ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠬᠦᠳᠡᠭᠡ ᠲᠤᠰᠬᠤᠨ ᠮᠠᠯᠴᠢᠨ ᠲᠠᠷᠢᠶᠠᠴᠢᠳ ᠤᠨ ᠲᠤᠮᠳᠠ ᠲᠡᠯᠬᠡᠷᠡᠵᠦ ᠪᠤᠢ ᠮᠡᠬᠡᠯᠡᠯ ᠤᠨ ᠬᠡᠷᠡᠭ ᠢ ᠲᠦᠬᠦᠮ ᠵᠠᠳᠠᠯᠬᠤ ᠨᠢ

2024-03-01 14:24:09
ᠵᠣᠬᠢᠶᠠᠭᠴᠢ
 ᠬᠦᠰᠡᠯᠡᠷᠳᠡᠨᠢ

      ᠤᠶᠢᠷ᠎ᠠ ᠶᠢᠨ ᠵᠢᠯ  ᠳᠤ᠂  ᠨᠡᠶᠢᠬᠡᠮ ᠠᠵᠤ ᠠᠬᠤᠢ ᠶᠢᠨ ᠬᠦᠭᠵᠢᠯᠳᠡ᠂ ᠮᠡᠳᠡᠭᠡ ᠵᠠᠩᠬᠢ ᠲᠤᠤᠷ ᠰᠦᠯᠵᠢᠶᠡᠨ ᠤ ᠲᠡᠬᠦᠯᠳᠡᠷᠵᠢᠯᠳᠡ ᠶᠢ ᠲᠠᠭᠠᠯᠳᠣᠨ ᠬᠦᠳᠡᠭᠡ ᠲᠤᠰᠬᠤᠨ ᠮᠠᠯᠵᠢᠬᠤ ᠤᠷᠤᠨ ᠢᠶᠠᠷ ᠡᠯᠳᠡᠪ ᠬᠠᠴᠢᠨ ᠮᠡᠬᠡᠯᠡᠯ ᠤᠨ ᠬᠡᠷᠡᠭ ᠶᠡᠭᠡᠪᠡᠷ ᠲᠡᠯᠬᠡᠷᠡᠵᠦ᠂ ᠠᠷᠠᠳ ᠢᠷᠭᠡᠳ ᠤᠨ ᠡᠳ᠋ ᠬᠦᠷᠦᠩᠬᠡ ᠶᠢᠨ ᠠᠮᠤᠷ ᠲᠦᠪᠰᠢᠨ ᠳᠤ ᠬᠦᠨᠳᠦ ᠶᠡᠭᠡ ᠬᠤᠬᠢᠷᠠᠯ ᠰᠦᠢᠳᠦᠯ ᠠᠪᠴᠢᠷᠠᠵᠦ ᠪᠠᠶᠢᠨ᠎ᠠ᠃ ᠠᠳᠡ ᠤᠷᠴᠢᠮ ᠤᠨ ᠬᠡᠳᠦᠨ ᠵᠢᠯ ᠠᠷᠤ ᠬᠤᠷᠴᠢᠨ ᠬᠤᠰᠢᠭᠤᠨ ᠤ ᠬᠦᠳᠡᠭᠡ ᠲᠤᠰᠬᠤᠨ ᠮᠠᠯᠵᠢᠬᠤ ᠤᠷᠤᠨ ᠢᠶᠠᠷ ᠡᠬᠦᠰᠦᠭᠰᠡᠨ ᠮᠡᠬᠡᠯᠡᠯ ᠤᠨ ᠬᠡᠷᠡᠭ ᠨᠦᠭᠦᠳ ᠢ ᠮᠡᠬᠡᠯᠡᠭᠰᠡᠨ ᠠᠷᠭ᠎ᠠ ᠪᠠᠷᠢᠯ ᠢᠶᠠᠷ ᠨᠢ ᠨᠠᠷᠢᠰᠬᠠᠨ ᠲᠦᠷᠦᠯᠵᠢᠬᠦᠯᠵᠦ᠂ ᠦᠷᠬᠡᠨ ᠤᠯᠠᠨ ᠮᠠᠯᠴᠢᠨ ᠲᠠᠷᠢᠶᠠᠴᠢᠳ ᠲᠠᠭᠠᠨ ᠮᠡᠬᠡᠯᠡᠯ ᠤᠨ ᠬᠡᠷᠡᠭ ᠤᠨ ᠲᠤᠬᠠᠢ ᠲᠦᠬᠦᠮ ᠠᠪᠰᠠᠷᠬᠠᠨ ᠲᠠᠶᠢᠯᠪᠤᠷᠢ ᠪᠤᠯᠭᠠᠶ᠎ᠠ᠃  
      ᠨᠢᠬᠡ᠂ ᠰᠢᠨ᠎ᠡ ᠮᠠᠶ᠋ᠢᠭ ᠤᠨ ᠮᠡᠬᠡᠯᠡᠯ
       ︵ᠨᠢᠬᠡ︶ ᠴᠠᠬᠢᠯᠭᠠᠨ ᠬᠤᠯᠪᠤᠭᠠᠨ ᠤ ᠮᠡᠬᠡᠯᠡᠯ ᠪᠤᠯ ᠥᠢᠷ᠎ᠠ ᠶᠢᠨ ᠬᠡᠳᠦᠨ ᠵᠢᠯ ᠤᠨ ᠲᠤᠤᠷ ᠰᠦᠯᠵᠢᠶ᠎ᠡ ᠮᠡᠳᠡᠭᠡ ᠵᠠᠩᠬᠢ ᠶᠢᠨ ᠬᠦᠭᠵᠢᠯᠳᠡ ᠶᠢ ᠲᠠᠭᠠᠯᠳᠣᠨ ᠶᠡᠬᠡᠪᠡᠷ ᠲᠡᠪᠡᠷᠡᠨ ᠲᠡᠯᠬᠡᠷᠡᠵᠦ ᠪᠤᠢ ᠰᠢᠨ᠎ᠡ ᠬᠡᠯᠪᠡᠷᠢ ᠶᠢᠨ ᠮᠡᠬᠡᠯᠡᠯ ᠤᠨ ᠶᠠᠯᠠᠳᠣ ᠠᠵᠢᠯᠯᠠᠭ᠎ᠠ ᠪᠤᠯᠬᠤ ᠶᠤᠮ᠃ ᠠᠳᠡ ᠶᠠᠷᠢᠵᠦ ᠪᠠᠶᠢᠭ᠎ᠠ ᠴᠠᠬᠢᠯᠭᠠᠨ ᠬᠤᠯᠪᠤᠭ᠎ᠠ ᠪᠠᠷ ᠮᠡᠬᠡᠯᠡᠬᠦ ᠬᠡᠳᠡᠭ ᠨᠢ ᠬᠤᠬᠢᠷᠠᠯ ᠠᠮᠰᠠᠭᠴᠢ ᠲᠠᠢ ᠲᠠᠮ ᠬᠠᠷᠢᠯᠴᠠᠬᠤ ᠬᠡᠯᠪᠡᠷᠢ ᠪᠠᠷ ᠤᠳᠠᠰᠣ᠂ ᠰᠦᠯᠵᠢᠶ᠎ᠡ ᠪᠤᠶᠤ ᠤᠬᠤᠷ ᠴᠢᠮᠡᠬᠡᠨ ᠤ ᠠᠷᠭ᠎ᠠ ᠮᠠᠶ᠋ᠢᠭ ᠶᠢ ᠠᠰᠢᠭᠯᠠᠨ ᠬᠤᠳᠠᠯ ᠬᠠᠭᠤᠷᠮᠠᠭ ᠮᠡᠳᠡᠭᠡ ᠵᠠᠩᠬᠢ ᠵᠤᠬᠢᠶᠠᠵᠦ᠂ ᠬᠤᠬᠢᠷᠠᠯ ᠠᠮᠰᠠᠭᠴᠢ ᠶᠢ ᠤᠨᠠᠭᠤᠯᠢ ᠳᠤ ᠤᠨᠠᠭᠠᠭᠠᠳ᠂ ᠲᠡᠳᠡᠨ ᠢ ᠦᠳᠦᠬᠡᠨ ᠬᠠᠭᠤᠷᠴᠤ ᠵᠤᠭᠤᠰ ᠰᠢᠯᠵᠢᠬᠦᠯᠬᠦ ᠪᠤᠶᠤ ᠲᠠᠩᠰᠠ ᠰᠢᠯᠵᠢᠬᠦᠯᠬᠦ ᠶᠠᠯᠠᠳᠣ ᠠᠵᠢᠯᠯᠠᠭ᠎ᠠ ᠶᠢ ᠵᠢᠭᠠᠵᠦ ᠪᠤᠢ᠃ ᠡᠶᠢᠮᠦᠷᠬᠦ ᠲᠦᠷᠦᠯ ᠤᠨ ᠮᠡᠬᠡᠯᠡᠯ ᠤᠨ ᠬᠡᠷᠡᠭ ᠨᠢ ᠶᠠᠯ᠎ᠠ ᠬᠢᠬᠦ ᠠᠷᠭ᠎ᠠ ᠬᠡᠯᠪᠡᠷᠢ ᠤᠨ ᠬᠤᠪᠢ ᠳᠤ ᠮᠡᠳᠡᠭᠡ ᠵᠠᠩᠬᠢᠵᠢᠭᠰᠠᠨ᠂ ᠪᠦᠯᠦᠭᠯᠡᠨ ᠶᠠᠯ᠎ᠠ ᠬᠢᠬᠦ ᠪᠠᠷ ᠭᠤᠤᠯ ᠬᠡᠯᠪᠡᠷᠢ ᠪᠤᠯᠭᠠᠭᠰᠠᠨ᠂ ᠬᠠᠮᠤᠷᠤᠭᠰᠠᠨ ᠬᠦᠷᠢᠶ᠎ᠡ ᠬᠡᠪᠴᠢᠶ᠎ᠡ ᠪᠠᠷ ᠶᠡᠭᠡ᠂ ᠪᠤᠵᠠᠷ ᠵᠤᠭᠤᠰ ᠤᠨ ᠬᠦᠢᠯᠬᠡᠬᠡ ᠨᠢ ᠬᠤᠷᠳᠣᠨ᠂ ᠨᠡᠶᠢᠬᠡᠮ ᠤᠨ ᠬᠤᠤᠷ ᠬᠦᠨᠦᠬᠡᠯᠳᠦ ᠴᠢᠨᠠᠷ ᠢᠶᠠᠷ ᠲᠤᠶᠢᠯ ᠤᠨ ᠶᠡᠭᠡ᠂ ᠲᠤᠷᠰᠢᠨ ᠪᠠᠶᠢᠴᠠᠭᠠᠵᠦ ᠬᠡᠷᠡᠴᠢ ᠴᠤᠭᠯᠠᠭᠤᠯᠬᠤ ᠳᠤ ᠲᠤᠶᠢᠯ ᠤᠨ ᠲᠦᠪᠡᠭᠳᠡᠢ ᠪᠠᠶᠢᠳᠠᠭ ᠤᠨᠴᠠᠯᠢᠭ ᠲᠠᠢ᠃ ᠡᠶᠢᠮᠦ ᠠᠴᠠ ᠦᠷᠬᠡᠨ ᠤᠯᠠᠨ ᠮᠠᠯᠴᠢᠨ ᠲᠠᠷᠢᠶᠠᠴᠢᠳ ᠴᠠᠭ ᠢᠮᠠᠭᠳᠠ ᠰᠤᠨᠤᠷ ᠰᠡᠷᠡᠮᠵᠢ ᠪᠠᠨ ᠴᠢᠩᠭᠠᠷᠠᠭᠤᠯᠤᠨ᠂ ᠡᠶᠢᠮᠦᠷᠬᠦ ᠲᠦᠷᠦᠯ ᠤᠨ ᠮᠡᠬᠡᠯᠡᠯ ᠳᠤ ᠦᠷᠳᠦᠬᠦ ᠶᠢ ᠴᠢᠩᠭ᠎ᠠ ᠬᠢᠴᠢᠶᠡᠵᠦ᠂᠂ ᠦᠪᠡᠷ ᠤᠨ ᠡᠳ᠋ ᠬᠦᠷᠦᠩᠬᠡ ᠡᠷᠬᠡ ᠠᠰᠢᠭ ᠢᠶᠠᠨ ᠰᠠᠶᠢᠳᠣᠷ ᠬᠠᠮᠠᠭᠠᠯᠠᠵᠦ ᠰᠤᠷᠬᠤ ᠬᠡᠷᠡᠭᠳᠡᠢ᠃
       ︵ᠬᠤᠶᠠᠷ︶ ᠲᠤᠤᠷ ᠰᠦᠯᠵᠢᠶ᠎ᠡ ᠪᠠᠷ ᠢᠨᠠᠭᠯᠠᠵᠦ ᠵᠤᠭᠤᠰ ᠵᠠᠪᠰᠢᠬᠤ ᠬᠡᠯᠪᠡᠷᠢ ᠶᠢᠨ ᠮᠡᠬᠡᠯᠡᠯ
      ᠶᠠᠭᠤᠮ᠎ᠠ ᠪᠦᠬᠦᠨ ᠬᠤᠶᠠᠷ ᠲᠠᠯ᠎ᠠ ᠲᠠᠢ ᠪᠠᠶᠢᠳᠠᠭ᠃ ᠮᠡᠳᠡᠭᠡ ᠵᠠᠩᠬᠢ ᠲᠤᠤᠷ ᠰᠦᠯᠵᠢᠶᠡᠨ ᠤ ᠲᠡᠬᠦᠯᠳᠡᠷᠵᠢᠯᠳᠡ ᠨᠢ ᠬᠦᠮᠦᠰ ᠤᠨ ᠬᠠᠷᠢᠯᠴᠠᠭ᠎ᠠ ᠬᠤᠯᠪᠤᠭᠠᠨ ᠳᠤ ᠶᠡᠬᠡᠬᠡᠨ ᠲᠦᠬᠦᠮ ᠦᠵᠡᠬᠦᠯᠦᠭᠰᠡᠨ ᠪᠤᠯᠪᠠᠴᠤ ᠨᠦᠬᠦᠬᠡ ᠲᠠᠯ᠎ᠠ ᠪᠠᠷ ᠵᠠᠷᠢᠮ ᠰᠦᠷᠬᠦ ᠦᠢᠯᠡᠳᠦᠯ ᠠᠪᠴᠢᠷᠠᠭᠰᠠᠨ ᠢ ᠴᠦ ᠪᠢᠳᠡ ᠬᠦᠯᠢᠶᠡᠨ ᠵᠦᠪᠰᠢᠶᠡᠷᠡᠬᠦ ᠬᠡᠷᠡᠭᠳᠡᠢ ᠶᠤᠮ᠃ ᠦᠨᠦᠳᠦᠷ ᠨᠢᠬᠡ ᠪᠦᠯᠦᠭ ᠬᠦᠮᠦᠰ ᠲᠤᠤᠷ ᠰᠦᠯᠵᠢᠶ᠎ᠡ ᠶᠢ ᠪᠤᠷᠤᠭᠤ ᠪᠠᠷ ᠠᠰᠢᠭᠯᠠᠨ ᠶᠤᠰᠣᠳᠠᠢ ︽ᠪᠤᠷᠤᠭᠤ ᠵᠠᠮ ᠢᠶᠠᠷ ᠪᠤᠳᠠᠭ᠎ᠠ ᠲᠡᠭᠡᠭᠡᠪᠡᠯ ᠪᠤᠴᠠᠬᠤ ᠵᠠᠮ ᠳᠠᠭᠠᠨ ᠰᠢᠷᠤᠢ ᠲᠡᠭᠡᠭᠡᠭᠰᠡᠨ︾ ᠤᠴᠢᠷ ᠪᠤᠯᠵᠦ ᠪᠤᠢ᠃ ᠲᠡᠳᠡ ᠲᠤᠤᠷ ᠰᠦᠯᠵᠢᠶᠡᠨ ᠤ ᠲᠦᠬᠦᠮ ᠢ ᠠᠰᠢᠭᠯᠠᠨ ᠤᠯᠠᠨ ᠤᠨᠳᠣᠣ ᠬᠦᠢᠰᠦᠳᠡᠨ ᠲᠠᠢ ᠵᠡᠷᠬᠡ ᠪᠠᠷ ᠢᠨᠠᠭ ᠠᠮᠠᠷᠠᠭ ᠤᠨ ᠬᠠᠷᠢᠴᠠᠭ᠎ᠠ ᠲᠤᠭᠳᠠᠭᠠᠨ ᠡᠬᠦᠨ ᠤ ᠤᠯᠠᠮ ᠢᠶᠠᠷ ᠲᠡᠳᠡᠨ ᠤ ᠵᠤᠭᠤᠰ ᠢ ᠮᠡᠬᠡᠯᠡᠨ ᠠᠪᠴᠣ ᠪᠦᠷᠢᠯᠬᠡᠵᠦ ᠪᠠᠶᠢᠨ᠎ᠠ᠃ ᠵᠠᠷᠢᠮ ᠨᠢ ᠤᠯᠠᠭᠠᠨ ᠨᠢᠭᠤᠷ ᠢᠶᠠᠷ ᠢᠶᠠᠨ ᠤᠴᠠᠷᠠᠭ᠎ᠠ ᠴᠤ ᠦᠬᠡᠢ ᠪᠠᠶᠢᠭᠠᠳ ᠡᠯᠳᠡᠪ ᠤᠯᠠᠨ ᠠᠷᠭ᠎ᠠ ᠮᠡᠭᠡ ᠬᠡᠷᠡᠭᠯᠡᠵᠦ ᠪᠠᠶᠢᠭᠠᠳ ᠲᠤᠤᠷ ᠰᠦᠯᠵᠢᠶ᠎ᠡ ᠪᠠᠷ ᠨᠦᠬᠦᠬᠡ ᠡᠳᠡᠬᠡᠳ ᠠᠴᠠ ᠪᠠᠨ ᠵᠤᠭᠤᠰ ᠲᠤᠶ᠋ᠢᠵᠦ ᠠᠪᠴᠢᠬᠠᠭᠰᠠᠨ ᠵᠠᠶᠢᠯᠠᠵᠦ ᠲᠤᠳᠠᠭᠠᠵᠦ ᠪᠠᠶᠢᠳᠠᠭ᠃ ᠲᠤᠤᠷ ᠰᠦᠯᠵᠢᠶ᠎ᠡ ᠨᠢ ᠨᠢᠬᠡ ᠪᠦᠯᠦᠭ ᠬᠠᠤᠯᠢ ᠪᠤᠰᠣ ᠡᠳᠡᠬᠡᠳ ᠲᠤ ᠮᠠᠭᠤ ᠬᠡᠷᠡᠭ ᠦᠢᠯᠡᠳᠦᠭᠰᠡᠨ ᠴᠤ ᠮᠦᠷᠳᠡᠵᠦ ᠤᠯᠳᠠᠭ ᠦᠬᠡᠢ ᠪᠡᠶ᠎ᠡ ᠲᠠᠯᠳᠠᠯᠠᠨ ᠤᠷᠤᠩᠨᠠᠬᠤ ᠲᠣᠬᠢᠳᠠᠢ ᠤᠷᠤᠨ ᠰᠢᠭ᠋ ᠬᠠᠷᠠᠭᠳᠠᠭᠰᠠᠨ ᠴᠤ ᠲᠤᠤᠷ ᠰᠦᠯᠵᠢᠶ᠎ᠡ ᠨᠢ ᠬᠠᠤᠯᠢ ᠶᠢᠨ ᠭᠠᠳᠠᠭᠤᠷ ᠪᠠᠶᠢᠭ᠎ᠠ ᠬᠦᠨᠳᠡᠢ ᠤᠷᠤᠨ ᠵᠠᠢ ᠤᠭᠳᠣ ᠪᠢᠰᠢ ᠶᠤᠮ᠃ ᠮᠤᠩᠭᠤᠯ ᠠᠷᠠᠳ ᠤᠨ ᠦᠬᠡᠨ ᠳᠤ ︽ᠨᠢᠭᠤᠪᠠᠴᠣ ᠨᠢᠷᠤᠭᠤ ᠨᠢ ᠢᠯᠡ᠂ ᠲᠠᠯᠳᠠᠯᠠᠪᠠᠴᠤ ᠲᠠᠯᠠ ᠨᠢ ᠢᠯᠡ︾ ᠬᠡᠳᠡᠭᠴᠢᠯᠡᠨ ᠲᠤᠤᠷ ᠰᠦᠯᠵᠢᠶ᠎ᠡ ᠪᠠᠷ ᠦᠢᠯᠡᠳᠦᠭᠰᠡᠨ ᠪᠦᠬᠦ ᠦᠢᠯᠡ ᠶᠢᠨ ᠤᠷᠤᠮ ᠮᠦᠷ ᠨᠢ ᠲᠤᠳᠣ ᠠᠴᠠ ᠲᠤᠳᠣ ᠦᠯᠡᠳᠡᠳᠡᠭ ᠪᠤᠯᠬᠤᠷ ᠬᠠᠤᠯᠢ ᠶᠢᠨ ᠰᠠᠪᠠᠷ ᠠᠴᠠ ᠮᠤᠯᠳᠣᠷᠠᠨ᠎ᠠ ᠭᠡᠭᠴᠢ ᠦᠨᠡᠬᠡᠷ ᠪᠦᠲᠦᠰᠢ ᠦᠬᠡᠢ ᠤᠴᠢᠷ ᠶᠤᠮ᠃ ᠡᠶᠢᠮᠦ ᠠᠴᠠ ᠦᠷᠬᠡᠨ ᠤᠯᠠᠨ ᠰᠦᠯᠵᠢᠶᠡᠨ ᠠᠰᠢᠭᠯᠠᠭᠴᠢᠳ ᠲᠤᠤᠷ ᠰᠦᠯᠵᠢᠶ᠎ᠡ ᠶᠢ ᠵᠦᠪ ᠠᠰᠢᠭᠯᠠᠵᠦ ᠠᠮᠢᠳᠣᠷᠠᠯ ᠦᠢᠯᠡᠰ ᠲᠡᠭᠡᠨ ᠵᠦᠪ ᠢᠶᠠᠷ ᠦᠢᠯᠡᠴᠢᠯᠡᠬᠦᠯᠵᠦ ᠰᠤᠷᠬᠤ ᠨᠢ ᠰᠢᠨ᠎ᠡ ᠴᠠᠭ ᠦᠶ᠎ᠡ ᠶᠢᠨ ᠪᠤᠯᠪᠠᠰᠣᠨ ᠠᠷᠠᠳ ᠪᠤᠯᠬᠤ ᠶᠢᠨ ᠲᠡᠷᠢᠬᠦᠨ ᠠᠯᠬᠤᠮ ᠪᠤᠯᠬᠤ ᠠᠵᠢ᠃    
       ᠬᠤᠶᠠᠷ᠂ ᠤᠯᠠᠮᠵᠢᠯᠠᠯᠳᠣ ᠮᠠᠶ᠋ᠢᠭ ᠤᠨ ᠮᠡᠬᠡᠯᠡᠯ
       ︵ᠨᠢᠬᠡ︶ ᠪᠤᠰᠣᠳ ᠲᠤ ᠬᠠᠪᠰᠣᠷᠴᠤ ᠵᠢᠯᠤᠭᠤᠴᠢ ᠶᠢᠨ ᠦᠨᠡᠮᠯᠡᠯ ᠤᠯᠵᠦ ᠦᠭᠬᠦ ᠬᠡᠯᠪᠡᠷᠢ ᠶᠢᠨ ᠮᠡᠬᠡᠯᠡᠯ
       ᠵᠢᠯᠤᠭᠤᠴᠢ ᠶᠢᠨ ᠦᠨᠡᠮᠯᠡᠯ ᠤᠯᠵᠦ ᠦᠭᠬᠦ ᠬᠡᠯᠪᠡᠷᠢ ᠶᠢᠨ ᠮᠡᠬᠡᠯᠡᠯ ᠪᠤᠯ ᠤᠷᠴᠢᠮ ᠤᠨ ᠬᠡᠳᠦᠨ ᠵᠢᠯ ᠤᠳᠠᠭ᠎ᠠ ᠲᠠᠷᠠᠭᠠᠯᠠᠨ ᠡᠬᠦᠰᠦᠭᠰᠡᠨ᠂ ᠨᠡᠶᠢᠬᠡᠮ ᠨᠡᠶᠢᠳᠡ ᠶᠢᠨ ᠡᠮᠬᠢ ᠲᠢᠭᠯᠢᠮ ᠢ ᠨᠤᠴᠢᠳᠠᠢ ᠡᠪᠳᠡᠨ᠂ ᠬᠠᠤᠯᠢ ᠴᠠᠭᠠᠵᠠ ᠶᠢᠨ ᠡᠷᠬᠡ ᠰᠦᠷ ᠢ ᠬᠦᠴᠦᠳᠡᠢ ᠭᠤᠳᠣᠭᠠᠭᠰᠠᠨ᠂ ᠦᠷᠬᠡᠨ ᠤᠯᠠᠨ ᠮᠠᠯᠴᠢᠨ ᠲᠠᠷᠢᠶᠠᠴᠢᠳ ᠲᠤ ᠬᠦᠨᠳᠦ ᠶᠡᠭᠡ ᠬᠤᠬᠢᠷᠠᠯ ᠰᠦᠢᠳᠦᠯ ᠠᠪᠴᠢᠷᠠᠵᠦ ᠪᠤᠢ ᠨᠡᠶᠢᠬᠡᠮ ᠤᠨ ᠬᠤᠤᠷ ᠬᠦᠨᠦᠬᠡᠯ ᠢᠶᠠᠷ ᠮᠠᠰᠢ ᠶᠡᠭᠡ ᠮᠡᠬᠡᠯᠡᠯ ᠤᠨ ᠬᠡᠯᠪᠡᠷᠢ ᠪᠤᠯᠬᠤ ᠶᠤᠮ᠃ ᠵᠢᠯᠤᠭᠤᠴᠢ ᠶᠢᠨ ᠦᠨᠡᠮᠯᠡᠯ ᠨᠢ ᠵᠠᠮ ᠬᠠᠷᠢᠯᠴᠠᠭᠠᠨ ᠤ ᠬᠡᠯᠳᠡᠰ ᠤᠨ ᠨᠢᠬᠡᠳᠦᠯᠳᠡᠢ ᠲᠤᠬᠢᠷᠠᠭᠤᠯᠤᠭᠰᠠᠨ ᠠᠯᠪᠠᠨ ᠰᠢᠯᠭᠠᠯᠳᠠ ᠶᠢ ᠲᠠᠮᠵᠢᠭᠰᠠᠨ ᠰᠢᠯᠭᠠᠭᠤᠯᠤᠭᠴᠢ ᠳᠤ ᠯᠡ ᠬᠠᠤᠯᠢ ᠶᠤᠰᠣᠭᠠᠷ ᠤᠯᠭᠤᠳᠠᠭ ᠵᠦᠪᠰᠢᠶᠡᠷᠡᠯ ᠤᠨ ᠲᠡᠮᠳᠡᠭ ᠶᠤᠮ᠃ ᠬᠠᠷᠢᠨ ᠶᠠᠮᠠᠷ ᠨᠢᠬᠡᠨ ᠬᠤᠪᠢ ᠬᠦᠮᠦᠨ ᠤ ᠤᠷᠤᠯᠴᠠᠭ᠎ᠠ ᠠᠴᠠ ᠰᠢᠢᠳᠦᠯ ᠲᠠᠢ ᠵᠦᠢᠯ ᠪᠤᠶᠤ ᠠᠷᠤ ᠡᠬᠦᠳᠡ ᠬᠦᠬᠡᠬᠡᠵᠦ ᠠᠷᠠᠯᠵᠢᠵᠦ ᠮᠠᠶᠢᠮᠠᠯᠠᠳᠠᠭ ᠲᠠᠸᠠᠷ ᠤᠭᠳᠣ ᠪᠢᠰᠢ ᠶᠤᠮ᠃ ᠡᠶᠢᠮᠦ ᠠᠴᠠ ᠦᠷᠬᠡᠨ ᠤᠯᠠᠨ ᠮᠠᠯᠴᠢᠨ ᠲᠠᠷᠢᠶᠠᠴᠢᠳ ᠡᠶᠢᠮᠦᠷᠬᠦ ᠬᠠᠤᠯᠢ ᠪᠤᠰᠣ ᠬᠡᠯᠪᠡᠷᠢ ᠪᠠᠷ ᠵᠢᠯᠤᠭᠤᠴᠢ ᠶᠢᠨ ᠦᠨᠡᠮᠯᠡᠯ ᠤᠯᠵᠦ ᠠᠪᠴᠢᠷᠠᠬᠤ ᠪᠤᠳᠣᠯ ᠰᠠᠨᠠᠭ᠎ᠠ ᠪᠠᠨ ᠤᠷᠪᠤᠩ ᠢᠶᠠᠷ ᠨᠢ ᠦᠬᠡᠷᠡᠴᠢᠯᠡᠵᠦ᠂ ᠡᠶᠢᠮᠦᠷᠬᠦ ᠬᠡᠯᠪᠡᠷᠢ ᠪᠠᠷ ᠪᠤᠰᠣᠳ ᠤᠨ ᠵᠤᠭᠤᠰ ᠵᠤᠭ᠎ᠠ ᠶᠢ ᠮᠡᠬᠡᠯᠵᠦ ᠪᠤᠢ ᠰᠡᠵᠢᠭᠳᠡᠨ ᠢ ᠰᠡᠷᠡᠮᠡᠭᠴᠡ ᠪᠠᠷᠢᠨ ᠲᠤᠤᠷ᠎ᠠ ᠨᠢ ᠬᠠᠮᠢᠶ᠎ᠠ ᠪᠦᠬᠦᠢ ᠬᠠᠤᠯᠢ ᠶᠢᠨ ᠪᠠᠶᠢᠭᠤᠯᠭ᠎ᠠ ᠳᠤ ᠢᠯᠡᠴᠢᠯᠡᠨ ᠮᠡᠳᠡᠬᠦᠯᠵᠦ ᠡᠷᠳᠡ ᠠᠴᠠ ᠲᠠᠰᠣᠯᠣᠨ ᠵᠤᠭᠰᠣᠭᠠᠯᠭᠠᠬᠤ ᠬᠡᠷᠡᠭᠳᠡᠢ᠃
       ︵ᠬᠤᠶᠠᠷ︶ ᠭᠠᠵᠠᠷ ᠲᠠᠷᠢᠶ᠎ᠠ ᠰᠢᠯᠵᠢᠬᠦᠯᠥᠨ ᠦᠭᠬᠦ ᠬᠡᠯᠪᠡᠷᠢ ᠶᠢᠨ ᠮᠡᠬᠡᠯᠡᠯ
       ᠤᠶᠢᠷ᠎ᠠ ᠶᠢᠨ ᠬᠡᠳᠦᠨ ᠵᠢᠯ ᠲᠠᠷᠢᠶ᠎ᠠ ᠮᠤᠳᠣ ᠦᠨ᠎ᠡ ᠤᠷᠤᠬᠤ ᠶᠢ ᠲᠠᠭᠠᠯᠳᠣᠨ ᠤᠯᠠᠩᠬᠢ ᠬᠦᠮᠦᠰ ᠭᠠᠵᠠᠷ ᠲᠠᠷᠢᠶᠠᠨ ᠤ ᠦᠨ᠎ᠡ ᠦᠷᠳᠡᠭ ᠢ ᠤᠯᠠᠮ ᠢᠶᠠᠷ ᠤᠬᠠᠨ ᠲᠠᠨᠢᠵᠦ ᠡᠬᠢᠯᠡᠭᠰᠡᠨ ᠶᠤᠮ᠃ ᠡᠨᠡ ᠨᠢ ᠨᠢᠬᠡ ᠪᠦᠯᠦᠭ ᠭᠠᠵᠠᠷ ᠲᠠᠷᠢᠶᠠᠨ ᠤ ᠮᠠᠶᠢᠮᠠᠶᠢᠴᠢᠳ ᠤᠨ ᠲᠦᠷᠦᠨ ᠭᠠᠷᠬᠤ ᠶᠢᠨ ᠲᠤᠬᠢᠳᠠᠢ ᠨᠦᠬᠦᠴᠡᠯ ᠪᠤᠯᠵᠦ ᠦᠭᠪᠡ᠃ ᠲᠡᠳᠡ ᠮᠦᠩᠬᠦ ᠵᠤᠭᠤᠰᠣᠨ ᠤ ᠤᠯᠠᠶᠢᠷᠠᠯ ᠠᠴᠠ ᠪᠤᠯᠤᠭᠠᠳ ᠪᠤᠰᠣᠳ ᠲᠤ ᠨᠢᠬᠡᠨᠳᠡ ᠰᠢᠯᠵᠢᠬᠦᠯᠥᠨ ᠦᠭᠬᠦᠭᠰᠡᠨ ᠭᠠᠵᠠᠷ ᠲᠠᠷᠢᠶ᠎ᠠ ᠪᠠᠨ ᠤᠯᠠᠨ ᠬᠦᠮᠦᠰ ᠲᠤ ᠲᠠᠬᠢᠨ ᠲᠠᠪᠳᠠᠨ ᠰᠢᠯᠵᠢᠬᠦᠯᠥᠨ ᠦᠭᠬᠦᠭᠡᠳ ᠲᠦᠷᠢᠶᠡᠰᠦᠨ ᠮᠦᠩᠬᠦ ᠮᠡᠬᠡᠯᠡᠨ ᠠᠪᠴᠦ ᠪᠦᠷᠢᠯᠭᠡᠬᠦ ᠪᠤᠯᠪᠠ᠃ ᠵᠠᠷᠢᠮᠠᠳ ᠨᠢ ᠲᠠᠪᠠᠭᠤᠷᠠᠬᠤ ᠳᠠᠭᠠᠨ ᠦᠷᠦᠬᠡᠯ ᠤᠨ ᠭᠠᠵᠠᠷ ᠲᠠᠷᠢᠶ᠎ᠠ ᠶᠢ ᠡᠵᠡᠨ ᠤ ᠬᠢᠨᠢ ᠲᠠᠯᠳᠠᠭᠤᠷ ᠰᠢᠭᠤᠳ ᠡᠵᠡᠨ ᠮᠡᠳᠡᠵᠦ ᠪᠤᠰᠣᠳ ᠲᠤ ᠰᠢᠯᠵᠢᠬᠦᠯᠥᠨ ᠦᠭᠴᠢᠬᠡᠳ ᠲᠦᠷᠢᠶᠡᠰᠦᠨ ᠮᠦᠩᠬᠦ ᠶᠢ ᠨᠢ ᠰᠦᠯᠵᠢᠶᠡᠨ ᠮᠦᠷᠦᠢ ᠲᠠᠢ ᠲᠤᠭᠯᠠᠭᠠᠮ ᠳᠤ ᠦᠷᠡᠬᠡᠵᠦ ᠪᠠᠶᠢᠨ᠎ᠠ᠃ ᠡᠶᠢᠮᠦ ᠠᠴᠠ ᠦᠷᠬᠡᠨ ᠤᠯᠠᠨ ᠮᠠᠯᠴᠢᠨ ᠲᠠᠷᠢᠶᠠᠴᠢᠳ ᠭᠠᠵᠠᠷ ᠲᠠᠷᠢᠶ᠎ᠠ ᠪᠠᠨ ᠭᠠᠳᠠᠭᠰᠢ ᠲᠦᠷᠢᠶᠡᠰᠦᠯᠡᠨ ᠦᠭᠬᠦ ᠳᠡᠭᠡᠨ ᠵᠠᠪᠰᠢᠭᠴᠢ ᠮᠠᠶᠢᠮᠠᠶᠢᠴᠢᠳ ᠠᠴᠠ ᠰᠡᠷᠬᠡᠶᠢᠯᠡᠵᠦ᠂ ᠦᠪᠡᠷ ᠤᠨ ᠡᠳ᠋ ᠬᠦᠷᠦᠩᠭᠡ ᠭᠠᠵᠠᠷ ᠲᠠᠷᠢᠶ᠎ᠠ ᠪᠠᠨ ᠬᠠᠮᠠᠭᠠᠯᠠᠬᠤ ᠬᠡᠷᠡᠭᠳᠡᠢ᠃
      ︵ᠭᠤᠷᠪᠠ︶ ᠠᠷᠤ ᠡᠬᠦᠳᠡ ᠡᠷᠢᠵᠦ ᠤᠴᠢᠷ ᠪᠦᠲᠦᠬᠡᠵᠦ ᠦᠭᠬᠦ ᠬᠡᠯᠪᠡᠷᠢ ᠶᠢᠨ ᠮᠡᠬᠡᠯᠡᠯ
      ᠬᠠᠤᠯᠢ ᠶᠢᠨ ᠪᠠᠶᠢᠭᠤᠯᠭ᠎ᠠ ᠳᠤ ᠬᠦᠮᠦᠨ ᠡᠷᠢᠵᠦ᠂ ᠡᠷᠡᠬᠦᠦ ᠰᠢᠢᠳᠬᠡᠯ ᠠᠴᠠ ᠬᠡᠯᠳᠦᠷᠢᠬᠦᠯᠵᠦ ᠦᠭᠬᠦ ᠬᠡᠵᠦ ᠪᠤᠰᠣᠳ ᠠᠴᠠ ᠵᠤᠭᠤᠰ ᠠᠪᠬᠤ᠂ ᠤᠢ ᠮᠤᠳᠣ ᠶᠢ ᠤᠭᠳᠣᠯᠬᠤ ᠵᠦᠪᠰᠢᠶᠡᠷᠡᠯ ᠤᠨ ᠪᠢᠴᠢᠭ ᠢ ᠢᠯᠭᠤᠮ ᠤᠯᠵᠦ ᠦᠭᠬᠦ ᠭᠡᠵᠦ ᠪᠤᠰᠣᠳ ᠠᠴᠠ ᠵᠤᠭᠤᠰ ᠮᠡᠬᠡᠯᠡᠨ ᠠᠪᠬᠤ᠂ ᠬᠦᠮᠦᠨ ᠡᠷᠢᠵᠦ ᠨᠡᠶᠢᠬᠡᠮ ᠤᠨ ᠪᠠᠳᠣᠯᠠᠭ᠎ᠠ ᠶᠢᠨ ᠲᠠᠩᠰᠠ ᠶᠢ ᠨᠢ ᠨᠦᠬᠦᠵᠦ ᠦᠭᠬᠦᠨ᠎ᠡ ᠬᠡᠵᠦ ᠪᠤᠰᠣᠳ ᠠᠴᠠ ᠵᠤᠭᠤᠰ ᠮᠡᠬᠡᠯᠡᠨ ᠠᠪᠬᠤ ᠪᠤᠯ ᠤᠷᠴᠢᠮ ᠤᠨ ᠵᠢᠯ ᠤᠳ ᠮᠠᠯᠴᠢᠨ ᠲᠠᠷᠢᠶᠠᠴᠢᠳ ᠤᠨ ᠲᠤᠮᠳᠠ ᠲᠦᠬᠡᠮᠡᠯ ᠡᠬᠦᠰᠴᠦ ᠪᠤᠢ ᠮᠡᠬᠡᠯᠡᠯ ᠤᠨ ᠬᠡᠷᠡᠭ ᠤᠨ ᠨᠢᠬᠡᠨ ᠲᠦᠷᠦᠯ ᠪᠤᠯᠬᠤ ᠶᠤᠮ᠃ ᠡᠶᠢᠮᠦᠷᠬᠦ ᠲᠦᠷᠦᠯ ᠤᠨ ᠮᠡᠬᠡᠯᠡᠯ ᠤᠨ ᠬᠡᠷᠡᠭ ᠤᠨ ᠰᠡᠵᠢᠭᠳᠡᠨ ᠨᠢ ᠦᠪᠡᠷ ᠢ ᠪᠠᠨ ᠠᠯᠢ ᠲᠠᠷᠤᠭ᠎ᠠ ᠲᠠᠢ ᠨᠢ ᠬᠠᠷᠢᠴᠠᠭ᠎ᠠ ᠰᠦᠯᠪᠡᠭᠡ ᠲᠠᠢ ᠪᠤᠶᠤ ᠠᠯᠢ ᠪᠠᠶᠢᠭᠤᠯᠭ᠎ᠠ ᠳᠤ ᠨᠢ ᠬᠦᠮᠦᠨ ᠲᠠᠢ ᠬᠡᠬᠦ ᠮᠡᠳᠦ ᠪᠠᠷ ᠶᠡᠬᠡᠪᠡᠷ  ᠦᠯᠢᠶᠡᠨ ᠬᠦᠬᠡᠷᠬᠡᠳᠡᠵᠦ ᠪᠠᠶᠢᠭᠠᠳ ᠪᠤᠰᠣᠳ ᠤᠨ ᠢᠳᠡᠬᠡᠯ ᠢ ᠤᠯᠵᠦ᠂ ᠡᠬᠦᠨ ᠤ ᠤᠯᠠᠮ ᠢᠶᠠᠷ ᠲᠡᠳᠡᠨ ᠤ ᠵᠤᠭᠤᠰ ᠢ ᠬᠢᠯᠪᠠᠷᠬᠠᠨ ᠢᠶᠠᠷ ᠭᠠᠷ ᠲᠠᠭᠠᠨ ᠤᠷᠤᠭᠤᠯᠵᠦ ᠠᠪᠳᠠᠭ᠃ ᠬᠡᠪᠡᠴᠦ ᠦᠨᠡᠨ ᠲᠡᠭᠡᠷ᠎ᠡ ᠪᠠᠨ ᠲᠡᠳᠡᠨ ᠳᠤ ᠪᠤᠰᠣᠳ ᠢ ᠬᠠᠪᠰᠣᠷᠴᠦ ᠤᠴᠢᠷ ᠪᠦᠲᠦᠬᠡᠬᠦ ᠪᠤᠰᠣᠳᠴᠢ ᠨᠦᠬᠦᠴᠡᠯ ᠪᠤᠶᠤ ᠴᠢᠳᠠᠯ ᠲᠡᠩᠬᠡᠬᠡ ᠦᠬᠡᠢ ᠤᠴᠢᠷ ᠠᠴᠠ ᠠᠮᠠᠯᠠᠭᠰᠠᠨ ᠵᠦᠢᠯ ᠢᠶᠠᠨ ᠬᠠᠶᠠᠭᠠᠨ ᠳᠤ ᠨᠢ ᠤᠷᠬᠢᠭᠠᠳ ᠠᠪᠤᠭᠰᠠᠨ ᠵᠤᠭᠤᠰ ᠢᠶᠠᠨ ᠭᠱᠠᠨ ᠵᠠᠭᠤᠷ᠎ᠠ ᠨᠠᠭᠠᠳᠴᠤ ᠴᠡᠩᠬᠡᠵᠦ ᠪᠦᠷᠢᠯᠬᠡᠵᠦ ᠲᠠᠭᠤᠰᠬᠠᠳᠠᠭ᠃ ᠮᠡᠬᠡᠯᠡᠭᠳᠡᠴᠢ ᠨᠢ ᠤᠴᠢᠷ ᠢᠶᠠᠨ ᠨᠡᠬᠡᠵᠦ ᠬᠦᠬᠡᠬᠡᠴᠡᠯᠳᠦᠪᠡᠯ ᠲᠡᠳᠡ ᠪᠤᠰᠣᠳ ᠲᠤ ᠲᠦᠯᠬᠢᠬᠦ ᠪᠤᠶᠤ ᠡᠯᠳᠡᠪ ᠵᠦᠢᠯ ᠤᠨ ᠰᠢᠯᠳᠠᠭ ᠵᠢᠭᠠᠵᠦ ᠪᠡᠶᠡᠨ ᠠᠴᠠ ᠪᠠᠨ ᠵᠠᠶᠢᠯᠠᠭᠤᠯᠬᠤ ᠪᠤᠶᠤ ᠵᠠᠶᠢᠯᠠᠵᠦ ᠲᠤᠳᠠᠭᠠᠳᠠᠭ᠃ ᠡᠶᠢᠮᠦ ᠠᠴᠠ ᠦᠷᠬᠡᠨ ᠤᠯᠠᠨ ᠮᠠᠯᠴᠢᠨ ᠲᠠᠷᠢᠶᠠᠴᠢᠳ ᠮᠠᠨᠢ ᠠᠷᠤ ᠡᠬᠦᠳᠡ ᠡᠷᠢᠵᠦ ᠤᠴᠢᠷ ᠶᠠᠪᠤᠳᠠᠯ ᠪᠦᠲᠦᠬᠡᠯᠬᠡᠬᠦ ᠬᠡᠵᠦ ᠪᠤᠰᠣᠳ ᠢ ᠭᠤᠶᠤᠵᠦ ᠭᠤᠩᠰᠢᠬᠤ ᠶᠢᠨ ᠤᠷᠤᠨ ᠳᠤ ᠬᠠᠮᠢᠶᠠᠳᠠᠢ ᠪᠠᠶᠢᠭᠤᠯᠭ᠎ᠠ ᠨᠢᠭᠡᠴᠡ ᠳᠤ ᠨᠢ ᠬᠦᠷᠴᠦ ᠬᠠᠮᠢᠶᠠᠳᠠᠢ ᠬᠦᠮᠦᠰ ᠠᠴᠠ ᠨᠢ ᠶᠠᠮᠠᠷ ᠭᠠᠷ ᠬᠦᠢᠴᠡᠳᠬᠡᠯ ᠬᠢᠬᠦ᠂ ᠬᠡᠷᠬᠢᠵᠦ ᠪᠦᠲᠦᠬᠡᠬᠦ ᠠᠷᠭ᠎ᠠ ᠤᠬᠠᠭᠠᠨ ᠢ ᠨᠢ ᠯᠠᠪᠯᠠᠨ ᠠᠰᠠᠭᠤᠬᠤ ᠨᠢ ᠶᠠᠭᠤᠨ ᠠᠴᠠ ᠴᠤ ᠴᠢᠬᠤᠯᠠᠳᠠᠢ ᠬᠡᠳᠡᠭ ᠢ ᠰᠠᠨᠠᠯ ᠪᠤᠯᠭᠠᠶ᠎ᠠ᠃   
      ︵ᠲᠦᠷᠪᠡ︶ ᠡᠪᠡᠰᠦ ᠪᠤᠷᠳᠤᠭ᠎ᠠ ᠮᠠᠶᠢᠮᠠᠯᠠᠬᠤ ᠬᠡᠯᠪᠡᠷᠢ ᠶᠢᠨ ᠮᠡᠬᠡᠯᠡᠯ
      ᠡᠮᠥᠨ᠎ᠡ ᠬᠡᠳᠦᠨ ᠵᠢᠯ ᠮᠠᠯ ᠤᠨᠤᠭᠠᠨ ᠤ ᠦᠨ᠎ᠡ ᠬᠠᠩᠰᠢ ᠶᠡᠬᠡᠪᠡᠷ ᠦᠰᠦᠭᠰᠡᠨ ᠠᠴᠠ ᠪᠤᠯᠤᠭᠠᠳ ᠤᠯᠠᠨ ᠬᠦᠮᠦᠰ ᠬᠤᠨᠢ ᠦᠬᠡᠷ ᠲᠡᠵᠢᠬᠡᠨ ᠦᠷᠡᠵᠢᠬᠦᠯᠬᠦ ᠠᠵᠤ ᠦᠢᠯᠡᠰ ᠡᠷᠬᠢᠯᠡᠭᠰᠡᠨ ᠶᠤᠮ᠃ ᠡᠨᠡ ᠨᠢ ᠨᠦᠬᠦᠬᠡ ᠲᠠᠯ᠎ᠠ ᠪᠠᠷ ᠡᠪᠡᠰᠦ ᠪᠤᠷᠳᠣᠭᠠᠨ ᠤ ᠠᠷᠠᠯᠵᠢᠶ᠎ᠠ ᠮᠠᠶᠢᠮᠠᠢ ᠶᠢ ᠶᠡᠬᠡᠬᠡᠨ ᠬᠦᠭᠵᠢᠶᠡᠨ ᠲᠠᠢ ᠪᠤᠯᠭᠠᠭᠰᠠᠨ ᠠᠴᠠ ᠨᠢᠬᠡ ᠪᠦᠯᠦᠭ ᠬᠠᠤᠯᠢ ᠪᠤᠰᠣ ᠡᠳᠡᠬᠡᠳ ᠡᠨᠡᠬᠦ ᠵᠠᠪᠰᠢᠶᠠᠨ ᠢ ᠲᠠᠯᠢᠮᠳᠠᠭᠤᠯᠤᠨ ᠡᠪᠡᠰᠦ ᠪᠤᠷᠳᠤᠭ᠎ᠠ ᠮᠠᠶᠢᠮᠠᠯᠠᠬᠤ ᠬᠡᠯᠪᠡᠷᠢ ᠪᠠᠷ ᠮᠠᠯᠴᠢᠨ ᠲᠠᠷᠢᠶᠠᠴᠢᠳ ᠤᠨ ᠭᠠᠷ ᠲᠠᠬᠢ ᠵᠤᠭᠤᠰ ᠮᠦᠩᠬᠦ ᠶᠢ ᠮᠡᠬᠡᠯᠡᠨ ᠠᠪᠴᠤ᠂ ᠦᠷᠬᠡᠨ ᠤᠯᠠᠨ ᠮᠠᠯᠴᠢᠨ ᠲᠠᠷᠢᠶᠠᠴᠢᠳ ᠲᠤ ᠬᠦᠨᠳᠦ ᠶᠡᠭᠡ ᠬᠤᠬᠢᠷᠠᠯ ᠰᠦᠢᠳᠦᠯ ᠠᠪᠴᠢᠷᠠᠵᠦ ᠪᠠᠶᠢᠨ᠎ᠠ᠃ ᠡᠶᠢᠮᠦ ᠠᠴᠠ ᠦᠷᠬᠡᠨ ᠤᠯᠠᠨ ᠮᠠᠯᠴᠢᠨ ᠲᠠᠷᠢᠶᠠᠴᠢᠳ ᠲᠠᠨᠢᠵᠦ ᠮᠡᠳᠡᠬᠦ ᠦᠬᠡᠢ ᠬᠦᠮᠦᠰ ᠲᠠᠢ ᠠᠷᠠᠯᠵᠢᠶ᠎ᠠ ᠮᠠᠶᠢᠮᠠᠢ ᠬᠢᠬᠦ ᠳᠡᠭᠡᠨ ᠶᠠᠭᠠᠷᠠᠵᠦ ᠰᠠᠨᠳᠣᠷᠣᠯ ᠦᠬᠡᠢ ᠪᠠᠷ ᠯᠠᠪᠳᠠᠭᠤᠨ ᠤᠷᠤᠬᠤ ᠶᠢ ᠬᠢᠴᠢᠶᠡᠬᠦ ᠬᠡᠷᠡᠭᠳᠡᠢ᠃
        ᠪᠤᠳᠠᠳᠣ ᠬᠦᠮᠦᠨ ᠤᠰᠣᠨ ᠨᠢᠳᠦ ᠮᠢᠬᠠᠨ ᠵᠢᠷᠦᠬᠡ ᠲᠠᠢ ᠴᠤ ᠬᠠᠤᠯᠢ ᠴᠠᠭᠠᠵᠠ ᠪᠤᠯ ᠲᠡᠮᠦᠷ ᠨᠢᠭᠤᠷ ᠲᠠᠢ ᠪᠠᠶᠢᠳᠠᠭ᠃ ᠬᠡᠨ ᠨᠢᠬᠡᠨ ᠬᠦᠮᠦᠨ ᠬᠠᠤᠯᠢ ᠶᠢ ᠤᠯᠠᠨ ᠳᠠᠭᠠᠨ ᠬᠢᠰᠬᠢᠵᠦ  ᠬᠢᠷᠢ ᠠᠴᠠ ᠪᠠᠨ ᠲᠠᠪᠠᠭᠤᠷᠠᠵᠦ ᠠᠭᠠᠰᠢᠯᠠᠪᠠᠯ ᠬᠠᠤᠯᠢ ᠶᠢᠨ ᠬᠠᠳᠠᠭᠤ ᠨᠢᠳᠣᠷᠭᠠᠨ ᠳᠤ ᠬᠠᠶᠢᠷ᠎ᠠ ᠨᠠᠶᠢᠷ ᠦᠬᠡᠢ ᠦᠷᠳᠦᠬᠦ ᠯᠡ ᠪᠤᠯᠤᠨ᠎ᠠ᠃ ᠡᠶᠢᠮᠦ ᠠᠴᠠ ᠪᠢᠳᠡ ᠬᠠᠤᠯᠢ ᠶᠢ ᠲᠡᠭᠡᠳᠦᠯᠡᠨ᠂ ᠬᠠᠤᠯᠢ ᠶᠢ ᠰᠠᠬᠢᠵᠦ᠂ ᠬᠠᠤᠯᠢ ᠶᠢᠨ ᠤᠬᠠᠮᠰᠠᠷ ᠢᠶᠠᠷ ᠤᠴᠢᠷ ᠶᠠᠪᠤᠳᠠᠯ ᠳᠤ ᠵᠦᠪ ᠬᠠᠨᠳᠣᠵᠦ ᠰᠣᠷᠴᠠᠭᠠᠶ᠎ᠠ᠃
    


    
     

ᠢᠷᠡᠯᠲᠡ
  ᠠᠷᠤ ᠬᠤᠷᠴᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro