᠢᠯᠠᠯ ᠳᠤ ᠯᠤᠲᠤ ᠶᠡᠭᠡ ᠡᠳ᠋ ᠬᠥᠷᠥᠩᠭᠡ ᠶᠢᠨ ᠬᠤᠬᠢᠷᠠᠯ ᠤᠴᠠᠷᠠᠭᠤᠯᠵᠠᠢ᠃
      ᠲᠣᠰ ᠬᠡᠷᠡᠭ ᠢ ᠰᠢᠢᠳᠪᠦᠷᠢᠯᠡᠭᠰᠡᠨ ᠨᠢ ᠲᠣᠰ ᠬᠤᠰᠢᠭᠤᠨ ᠤ ᠠᠵᠤ ᠠᠬᠤᠶᠢᠯᠠᠯ ᠤᠨ ᠬᠥᠭᠵᠢᠯᠲᠡ ᠳᠤ ᠬᠤᠣᠷ ᠬᠥᠨᠥᠭᠡᠯ ᠤᠴᠠᠷᠠᠭᠤᠯᠤᠭᠰᠠᠨ ᠨᠢᠭᠡᠨ ᠬᠤᠯᠠᠭᠠᠶᠢᠴᠢ ᠶᠢᠨ ᠡᠪᠰᠡᠯ ᠪᠦᠯᠬᠦᠮ ᠢ ᠬᠦᠴᠦᠲᠡᠢ ᠴᠣᠬᠢᠨ ᠤᠨᠠᠭᠠᠵᠤ᠂ ᠠᠵᠤ ᠠᠬᠤᠶᠢᠯᠠᠯ ᠤᠨ ᠡᠷᠡᠭᠦᠯ ᠢᠶᠠᠷ ᠬᠥᠭᠵᠢᠬᠦ ᠳᠤ ᠬᠠᠤᠯᠢ ᠪᠠᠷ ᠵᠠᠰᠠᠬᠤ ᠪᠠᠲᠤᠯᠠᠭ᠎ᠠ ᠬᠠᠩᠭᠠᠭᠰᠠᠨ ᠪᠠᠶᠢᠨ᠎ᠠ᠃  ᠬᠠᠥᠯᠢ ᠪᠠᠷ ᠵᠠᠰᠠᠬᠤ ᠬᠤᠳᠠᠯᠳᠤᠭ᠎ᠠ  ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ ᠶᠢ ᠡᠭᠦᠷᠢᠳᠡ ᠶᠢᠨ ᠴᠢᠨᠠᠷ ᠲᠠᠢ ᠶᠠᠪᠤᠭᠳᠠᠭᠤᠯᠵᠤ ︽ ᠬᠠᠥᠯᠢ ᠪᠠᠷ ᠵᠠᠰᠠᠬᠤ ᠪᠣᠯ ᠬᠠᠮᠤᠭ ᠤᠨ ᠰᠠᠶᠢᠨ ᠡᠵᠡᠩᠨᠡᠯᠲᠡ ᠶᠢᠨ ᠣᠷᠴᠢᠨ ᠲᠣᠭᠤᠷᠢᠨ ᠮᠥᠨ︾ ᠭᠡᠬᠦ  ᠤᠨᠤᠯᠵᠢᠬᠤᠨ ᠢ ᠢᠮᠠᠭᠲᠠ ᠪᠠᠲᠤ ᠴᠡᠭᠡᠵᠢᠯᠡᠵᠦ᠂ ᠭᠤᠣᠯ ᠬᠠᠷᠢᠭᠤᠴᠠᠯᠭ᠎ᠠ ᠭᠤᠣᠯ ᠠᠵᠢᠯ ᠳᠤ ᠠᠩᠬᠠᠷᠤᠯ ᠢᠶᠠᠨ ᠲᠥᠪᠯᠡᠷᠡᠭᠦᠯᠵᠦ᠂ ᠠᠵᠤ ᠠᠬᠤᠶᠢᠯᠠᠯ ᠳᠤ ᠬᠤᠯᠪᠣᠭᠳᠠᠭᠰᠠᠨ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠭᠦᠭᠡᠳ ᠠᠵᠤ ᠠᠬᠤᠶᠢᠯᠠᠯ ᠤᠨ ᠬᠥᠭᠵᠢᠯᠲᠡ ᠳᠤ ᠰᠠᠶᠢᠨ  ᠦᠢᠯᠡᠴᠢᠯᠡᠭᠡᠳ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ ᠪᠦᠬᠦ ᠬᠦᠴᠦᠨ ᠢᠶᠠᠷ ᠢᠶᠠᠨ ᠬᠠᠮᠠᠭᠠᠯᠠᠨ᠎ᠠ᠃

ᠢᠷᠡᠯᠲᠡ
ᠣᠲᠤᠭ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro