ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠬᠣᠷᠢᠵᠤ ᠬᠥᠳᠡᠯᠮᠦᠷᠢᠯᠡᠭᠦᠯᠬᠦ ᠶᠠᠯᠠᠲᠠᠨ   ᠦ 《ᠭᠡᠷ ᠲᠡᠬᠡᠨ ᠬᠠᠷᠢᠬᠤ ᠡᠷᠬᠡ 》   ᠶᠢ  ᠪᠠᠲᠤᠯᠠᠬᠤ ᠲᠤᠬᠠᠢ

2024-04-29 11:10:43
ᠵᠣᠬᠢᠶᠠᠭᠴᠢ
ᠭᠥᠸᠧ ᠶᠠᠨ ᠮᠧᠢ

ᠺᠢᠨᠣ᠋ 《 ᠬᠣᠷᠢᠳᠤᠭᠠᠷ ᠵᠦᠢᠯ 》 ᠨᠢ ᠨᠡᠶᠢᠭᠡᠮ ᠨᠡᠶᠢᠲᠡ   ᠶᠢᠨ ᠡᠷᠡᠭᠦᠦ  ᠶᠢᠨ ᠬᠠᠤᠯᠢ ᠶᠢᠨ ᠵᠦᠶ ᠶᠣᠰᠣᠨ  ᠦ ᠬᠠᠮᠠᠭᠠᠯᠠᠯᠲᠠ   ᠶᠢᠨ 《ᠤᠨᠲᠠᠭᠰᠠᠨ ᠵᠦᠢᠯ ᠵᠤᠷᠪᠤᠰ 》 ᠤᠨ ᠲᠤᠬᠠᠶ ᠥᠷᠭᠡᠨ ᠳᠡᠯᠭᠡᠷ ᠠᠩᠬᠠᠷᠤᠯ   ᠢ ᠲᠠᠲᠠᠭᠰᠠᠨ ᠪᠠᠶᠢᠨ᠎ᠠ ᠃ ᠦᠨᠡᠨ  ᠳᠡᠬᠡᠨ ᠂ ᠣᠯᠠᠨ ᠨᠡᠶᠢᠲᠡ ᠶᠢᠨ ᠲᠠᠨᠢᠯ ᠪᠤᠰᠤ ᠬᠢᠨᠠᠨ ᠬᠠᠮᠢᠶᠠᠷᠬᠤ ᠲᠠᠯᠠᠪᠤᠷ ᠲᠤ ᠂ ᠬᠣᠷᠢᠭᠳᠠᠵᠤ ᠪᠠᠶᠢᠭ᠎ᠠ ᠬᠥᠮᠦᠨ   ᠦ ᠡᠷᠬᠡ ᠠᠰᠢᠭ  ᠢ ᠪᠠᠲᠤᠯᠠᠬᠤ ᠲᠠᠯ᠎ᠠ ᠪᠠᠷ ᠴᠤ ᠡᠶᠢᠮᠦᠷᠬᠦ ︽ᠤᠨᠲᠠᠭᠰᠠᠨ ᠵᠦᠶᠯ ᠵᠤᠷᠪᠤᠰ ︾ ᠣᠷᠣᠰᠢᠵᠤ ᠪᠠᠶᠢᠳᠠᠭ ᠃ ᠣᠷᠴᠢᠮᠬᠠᠨ ᠳᠦ ᠵᠢᠶᠠᠩᠰᠦ ᠮᠤᠵᠢ  ᠶᠢᠨ ᠨᠠᠨᠵᠢᠩ ᠬᠣᠲᠠ   ᠶᠢᠨ ᠰᠢᠤᠸᠠᠨ ᠡᠦ ᠲᠣᠭᠣᠷᠢᠭ ᠤᠨ ᠪᠠᠶᠢᠴᠠᠭᠠᠬᠤ ᠬᠣᠷᠢᠶᠠᠨ   ᠠᠴᠠ ᠬᠣᠷᠢᠵᠤ ᠬᠥᠳᠡᠯᠮᠦᠷᠢᠯᠡᠭᠦᠯᠬᠦ ᠪᠡᠷ ᠰᠢᠳᠬᠡᠭᠳᠡᠭᠰᠡᠨ ᠶᠠᠯᠠᠲᠠᠨ ᠭᠡᠷ ᠲᠡᠬᠡᠨ ᠬᠠᠷᠢᠵᠤ  ᠤᠷᠤᠰᠢᠭᠤᠯᠭ᠎ᠠ ᠳᠤ   ᠤᠷᠤᠯᠴᠠᠬᠤ ᠶᠢ ᠵᠥᠪᠰᠢᠶᠡᠷᠡᠬᠦ   ᠶᠢ ᠰᠠᠨᠠᠭᠤᠯᠵᠤ ᠂ ᠪᠠᠰᠠ ᠨᠢᠭᠡ ᠵᠤᠷᠪᠤᠰ 《ᠤᠨᠲᠠᠭᠰᠠᠨ ᠵᠦᠢᠯ ᠵᠤᠷᠪᠤᠰ 》  ᠢ  ᠠᠮᠢᠯᠠᠭᠤᠯᠵᠠᠢ ᠃

ᠡᠨᠡ ᠵᠢᠯ  ᠤᠨ 2 ᠰᠠᠷ᠎ᠠ  ᠶᠢᠨ 5  ᠦ ᠡᠳᠦᠷ᠂ ᠶᠤᠸᠠᠢ ᠣᠪᠣᠭᠲᠤ ᠠᠶᠤᠯᠲᠠᠶ ᠪᠠᠷ ᠲᠡᠷᠭᠡ ᠵᠢᠯᠣᠭᠣᠳᠤᠭᠰᠠᠨ ᠶᠠᠯ᠎ᠠ ᠬᠢᠭᠰᠡᠨ ᠡᠴᠡ ᠪᠤᠯᠵᠤ ᠰᠢᠭᠦᠬᠦ ᠬᠣᠷᠢᠶᠠᠨ  ᠡᠴᠡ ᠲᠡᠭᠦᠨ  ᠢ ᠬᠣᠶᠠᠷ ᠰᠠᠷ᠎ᠠ  ᠵᠢᠨ ᠭᠠᠳᠠᠨ᠎ᠠ ᠬᠣᠷᠢᠨ ᠲᠠᠪᠤᠨ ᠡᠳᠦᠷ ᠬᠣᠷᠢᠵᠤ ᠬᠥᠳᠡᠯᠮᠦᠷᠢᠯᠡᠭᠦᠯᠬᠦ ᠪᠡᠷ ᠰᠢᠳᠬᠡᠵᠦ᠂ 4000 ᠲᠥᠭᠥᠷᠢᠭ  ᠢᠶᠠᠷ ᠲᠣᠷᠭᠠᠬᠤ ᠪᠠᠷ ᠨᠡᠶᠢᠯᠡᠭᠦᠯᠦᠨ ᠰᠢᠳᠬᠡᠪᠡ᠃ ᠰᠢᠭᠦᠨ ᠲᠠᠰᠤᠯᠤᠯᠲᠠ ᠬᠦᠴᠦᠨ ᠲᠡᠶ ᠪᠣᠯᠤᠭᠰᠠᠨ  ᠦ ᠳᠠᠷᠠᠭ᠎ᠠ ᠶᠤᠸᠠᠢ ᠣᠪᠣᠭᠲᠤ   ᠶᠢ ᠨᠠᠨᠵᠢᠩ ᠬᠣᠲᠠ  ᠶᠢᠨ ᠨᠢᠭᠡᠨ ᠬᠣᠷᠢᠭᠤᠯ  ᠤᠨ ᠭᠠᠵᠠᠷ ᠲᠤ ᠲᠤᠰᠢᠶᠠᠵᠤ ᠡᠷᠡᠭᠦᠦ ᠰᠢᠳᠭᠡᠯ ᠭᠦᠢᠴᠡᠳᠬᠡᠭᠦᠯᠪᠡ ᠃ ᠡᠷᠡᠭᠦᠦ  ᠶᠢᠨ ᠬᠤᠭᠤᠴᠠᠭᠠᠨ  ᠳᠦ ᠶᠤᠸᠠᠢ ᠣᠪᠣᠭᠲᠤ  ᠶᠢᠨ ᠡᠴᠢᠭᠡ ᠨᠢ ᠵᠣᠯ ᠪᠤᠰᠤ ᠪᠠᠷ ᠡᠪᠡᠳᠴᠢᠨ  ᠢᠶᠡᠷ ᠨᠠᠰᠤ ᠪᠠᠷᠠᠭᠰᠠᠨ  ᠳᠤ ᠶᠤᠸᠠᠢ ᠣᠪᠣᠭᠲᠤ ᠣᠯᠵᠤ ᠮᠡᠳᠡᠭᠰᠡᠨ  ᠤ ᠳᠠᠷᠠᠭ᠎ᠠ ᠰᠡᠳᠬᠢᠯ ᠰᠠᠨᠠᠭ᠎ᠠ ᠨᠢ ᠬᠦᠨᠳᠦᠷᠡᠵᠦ᠂ ᠵᠠᠬᠢᠷᠤᠨ ᠰᠤᠷᠭᠠᠬᠤ ᠺᠠᠳ᠋ᠷ ᠴᠠᠭᠳᠠᠭ᠎ᠠ  ᠳᠤ ᠭᠡᠷ ᠲᠡᠬᠡᠨ ᠬᠠᠷᠢᠵᠤ ᠣᠷᠣᠰᠢᠭᠤᠯᠭ᠎ᠠ  ᠶᠢᠨ ᠶᠣᠰᠣᠯᠠᠯ  ᠳᠦ ᠣᠷᠣᠯᠴᠠᠬᠤ  ᠶᠢᠨ ᠬᠠᠮᠲᠤ ᠨᠥᠭᠴᠢᠭᠰᠡᠨ ᠡᠴᠢᠭᠡ ᠪᠡᠨ ᠳᠠᠭᠢᠵᠤ᠂ ᠣᠷᠣᠰᠢᠭᠤᠯᠭ᠎ᠠ  ᠶᠢᠨ ᠶᠠᠪᠤᠳᠠᠯ  ᠢ ᠰᠢᠶᠳᠪᠦᠷᠢᠯᠡᠬᠦ  ᠶᠢ ᠬᠦᠰᠡᠵᠡᠶ᠃

ᠰᠠᠬᠢᠨ ᠬᠣᠷᠢᠬᠤ ᠭᠠᠵᠠᠷ ᠶᠤᠸᠠᠢ ᠣᠪᠣᠭᠲᠤ  ᠶᠢᠨ ᠭᠤᠶᠤᠴᠢᠯᠠᠯ  ᠢ ᠣᠯᠤᠭᠰᠠᠨ  ᠤ ᠲᠠᠷᠠᠭ᠎ᠠ᠂ ᠰᠢᠤᠸᠠᠨ ᠡᠦ ᠲᠣᠭᠣᠷᠢᠭ  ᠤᠨ ᠪᠠᠶᠢᠴᠠᠭᠠᠬᠤ ᠬᠣᠷᠢᠶᠠᠨ  ᠳᠤ ᠬᠢᠨᠠᠯᠲᠠ ᠲᠠᠯᠪᠢᠭᠤᠯᠬᠤ ᠪᠠᠷ ᠳᠡᠪᠰᠢᠭᠦᠯᠪᠡ᠃ ᠲᠤᠰ ᠬᠣᠷᠢᠶᠠᠨ  ᠤ ᠰᠠᠭᠤᠭ᠎ᠠ ᠭᠠᠵᠠᠷ  ᠤᠨ ᠪᠠᠶᠢᠴᠠᠭᠠᠬᠤ ᠲᠠᠰᠤᠭ ᠬᠣᠯᠪᠣᠭᠳᠠᠯ ᠪᠦᠬᠦᠢ ᠬᠡᠷᠡᠭ  ᠤᠨ ᠪᠠᠶᠢᠳᠠᠯ ᠵᠢᠴᠢ ᠶᠤᠸᠠᠢ ᠣᠪᠣᠭᠲᠤ   ᠶᠢᠨ ᠡᠷᠡᠭᠦᠦ ᠰᠢᠳᠬᠡᠯ ᠭᠦᠢᠴᠡᠳᠬᠡᠭᠰᠡᠨ ᠡᠴᠡ ᠨᠠᠰᠢᠬᠢ ᠬᠣᠯᠪᠣᠭᠳᠠᠯ ᠪᠦᠬᠦᠢ ᠢᠯᠡᠷᠡᠯ  ᠢ  ᠣᠶᠢᠯᠠᠭᠠᠵᠤ ᠂ ᠰᠠᠬᠢᠨ ᠬᠠᠷᠠᠬᠤ ᠭᠠᠵᠠᠷ ᠲᠠᠶ ᠬᠠᠮᠲᠤ ᠪᠠᠷ ᠰᠤᠳᠤᠯᠤᠨ ᠮᠠᠭᠠᠳᠯᠠᠵᠤ ᠵᠥᠪᠳᠡᠯᠴᠡᠭᠡᠳ ᠂ ᠬᠣᠯᠪᠣᠭᠳᠠᠯ ᠪᠦᠬᠦᠢ ᠭᠠᠷ ᠭᠦᠢᠴᠡᠳᠬᠡᠯ  ᠢ ᠲᠡᠭᠦᠯᠳᠡᠷᠵᠢᠭᠦᠯᠦᠭᠰᠡᠨ  ᠦ ᠳᠠᠷᠠᠭ᠎ᠠ ᠶᠤᠸᠠᠢ ᠣᠪᠣᠭᠲᠤ   ᠶᠢᠨ ᠴᠢᠯᠥᠭᠡ ᠭᠤᠶᠤᠬᠤ ᠭᠤᠶᠤᠴᠢᠯᠠᠯ   ᠢ ᠬᠠᠤᠯᠢ ᠶᠣᠰᠣᠭᠠᠷ ᠵᠥᠪᠰᠢᠶᠡᠷᠡᠭᠦᠯᠬᠦ ᠪᠡᠷ ᠲᠣᠭᠲᠠᠪᠠ ᠃ ᠲᠠᠷᠠᠭ᠎ᠠ ᠨᠢ᠂ ᠶᠤᠸᠠᠢ ᠣᠪᠣᠭᠲᠤ ᠭᠡᠷ ᠲᠡᠬᠡᠨ ᠬᠠᠷᠢᠵᠤ ᠡᠴᠢᠭᠡ ᠶᠢᠨ ᠢᠶᠡᠨ ᠣᠷᠣᠰᠢᠭᠤᠯᠭ᠎ᠠ  ᠶᠢᠨ ᠶᠣᠰᠣᠯᠠᠯ  ᠳᠦ ᠣᠷᠣᠯᠴᠠᠭᠰᠠᠨ ᠪᠥᠭᠡᠳ ᠭᠡᠷ  ᠤᠨ ᠢᠶᠠᠨ ᠬᠣᠯᠪᠣᠭᠳᠠᠯ ᠪᠦᠭᠦᠢ ᠤᠴᠢᠷ ᠶᠠᠪᠤᠳᠠᠯ  ᠢ ᠲᠣᠬᠢᠷᠠᠭᠤᠯᠤᠭᠰᠠᠨ  ᠦ ᠲᠠᠷᠠᠭ᠎ᠠ᠂ ᠲᠣᠭᠲᠠᠭᠰᠠᠨ ᠴᠠᠭ  ᠤᠨ ᠳᠣᠲᠣᠷ᠎ᠠ ᠠᠮᠤᠷ ᠲᠦᠪᠰᠢᠨ  ᠢᠶᠠᠷ ᠰᠠᠬᠢᠨ ᠬᠣᠷᠢᠬᠤ ᠭᠠᠵᠠᠷ  ᠲᠤ ᠪᠠᠨ ᠪᠤᠴᠠᠵᠤ ᠦᠷᠭᠦᠯᠵᠢᠯᠡᠨ ᠡᠷᠡᠭᠦᠦ ᠰᠢᠳᠬᠡᠯ ᠭᠦᠢᠴᠡᠳᠬᠡᠪᠡ᠃          

《ᠡᠷᠡᠭᠦᠦ ᠶᠢᠨ ᠬᠠᠤᠯᠢ ᠶᠢᠨ ᠳᠥᠴᠢᠨ ᠭᠤᠷᠪᠠᠳᠤᠭᠠᠷ ᠵᠦᠢᠯ  ᠳᠦ᠂ ᠭᠦᠢᠴᠡᠳᠬᠡᠬᠦ ᠬᠤᠭᠤᠴᠠᠭᠠᠨ ᠳᠦ ᠬᠣᠷᠢᠵᠤ ᠬᠥᠳᠡᠯᠮᠦᠷᠢᠯᠡᠭᠦᠯᠬᠦ ᠪᠡᠷ ᠰᠢᠳᠬᠡᠭᠳᠡᠭᠰᠡᠨ ᠶᠠᠯᠠᠲᠤ ᠡᠲᠡᠭᠡᠳ ᠰᠠᠷ᠎ᠠ ᠪᠦᠷᠢ ᠭᠡᠷ ᠲᠡᠬᠡᠨ ᠬᠠᠷᠢᠵᠤ ᠪᠣᠯᠤᠨ᠎ᠠ ᠭᠡᠵᠦ ᠲᠣᠭᠲᠠᠭᠠᠭᠰᠠᠨ ᠪᠣᠯᠪᠠᠴᠤ ᠬᠠᠤᠯᠢ ᠴᠠᠭᠠᠵᠠ  ᠶᠢᠨ ᠦᠢᠯᠡᠳᠦᠯᠭᠡ   ᠶᠢᠨ ᠳᠤᠮᠳᠠ᠂ ᠬᠢᠨᠠᠯᠲᠠ ᠬᠠᠮᠢᠶᠠᠷᠤᠯᠲᠠ  ᠶᠢᠨ ᠠᠶᠤᠯᠭᠦᠶ  ᠶᠢ ᠪᠣᠳᠣᠯᠬᠢᠯᠠᠬᠤ ᠡᠭᠦᠳᠡᠨ ᠡᠴᠡ᠂ ᠬᠣᠷᠢᠵᠤ ᠬᠥᠳᠡᠯᠮᠦᠷᠢᠯᠡᠭᠦᠯᠦᠭᠰᠡᠨ ᠶᠠᠯᠠᠳᠠᠨ ᠤ ︽ᠭᠡᠷ ᠲᠡᠬᠡᠨ ᠬᠠᠷᠢᠬᠤ ᠡᠷᠬᠡ︾ ᠨᠢ ᠶᠡᠷᠦ ᠨᠢ  ᠤᠨᠲᠠᠭᠰᠠᠨ ᠪᠠᠶᠢᠳᠠᠯ  ᠳᠤ ᠪᠠᠶᠢᠳᠠᠭ᠃》 ᠰᠢᠤᠸᠠᠨ ᠡᠦ ᠲᠣᠭᠣᠷᠢᠭ  ᠤᠨ ᠪᠠᠶᠢᠴᠠᠭᠠᠬᠤ ᠬᠣᠷᠢᠶᠠᠨ  ᠤ ᠬᠡᠷᠡᠭ  ᠰᠢᠢᠳᠪᠦᠷᠢᠯᠡᠭᠰᠡᠨ ᠪᠠᠶᠢᠴᠠᠭᠠᠭᠴᠢ   ᠶᠢᠨ ᠲᠠᠨᠢᠯᠴᠠᠭᠤᠯᠤᠭᠰᠠᠨ  ᠢᠶᠡᠷ ᠂ 《 ᠡᠨᠡ ᠤᠳᠠᠭ᠎ᠠ ᠶᠤᠸᠠᠢ ᠣᠪᠣᠭᠲᠤ   ᠶᠢᠨ ᠭᠡᠷ ᠲᠡᠬᠡᠨ ᠬᠠᠷᠢᠵᠤ ᠨᠥᠭᠴᠢᠭᠰᠡᠨ ᠡᠴᠢᠭᠡ ᠪᠡᠨ ᠳᠠᠭᠢᠬᠤ   ᠶᠢ ᠵᠥᠪᠰᠢᠶᠡᠷᠡᠭᠰᠡᠨ ᠶᠠᠪᠤᠳᠠᠯ ᠪᠣᠯ ᠬᠣᠷᠢᠭᠳᠠᠵᠤ ᠪᠠᠶᠢᠭ᠎ᠠ ᠬᠥᠮᠦᠨ  ᠤ ᠬᠠᠤᠯᠢ ᠶᠣᠰᠣᠨ  ᠤ ᠡᠷᠬᠡ ᠠᠰᠢᠭ   ᠢ  ᠪᠠᠲᠤᠯᠠᠭᠰᠠᠨ ᠪᠣᠳᠠᠲᠠᠶ ᠢᠯᠡᠷᠡᠯ ᠮᠥᠨ ᠂ ᠪᠠᠰᠠ ᠴᠤ ᠬᠣᠷᠢᠵᠤ ᠬᠥᠳᠡᠯᠮᠦᠷᠢᠯᠡᠭᠦᠯᠦᠭᠰᠡᠨ ᠶᠠᠯᠠᠲᠠᠨ  ᠤ ︽ ᠤᠨᠲᠠᠭᠰᠠᠨᠡᠷᠬᠡ ︾   ᠶᠢ ᠳᠠᠬᠢᠨ ᠪᠠᠶᠢᠴᠠᠭᠠᠵᠤ ᠪᠠᠶᠢᠭ᠎ᠠ ᠶᠠᠪᠤᠳᠠᠯ ᠮᠥᠨ 》 ᠭᠡᠵᠡᠶ ᠃

ᠨᠠᠶᠢᠷᠠᠭᠤᠯᠤᠭᠴᠢ  ᠶᠢᠨ ᠲᠡᠮᠳᠡᠭᠯᠡᠯ

︽ ᠬᠡᠷ ᠲᠡᠬᠡᠨ ᠬᠠᠷᠢᠵᠤ ᠪᠣᠯᠤᠨ᠎ᠠ ︾ ᠭᠡᠳᠡᠭ ᠨᠢ ᠨᠡᠶᠢᠭᠡᠮ  ᠳᠦ ᠨᠠᠩ ᠰᠠᠶᠢᠨ ᠪᠤᠴᠠᠵᠤ ᠢᠷᠡᠬᠦ  ᠶᠢᠨ ᠲᠥᠯᠥᠭᠡ ᠶᠤᠮ᠃

ᠬᠣᠷᠢᠵᠤ ᠬᠥᠳᠡᠯᠮᠦᠷᠢᠯᠡᠭᠦᠯᠬᠦ ᠪᠡᠷ ᠰᠢᠳᠬᠡᠭᠳᠡᠭᠰᠡᠨ ᠶᠠᠯᠠᠳᠠᠨ  ᠦ 《ᠭᠡᠷ ᠲᠡᠬᠡᠨ ᠬᠠᠷᠢᠬᠤ ᠡᠷᠬᠡ》  ᠳᠦ ᠬᠠᠤᠯᠢ ᠴᠠᠭᠠᠵᠠ  ᠶᠢᠨ ᠲᠣᠭᠲᠠᠭᠠᠯ ᠲᠠᠶ ᠪᠠᠶᠢᠳᠠᠭ᠃ ᠬᠣᠷᠢᠵᠤ ᠬᠥᠳᠡᠯᠮᠦᠷᠢᠯᠡᠭᠦᠯᠬᠦ ᠪᠣᠯ ᠶᠠᠯ᠎ᠠ ᠬᠢᠭᠰᠡᠨ ᠤᠢᠯᠠ ᠪᠠᠶᠢᠳᠠᠯ ᠨᠢ ᠬᠦᠩᠭᠡᠠ ᠶᠡᠯᠡᠳᠡᠠ  ᠳᠦ ᠬᠡᠷᠡᠭᠯᠡᠬᠦ ᠨᠢᠭᠡ ᠵᠦᠢᠯ  ᠤᠨ ᠡᠷᠡᠭᠦᠦ  ᠶᠢᠨ ᠰᠢᠳᠬᠡᠯ  ᠤᠨ ᠠᠷᠭ᠎ᠠ ᠪᠠᠷᠢᠯ ᠮᠥᠨ᠃ ᠡᠷᠡᠭᠦᠦ  ᠶᠢᠨ ᠬᠠᠤᠯᠢ  ᠶᠢᠨ ᠳᠥᠴᠢᠨ ᠭᠤᠷᠪᠠᠳᠤᠭᠠᠷ ᠵᠦᠢᠯ  ᠳᠦ᠂ ᠭᠦᠢᠴᠡᠳᠬᠡᠬᠦ ᠬᠤᠭᠤᠴᠠᠭᠠᠨ  ᠳᠦ ᠬᠣᠷᠢᠵᠤ ᠬᠥᠳᠡᠯᠮᠦᠷᠢᠯᠡᠭᠦᠯᠬᠦ ᠪᠡᠷ ᠰᠢᠳᠬᠡᠭᠳᠡᠭᠰᠡᠨ ᠶᠠᠯᠠᠲᠤ ᠡᠲᠡᠭᠡᠳ ᠰᠠᠷ᠎ᠠ ᠪᠦᠷᠢ ᠭᠡᠷ ᠲᠡᠬᠡᠨ ᠬᠠᠷᠢᠵᠤ ᠨᠢᠭᠡ ᠡᠴᠡ ᠬᠣᠶᠠᠷ ᠡᠳᠦᠷ ᠪᠣᠯᠤᠨ᠎ᠠ ᠭᠡᠵᠦ ᠲᠣᠭᠲᠠᠭᠠᠵᠠᠶ᠃

ᠦᠢᠯᠡᠳᠦᠯᠭᠡ   ᠶᠢᠨ ᠳᠤᠮᠳᠠ᠂ ᠡᠷᠡᠭᠦᠦ  ᠶᠢᠨ ᠬᠠᠤᠯᠢ  ᠶᠢᠨ ᠳᠥᠴᠢᠨ ᠭᠤᠷᠪᠠᠳᠤᠭᠠᠷ ᠵᠦᠢᠯ ᠵᠠᠷᠢᠮ ᠭᠠᠵᠠᠷ ᠣᠷᠣᠨ  ᠳᠦ 《 ᠤᠨᠲᠠᠭᠰᠠᠨ ᠪᠠᠶᠢᠳᠠᠯ》  ᠳᠦ ᠣᠷᠣᠰᠢᠵᠤ᠂ ᠬᠣᠷᠢᠵᠤ ᠬᠥᠳᠡᠯᠮᠦᠷᠢᠯᠡᠭᠦᠯᠬᠦ ᠶᠠᠯᠠᠳᠠᠨ ᠤ 《ᠭᠡᠷ ᠲᠡᠬᠡᠨ ᠬᠠᠷᠢᠬᠤ ᠡᠷᠬᠡ》 ᠶᠢ ᠶᠡᠷᠦ   ᠨᠢ ᠭᠦᠢᠴᠡᠳ ᠴᠢᠬᠤᠯᠠᠴᠢᠯᠠᠨ ᠦᠵᠡᠵᠦ ᠪᠠᠲᠤᠯᠠᠵᠤ ᠴᠢᠳᠠᠬᠤ ᠦᠭᠡᠢ ᠪᠠᠶᠢᠳᠠᠭ᠃ ᠶᠠᠭᠤᠨ  ᠤ ᠤᠴᠢᠷ   ᠠᠴᠠ ᠡᠨᠡ ᠬᠦ ᠬᠠᠤᠯᠢ   ᠶᠢ ᠬᠡᠷᠡᠭᠯᠡᠬᠦ ᠨᠣᠷᠮ᠎ᠠ ᠨᠢ ᠥᠨᠳᠥᠷ ᠪᠢᠰᠢ ᠪᠤᠶ᠂ ᠬᠠᠤᠯᠢ  ᠶᠢᠨ ᠵᠦᠢᠯ ᠵᠤᠷᠪᠤᠰ ᠲᠤ ᠶᠡᠯᠡᠳᠡᠠ  ᠦ ᠭᠡᠷ ᠲᠡᠬᠡᠨ ᠬᠠᠷᠢᠬᠤ ᠠᠰᠠᠭᠤᠳᠠᠯ  ᠳᠦ 《ᠪᠣᠯᠤᠨ᠎ᠠ》 ᠭᠡᠳᠡᠭ  ᠢ ᠬᠡᠷᠡᠭᠯᠡᠵᠡᠶ᠂ ᠬᠠᠷᠢᠨ 《ᠶᠣᠰᠣᠲᠠᠶ》 ᠭᠡᠳᠡᠭ  ᠢ ᠬᠡᠷᠡᠭᠯᠡᠭᠰᠡᠨ ᠪᠢᠰᠢ᠂ ᠲᠤᠬᠠᠶᠢᠯᠠᠪᠠᠯ ᠬᠢᠨᠠᠨ ᠬᠠᠮᠢᠶᠠᠷᠬᠤ ᠪᠠᠶᠢᠭᠤᠯᠭ᠎ᠠ  ᠡᠴᠡ ᠶᠡᠯᠡᠳᠡᠠ  ᠤ ᠡ᠊ᠩ  ᠤᠨ ᠦᠶ᠎ᠡ  ᠶᠢᠨ ᠢᠯᠡᠷᠡᠯ᠂ ᠲᠡᠬᠢᠠ ᠶᠠᠯ᠎ᠠ ᠬᠢᠬᠦ ᠠᠶᠤᠯ ᠲᠦᠭᠰᠢᠭᠦᠷᠢ᠂ ᠨᠡᠶᠢᠭᠡᠮ  ᠤᠨ ᠬᠣᠣᠷ ᠬᠦᠨᠤᠭᠡᠯᠳᠤ ᠴᠢᠨᠠᠷ ᠵᠡᠷᠭᠡ ᠪᠣᠳᠠᠲᠤ ᠪᠠᠶᠢᠳᠠᠯ ᠲᠠᠶ ᠤᠶᠠᠯᠳᠤᠭᠤᠯᠤᠨ ᠲᠡᠭᠦᠨ  ᠤ ᠭᠡᠷ ᠲᠡᠬᠡᠨ ᠬᠠᠷᠢᠬᠤ  ᠶᠢ ᠵᠥᠪᠰᠢᠶᠡᠷᠡᠬᠦ ᠡᠰᠡᠬᠦ  ᠶᠢ ᠰᠤᠳᠤᠯᠤᠨ ᠮᠠᠭᠠᠳᠯᠠᠬᠤ ᠬᠡᠷᠡᠭᠲᠡᠶ᠃ 《 ᠶᠠᠯᠠᠲᠠᠨ   ᠢ ᠭᠡᠷ ᠲᠦ ᠨᠢ ᠬᠠᠷᠢᠭᠤᠯᠬᠤ 》 ᠨᠢ ᠶᠠᠯᠠᠲᠠᠨ   ᠢ ᠴᠢᠩᠭ᠎ᠠ ᠬᠠᠮᠢᠶᠠᠷᠴᠤ ᠪᠠᠶᠢᠭ᠎ᠠ ᠬᠢᠨᠠᠨ ᠬᠠᠮᠢᠶᠠᠷᠬᠤ ᠲᠠᠯᠠᠪᠤᠷ   ᠡᠴᠡ ᠰᠠᠯᠭᠠᠵᠤ ᠂ ᠬᠢᠨᠠᠨ ᠬᠠᠮᠢᠶᠠᠷᠬᠤ ᠠᠶᠤᠯ ᠲᠦᠭᠰᠢᠭᠦᠷᠢ ᠵᠠᠶᠢᠯᠠᠰᠢ ᠦᠭᠡᠶ ᠣᠷᠣᠰᠢᠬᠤ ᠪᠣᠯᠤᠨ᠎ᠠ ᠭᠡᠳᠡᠭ   ᠢ ᠬᠠᠷᠠᠭᠤᠯᠵᠤ ᠪᠠᠶᠢᠨ᠎ᠠ ᠃ ᠡᠶᠢᠮᠦ ᠡᠴᠡ ᠬᠢᠨᠠᠮᠠᠭᠠᠶ ᠪᠣᠯᠭᠣᠮᠵᠢᠲᠠᠶ ᠪᠣᠳᠣᠯᠬᠢᠯᠠᠭᠰᠠᠨ  ᠤ ᠬᠠᠷᠠᠭ᠎ᠠ ᠪᠠᠷ ᠴᠥᠭᠡᠨ ᠪᠤᠰᠤ ᠬᠢᠨᠠᠨ ᠬᠠᠮᠢᠶᠠᠷᠬᠤ ᠪᠠᠶᠢᠭᠤᠯᠭ᠎ᠠ ᠡᠨᠡ ᠬᠦ ᠬᠠᠤᠯᠢ   ᠶᠢ ᠬᠡᠷᠡᠭᠯᠡᠬᠦ  ᠳᠦ ᠡᠷᠡᠭᠡᠯᠵᠡᠭᠡ ᠲᠡᠶ ᠪᠠᠶᠢᠨ᠎ᠠ ᠃

ᠭᠡᠪᠡᠴᠦ ᠬᠠᠤᠯᠢ ᠴᠠᠭᠠᠵᠠ ᠨᠢᠭᠡᠪᠦᠷᠢ   ᠶᠢᠨ ᠠᠷᠤ  ᠳᠦ ᠴᠥᠮ ᠠᠯᠤᠰ ᠬᠡᠳᠦ   ᠶᠢᠨ ᠪᠣᠳᠣᠯᠬᠢᠯᠠᠯ  ᠲᠠᠶ ᠪᠠᠶᠢᠳᠠᠭ ᠂ ᠶᠠᠯᠠᠲᠤ ᠠᠵᠢᠯᠯᠠᠭ᠎ᠠ ᠪᠠᠷ ᠬᠥᠩᠭᠡᠪᠲᠦᠷ ᠬᠣᠷᠢᠵᠤ ᠬᠥᠳᠡᠯᠮᠦᠷᠢᠯᠡᠭᠦᠯᠬᠦ ᠶᠠᠯᠠᠳᠠᠨ  ᠦ ᠴᠢᠬᠤᠯᠠᠲᠠᠶ ᠦᠶ᠎ᠡ  ᠳᠦ 《ᠭᠡᠷ ᠲᠡᠬᠡᠨ ᠬᠠᠷᠢᠬᠤ》  ᠶᠢ ᠵᠥᠪᠰᠢᠶᠡᠷᠡᠬᠦ ᠨᠢ ᠬᠠᠤᠯᠢ ᠪᠠᠷ ᠵᠠᠰᠠᠬᠤ  ᠶᠢᠨ ᠪᠣᠯᠪᠠᠰᠤᠨ ᠪᠠ ᠲᠠᠪᠰᠢᠯᠳᠠ  ᠶᠢ ᠢᠯᠡᠷᠡᠭᠦᠯᠵᠦ᠂ ᠬᠠᠤᠯᠢ ᠴᠠᠭᠠᠵᠠ   ᠶᠢᠨ ᠰᠠᠢᠨ ᠰᠠᠨᠠᠭ᠎ᠠ  ᠶᠢ ᠢᠯᠡᠷᠡᠭᠦᠯᠦᠭᠰᠡᠨ  ᠢᠶᠠᠷ ᠪᠠᠷᠠᠬᠤ ᠦᠭᠡᠢ ᠨᠡᠩ ᠴᠤ ᠲᠡᠳᠡᠨ  ᠤ ᠪᠤᠴᠠᠵᠤ ᠢᠷᠡᠬᠦ  ᠳᠤ ᠠᠰᠢᠭᠲᠠᠶ —— ᠭᠡᠷ  ᠤᠨ ᠬᠥᠮᠦᠰ ᠲᠡᠶ ᠪᠡᠨ ᠠᠭᠤᠯᠵᠠᠬᠤ ᠶᠠᠪᠤᠴᠠ  ᠳᠤ ᠪᠤᠶᠠᠨ ᠦᠢᠯᠡᠳᠬᠦ ᠤᠬ ᠰᠠᠨᠠᠭ᠎ᠠ   ᠶᠢ ᠨᠢ ᠰᠡᠷᠭᠦᠭᠡᠵᠦ᠂ ᠬᠠᠤᠯᠢ ᠴᠠᠭᠠᠵᠠ᠂ ᠭᠡᠷ ᠪᠦᠯᠢ ᠪᠠ ᠨᠡᠶᠢᠭᠡᠮ  ᠤᠨ ᠬᠠᠮᠲᠤ  ᠶᠢᠨ ᠬᠠᠪᠰᠤᠷᠤᠯᠭ᠎ᠠ ᠳᠡᠮᠵᠢᠯᠭᠡ ᠳᠣᠣᠷ᠎ᠠ ᠭᠡᠮᠰᠢᠨ ᠵᠠᠰᠠᠷᠠᠵᠤ᠂ ᠨᠡᠶᠢᠭᠡᠮ  ᠳᠦ ᠪᠤᠴᠠᠵᠤ ᠢᠷᠡᠬᠦ  ᠳᠦ ᠠᠰᠢᠭᠲᠠᠶ ᠶᠤᠮ᠃

ᠬᠠᠤᠯᠢ ᠴᠠᠭᠠᠵᠠ  ᠳᠦ ᠲᠣᠳᠣᠷᠬᠠᠶ ᠲᠣᠭᠲᠠᠭᠠᠯ ᠲᠠᠶ ᠶᠤᠮ ᠴᠢᠨᠢ ᠲᠡᠭᠦᠨ ᠢ ᠳᠤᠷ᠎ᠠ ᠪᠠᠷ ᠨᠢ 《ᠤᠨᠲᠠᠭᠤᠯᠵᠤ》 ᠪᠣᠯᠬᠤ ᠦᠭᠡᠢ᠃ ᠬᠣᠯᠪᠣᠭᠳᠠᠯ ᠪᠦᠬᠦᠢ ᠰᠠᠯᠠᠭ᠎ᠠ ᠮᠥᠴᠢᠷ  ᠤᠨ ᠬᠢᠨ ᠬᠣᠷᠢᠵᠤ ᠬᠥᠳᠡᠯᠮᠦᠷᠢᠯᠡᠭᠦᠯᠬᠦ ᠶᠠᠯᠠᠳᠠᠨ  ᠤ ᠭᠡᠷ ᠲᠡᠬᠡᠨ ᠬᠠᠷᠢᠬᠤ ᠠᠰᠠᠭᠤᠳᠠᠯ  ᠳᠤ ᠴᠢᠭᠯᠡᠭᠦᠯᠦᠨ ᠰᠤᠳᠤᠯᠤᠨ ᠮᠠᠭᠠᠳᠯᠠᠬᠤ ᠪᠠ ᠨᠠᠶᠢᠳᠠᠪᠤᠷᠢᠵᠢᠭᠤᠯᠬᠤ ᠠᠵᠢᠯ  ᠢ ᠥᠷᠨᠢᠭᠦᠯᠵᠦ᠂ ᠨᠥᠬᠥᠴᠡᠯ  ᠳᠦ ᠨᠡᠶᠢᠴᠡᠭᠰᠡᠨ ᠬᠣᠷᠢᠵᠤ ᠬᠥᠳᠡᠯᠮᠦᠷᠢᠯᠡᠭᠦᠯᠬᠦ ᠶᠠᠯᠠᠳᠠᠨ  ᠤ ᠪᠤᠴᠠᠵᠤ ᠳᠡᠶᠢᠯᠬᠦ ᠮᠥᠷᠲᠡᠭᠡᠨ ᠪᠠᠰᠠ ᠬᠠᠮᠢᠶᠠᠷᠴᠤ ᠳᠡᠶᠢᠯᠬᠦ  ᠶᠢ ᠦᠨᠡᠨ ᠬᠦ ᠪᠠᠲᠤᠯᠠᠵᠤ᠂ ᠡᠷᠡᠭᠦᠦ  ᠶᠢᠨ ᠬᠠᠤᠯᠢ  ᠶᠢᠨ ᠳᠥᠴᠢᠨ ᠭᠤᠷᠪᠠᠳᠤᠭᠠᠷ ᠵᠦᠢᠯ  ᠤᠨ ᠢᠳᠡᠪᠬᠢ ᠦᠢᠯᠡᠳᠦᠯ  ᠢ ᠰᠠᠶᠢᠲᠤᠷ ᠪᠠᠳᠠᠷᠠᠭᠤᠯᠬᠤ  ᠶᠢ ᠬᠦᠰᠡᠵᠦ ᠪᠠᠶᠢᠨ᠎ᠠ᠃ ︵ᠱᠢ ᠵᠢᠶᠠ︶

   

ᠢᠷᠡᠯᠲᠡ
ᠡᠧᠩᠬᠢ ᠦᠨᠳᠦᠰᠦᠲᠡᠨ ‍ᠤ ᠦᠪᠡᠷᠲᠡᠭᠡᠨ ᠵᠠᠰᠠᠬᠤ ᠬᠤᠰᠢᠭᠤᠨ ‍ᠤ ᠠᠷᠠᠳ ‍ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro