ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

  ︽ᠯᠣᠷᠵᠣᠣ ᠦᠭᠡᠰ︾  ᠡᠴᠡ ᠰᠡᠳᠦᠪᠯᠡᠬᠦ ᠨᠢ᠄ ᠬᠠᠨ᠎ᠠ ᠶᠢ ᠴᠤᠭᠤᠯᠵᠤ ᠭᠡᠷᠡᠯ ᠢ ᠠᠰᠢᠭᠯᠠᠪᠠ     

2024-03-21 15:35:44
ᠵᠣᠬᠢᠶᠠᠭᠴᠢ
ᠶᠤᠸᠠᠨ ᡁᠢ ᠪᠦᠧᠧ

 

 

ᠲᠡᠦᠬᠡ ᠶᠢᠨ ᠦᠯᠢᠭᠡᠷ ᠵᠢᠱᠢᠶ᠎ᠡ ᠪᠣᠯ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠣᠶᠣᠯ ᠤᠨ ᠤᠷᠲᠤ ᠤᠷᠤᠰᠬᠠᠯ ᠤᠨ ᠴᠢᠬᠤᠯᠠ ᠪᠦᠷᠢᠯᠳᠦᠭᠦᠨ ᠬᠡᠰᠡᠭ ᠮᠥᠨ᠂ ᠲᠡᠭᠦᠨ ᠳᠤ ᠡᠯᠪᠡᠭ ᠪᠠᠶᠠᠯᠢᠭ ᠲᠡᠦᠬᠡ ᠰᠣᠶᠣᠯ ᠤᠨ ᠠᠭᠤᠯᠤᠭᠳᠠᠬᠤᠨ ᠪᠠ ᠦᠨᠳᠦᠰᠦᠲᠡᠨ ᠤ ᠤᠶᠤᠨ ᠤᠬᠠᠭᠠᠨ ᠠᠭᠤᠯᠤᠭᠳᠠᠵᠤ ᠪᠠᠶᠢᠳᠠᠭ᠃  ᠡᠭᠦᠨ ᠳᠦ ᠣᠯᠠᠩᠬᠢ ᠯᠣᠷᠵᠣᠣ  ᠦᠭᠡᠰ ᠨᠢ ᠥᠷᠭᠡᠨ ᠳᠡᠯᠭᠡᠷ ᠳᠠᠮᠵᠢᠭᠳᠠᠨ ᠭᠦᠨ ᠭᠦᠨᠵᠡᠭᠡᠢ ᠰᠤᠷᠭᠠᠨ ᠬᠥᠮᠥᠵᠢᠭᠦᠯᠬᠦ ᠠᠴᠢ ᠬᠤᠯᠪᠣᠭᠳᠠᠯ ᠲᠠᠢ ᠪᠠᠶᠢᠵᠤ᠂ ᠪᠢᠳᠡᠨ ᠤ ᠲᠡᠦᠬᠡ ᠪᠠ ᠰᠣᠶᠣᠯ ᠢ ᠣᠶᠢᠯᠠᠭᠠᠬᠤ ᠴᠢᠬᠤᠯᠠ ᠠᠷᠭ᠎ᠠ ᠵᠠᠮ ᠪᠣᠯᠵᠠᠢ᠃ ᠪᠢᠳᠠ ᠯᠣᠷᠵᠣᠣ ᠦᠭᠡ ᠶᠢᠨ ᠳᠤᠮᠳᠠ ᠠᠴᠠ ᠲᠡᠦᠬᠡᠨ ᠳ᠋ᠡᠬᠢ ᠪᠠᠯᠠᠷᠠᠰᠢ ᠦᠭᠡᠢ ᠥᠯᠢᠭᠡᠷ ᠢ ᠬᠠᠶᠢᠵᠤ᠂ ᠬᠥᠮᠥᠨ ᠲᠥᠷᠥᠯᠬᠢᠲᠡᠨ ᠤ ᠪᠣᠯᠪᠠᠰᠤᠨ ᠤ ᠭᠡᠷᠡᠯ ᠭᠢᠯᠪᠠᠭ᠎ᠠ ᠶᠢ ᠮᠡᠳᠡᠷᠡᠳᠡᠭ ᠪᠢᠯᠡ᠂  ᠲᠡᠭᠡᠪᠡᠯ ᠡᠳᠡᠭᠡᠷ ᠯᠣᠷᠵᠣᠣ  ᠦᠭᠡᠰ ᠨᠢ ᠣᠳᠣ ᠦᠶ᠎ᠡ ᠶᠢᠨ ᠬᠠᠤᠯᠢ ᠴᠠᠭᠠᠵᠠ ᠵᠢᠨ ᠤᠷᠴᠢᠨ ᠳᠤ ᠶᠠᠮᠠᠷ ᠶᠠᠩᠵᠤ ᠶᠢᠨ ᠣᠴᠢ ᠦᠰᠦᠷᠭᠡᠳᠡᠭ ᠪᠣᠯ︖ ᠲᠤᠤᠷ᠎ᠠ ᠪᠢᠳᠡ ᠬᠠᠮᠲᠤ ᠪᠠᠷ ︽ᠯᠣᠷᠵᠣᠣ  ᠦᠭᠡᠰ︾ ᠤᠨ ᠰᠠᠩ ᠳᠤ ᠣᠷᠣᠶ᠎ᠠ ︕
      ︽ ᠬᠡᠷᠡᠮ ᠴᠤᠭᠤᠯᠵᠤ ᠭᠡᠷᠡᠯ ᠠᠰᠢᠭᠯᠠᠬᠤ ︾ ᠭᠡᠳᠡᠭ  ᠨᠢ ᠨᠢᠭᠡᠨ ᠶᠣᠭᠲᠠ ᠦᠯᠢᠭᠡᠷ ᠠᠴᠠ ᠤᠯᠠᠷᠢᠵᠤ ᠪᠦᠷᠢᠯᠳᠦᠭᠰᠡᠨ ᠬᠡᠪᠰᠢᠮᠡᠯ ᠬᠡᠯᠡᠯᠭᠡ ᠪᠠᠶᠢᠵᠤ᠂ ︽ᠰᠢ ᠵᠢᠩ ᠤᠨ ᠰᠤᠯᠠ ᠲᠡᠮᠳᠡᠭᠯᠡᠯ︾ ᠠᠴᠠ ᠢᠷᠡᠯᠲᠡᠢ᠃ ᠡᠨᠡ ᠬᠦ ᠬᠡᠪᠰᠢᠮᠡᠯ ᠬᠡᠯᠡᠯᠭᠡ ᠨᠢ ᠤᠤᠯ ᠨᠢ ᠪᠠᠷᠠᠭᠤᠨ ᠬᠠᠨ ᠤᠯᠤᠰ ᠤᠨ ᠺᠤᠸᠠᠩ ᠾᠧᠩ ᠬᠡᠷᠡᠮ ᠢ ᠴᠣᠭᠤᠯᠵᠤ ᠬᠥᠷᠰᠢ ᠵᠡᠷᠭᠡᠯᠡᠳᠡᠭᠡ ᠶᠢᠨ ᠢᠶᠠᠨ  ᠵᠤᠯᠠ ᠶᠢᠨ ᠭᠡᠷᠡᠯ ᠢ ᠵᠢᠭᠡᠯᠡᠵᠦ ᠨᠣᠮ ᠪᠢᠴᠢᠭ ᠣᠩᠰᠢᠵᠦ ᠪᠠᠢᠭᠰᠠᠨ ᠦᠯᠢᠭᠡᠷ ᠡᠴᠡ᠂ ᠬᠤᠵᠢᠮ ᠨᠢ ᠭᠡᠷ  ᠤᠨ ᠠᠮᠢᠳᠤᠷᠠᠯ ᠨᠢ ᠬᠦᠴᠢᠷᠲᠠᠢ  ᠴᠤ ᠰᠢᠷᠭᠠᠭᠤ ᠬᠠᠲᠠᠭᠤᠵᠢᠯᠲᠠᠢ ᠰᠤᠷᠤᠯᠴᠠᠳᠠᠭ ᠶᠠᠪᠤᠳᠠᠯ ᠢ ᠳᠥᠷᠰᠦᠯᠡᠳᠡᠭ ᠪᠣᠯᠣᠭᠰᠠᠨ ᠶᠤᠮ᠃
       ᠭᠡᠷ ᠤᠨ ᠠᠮᠢᠳᠤᠷᠠᠯ  ᠶᠠᠳᠠᠭᠤ ᠬᠦᠴᠢᠷᠳᠡᠯᠲᠡᠢ ᠠᠴᠠ ᠪᠣᠯᠵᠤ᠂ ᠺᠤᠸᠠᠩ ᠾᠧᠩ ᠡᠳᠦᠷ ᠲᠤ ᠪᠠᠨ ᠮᠠᠰᠢ ᠣᠯᠠᠨ ᠠᠵᠢᠯ ᠬᠢᠵᠦ ᠭᠡᠷ ᠢᠶᠠᠨ ᠲᠡᠵᠢᠭᠡᠳᠡᠭ ᠡᠴᠡ᠂ ᠭᠠᠭᠴᠠ ᠬᠦ ᠣᠷᠣᠢ ᠪᠣᠯᠬᠤ ᠳᠤ ᠰᠠᠶ᠋ᠢ  ᠰᠠᠨᠠᠭ᠎ᠠ ᠠᠮᠤᠷ ᠰᠤᠷᠤᠯᠴᠠᠵᠤ ᠳᠡᠢᠯᠳᠡᠭ ᠪᠠᠢᠵᠠᠢ᠃ ᠺᠤᠸᠠᠩ ᠾᠧᠩ ᠵᠤᠯᠠ ᠬᠤᠳᠠᠯᠳᠤᠨ ᠠᠪᠴᠤ ᠳᠡᠶᠢᠯᠬᠦ ᠦᠭᠡᠢ ᠪᠣᠯᠬᠤᠷ ᠪᠢᠴᠢᠭ ᠦᠵᠡᠵᠦ ᠰᠤᠷᠤᠯᠴᠠᠬᠤ ᠶᠢᠨ ᠠᠷᠭ᠎ᠠ ᠦᠭᠡᠢ ᠪᠠᠶᠢᠪᠠ᠃  ᠨᠢᠭᠡᠨ ᠡᠳᠦᠷ  ᠲᠡᠷᠡ ᠪᠠᠶᠠᠨᠵᠡᠷᠭᠡᠯᠡᠳᠡᠭᠡ  ᠨᠢ ᠬᠡᠳᠦᠨ ᠲᠠᠰᠤᠯᠭ᠎ᠠ ᠭᠡᠷ  ᠲᠤ ᠪᠠᠨ ᠴᠦᠮ ᠵᠤᠯᠠ ᠠᠰᠠᠭᠠᠵᠤ᠂ ᠶᠠᠭᠤ ᠪᠦᠬᠦᠨ ᠢ ᠭᠡᠷᠡᠯᠲᠦᠭᠦᠯᠵᠦ ᠳᠡᠢᠯᠳᠡᠭ ᠶᠢ ᠣᠯᠵᠦ  ᠮᠡᠳᠡᠭᠰᠡᠨ ᠦ ᠳᠠᠷᠠᠭ᠎ᠠ᠂ ᠭᠡᠷ ᠲᠦ ᠪᠠᠨ ᠬᠠᠷᠢᠭᠠᠳ ᠬᠡᠷᠡᠮ ᠳᠡᠭᠡᠷ᠎ᠡ ᠪᠠᠨ ᠰᠡᠮᠡᠭᠡᠷᠬᠡᠨ ᠨᠦᠬᠡ ᠴᠣᠭᠤᠯᠤᠭᠰᠠᠨ ᠳᠤ᠂ ᠵᠡᠷᠭᠡᠯᠡᠳᠡᠭᠡ ᠠᠶᠢᠯ ᠤᠨ  ᠵᠤᠯᠠ ᠶᠢᠨ ᠭᠡᠷᠡᠯ  ᠨᠢ ᠲᠡᠷᠡ ᠨᠦᠬᠡ ᠪᠠᠷ ᠨᠡᠪᠲᠡᠷᠡᠨ ᠤᠷᠤᠵᠤ ᠢᠷᠡᠪᠡ᠃ ᠲᠡᠷᠡ ᠡᠨᠡᠬᠦ ᠰᠤᠯᠠᠬᠠᠨ ᠭᠡᠷᠡᠯ ᠢ ᠠᠰᠢᠭᠯᠠᠨ᠂ ᠠᠩᠭᠠᠵᠦ ᠴᠠᠩᠭᠠᠭᠰᠠᠨ ᠮᠡᠲᠦ ᠨᠣᠮ ᠤᠩᠰᠢᠵᠤ᠂ ᠭᠡᠷ ᠤᠨ ᠢᠶᠠᠨ ᠨᠣᠮ ᠤᠳ ᠢ ᠢᠳᠡᠭ ᠢᠳᠡᠭ ᠢᠶᠠᠷ ᠪᠥᠬᠦᠳᠡ ᠶᠢ ᠤᠩᠰᠢᠵᠤ ᠳᠠᠭᠤᠰᠬᠠᠪᠠ᠃ ᠺᠤᠸᠠᠩ ᠾᠧᠩ ᠡᠨᠡ ᠮᠡᠲᠦ ᠪᠠᠷ ᠰᠢᠮᠳᠠᠨ  ᠰᠤᠷᠤᠯᠴᠠᠭᠰᠠᠭᠠᠷ ᠪᠠᠷᠠᠭᠤᠨ ᠬᠠᠨ ᠤᠯᠤᠰ ᠤᠨ ᠦᠶ᠎ᠡ ᠶᠢᠨ ᠠᠯᠳᠠᠷᠲᠤ ᠡᠷᠳᠡᠮᠲᠡᠨ ᠪᠣᠯᠤᠭᠰᠠᠨ ᠪᠠᠶᠢᠨ᠎ᠠ᠃
       ᠡᠨᠡ ᠦᠯᠢᠭᠡᠷ ᠠᠴᠠ ᠪᠢᠳᠡ ᠺᠤᠸᠠᠩ ᠾᠧᠩ ᠬᠠᠲᠠᠭᠤ ᠪᠡᠷᠬᠡᠰᠢᠶᠡᠯᠲᠡᠢ ᠣᠷᠴᠢᠨ ᠲᠣᠭᠤᠷᠢᠨ ᠳᠤ ᠮᠥᠨ ᠯᠡ ᠰᠢᠷᠭᠠᠭᠤ ᠬᠠᠲᠠᠭᠤᠵᠢᠯᠲᠠᠢ ᠴᠢᠷᠮᠠᠶᠢᠭᠰᠠᠨ ᠢ ᠣᠯᠵᠤ  ᠬᠠᠷᠠᠪᠠ᠂ ᠭᠡᠪᠡᠴᠦ ᠣᠳᠣ ᠦᠶ᠎ᠡ ᠶᠢᠨ ᠬᠠᠤᠯᠢ ᠴᠠᠭᠠᠵᠠ ᠶᠢᠨ ᠬᠦᠷᠢᠶ᠎ᠡ ᠴᠠᠷᠠᠭ᠎ᠠ ᠳᠤ ᠬᠡᠷᠡᠮ ᠢ ᠴᠤᠭᠤᠯᠵᠤ ᠠᠶᠢᠯ ᠰᠠᠭᠠᠬᠠᠯᠲᠠ ᠶᠢᠨ ᠢᠶᠠᠨ ᠵᠤᠯᠠ ᠶᠢᠨ ᠭᠡᠷᠡᠯ ᠢ  ᠠᠰᠢᠭᠯᠠᠬᠤ ᠨᠢ ᠠᠯᠪᠠᠨ ᠤ ᠪᠠ ᠬᠤᠪᠢ ᠶᠢᠨ ᠡᠳ᠋ ᠬᠤᠭᠰᠢᠯ ᠢ ᠡᠪᠳᠡᠭᠰᠡᠨ ᠳᠤ ᠲᠣᠭᠠᠴᠠᠭᠳᠠᠨ᠎ᠠ᠂ ᠬᠡᠳᠦᠶᠢᠪᠡᠷ ᠡᠨᠡᠬᠦ ᠦᠢᠯᠡ ᠠᠵᠢᠯᠯᠠᠭ᠎ᠠ ᠵᠢᠨ ᠤᠴᠠᠷᠠᠭᠤᠯᠤᠭᠰᠠᠨ  ᠬᠣᠬᠢᠷᠠᠯ ᠤᠨ ᠵᠣᠭᠤᠰ ᠤᠨ ᠲᠤᠭ᠎ᠠ ᠨᠢ ᠲᠡᠶᠢᠮᠦ ᠶᠡᠭᠡ ᠪᠢᠰᠢ ᠪᠤᠶᠤ ᠶᠠᠯ᠎ᠠ ᠬᠢᠭᠰᠡᠨ ᠳᠤ ᠲᠣᠭᠠᠴᠠᠭᠳᠠᠬᠤ ᠦᠭᠡᠢ ᠪᠣᠯᠪᠠᠴᠤ᠂ ᠦᠢᠯᠡ ᠠᠵᠢᠯᠭᠠᠳᠠᠨ ᠲᠥᠯᠥᠪᠦᠷᠢ ᠠᠴᠠ ᠵᠠᠶᠢᠯᠠᠬᠤ ᠶᠢᠨ ᠠᠷᠭ᠎ᠠ ᠦᠭᠡᠢ ᠶᠤᠮ᠃ ᠡᠭᠦᠨ ᠡᠴᠡ ᠴᠢᠨᠠᠭᠰᠢᠯᠠᠨ ᠬᠡᠷᠡᠮ ᠴᠣᠭᠤᠯᠵᠤ ᠭᠡᠷ ᠪᠠᠶᠢᠰᠢᠩ ᠤᠨ ᠳᠠᠭᠠᠭᠠᠴᠠ ᠶᠢᠨ ᠪᠦᠲᠦᠴᠡ ᠶᠢ ᠡᠪᠳᠡᠵᠦ᠂ ᠭᠡᠷ ᠪᠠᠶᠢᠰᠢᠩ ᠳᠤ ᠬᠦᠨᠳᠦ ᠨᠣᠴᠢᠲᠠᠢ ᠠᠮᠤᠷ ᠲᠦᠪᠰᠢᠨ ᠤ ᠭᠡᠨᠡᠳᠠᠯ ᠤᠴᠠᠷᠠᠭᠤᠯᠪᠠᠯ᠂ ᠡᠭᠦᠷᠭᠡᠯᠡᠬᠦ ᠶᠣᠰᠣᠲᠠᠢ ᠬᠠᠤᠯᠢ ᠶᠢᠨ ᠬᠠᠷᠢᠭᠤᠴᠠᠯᠭ᠎ᠠ ᠨᠢ ᠨᠡᠩ ᠶᠡᠭᠡ ᠪᠣᠯᠬᠤ ᠶᠤᠮ᠃ ᠮᠡᠳᠡᠭᠡᠯᠡᠯ ᠢ ᠦᠨᠳᠦᠰᠦᠯᠡᠪᠡᠯ᠂ ᠨᠢᠳᠤᠨᠤᠨ ᠤ 4 ᠰᠠᠷ᠎ᠠ ᠳᠤ ᠬᠠᠷᠪᠢᠨ ᠬᠤᠲᠠ ᠶᠢᠨ ᠰᠤᠩᠭᠠᠷᠢ ᠲᠣᠭᠤᠷᠢᠭ ᠲᠤ ᠡᠭᠦᠰᠦᠭᠰᠡᠨ ᠲᠤᠯᠭᠠᠭᠤᠷᠢ ᠬᠡᠷᠡᠮ ᠢ ᠳᠤᠷ᠎ᠠ ᠪᠠᠷ ᠢᠶᠠᠨ ᠨᠤᠷᠠᠭᠠᠭᠰᠠᠨ ᠬᠡᠷᠡᠭ ᠨᠢ ᠮᠠᠰᠢ ᠶᠡᠬᠡ ᠨᠦᠯᠦᠭᠡ ᠭᠠᠷᠭᠠᠵᠤ᠂ 5 ᠬᠥᠮᠥᠨ ᠢ ᠠᠳᠡᠯ  ᠳᠦ ᠤᠴᠠᠷᠠᠭᠤᠯᠵᠤ᠂  ᠬᠡᠷᠡᠭ ᠡᠲᠡᠭᠰᠡᠳ ᠨᠢ ᠠᠶᠤᠯᠲᠠᠢ ᠠᠷᠭ᠎ᠠ ᠪᠠᠷ ᠣᠯᠠᠨ ᠨᠡᠶᠢᠲᠡ ᠶᠢᠨ ᠠᠮᠤᠷ ᠲᠦᠪᠰᠢᠨ ᠳᠤ ᠬᠤᠣᠷ ᠬᠥᠨᠥᠭᠡᠯ ᠤᠴᠠᠷᠠᠭᠤᠯᠤᠭᠰᠠᠨ ᠶᠠᠯ᠎ᠠ ᠪᠠᠷ ᠡᠷᠡᠭᠦᠦ ᠶᠢᠨ ᠬᠠᠷᠢᠭᠤᠴᠠᠯᠭ᠎ᠠ ᠡᠭᠦᠷᠭᠡᠯᠡᠵᠡᠢ᠃ ᠲᠡᠭᠡᠪᠡᠯ ᠬᠠᠤᠯᠢ ᠴᠠᠭᠠᠵᠠ ᠶᠢᠨ ᠲᠠᠯ᠎ᠠ ᠠᠴᠠ ᠦᠵᠡᠪᠡᠯ᠂ ᠺᠤᠸᠠᠩ ᠾᠧᠩ ᠴᠣᠬᠤᠮ ᠶᠠᠮᠠᠷ ᠬᠠᠤᠯᠢ ᠴᠠᠭᠠᠵᠠ ᠶᠢᠨ ᠵᠦᠢᠯ ᠵᠤᠷᠪᠤᠰ ᠲᠤ ᠬᠠᠯᠳᠠᠭᠰᠠᠨ ᠪᠤᠢ ︖
     

 

 ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠬᠤᠶᠠᠷ ᠵᠠᠭᠤ ᠳᠠᠯᠠᠨ ᠲᠠᠪᠤᠳᠤᠭᠠᠷ ᠵᠦᠢᠯ ᠤᠨ ᠲᠣᠭᠲᠠᠭᠠᠯ ᠢ ᠦᠨᠳᠦᠰᠦᠯᠡᠪᠡᠯ᠄ ᠠᠯᠪᠠᠨ ᠤ ᠪᠠ ᠬᠤᠪᠢ ᠶᠢᠨ ᠡᠳ᠋ ᠮᠦᠩᠭᠦ  ᠶᠢ ᠵᠣᠷᠢᠭᠤᠳᠠ ᠡᠪᠳᠡᠨ ᠰᠦᠢᠳᠬᠡᠭᠰᠡᠨ ᠲᠤᠭ᠎ᠠ ᠬᠡᠮᠵᠢᠶ᠎ᠡ ᠨᠢ ᠨᠡᠯᠢᠶᠡᠳ ᠶᠡᠭᠡ ᠪᠤᠶᠤ ᠪᠤᠰᠤᠳ ᠬᠦᠨᠳᠦ ᠨᠣᠴᠢᠲᠠᠢ ᠤᠢᠯᠠ ᠪᠠᠶᠢᠳᠠᠯ ᠲᠠᠢ ᠪᠠᠶᠢᠪᠠᠯ᠂ ᠭᠤᠷᠪᠠᠨ ᠵᠢᠯ ᠠᠴᠠ ᠳᠣᠭᠤᠭᠰᠢ ᠬᠤᠭᠤᠴᠠᠭ᠎ᠠ ᠲᠠᠢ ᠬᠤᠷᠢᠬᠤ᠂ ᠬᠤᠷᠢᠵᠤ ᠬᠥᠳᠡᠯᠮᠦᠷᠢᠯᠡᠭᠦᠯᠬᠦ ᠪᠤᠶᠤ ᠵᠣᠭᠤᠰ ᠢᠶᠠᠷ ᠲᠣᠷᠭᠠᠬᠤ ᠪᠠᠷ ᠰᠢᠳᠬᠡᠨ᠎ᠡ᠃ ᠪᠤᠰᠤᠳ ᠣᠨᠴᠠᠭᠠᠶ ᠬᠦᠨᠳᠦ ᠨᠣᠴᠢᠲᠠᠢ ᠦᠢᠯᠡ ᠪᠠᠶᠢᠳᠠᠯ ᠲᠠᠢ ᠪᠠᠶᠢᠪᠠᠯ᠂ 3 ᠵᠢᠯ ᠠᠴᠠ ᠳᠡᠭᠡᠭᠰᠢ 7 ᠵᠢᠯ ᠠᠴᠠ ᠳᠣᠭᠤᠭᠰᠢ ᠬᠤᠭᠤᠴᠠᠭ᠎ᠠ ᠲᠠᠢ ᠬᠤᠷᠢᠬᠤ ᠪᠠᠷ ᠰᠢᠢᠳᠬᠡᠨ᠎ᠡ᠃

ᠢᠷᠡᠯᠲᠡ
ᠬᠦᠬᠡᠬᠤᠲᠠ ᠵᠢᠨ ᠦᠴᠤᠸᠠᠨ ᠰᠢᠶᠠᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro