ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

​ᠠᠳᠡᠯ ᠢᠶᠠᠷ ᠬᠦᠮᠦᠨ ᠦᠬᠦᠬᠦᠯᠦᠭᠰᠡᠨ ᠶᠤᠮ ᠤᠤ ᠡᠰᠡᠬᠦᠯ᠎ᠡ ᠰᠠᠨᠠᠭᠠᠨ ᠳᠤ ᠦᠭᠡᠢ ᠬᠡᠷᠡᠭ ᠶᠠᠪᠤᠳᠠᠯ ᠶᠤᠮ ᠦᠦ

2015-11-26 16:06:28
ᠵᠣᠬᠢᠶᠠᠭᠴᠢ
​ᠶᠦᠨ ᠸᠸ᠋ᠨ ᠫᠢᠩ

    ᠬᠡᠷᠡᠭ ᠤᠨ ᠪᠠᠶᠢᠳᠠᠯ ᠤᠨ ᠲᠤᠪᠴᠢ 

    2011 ᠤᠨ ᠤ 3 ᠰᠠᠷ᠎ᠠ ᠶᠢᠨ 27 ᠤ ᠡᠳᠦᠷ ᠤᠨ ᠦᠷᠯᠦᠭᠡ ᠶᠢᠨ 2 ᠴᠠᠭ ᠤᠨ ᠦᠶᠡᠰ ᠢᠶᠠᠷ᠂ ᠯᠢ ᠤᠪᠤᠬᠳᠤ ᠪᠤᠯᠤᠨ ᠲᠡᠬᠦᠨ ᠤ ᠡᠮᠡᠭᠳᠡᠢ ᠨᠠᠶᠢᠵᠠ ᠸᠠᠩ ᠤᠪᠤᠬᠳᠤ ᠲᠠᠢ ᠬᠤᠶᠠᠭᠤᠯᠠ ᠪᠠᠨ ᠠᠷᠢᠬᠢ ᠤᠤᠭᠤᠬᠰᠠᠨ ᠤ ᠰᠡᠬᠦᠯᠡᠷ ᠬᠦᠬᠡᠬᠤᠳᠠ ᠶᠢᠨ ᠬᠤᠳᠤᠩ ᠠᠷᠠᠳ ᠤᠨ ᠲᠤᠭᠤᠷᠢᠭ ᠤᠨ ᠤᠯᠠᠭᠠᠨ ᠲᠢᠶᠠᠲᠷ ᠵᠡᠭᠡᠯᠢ ᠪᠠᠷ ᠵᠡᠬᠦᠨ ᠠᠴᠠ ᠪᠠᠷᠠᠭᠤᠨᠰᠢ ᠠᠯᠬᠤᠭᠠᠳ ᠶᠠᠪᠤᠵᠦ ᠪᠠᠶᠢᠬᠤ ᠳᠤ᠂ ᠠᠷᠦ ᠠᠴᠠ ᠨᠢ ᠵᠢᠯᠤᠭᠤᠴᠢ ᠦ᠋ ᠤᠪᠤᠬᠳᠤ ᠲᠤᠮᠤ ᠪᠠᠷᠠᠭᠠᠨ ᠤ ᠮᠠᠰᠢᠨ ᠢᠶᠠᠨ ᠵᠢᠯᠦᠭᠤᠳᠤᠨ ᠢᠷᠡᠪᠡ᠃ ᠲᠡᠭᠡᠭᠡᠳ ᠬᠤᠶᠠᠷ ᠲᠠᠯ᠎ᠠ ᠪᠠᠷ ᠢᠶᠠᠨ ᠠᠯᠬᠤᠵᠦ ᠶᠠᠪᠤᠭᠠᠳ ᠵᠠᠮ ᠬᠠᠷᠰᠢᠯᠠᠭᠰᠠᠨ ᠠᠴᠠ ᠪᠤᠯᠵᠦ ᠬᠡᠷᠡᠬᠦᠯ ᠡᠬᠦᠰᠴᠦ ᠭᠠᠷ ᠬᠦᠳᠡᠯᠦᠨ ᠵᠤᠳᠤᠯᠳᠤᠪᠠ᠃ ᠰᠡᠬᠦᠯᠡᠷ ᠨᠢ ᠦ᠋ ᠤᠪᠤᠬᠳᠤ ᠲᠤᠮᠤ ᠪᠠᠷᠠᠭᠠᠨ ᠤ ᠮᠠᠰᠢᠨ ᠢᠶᠠᠨ ᠵᠢᠯᠦᠭᠤᠳᠤᠨ‌‍ᠲ᠋ᠤᠭᠤᠷᠢᠦ ᠵᠠᠮ ᠢᠶᠠᠷ ᠶᠠᠪᠤᠭᠠᠳ ᠦᠪᠦᠷ ᠮᠤᠩᠭᠤᠯ ᠲᠤᠮᠤ ᠠᠰᠠᠷ ᠤᠨ ᠪᠠᠷᠢᠯᠭ᠎ᠠ ᠶᠢᠨ ᠭᠠᠵᠠᠷ ᠤᠨ ᠡᠬᠦᠳᠡᠨ ᠡᠮᠦᠨ᠎ᠡ ᠬᠦᠷᠬᠦ ᠳᠤ᠂ ᠪᠠᠰᠠ ᠯᠡ ᠶᠠᠪᠤᠭᠠᠨ ᠶᠠᠪᠤᠭ᠎ᠠ ᠯᠢ ᠤᠪᠤᠬᠳᠤ ᠪᠠ ᠸᠠᠩ ᠤᠪᠤᠬᠳᠤ ᠲᠠᠢ ᠲᠠᠬᠢᠨᠳᠠ ᠠᠭᠤᠯᠵᠠᠵᠦ᠂ ᠬᠤᠶᠠᠷ ᠲᠠᠯ᠎ᠠ ᠪᠠᠷ ᠢᠶᠠᠨ ᠮᠦᠨ ᠬᠡᠷᠡᠬᠦᠯ ᠡᠬᠦᠰᠴᠦ ᠵᠠᠯᠭᠠᠭᠠᠳ ᠨᠤᠴᠤᠯᠳᠤᠵᠠᠢ᠃ ᠨᠤᠴᠤᠯᠳᠤᠵᠦ ᠪᠠᠶᠢᠭ᠎ᠠ ᠶᠠᠪᠤᠴᠠ ᠳᠤ᠂ ᠸᠠᠩ ᠤᠪᠤᠭᠳᠤ ᠠᠴᠠ ᠯᠢ ᠤᠪᠤᠬᠳᠤ ᠶᠢᠨ ᠲᠤᠬᠤᠢ ᠠᠴᠠ ᠴᠢᠩᠭᠠᠭᠠᠵᠦ᠂ ᠯᠢ ᠤᠪᠤᠭᠳᠤ ᠶᠢᠨ ᠡᠰᠡᠷᠬᠦ ᠡᠳᠡᠭᠡᠳ ᠢᠶᠠᠨ ᠴᠤᠬᠢᠬᠤ ᠶᠢ ᠬᠤᠷᠢᠭᠯᠠᠬᠤ ᠦᠶ᠎ᠡ ᠳᠤ᠂ ᠯᠢ ᠤᠪᠤᠬᠤ ᠲᠤᠬᠤᠢ ᠪᠠᠨ ᠬᠦᠴᠦᠳᠡᠢ ᠨᠢᠭᠡ ᠰᠠᠪᠠᠭᠰᠠᠨ ᠴᠢᠨᠢ᠂ ᠸᠠᠩ ᠤᠪᠤᠬᠳᠤ ᠰᠠᠪᠠᠭᠰᠠᠨ‌ᠠᠶ᠎ᠠ ᠪᠠᠷ ᠨᠢ ᠮᠠᠰᠢᠨ ᠲᠡᠷᠭᠡᠨ ᠤ ᠵᠠᠮ ᠤᠨ ᠨᠢᠭᠡ ᠲᠠᠯ᠎ᠠ ᠶᠢᠨ ᠭᠠᠵᠠᠷ ᠲᠤᠤᠷᠠᠬᠢ ᠤᠰᠤᠨ ᠤ ᠬᠤᠳᠳᠤᠭ ᠤᠨ ᠠᠮᠠᠰᠠᠷ ᠤᠨ ᠬᠠᠵᠠᠭᠤ ᠳᠤ ᠰᠠᠪᠠᠵᠦ ᠤᠨᠠᠵᠠᠢ᠃ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠠᠵᠢᠯᠳᠠᠨ ᠲᠤᠬᠠᠢ ᠶᠢᠨ ᠲᠠᠯᠠᠪᠤᠷ ᠲᠤ ᠬᠦᠷᠦᠯᠴᠡᠨ ᠢᠷᠡᠭᠰᠡᠨ ᠤ ᠲᠠᠷᠠᠭ᠎ᠠ᠂ ᠯᠢ ᠤᠪᠤᠬᠳᠤ ᠨᠢ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠠᠵᠢᠯᠳᠠᠨ ᠸᠠᠩ ᠤᠪᠤᠬᠳᠤ ᠶᠢ ᠡᠮᠨᠡᠯᠭᠡ ᠳᠤ ᠬᠦᠷᠭᠡᠨ ᠠᠪᠤᠷᠠᠨ ᠵᠠᠰᠠᠭᠤᠯᠬᠤ ︵ᠯᠢ ᠤᠪᠤᠬᠳᠤ ᠦᠷ᠎ᠡ ᠤᠷᠰᠢᠭ ᠨᠢ ᠬᠦᠨᠳᠦ ᠨᠤᠴᠢᠳᠠᠢ ᠬᠡᠵᠦ ᠪᠤᠳᠤᠵᠦ ᠤᠯᠤᠭᠰᠠᠨ ᠦᠭᠡᠢ︶ ᠭᠡᠰᠡᠨ ᠢ ᠬᠤᠷᠢᠭᠯᠠᠵᠦ᠂ ᠡᠰᠡᠷᠬᠦ ᠡᠳᠡᠭᠡᠳ ᠢᠶᠠᠷ ᠢᠶᠠᠨ 2000 ᠲᠦᠭᠦᠷᠢᠭ ᠲᠤᠰᠢᠶᠠᠯᠭᠠᠭᠠᠳ ᠪᠠᠷᠠᠭᠠᠴᠢᠬᠠᠬᠤ ᠪᠠᠷ ᠲᠤᠷᠠᠳᠪᠠ᠃ ᠰᠡᠬᠦᠯᠡᠷ ᠨᠢ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠠᠵᠢᠯᠳᠠᠨ ᠤ ᠲᠠᠬᠢᠨ ᠲᠠᠪᠳᠠᠨ ᠢᠳᠬᠠᠭᠰᠠᠨ ᠢᠶᠠᠷ ᠯᠢ ᠤᠪᠤᠬᠳᠤ ᠰᠠᠶ᠋ᠢ ᠸᠠᠩ ᠤᠪᠤᠬᠳᠤ ᠶᠢ ᠦᠪᠦᠷ ᠮᠤᠩᠭᠤᠯ ᠤᠨ ᠡᠮᠨᠡᠯᠭᠡ ᠶᠢᠨ ᠲᠡᠭᠡᠳᠦ ᠰᠤᠷᠭᠠᠭᠤᠯᠢ ᠶᠢᠨ ᠬᠠᠷᠢᠶᠠᠳᠤ ᠡᠮᠨᠡᠯᠭᠡ ᠶᠢᠨ ᠬᠤᠷᠢᠶᠠᠨ ᠳᠤ ᠬᠦᠷᠭᠡᠨ ᠠᠪᠤᠷᠠᠨ ᠵᠠᠰᠠᠭᠤᠯᠪᠠ᠃ 2011 ᠤᠨ ᠤ 4 ᠰᠠᠷ᠎ᠠ ᠶᠢᠨ 13 ᠤ ᠡᠳᠦᠷ᠂ ᠸᠠᠩ ᠤᠪᠤᠬᠳᠤ ᠭᠠᠪᠠᠯᠠ ᠶᠢᠨ ᠢᠷᠤᠭᠠᠷ ᠤᠨ ᠶᠠᠰᠤ ᠬᠤᠭᠤᠷᠠᠵᠦ᠂ ᠲᠠᠷᠢᠬᠢᠨ ᠭᠤᠤᠯ ᠨᠢ ᠬᠡᠮᠳᠦᠭᠰᠡᠨ ᠤ ᠰᠡᠬᠦᠯᠡᠷ ᠮᠡᠳᠡᠭᠡ ᠠᠯᠳᠠᠵᠦ᠂ ᠤᠯᠠᠨ ᠡᠷᠭᠡᠳᠡᠨ ᠤ ᠴᠢᠳᠠᠪᠬᠢ ᠨᠢ ᠪᠠᠭᠤᠷᠠᠭᠰᠠᠨ ᠠᠴᠠ ᠪᠤᠯᠵᠦ ᠦᠬᠦᠪᠡ᠃ 

    ᠵᠦᠷᠢᠯᠳᠦᠭᠡᠨ ᠲᠠᠢ ᠰᠠᠨᠠᠯ 

    ᠨᠢᠭᠡ ᠵᠦᠢᠯ ᠤᠨ ᠦᠵᠡᠯᠳᠡ ᠶᠢᠨ ᠦᠵᠡᠬᠦ ᠪᠠᠷ᠂ ᠯᠢ ᠤᠪᠤᠬᠳᠤ ᠶᠢᠨ ᠦᠢᠯᠡ ᠠᠵᠢᠯᠯᠠᠭ᠎ᠠ ᠨᠢ ᠶᠠᠯ᠎ᠠ ᠪᠤᠯᠵᠦ ᠪᠦᠷᠢᠯᠳᠦᠬᠦ ᠦᠭᠡᠢ᠃ ︽ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠬᠦᠦ ᠶᠢᠨ ᠬᠠᠦᠯᠢ︾ ᠶᠢᠨ ᠠᠷᠪᠠᠨ ᠵᠢᠷᠭᠤᠳᠤᠭᠠᠷ ᠵᠦᠢᠯ ᠳᠤ᠄ ᠦᠢᠯᠡ ᠠᠵᠢᠯᠯᠠᠭ᠎ᠠ ᠨᠢ ᠬᠡᠳᠦᠶᠢᠪᠡᠷ ᠪᠤᠰᠤᠳᠴᠢ ᠲᠠᠯ᠎ᠠ ᠪᠠᠷ ᠬᠤᠬᠢᠷᠠᠯ ᠤᠴᠠᠷᠠᠭᠤᠯᠤᠭᠰᠠᠨ ᠪᠤᠯᠪᠠᠴᠦ ᠵᠤᠷᠢᠭᠤᠳᠠ ᠪᠤᠶᠤ ᠠᠳᠡᠯ ᠢᠶᠠᠷ ᠬᠢᠭᠰᠡᠨ ᠪᠢᠰᠢ᠂ ᠬᠠᠷᠢᠨ ᠬᠤᠷᠢᠭᠯᠠᠭᠳᠠᠰᠢ ᠦᠭᠡᠢ ᠪᠤᠶᠤ ᠤᠷᠢᠳᠴᠢᠯᠠᠨ ᠮᠡᠳᠡᠵᠦ ᠴᠢᠳᠠᠰᠢ ᠦᠬᠡᠢ ᠰᠢᠯᠳᠠᠭᠠᠨ ᠠᠴᠠ ᠪᠤᠯᠤᠭᠰᠠᠨ ᠪᠠᠶᠢᠪᠠᠯ᠂ ᠶᠠᠯ᠎ᠠ ᠬᠢᠭᠰᠡᠨ ᠳᠤ ᠲᠤᠭᠠᠴᠠᠭᠳᠠᠬᠤ ᠦᠭᠡᠢ ᠭᠡᠵᠤ ᠲᠤᠭᠳᠠᠭᠠᠵᠠᠢ᠃ ᠸᠠᠩ ᠤᠪᠤᠭᠳᠤ ᠭᠠᠵᠠᠷ ᠲᠤ ᠤᠨᠠᠭᠠᠳ ᠭᠠᠪᠠᠯᠠ ᠶᠢᠨ ᠢᠷᠤᠭᠠᠷ ᠤᠨ ᠶᠠᠰᠤ ᠬᠤᠭᠤᠷᠠᠵᠦ᠂ ᠲᠠᠷᠢᠬᠢᠨ ᠭᠤᠤᠯ ᠨᠢ ᠬᠡᠮᠳᠦᠭᠰᠡᠨ ᠤ ᠲᠠᠷᠠᠭ᠎ᠠ᠂ ᠲᠦᠷᠭᠡᠨ ᠠᠪᠤᠷᠠᠭᠠᠳ ᠲᠤᠰᠠ ᠪᠤᠯᠤᠭᠰᠠᠨ ᠦᠭᠡᠢ ᠦᠬᠦᠪᠡ᠃ ᠬᠡᠳᠦᠶᠢᠪᠡᠷ ᠯᠢ ᠤᠪᠤᠬᠳᠤ ᠲᠤᠬᠤᠢ ᠪᠠᠨ ᠬᠦᠴᠦᠳᠡᠢ ᠨᠢᠭᠡ ᠰᠠᠪᠠᠭᠰᠠᠨ ᠦᠶ᠎ᠡ ᠳᠤ᠂ ᠸᠠᠩ ᠤᠪᠤᠬᠳᠤ ᠶᠢᠨ ᠯᠢ ᠤᠪᠤᠬᠳᠤ ᠶᠢ ᠴᠢᠩᠭᠠᠭᠠᠵᠦ ᠪᠠᠶᠢᠭᠰᠠᠨ ᠭᠠᠷ ᠨᠢ ᠭᠤᠯᠭᠤᠨ ᠮᠤᠯᠳᠤᠷᠠᠭᠰᠠᠠ ᠠᠴᠠ ᠪᠤᠯᠤᠬᠰᠠᠨ ᠪᠤᠯᠪᠠᠴᠦ᠂ ᠯᠢ ᠤᠪᠤᠬᠳᠤ ᠲᠤᠬᠠᠢ ᠶᠢᠨ ᠦᠶ᠎ᠡ ᠳᠤ ᠠᠷᠢᠬᠢᠨ ᠤ ᠲᠠᠷᠠᠭ᠎ᠠ ᠰᠤᠬᠳᠤᠭᠤ ᠪᠠᠶᠢᠳᠠᠯ ᠲᠠᠢ ᠪᠠᠶᠢᠵᠦ᠂ ᠠᠩᠬᠠᠷᠤᠯ ᠨᠢ ᠮᠦᠨ ᠡᠰᠡᠷᠬᠦ ᠡᠳᠡᠭᠡᠳ ᠤᠨ ᠲᠡᠭᠡᠷ᠎ᠡ ᠲᠦᠪᠯᠡᠷᠡᠵᠦ ᠪᠠᠶᠢᠭᠰᠠᠨ ᠮᠦᠷᠳᠡᠭᠡᠨ ᠸᠠᠩ ᠤᠪᠤᠬᠳᠤ ᠶᠢᠨ ᠤᠨᠠᠭᠰᠠᠨ ᠤᠷᠤᠨ ᠪᠠᠶᠢᠷᠢ ᠨᠢ ᠮᠠᠰᠢᠨ ᠲᠡᠷᠭᠡᠨ ᠤ ᠵᠠᠮ ᠤᠨ ᠭᠠᠵᠠᠷ ᠲᠤᠤᠷᠠᠬᠢ ᠤᠰᠤᠨ ᠤ ᠬᠤᠳᠳᠤᠭ ᠤᠨ ᠠᠮᠠᠰᠠᠷ ᠤᠨ ᠬᠠᠵᠠᠭᠤ ᠳᠤ ᠪᠠᠶᠢᠵᠦ᠂ ᠬᠤᠳᠳᠤᠭ ᠤᠨ ᠠᠮᠠᠰᠠᠷ ᠤᠨ ᠬᠦᠪᠡᠭᠡ ᠵᠠᠬ᠎ᠠ ᠳᠤ ᠲᠤᠷᠤᠬᠳᠠᠨ ᠤᠨᠠᠭᠰᠠᠨ ᠪᠤᠯᠤᠯᠴᠠᠭ᠎ᠠ ︵ᠬᠤᠳᠳᠤᠭ ᠤᠨ ᠠᠮᠠᠰᠠᠷ ᠪᠤᠯᠤᠨ ᠵᠠᠮ ᠤᠨ ᠭᠠᠳᠠᠷᠭᠤ ᠲᠡᠭᠰᠢ ᠦᠭᠡᠢ︶ ᠶᠢ ᠠᠷᠢᠯᠭᠠᠵᠦ ᠲᠡᠶᠢᠯᠬᠦ ᠦᠭᠡᠢ᠃ ᠲᠤᠬᠠᠢ ᠶᠢᠨ ᠦᠶ᠎ᠡ ᠶᠢᠨ ᠪᠠᠶᠢᠳᠠᠯ ᠪᠤᠯᠤᠨ ᠯᠢ ᠤᠪᠤᠬᠳᠤ ᠶᠢᠨ ᠪᠡᠶᠡᠴᠢ ᠨᠦᠬᠦᠴᠡᠯ ᠢ ᠦᠨᠳᠦᠰᠦᠯᠡᠪᠡᠯ᠂ ᠲᠡᠬᠦᠨ ᠤ ᠦᠢᠯᠡ ᠠᠵᠢᠯᠯᠠᠭ᠎ᠠ ᠨᠢ ᠬᠤᠤᠷ ᠬᠦᠨᠦᠬᠡᠯᠳᠦ ᠦᠷ᠎ᠡ ᠳ᠋ᠦᠩ ᠡᠬᠦᠰᠬᠡᠨ᠎ᠡ ᠬᠡᠳᠡᠭ ᠢ ᠤᠷᠢᠳᠴᠢᠯᠠᠨ ᠮᠡᠳᠡᠵᠦ ᠲᠡᠶᠢᠯᠬᠦ ᠦᠭᠡᠢ᠂ ᠯᠢ ᠤᠪᠤᠬᠳᠤ ᠨᠢ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠠᠵᠢᠯᠳᠠᠨ ᠸᠠᠩ ᠤᠪᠤᠬᠳᠤ ᠶᠢ ᠡᠮᠨᠡᠯᠭᠡ ᠳᠤ ᠬᠦᠷᠭᠡᠬᠦ ᠶᠢ ᠬᠤᠷᠢᠭᠯᠠᠭᠰᠠᠨ ᠡᠨᠡᠬᠦ ᠦᠢᠯᠡ ᠪᠠᠶᠢᠳᠠᠯ ᠨᠢ᠂ ᠮᠦᠨ ᠡᠨᠡ ᠲᠠᠯ᠎ᠠ ᠶᠢ ᠬᠡᠷᠡᠴᠢᠯᠡᠵᠦ ᠪᠤᠯᠤᠨ᠎ᠠ᠃ ᠡᠶᠢᠮᠦ ᠠᠴᠠ᠂ ᠯᠢ ᠤᠪᠤᠬᠳᠤ ᠨᠢ ᠸᠠᠩ ᠤᠪᠤᠬᠳᠤ ᠶᠢᠨ ᠦᠬᠦᠭᠰᠡᠨ ᠳᠤ ᠡᠷᠡᠬᠦᠦ ᠶᠢᠨ ᠬᠠᠷᠢᠭᠤᠴᠠᠯᠭ᠎ᠠ ᠡᠬᠦᠷᠭᠡᠯᠡᠬᠦ ᠦᠭᠡᠢ ᠭᠡᠪᠡ᠃

    ᠨᠦᠬᠦᠭᠡ ᠨᠢᠭᠡ ᠵᠦᠢᠯ ᠤᠨ ᠦᠵᠡᠯᠳᠡ ᠶᠢᠨ ᠦᠵᠡᠬᠦ ᠪᠠᠷ᠄ ᠯᠢ ᠤᠪᠤᠬᠳᠤ ᠶᠢᠨ ᠦᠢᠯᠡ ᠠᠵᠢᠯᠯᠠᠭ᠎ᠠ ᠨᠢ ᠠᠳᠡᠯ ᠢᠶᠠᠷ ᠬᠦᠮᠦᠨ ᠢ ᠦᠬᠦᠬᠦᠯᠦᠭᠰᠡᠨ ᠶᠠᠯ᠎ᠠ ᠪᠤᠯᠵᠦ ᠪᠦᠷᠢᠯᠳᠦᠨ᠎ᠡ᠃ ︽ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠡᠬᠦᠦ ᠶᠢᠨ ᠬᠠᠦᠯᠢ︾ ᠶᠢᠨ ᠠᠷᠪᠠᠨ ᠲᠠᠪᠤᠳᠤᠭᠠᠷ ᠵᠦᠢᠯ ᠳᠤ᠄ ᠦᠪᠡᠷ ᠤᠨ ᠦᠢᠯᠡ ᠠᠵᠢᠯᠯᠠᠭ᠎ᠠ ᠶᠢᠨ ᠢᠶᠠᠨ ᠨᠡᠶᠢᠬᠡᠮ ᠨᠡᠶᠢᠳᠡ ᠳᠤ ᠬᠤᠤᠷ ᠬᠦᠨᠦᠭᠡᠯ ᠲᠠᠢ ᠦᠷ᠎ᠡ ᠤᠷᠰᠢᠭ ᠭᠠᠷᠭᠠᠵᠦ ᠮᠡᠳᠡᠬᠦ ᠶᠢ ᠤᠷᠢᠳᠴᠢᠯᠠᠨ ᠮᠡᠳᠡᠬᠦ ᠶᠤᠰᠤᠳᠠᠢ ᠪᠤᠯᠪᠠᠴᠦ ᠠᠯᠮᠠᠶᠢᠷᠠᠨ ᠤᠰᠤᠯᠳᠠᠭᠰᠠᠨ ᠠᠴᠠ ᠪᠤᠯᠵᠦ ᠤᠷᠢᠳᠴᠢᠯᠠᠨ ᠮᠡᠳᠡᠵᠦ ᠴᠢᠳᠠᠭᠰᠠᠨ ᠦᠭᠡᠢ ᠪᠤᠶᠤ ᠤᠷᠢᠳᠴᠢᠯᠠᠨ ᠮᠡᠳᠡᠭᠰᠡᠨ ᠪᠤᠯᠪᠠᠵᠦ ᠵᠠᠶᠢᠯᠠᠭᠤᠯᠵᠦ ᠲᠡᠶᠢᠯᠦᠨ᠎ᠡ ᠭᠡᠵᠦ ᠠᠮᠠᠷᠬᠠᠨ ᠢᠶᠠᠷ ᠢᠳᠡᠭᠡᠭᠡᠳ ᠲᠠᠶᠢᠮᠦ ᠦᠷ᠎ᠡ ᠤᠷᠰᠢᠭ ᠭᠠᠷᠭᠠᠬᠰᠠᠨ ᠪᠠᠶᠢᠪᠠᠯ ᠠᠳᠡᠯ ᠢᠶᠠᠷ ᠬᠢᠭᠰᠡᠨ ᠶᠠᠯ᠎ᠠ ᠪᠤᠯᠤᠨ᠎ᠠ ᠭᠡᠵᠤ ᠲᠤᠭᠳᠠᠭᠠᠪᠠ᠃ ᠠᠷᠪᠠᠨ ᠨᠠᠢᠮᠠᠳᠤᠭᠠᠷ ᠵᠦᠢᠯ ᠤᠨ ᠲᠦᠷᠪᠡᠳᠦᠭᠡᠷ ᠵᠤᠷᠪᠤᠰ ᠲᠤ᠄ ᠰᠤᠬᠳᠤᠭᠤ ᠬᠦᠮᠦᠨ ᠶᠠᠯ᠎ᠠ ᠬᠢᠭᠰᠡᠨ ᠪᠠᠶᠢᠪᠠᠯ᠂ ᠡᠷᠡᠬᠦᠦ ᠶᠢᠨ ᠬᠠᠷᠢᠭᠤᠴᠠᠯᠭ᠎ᠠ ᠬᠦᠯᠢᠶᠡᠬᠦ ᠶᠤᠰᠤᠳᠠᠢ᠃ ᠬᠤᠶᠠᠷ ᠵᠠᠭᠤ ᠭᠤᠴᠢᠨ ᠭᠤᠷᠪᠠᠳᠤᠭᠠᠷ ᠵᠦᠢᠯ ᠳᠤ᠄ ᠠᠳᠡᠯ ᠢᠶᠠᠷ ᠬᠦᠮᠦᠨ ᠢ ᠦᠬᠦᠬᠦᠯᠦᠭᠰᠡᠨ ᠪᠤᠯ᠂ ᠭᠤᠷᠪᠠᠨ ᠵᠢᠯ ᠠᠴᠠ ᠲᠡᠭᠡᠭᠰᠢ ᠲᠤᠯᠤᠭᠠᠨ ᠵᠢᠯ ᠠᠴᠠ ᠲᠤᠭᠤᠭᠰᠢ ᠬᠤᠭᠤᠴᠠᠭ᠎ᠠ ᠲᠠᠢ ᠬᠤᠷᠢᠬᠤ ᠪᠠᠷ ᠰᠢᠳᠭᠡᠨ᠎ᠡ︔ ᠦᠢᠯᠡ ᠪᠠᠶᠢᠳᠠᠯ ᠨᠢ ᠬᠦᠩᠭᠡᠨ ᠰᠢᠭ ᠪᠠᠶᠢᠪᠠᠯ᠂ ᠭᠤᠷᠪᠠᠨ ᠵᠢᠯ ᠠᠴᠠ ᠲᠤᠭᠤᠭᠰᠢ ᠬᠤᠭᠤᠴᠠᠭ᠎ᠠ ᠲᠠᠢ ᠬᠤᠷᠢᠬᠤ ᠪᠠᠷ ᠰᠢᠳᠭᠡᠨ᠎ᠡ ᠭᠡᠵᠤ ᠲᠤᠭᠳᠠᠭᠠᠵᠠᠢ᠃ 

    ᠦᠨᠡᠯᠡᠨ ᠵᠠᠳᠠᠯᠤᠯᠳᠠ 

    ᠦᠢᠯᠡ ᠠᠵᠢᠯᠯᠠᠭᠠᠳᠠᠨ ᠨᠢ ᠦᠪᠡᠷ ᠤᠨ ᠦᠢᠯᠡ ᠠᠵᠢᠯᠯᠠᠭ᠎ᠠ ᠶᠢᠨ ᠢᠶᠠᠨ ᠬᠤᠤᠷ ᠬᠦᠨᠦᠭᠡᠯ ᠲᠠᠢ ᠦᠷ᠎ᠡ ᠤᠷᠰᠢᠭ ᠭᠠᠷᠭᠠᠵᠦ ᠮᠡᠳᠡᠬᠦ ᠶᠢ ᠤᠷᠢᠳᠴᠢᠯᠠᠨ ᠮᠡᠳᠡᠬᠦ ᠶᠤᠰᠤᠳᠠᠢ ᠡᠰᠡᠬᠦ ᠶᠢᠨ ᠪᠠᠷᠢᠮᠵᠢᠶ᠎ᠠ ᠨᠢ ᠶᠠᠮᠠᠷ ᠪᠤᠯᠬᠤ ᠲᠤᠬᠠᠢ ᠤᠨᠤᠯ ᠤᠨ ᠬᠦᠷᠢᠶᠠᠨ ᠳᠤ ᠦᠵᠡᠯᠳᠡ ᠨᠢ ᠨᠢᠭᠡᠳᠦᠯ ᠦᠭᠡᠢ᠃ ᠡᠩ ᠤᠨ ᠪᠠᠶᠢᠳᠠᠯ ᠲᠤᠤᠷ᠎ᠠ ᠦᠢᠯᠡ ᠠᠵᠢᠯᠠᠭᠠᠳᠠᠨ ᠤ ᠲᠤᠰ ᠪᠡᠶ᠎ᠠ ᠶᠢᠨ ᠨᠦᠬᠦᠴᠡᠯ ᠢ ᠦᠨᠳᠦᠰᠦᠯᠡᠨ᠎ᠡ᠂ ᠵᠢᠱᠢᠶᠡᠯᠡᠪᠡᠯ᠄ ᠨᠠᠰᠤ᠂ ᠪᠡᠶ᠎ᠠ ᠮᠠᠬᠠᠪᠤᠳ ᠤᠨ ᠪᠠᠶᠢᠳᠠᠯ᠂ ᠮᠡᠳᠡᠯᠭᠡ ᠶᠢᠨ ᠬᠢᠷᠢ ᠭᠡᠮᠵᠢᠶ᠎ᠡ᠂ ᠠᠵᠢᠯ ᠤᠨ ᠲᠤᠷᠰᠢᠯᠭ᠎ᠠ ᠵᠡᠷᠭᠡ ᠨᠦᠬᠦᠴᠡᠯ᠃ ᠦᠪᠡᠷ ᠤᠨ ᠦᠢᠯᠡ ᠠᠵᠢᠯᠯᠠᠭ᠎ᠠ ᠶᠢᠨ ᠢᠶᠠᠨ ᠬᠤᠤᠷ ᠬᠦᠨᠦᠭᠡᠯ ᠲᠠᠢ ᠦᠷ᠎ᠡ ᠤᠷᠰᠢᠭ ᠭᠠᠷᠭᠠᠵᠦ ᠮᠡᠳᠡᠬᠦ ᠶᠢ ᠤᠷᠢᠳᠴᠢᠯᠠᠨ ᠮᠡᠳᠡᠵᠦ ᠴᠢᠳᠠᠪᠠᠯ᠂ ᠦᠢᠯᠡ ᠠᠵᠢᠯᠯᠠᠭᠠᠳᠠᠨ ᠳᠤ ᠠᠪᠴᠦ ᠬᠡᠯᠡᠪᠡᠯ᠂ ᠲᠠᠷᠦᠢ ᠤᠷᠢᠳᠴᠢᠯᠠᠨ ᠮᠡᠳᠡᠬᠦ ᠶᠤᠰᠤᠳᠠᠢ᠃ ᠯᠢ ᠤᠪᠤᠭᠳᠤ ᠨᠢ ᠨᠠᠰᠤᠨ ᠳᠤ ᠬᠦᠷᠦᠭᠰᠡᠳ ᠪᠤᠯᠤᠭᠰᠠᠨ ᠤ ᠬᠤᠪᠢ ᠳᠤ᠂ ᠬᠤᠶᠠᠷ ᠲᠠᠯ᠎ᠠ ᠪᠠᠷ ᠢᠶᠠᠨ ᠬᠠᠷᠢᠯᠴᠠᠨ ᠨᠤᠴᠤᠯᠳᠤᠵᠦ ᠪᠠᠶᠢᠬᠤ ᠦᠶ᠎ᠡ ᠳᠤ᠂ ᠸᠠᠩ ᠤᠪᠤᠬᠳᠤ ᠨᠢ ᠨᠡᠶᠢᠳᠡᠮ ᠯᠢ ᠤᠪᠤᠬᠳᠤ ᠶᠢᠨ ᠭᠠᠷ ᠠᠴᠠ ᠴᠢᠩᠭᠠᠭᠠᠵᠦ᠂ ᠬᠡᠷᠡᠭ ᠤᠨ ᠪᠠᠶᠢᠳᠠᠯ ᠤᠨ ᠬᠦᠭᠵᠢᠯᠳᠡ ᠶᠢ ᠬᠤᠷᠢᠭᠯᠠᠵᠦ ᠪᠠᠶᠢᠪᠠ᠃ ᠯᠢ ᠤᠪᠤᠬᠳᠤ ᠨᠢ ᠡᠰᠡᠷᠬᠦ ᠡᠳᠡᠭᠡᠳ ᠲᠡᠭᠡᠨ ᠴᠤᠬᠢᠭᠳᠠᠭᠰᠠᠨ ᠤ ᠲᠠᠷᠠᠭ᠎ᠠ ᠲᠤᠩ ᠠᠭᠤᠷᠯᠠᠵᠦ᠂ ᠸᠠᠩ ᠤᠪᠤᠬᠳᠤ ᠲᠡᠬᠦᠨ ᠤ ᠭᠠᠷ ᠢ ᠴᠢᠩᠭᠠᠭᠠᠬᠤ ᠳᠤ᠂ ᠸᠠᠩ ᠤᠪᠤᠬᠳᠤ ᠶᠢᠨ ᠭᠠᠷ ᠢ ᠬᠦᠴᠦᠳᠡᠢ ᠰᠠᠪᠠᠨ ᠶᠠᠪᠤᠭᠤᠯᠵᠠᠢ᠃ ᠡᠨᠡ ᠦᠶ᠎ᠡ ᠳᠤ᠂ ᠸᠠᠩ ᠤᠪᠤᠬᠳᠤ ᠶᠢᠨ ᠪᠡᠶ᠎ᠡ ᠨᠢ ᠨᠢᠭᠡᠨᠳᠡ ᠬᠡᠯᠪᠡᠶᠢᠵᠦ᠂ ᠭᠠᠷ ᠨᠢ ᠬᠡᠨᠡᠳᠳᠡ ᠰᠠᠪᠠᠭᠳᠠᠭᠰᠠᠨ ᠤ ᠲᠠᠷᠠᠭ᠎ᠠ᠂ ᠪᠡᠶ᠎ᠡ ᠨᠢ ᠲᠡᠩᠴᠡᠭᠦᠷᠢ ᠪᠠᠨ ᠠᠯᠳᠠᠵᠦ᠂ ᠭᠠᠵᠠᠷ ᠲᠤ ᠰᠠᠪᠠᠨ ᠤᠨᠠᠵᠠᠢ᠃ ᠯᠢ ᠤᠪᠤᠬᠳᠤ ᠨᠢ ᠲᠡᠭᠡᠷᠡᠬᠢ ᠦᠪᠡᠷ ᠤᠨ ᠦᠢᠯᠡ ᠠᠵᠢᠯᠯᠠᠭ᠎ᠠ ᠪᠠᠨ ᠬᠤᠤᠷ ᠬᠦᠨᠦᠭᠡᠯ ᠲᠠᠢ ᠦᠷ᠎ᠡ ᠤᠷᠰᠢᠭ ᠭᠠᠷᠭᠠᠵᠦ ᠮᠡᠳᠡᠬᠦ ᠶᠢ ᠤᠷᠢᠳᠴᠢᠯᠠᠨ ᠮᠡᠳᠡᠬᠦ ᠶᠤᠰᠤᠳᠠᠢ᠃ ᠯᠢ ᠤᠪᠤᠭᠳᠤ ᠨᠢ ᠠᠷᠢᠬᠢ ᠤᠤᠭᠤᠭᠠᠳ ᠬᠡᠳᠦᠷᠡᠭᠰᠡᠨ ᠨᠢ᠂ ᠬᠦᠩᠭᠡᠨ ᠬᠡᠮᠵᠢᠶᠡᠨ ᠤ ᠹᠢᠽᠢᠤᠯᠤᠬᠢ ᠶᠢᠨ ᠴᠢᠨᠠᠷᠳᠠᠢ ᠠᠷᠢᠬᠢᠨ ᠰᠤᠬᠳᠤᠭᠤᠷᠠᠯ ᠠᠴᠠ ᠪᠢᠰᠢ᠂ ᠡᠮᠭᠡᠭ ᠵᠦᠢ ᠶᠢᠨ ᠠᠷᠢᠬᠢᠨ ᠰᠤᠬᠳᠤᠭᠤᠷᠠᠯ ᠪᠢᠰᠢ᠃ ᠸᠠᠩ ᠤᠪᠤᠭᠳᠤ ᠨᠢ ᠭᠠᠵᠠᠷ ᠲᠤ ᠤᠨᠠᠭᠰᠠᠠ ᠤ ᠰᠡᠬᠦᠯᠡᠷ᠂ ᠯᠢ ᠤᠪᠤᠬᠳᠤ 3 ᠴᠠᠭ ᠤᠷᠴᠢᠮ ᠤᠨ ᠤᠷᠳᠤ ᠬᠤᠭᠤᠴᠠᠭᠠᠨ ᠲᠤᠳᠤᠷ᠎ᠠ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠠᠵᠢᠯᠳᠠᠨ ᠤ ᠸᠠᠩ ᠤᠪᠤᠬᠳᠤ ᠶᠢ ᠡᠮᠨᠡᠯᠭᠡ ᠳᠤ ᠬᠦᠷᠭᠡᠨ ᠡᠮᠴᠢᠯᠡᠬᠦᠯᠬᠦ ᠶᠢ ᠴᠢᠨᠡᠭᠡ ᠪᠠᠷ ᠢᠶᠠᠨ ᠬᠤᠷᠢᠭᠯᠠᠭᠰᠠᠨ ᠪᠦᠭᠡᠳ 2000 ᠲᠦᠭᠦᠷᠢᠭ ᠦᠭᠪᠡᠯ ᠬᠡᠷᠡᠭ ᠢ ᠲᠠᠭᠤᠰᠬᠠᠬᠤ ᠬᠡᠵᠦ ᠲᠤᠷᠠᠳᠤᠭᠰᠠᠨ ᠨᠢ᠂ ᠯᠢ ᠤᠪᠤᠬᠳᠤ ᠨᠢ ᠪᠡᠶᠡᠴᠢ ᠲᠠᠯ᠎ᠠ ᠪᠠᠷ ᠪᠡᠶ᠎ᠡ ᠳᠡᠭᠡᠨ ᠬᠡᠳᠦᠷᠭᠡᠢ ᠢᠳᠡᠭᠡᠭᠰᠡᠨ ᠠᠳᠡᠯ ᠪᠤᠯᠤᠭᠰᠠᠠ ᠢ ᠬᠦᠢᠴᠡᠳ ᠬᠡᠷᠡᠴᠢᠯᠡᠨ᠎ᠡ᠂ ᠬᠡᠬᠦ ᠮᠦᠷᠳᠡᠭᠡᠨ ᠬᠠᠦᠯᠢ ᠴᠠᠭᠠᠵᠠ ᠳᠤ᠄ ᠰᠤᠭᠳᠤᠭᠤ ᠬᠦᠮᠦᠨ ᠶᠠᠯ᠎ᠠ ᠬᠢᠪᠡᠯ᠂ ᠡᠷᠡᠬᠦᠦ ᠶᠢᠨ ᠬᠠᠷᠢᠭᠤᠴᠠᠯᠭ᠎ᠠ ᠬᠦᠯᠢᠶᠡᠬᠦ ᠶᠤᠰᠤᠳᠠᠢ ᠭᠡᠵᠤ ᠲᠤᠭᠳᠠᠭᠠᠵᠠᠢ᠃ 

    ᠶᠡᠷᠦᠩᠭᠡᠶᠢᠯᠡᠪᠡᠯ᠂ ᠯᠢ ᠤᠪᠤᠭᠳᠤ ᠶᠢᠨ ᠦᠢᠯᠡ ᠠᠵᠢᠯᠯᠠᠭ᠎ᠠ ᠶᠢ ᠠᠳᠡᠯ ᠢᠶᠠᠷ ᠬᠦᠮᠦᠨ ᠢ ᠦᠬᠦᠬᠦᠯᠦᠭᠰᠡᠨ ᠶᠠᠯ᠎ᠠ ᠪᠠᠷ ᠮᠠᠭᠠᠳᠯᠠᠪᠠᠯ ᠵᠤᠬᠢᠨ᠎ᠠ᠃ 

ᠢᠷᠡᠯᠲᠡ
0
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro