ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠡᠬᠡ ᠤᠯᠤᠰ ᠮᠢᠨᠢ

2022-10-31 11:56:11
ᠵᠣᠬᠢᠶᠠᠭᠴᠢ
ᠪᠣᠣ ᠭᠦᠸ᠋ᠸ ᠮᠧᠢ

   
                             — ᠠᠭᠤᠤ ᠨᠠᠮ ᠤᠨ ᠬᠤᠷᠢᠳᠤᠭᠠᠷ ᠶᠡᠭᠡ ᠬᠤᠷᠠᠯ ᠤᠨ ᠠᠮᠵᠢᠯᠲᠠ ᠲᠠᠢ  ᠬᠤᠷᠠᠯᠳᠤᠭᠤᠯᠤᠭᠰᠠᠨ ᠳᠤ     

     

     ᠴᠡᠩᠭᠡᠷ ᠲᠡᠭᠷᠢ ᠶᠢᠨ ᠷᠠᠰᠢᠶᠠᠨ ᠬᠤᠷ᠎ᠠ
     ᠴᠡᠴᠡᠭ ᠪᠦᠬᠦᠨ ᠢ ᠤᠮᠳᠠᠯᠠᠨ᠎ᠠ
     ᠴᠢᠭᠴᠢ ᠨᠠᠮ ᠤᠨ ᠠᠭᠤᠤ ᠪᠤᠳᠤᠯᠭ᠎ᠠ
     ᠴᠢᠮᠡᠭᠳᠦ ᠨᠤᠭᠤᠭᠠᠨ ᠨᠤᠳᠤᠭ ᠢ ᠮᠢᠨᠢ ᠢᠪᠡᠭᠡᠨ᠎ᠡ
    
     ᠬᠤᠩᠭᠤᠷ ᠤᠯᠠᠭᠠᠨ ᠨᠠᠷᠠᠨ
     ᠬᠤᠷᠴᠢᠨ ᠲᠡᠯᠡᠬᠡᠢ ᠶᠢ ᠬᠡᠶᠢᠬᠦᠯᠦᠨ᠎ᠡ
     ᠬᠤᠷᠢᠳᠤᠭᠠᠷ ᠶᠡᠭᠡ ᠬᠤᠷᠠᠯ ᠤᠨ ᠠᠤᠭ᠎ᠠ ᠠᠮᠵᠢᠯᠳᠠ
     ᠬᠤᠷᠸ᠎ᠠ ᠶᠢᠨ ᠤᠯᠠᠨ ᠤ ᠰᠡᠳᠬᠢᠯ ᠢ ᠲᠤᠭᠳᠤᠯᠤᠭᠤᠯᠤᠨ᠎ᠠ
    
     ᠤᠯᠠᠭᠠᠨ ᠲᠤᠭ ᠤᠨ ᠨᠠᠮᠢᠷᠠᠭ᠎ᠠ ᠲᠠᠢ
     ᠤᠶᠠᠩᠭ᠎ᠠ ᠰᠢᠯᠦᠭ ᠤᠨ ᠲᠦᠷᠢᠯᠭᠡ ᠲᠠᠢ
     ᠤᠷᠤᠭᠰᠢᠯᠠᠵᠤ ᠲᠡᠭᠦᠯᠢᠭᠡ ᠰᠠᠷᠠᠭᠤᠯ ᠵᠠᠮ ᠳᠤ ᠪᠠᠨ
     ᠤᠯᠤᠰ ᠦᠨᠳᠦᠰᠦᠳᠡᠨ ᠤ ᠪᠠᠨ ᠬᠡᠶᠢᠮᠤᠷᠢ ᠶᠢ ᠭᠠᠶᠢᠬᠠᠭᠤᠯᠤᠭᠰᠠᠨ
     ᠦᠷᠯᠦᠭ ᠶᠡᠭᠡ ᠲᠤᠮᠳᠠᠳᠤ ᠤᠯᠤᠰ ᠮᠢᠨᠢ
     ᠦᠵᠡᠰᠭᠦᠯᠡᠩᠳᠦ ᠰᠠᠶᠢᠬᠠᠨ ᠡᠬᠡ ᠤᠷᠤᠨ ᠮᠢᠨᠢ
    
     ᠠᠷᠢᠭᠤᠨ ᠰᠠᠴᠤᠯᠢ ᠶᠢᠨ ᠲᠡᠭᠡᠵᠢ ᠲᠠᠢ
     ᠢᠷᠦᠭᠡᠯ ᠮᠠᠭᠳᠠᠭᠠᠯ ᠢᠶᠠᠨ ᠲᠡᠪᠰᠢᠬᠦᠯᠵᠦ
     ᠠᠮᠤᠭᠤᠯᠠᠩ ᠲᠤᠭᠳᠠᠭᠤᠨ ᠡᠬᠡ ᠤᠯᠤᠰ ᠤᠨ ᠢᠶᠠᠨ
     ᠡᠰᠡᠨᠢᠯ ᠬᠦᠭᠵᠢᠯ ᠢ ᠪᠡᠯᠬᠡᠳᠡᠶ᠎ᠡ
    
     ᠡᠩᠬᠡ ᠮᠡᠨᠳᠦ ᠶᠢᠨ ᠬᠠᠳᠠᠭ ᠲᠠᠢ
     ᠡᠭᠡᠰᠢᠭ ᠲᠠᠭᠤᠤ ᠪᠠᠨ ᠡᠷᠭᠦᠵᠦ
     ᠡᠩᠭᠦᠷᠡᠢ ᠬᠠᠶᠢᠷᠠᠳᠤ ᠡᠬᠡ ᠤᠯᠤᠰ ᠤᠨ ᠢᠶᠠᠨ
     ᠡᠭᠦᠷᠢᠳᠡ ᠶᠢᠨ ᠪᠠᠳᠠᠷᠠᠯ ᠢ ᠵᠦᠩᠨᠡᠶ᠎ᠡ︕
                  

             ᠵᠤᠬᠢᠶᠠᠭᠴᠢ᠄ ᠪᠣᠣ ᠭᠦᠸ᠋ᠸ  ᠮᠧᠢ                       


                                           2022.10.21

ᠢᠷᠡᠯᠲᠡ
ᠬᠢᠩᠭᠠᠨ ᠠᠢᠢᠮᠠᠭ ᠤᠨ ᠵᠠᠯᠠᠢᠢᠳ ᠬᠤᠰᠢᠭᠤᠨ ᠤ ᠠᠷᠠᠳ ᠤᠨ ᠪᠠᠢᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro