ᠲᠡᠷᠢᠭᠦᠨ ᠨᠢᠭᠤᠷ  -  ᠬᠡᠷᠡᠭ ᠢᠶᠡᠷ ᠬᠠᠥᠯᠢ ᠲᠠᠶᠢᠯᠪᠤᠷᠢᠯᠠᠬᠤ

ᠣᠯᠠᠨ ᠲᠦᠮᠡᠨ ᠢ ᠲᠣᠲᠠᠭᠤ ᠭᠦᠶᠦᠯᠭᠡᠨ᠂ ᠦᠢᠯᠡᠴᠢᠯᠡᠭᠡ ᠶᠢ ᠢᠯᠡᠭᠦᠦ ᠭᠦᠶᠦᠯᠭᠡᠵᠦ᠂ ᠲᠠᠪᠤᠬᠠᠨ ᠡᠳᠦᠷ ᠦᠨ ᠳᠤᠲᠤᠷ᠎ᠠ 200 ᠺᠢᠯᠣᠮᠧᠲᠷ  ᠤᠨ ᠴᠠᠭᠠᠨᠠᠬᠢ ᠭᠤᠮᠣᠳᠠᠯ ᠲᠣᠭᠠᠴᠢᠯᠲᠠ ᠶᠢ ᠰᠢᠢᠳᠪᠦᠷᠢᠯᠡᠵᠦ᠂ ᠵᠠᠷᠭᠤᠯᠳᠤᠬᠤ ᠠᠴᠠ ᠵᠠᠢᠯᠠᠰᠬᠢᠯᠭᠡᠪᠡ

2022-08-12 15:11:05
ᠵᠣᠬᠢᠶᠠᠭᠴᠢ
ᠰᠤᠷᠤᠨ᠎ᠠ


    ᠯᠢ ᠣᠪᠣᠭᠲᠣ ᠣᠣᠯ ᠨᠢ ᠨᠢᠭᠡᠨ ᠬᠦᠳᠡᠭᠡ ᠵᠢᠨ ᠡᠮᠴᠢ ᠪᠠᠶᠢᠵᠠᠢ᠂ 2021 ᠣᠨ ᠳᠤ ᠠᠵᠢᠯ  ᠤᠨ ᠪᠠᠶᠢᠷᠢ ᠠᠴᠠ ᠪᠠᠨ ᠰᠠᠯᠣᠭᠰᠠᠨ ᠤ ᠳᠠᠷᠠᠭ᠎ᠠ ᠲᠣᠬᠠᠢ ᠶᠢᠨ ᠭᠠᠵᠠᠷ ᠤᠨ ᠡᠮ ᠡᠮᠨᠡᠯᠭᠡ ᠡᠷᠡᠭᠦᠯ ᠬᠠᠮᠠᠭᠠᠯᠠᠯ ᠤᠨ ᠨᠢᠭᠡᠴᠡ ᠶᠢᠨ ᠬᠡᠰᠡᠭ ᠬᠠᠮᠢᠶᠠᠷᠣᠯᠲᠠ ᠶᠢᠨ ᠵᠦᠢᠯᠡᠰ ᠢ ᠬᠦᠯᠢᠶᠡᠬᠦ ᠦᠭᠡᠢ  ᠪᠠᠶᠢᠵᠤ᠂ ᠬᠠᠮᠢᠶ᠎ᠠ ᠪᠦᠬᠦᠢ ᠬᠢᠨᠠᠨ ᠬᠠᠮᠢᠶᠠᠷᠬᠤ ᠰᠠᠯᠠᠭ᠎ᠠ ᠮᠦᠴᠢᠷ ᠲᠤ ᠬᠦᠷᠴᠦ ᠭᠤᠮᠣᠳᠠᠯ ᠲᠣᠭᠠᠴᠢᠨ᠂ ᠴᠢᠨᠠᠭᠰᠢᠯᠠᠨ ᠰᠢᠭᠦᠬᠦ ᠲᠢᠩᠬᠢᠮ ᠳᠤ ᠵᠠᠭᠠᠯᠳᠣᠬᠤ ᠬᠠᠨᠳᠣᠰᠢ ᠲᠠᠢ ᠪᠠᠶᠢᠪᠠ᠂ ᠭᠡᠪᠡᠴᠦ ᠨᠡᠶᠢᠭᠡᠮ ᠤᠨ ᠨᠦᠯᠦᠭᠡ ᠲᠤᠰᠬᠠᠯ ᠵᠢᠴᠢ ᠭᠤᠮᠣᠳᠠᠯ ᠲᠣᠭᠠᠴᠢᠬᠤ ᠦᠪᠡᠷ ᠤᠨ ᠦᠷᠳᠡᠭ ᠢ ᠪᠣᠳᠣᠯᠬᠢᠯᠠᠨᠰᠠᠨ ᠠᠴᠠ ᠵᠣᠷᠢᠭ ᠰᠢᠭᠤᠳᠴᠦ ᠳᠡᠶᠢᠯᠬᠦ ᠦᠭᠡᠢ  ᠪᠣᠯᠵᠤ᠂ ᠬᠤᠪᠢ ᠬᠦᠮᠦᠨ ᠤ ᠡᠷᠬᠡ ᠪᠠᠨ ᠬᠠᠮᠠᠭᠠᠯᠠᠬᠤ ᠨᠢ  ᠤᠳᠠᠭᠠᠨ ᠡᠳᠦᠷ ᠰᠢᠢᠳᠪᠦᠷᠢᠯᠡᠭᠳᠡᠵᠦ   ᠳᠡᠶᠢᠯᠦᠭᠰᠡᠨ ᠦᠭᠡᠢ ᠠᠰᠠᠭᠤᠳᠠᠯ ᠪᠤᠯᠤᠨ  ᠬᠤᠴᠤᠷᠤᠭᠰᠠᠨ ᠪᠠᠶᠢᠨ᠎ᠠ ᠃  ᠡᠴᠦᠰ ᠲᠦ ᠲᠣᠰᠠᠯᠠᠮᠵᠢ ᠬᠦᠰᠡᠭᠡᠳ ᠣᠯᠬᠤ ᠭᠠᠵᠠᠷ ᠦᠭᠡᠢ ᠯᠢ ᠣᠪᠣᠭᠲᠣ ᠬᠤᠷᠴᠢᠨ ᠪᠠᠷᠠᠭᠤᠨ ᠭᠠᠷᠣᠨ ᠳᠣᠮᠳᠠᠲᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠳᠤ ᠬᠠᠪᠰᠣᠷᠣᠯᠭ᠎ᠠ ᠭᠤᠶᠣᠴᠢᠯᠠᠪᠠ᠃

    ᠵᠦᠷᠢᠴᠡᠯ ᠮᠠᠷᠭᠤᠯᠳᠣᠭᠠᠨ ᠢ ᠬᠤᠷᠴᠠᠳᠬᠠᠬᠤ ᠠᠴᠠ ᠪᠣᠯᠭᠤᠮᠵᠢᠯᠠᠨ ᠵᠦᠷᠢᠴᠡᠯ ᠢ ᠡᠬᠢ ᠦᠨᠳᠦᠰᠦ ᠠᠴᠠ ᠨᠢ ᠰᠢᠢᠳᠪᠦᠷᠢᠯᠡᠬᠦ ᠶᠢᠨ ᠲᠦᠯᠦᠭᠡ ᠂ ᠪᠠᠶᠢᠴᠠᠭᠠᠭᠴᠢ ᠯᠢ ᠣᠪᠣᠭᠲᠣ ᠠᠴᠠ ᠪᠣᠳᠠᠲᠠᠢ ᠪᠠᠶᠢᠳᠠᠯ ᠢ ᠣᠶᠢᠯᠠᠭᠠᠵᠦ᠂ ᠬᠤᠯᠪᠣᠭᠳᠠᠯ ᠪᠦᠬᠦᠢ ᠭᠡᠷᠡᠴᠢ ᠮᠠᠲ᠋ᠧᠷᠢᠶᠠᠯ ᠢ ᠬᠢᠨᠠᠨ   ᠮᠠᠭᠠᠳᠯᠠᠭᠰᠠᠨ ᠤ ᠬᠠᠮᠲᠤ᠂  200 ᠭᠠᠷᠣᠢ ᠺᠢᠯᠣᠮᠧᠲᠷ ᠠᠶᠠᠯᠠᠵᠦ ᠬᠡᠷᠡᠭ ᠲᠦ ᠬᠤᠯᠪᠤᠭᠳᠠᠭᠰᠠᠨ ᠡᠮ ᠡᠮᠨᠡᠯᠭᠡ ᠡᠷᠡᠭᠦᠯ ᠬᠠᠮᠠᠭᠠᠯᠠᠯ ᠤᠨ ᠨᠢᠭᠡᠴᠡ ᠳᠤ ᠬᠦᠷᠴᠦ ᠪᠠᠶᠢᠳᠠᠯ ᠢ ᠪᠠᠶᠢᠴᠠᠭᠠᠨ ᠤᠶᠢᠯᠭᠠᠭᠰᠠᠨ ᠪᠠᠶᠢᠨ᠎ᠠ᠃ ᠲᠤᠰ ᠪᠠᠶᠢᠭᠤᠯᠭ᠎ᠠ ᠶᠢᠨ ᠬᠠᠷᠢᠭᠤᠴᠠᠯᠭᠠᠲᠠᠨ ᠠᠴᠠ  ᠡᠶᠢᠮᠦ ᠶᠠᠪᠣᠳᠠᠯ ᠦᠨᠡᠨᠬᠦ  ᠪᠠᠶᠢᠬᠤ ᠶᠢ ᠲᠤᠰᠬᠠᠵᠤ᠂ ᠪᠠᠰᠠ ᠯᠢ ᠣᠪᠣᠭᠲᠣ ᠶᠢᠨ ᠭᠡᠷ ᠪᠦᠯᠢ ᠶᠢᠨ ᠬᠦᠴᠢᠷᠳᠡᠯ  ᠢ  ᠤᠶᠢᠯᠭᠠᠨ᠂ ᠲᠡᠭᠦᠨ ᠲᠠᠢ ᠭᠤᠮᠣᠳᠠᠯ ᠲᠣᠭᠠᠴᠢᠬᠤ  ᠬᠡᠮᠵᠢᠶᠡᠨ ᠳᠦ   ᠬᠦᠷᠬᠦ ᠲᠣᠷ᠎ᠠ ᠦᠭᠡᠢ᠂ ᠨᠡᠩ ᠴᠦ ᠰᠢᠭᠦᠬᠦ ᠲᠢᠩᠬᠢᠮ ᠳᠤ ᠭᠠᠷᠬᠤ ᠲᠣᠷ᠎ᠠ ᠦᠭᠡᠢ ᠭᠡᠪᠡ᠃ ᠭᠡᠪᠡᠴᠦ ᠨᠢᠭᠡᠴᠡ ᠶᠢᠨ ᠡᠳ᠋ ᠤᠨ ᠶᠠᠪᠣᠳᠠᠯ ᠨᠢ ᠬᠦᠴᠢᠷᠳᠡᠯ ᠲᠠᠢ ᠪᠣᠯᠬᠤᠷ ᠲᠦᠷ ᠴᠠᠭ  ᠪᠠᠷᠢᠶᠠᠨ ᠤ ᠮᠦᠩᠬᠦ ᠶᠢ ᠪᠣᠴᠠᠭᠠᠨ ᠦᠭᠬᠦ ᠠᠮᠠᠯᠠᠯᠲᠠ ᠪᠠᠨ ᠪᠡᠶᠡᠯᠡᠭᠦᠯᠵᠦ ᠴᠢᠳᠠᠬᠤ ᠦᠭᠡᠢ ᠪᠠᠶᠢᠨ᠎ᠠ ᠭᠡᠵᠡᠢ᠃

    ᠪᠠᠶᠢᠴᠠᠭᠠᠭᠴᠢ ᠲᠡᠭᠦᠨ ᠳᠤ ᠬᠠᠦᠯᠢ ᠲᠠᠶᠢᠯᠪᠦᠷᠢᠯᠡᠨ ᠶᠣᠰᠦ ᠶᠠᠷᠢᠵᠤ᠂ ᠲᠣᠰ ᠬᠡᠷᠡᠭ ᠤᠨ ᠪᠣᠳᠠᠲᠦ ᠪᠠᠶᠢᠳᠠᠯ  ᠪᠠ ᠡᠷᠬᠡ ᠬᠠᠷᠢᠭᠤᠴᠠᠯᠭ᠎ᠠ ᠨᠢ ᠲᠣᠳᠣᠷᠬᠠᠢ᠂ ᠯᠢ ᠣᠪᠣᠭᠲᠣ ᠶᠢᠨ ᠠᠮᠢᠳᠣᠷᠠᠯ ᠨᠢ ᠦᠨᠡᠬᠡᠷ ᠬᠦᠴᠢᠷᠲᠠᠢ ᠪᠣᠯᠬᠤᠷ᠂ ᠡᠮ ᠡᠮᠨᠡᠯᠭᠡ ᠡᠷᠡᠭᠦᠯ ᠬᠠᠮᠠᠭᠠᠯᠠᠯ ᠤᠨ ᠨᠢᠭᠡᠴᠡ ᠨᠢ ᠡᠯ᠎ᠡ ᠵᠦᠢᠯ ᠤᠨ ᠬᠦᠴᠦᠨ ᠵᠦᠢᠯ ᠢ ᠭᠦᠢᠴᠡᠳ ᠪᠣᠳᠣᠯᠬᠢᠯᠠᠵᠦ᠂ ᠪᠠᠷᠢᠶᠠᠨ ᠤ ᠮᠦᠩᠬᠦ ᠶᠢ ᠪᠣᠴᠠᠭᠠᠨ ᠦᠭᠬᠦ ᠡᠭᠦᠷᠭᠡ ᠪᠠᠨ ᠢᠳᠡᠪᠬᠢᠲᠡᠢ ᠭᠦᠢᠴᠡᠳᠭᠡᠵᠦ᠂ ᠵᠦᠷᠢᠴᠡᠯ  ᠬᠤᠷᠴᠠᠳᠴᠤ᠂ ᠴᠢᠬᠤᠯᠠ ᠪᠣᠰᠦ ᠵᠠᠷᠭᠤᠯᠳᠤᠬᠤ ᠲᠠᠷᠤᠭᠠᠰᠤ ᠪᠠ ᠬᠠᠮᠢᠶ᠎ᠠ ᠪᠦᠬᠦᠢ ᠦᠷ᠎ᠡ ᠳ᠋ᠦᠩ ᠢ ᠪᠣᠢ ᠪᠣᠯᠭᠠᠬᠤ  ᠠᠴᠠ  ᠵᠠᠶᠢᠯᠠᠰᠬᠢᠪᠡᠯ ᠲᠠᠭᠠᠷᠠᠨ᠎ᠠ ᠭᠡᠵᠦ ᠵᠢᠭᠠᠨ ᠭᠠᠷᠭᠠᠪᠠ᠃ ᠬᠠᠦᠯᠢ ᠲᠠᠶᠢᠯᠪᠦᠷᠢᠯᠡᠨ ᠶᠣᠰᠣ ᠶᠠᠷᠢᠵᠦ᠂ ᠢᠳᠡᠪᠬᠢᠲᠠᠢ ᠵᠣᠬᠢᠴᠠᠭᠤᠯᠭ᠎ᠠ ᠬᠢᠭᠰᠡᠨ ᠤ ᠡᠴᠦᠰ ᠲᠦ᠂ ᠡᠮ ᠡᠮᠨᠡᠯᠭᠡ ᠡᠷᠡᠭᠦᠯ ᠬᠠᠮᠠᠭᠠᠯᠠᠯ ᠶᠢᠨ ᠨᠢᠭᠡᠴᠡ ᠡᠷᠡᠭᠦᠯ ᠬᠠᠮᠠᠭᠠᠯᠠᠯ ᠤᠨ ᠲᠠᠰᠤᠭ ᠤᠨ  ᠪᠠᠷᠢᠶᠠᠨ ᠤ ᠮᠦᠩᠬᠦ ᠶᠢ ᠪᠣᠴᠠᠭᠠᠵᠦ᠂ ᠦᠷᠢᠲᠦᠵᠦ ᠪᠠᠶᠢᠭ᠎ᠠ ᠴᠠᠯᠢᠩ   ᠢ ᠨᠦᠬᠦᠪᠦᠷᠢᠯᠡᠨ ᠦᠭᠭᠦᠭᠰᠡᠨ ᠤ ᠬᠠᠮᠲᠦ ᠪᠣᠴᠠᠭᠠᠬᠤ ᠲᠦᠰᠦᠯ ᠭᠠᠷᠭᠠᠵᠦ ᠦᠭᠭᠦᠭᠰᠡᠨ ᠪᠠᠶᠢᠨ᠎ᠠ᠃

    8 ᠰᠠᠷ᠎ᠠ ᠶᠢᠨ 1 ᠤ ᠡᠳᠦᠷ᠂ ᠯᠢ ᠣᠪᠣᠭᠲᠣ ᠪᠣᠴᠠᠭᠠᠵᠦ ᠦᠭᠭᠦᠭᠰᠡᠨ ᠪᠠᠷᠢᠶᠠᠨ ᠤ ᠮᠦᠩᠬᠦ  ᠶᠢ ᠣᠯᠣᠭᠰᠠᠨ ᠤ ᠳᠠᠷᠠᠭ᠎ᠠ᠄ 《 ᠪᠠᠶᠢᠴᠠᠭᠠᠬᠤ ᠪᠠᠶᠢᠭᠤᠯᠭ᠎ᠠ ᠦᠨᠡᠬᠡᠷ ᠠᠷᠠᠳ ᠣᠯᠠᠨ ᠳᠤ ᠪᠣᠳᠠᠲᠦ ᠠᠵᠢᠯ ᠬᠢᠵᠦ ᠦᠭᠴᠡᠢ︕  ᠮᠢᠨᠦ ᠭᠤᠮᠣᠳᠠᠯ ᠲᠣᠭᠠᠴᠢᠵᠦ ᠡᠷᠬᠡ ᠪᠠᠨ ᠬᠠᠮᠠᠭᠠᠯᠠᠬᠤ ᠦᠪᠡᠷ ᠤᠨ ᠦᠷᠳᠡᠭ ᠶᠢ ᠠᠷᠪᠢᠯᠠᠵᠦ᠂ ᠮᠢᠨᠦ ᠬᠠᠦᠯᠢ ᠶᠣᠰᠣᠨ ᠤ ᠡᠷᠬᠡ ᠠᠰᠢᠭ ᠢ ᠴᠠᠭ ᠲᠣᠬᠠᠢ ᠳᠤᠨᠢ ᠪᠦᠲᠦᠮᠵᠢᠲᠡᠢ ᠬᠠᠮᠠᠭᠠᠯᠠᠪᠠ 》 ᠭᠡᠵᠦ ᠰᠡᠳᠬᠢᠯ ᠲᠣᠭᠳᠣᠯᠣᠨ ᠢᠯᠡᠷᠬᠡᠶᠢᠯᠡᠪᠡ᠃ ᠬᠤᠷᠴᠢᠨ ᠪᠠᠷᠠᠭᠤᠨ ᠭᠠᠷᠣᠨ ᠳᠣᠮᠳᠠᠲᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠡᠶᠢᠭᠡᠮ ᠤᠨ ᠵᠠᠰᠠᠯᠲᠠ ᠳᠤ ᠭᠦᠨᠵᠡᠭᠡᠢ ᠣᠷᠣᠯᠴᠠᠨ᠂ ᠲᠣᠬᠠᠢ ᠶᠢᠨ ᠬᠦᠮᠦᠨ ᠤ ᠬᠦᠴᠢᠷ ᠵᠣᠪᠠᠯᠠᠩ ᠢ ᠬᠠᠯᠠᠮᠵᠢᠯᠠᠵᠦ᠂ ᠰᠠᠨᠠᠭᠠᠴᠢᠯᠠᠭ᠎ᠠ ᠠᠴᠠ ᠪᠠᠨ ᠰᠢᠢᠳᠪᠦᠷᠢᠯᠡᠵᠦ᠂ ᠭᠤᠮᠣᠳᠠᠯ ᠲᠣᠭᠠᠴᠢᠭᠰᠠᠨ ᠣᠴᠢᠷ ᠶᠠᠪᠣᠳᠠᠯ ᠢ ᠵᠠᠭᠠᠯᠳᠣᠬᠤ ᠦᠭᠡᠢ ᠪᠣᠯᠭᠠᠵᠦ᠂ ᠲᠣᠬᠠᠢ ᠶᠢᠨ ᠬᠦᠮᠦᠨ ᠢ ᠰᠡᠳᠭᠢᠯ  ᠲᠠᠶᠢᠪᠤᠭᠤ ᠠᠮᠢᠳᠣᠷᠠᠭᠤᠯᠵᠦ᠂ ᠨᠡᠶᠢᠭᠡᠮ ᠤᠨ ᠵᠠᠰᠠᠯᠲᠠ ᠶᠢ ᠴᠢᠩᠭᠠᠳᠬᠠᠬᠤ ᠳᠤ ᠴᠢᠨᠠᠷ ᠰᠠᠶᠢᠲᠠᠢ ᠪᠠᠶᠢᠴᠠᠭᠠᠬᠤ ᠦᠢᠯᠡᠳᠭᠦᠨ ᠢ ᠬᠠᠩᠭᠠᠵᠦ᠂ ᠪᠠᠶᠢᠴᠠᠭᠠᠬᠤ ᠠᠵᠢᠯ ᠤᠨ ᠡᠭᠦᠷᠭᠡᠯᠡᠯ ᠢ ᠢᠯᠡᠷᠡᠭᠦᠯᠵᠡᠢ᠃


R-C.jpg



            ᠤᠷᠴᠢᠭᠤᠯᠤᠭᠴᠢ   ᠰᠤᠷᠤᠨ᠎ᠠ



ᠢᠷᠡᠯᠲᠡ
ᠬᠤᠷᠴᠢᠨ ᠪᠠᠷᠠᠭᠤᠨ ᠭᠠᠷᠣᠨ ᠳᠣᠮᠳᠠᠲᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro