ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠪᠢ ᠪᠣᠯ᠂᠂᠂᠂᠂᠂

2016-03-04 15:39:28
ᠵᠣᠬᠢᠶᠠᠭᠴᠢ
ᠱᠤᠸᠠᠩ ᠶᠢᠨ ᠪᠣᠤ

ᠪᠢ ᠪᠣᠯ 

 ᠠᠪᠤ ᠡᠵᠢ ᠪᠠᠨ ᠠᠰᠠᠷᠡᠨ ᠬᠦᠨᠳᠦᠳᠭᠡᠵᠦ

 ᠠᠴᠢᠯᠠᠯ ᠵᠢᠷᠦᠮ ᠢ ᠨᠢ ᠰᠠᠶᠢᠳᠤᠷ ᠭᠦᠢᠴᠡᠳᠭᠡᠬᠦ

 ᠠᠯᠠᠭ ᠬᠤᠩᠭᠤᠷ ᠤᠯᠠᠭᠠᠨ ᠦᠷᠥ ᠲᠠᠢ 

 ᠠᠷᠢᠭᠤᠨ ᠨᠠᠨᠳᠢᠨ ᠡᠭᠦᠷᠭᠡ ᠬᠠᠷᠢᠭᠤᠴᠠᠯᠭ᠎ᠠ ᠲᠠᠢ

 ᠬᠦᠦ ᠬᠦᠮᠦᠨ ᠶᠤᠮ᠃

ᠪᠢ ᠪᠣᠯ 

 ᠦᠷ᠎ᠡ ᠬᠡᠤᠬᠡᠳ ᠢᠶᠠᠨ ᠡᠩᠬᠦᠷᠡᠶᠢᠯᠡᠨ ᠬᠠᠶᠢᠷᠠᠯᠠᠵᠤ

 ᠡᠷᠡᠬᠦᠯ ᠴᠢᠬᠢᠷᠠᠭ ᠰᠤᠶᠤᠯᠵᠢᠭᠤᠯᠤᠨ ᠪᠦᠢᠵᠢᠭᠤᠯᠬᠤ

 ᠡᠴᠢᠭᠡ ᠶᠣᠰᠤᠨ ᠤ ᠡᠭᠦᠷᠭᠡ ᠬᠠᠷᠢᠭᠤᠴᠠᠯᠭ᠎ᠠ ᠲᠠᠢ 

 ᠡᠮᠪᠤᠷᠡᠳᠡᠯ᠎ᠡ ᠰᠠᠨᠠᠬᠤ ᠡᠵᠢ ᠶᠢᠨ ᠬᠠᠶᠢᠷ᠎ᠠ ᠲᠠᠢ 

 ᠠᠪᠦ ᠬᠦᠮᠦᠨ ᠶᠤᠮ᠃

ᠪᠢ ᠪᠣᠯ 

 ᠡᠬᠡᠨᠡᠷ ᠲᠡᠭᠡᠨ ᠬᠡᠵᠢᠶᠡᠳᠡ ᠦᠨᠡᠨᠴᠢ ᠬᠠᠶᠢᠷ᠎ᠠ ᠲᠠᠢ

 ᠡᠷᠦᠭᠡ ᠶᠢᠨ ᠠᠮᠢᠳᠦᠷᠡᠯ ᠢᠶᠠᠨ ᠥᠭᠡᠳᠡ ᠠᠪᠴᠤ ᠶᠠᠪᠦᠬᠤ 

 ᠡᠵᠡᠨ ᠪᠠᠶᠢᠷᠢ ᠪᠠᠨ ᠪᠠᠳᠦ ᠬᠠᠮᠠᠭᠠᠯᠠᠵᠤ 

 ᠡᠰᠡᠨᠢᠯ ᠮᠠᠨᠳᠤᠯ ᠤᠨ ᠲᠤᠭ ᠢ ᠡᠷᠭᠦᠭᠦ 

 ᠡᠷᠡᠭᠲᠡᠢ ᠬᠦᠮᠦᠨ ᠶᠤᠮ᠃

ᠪᠢ ᠪᠣᠯ

 ᠬᠠᠨᠠᠭᠠᠷ ᠴᠡᠭᠡᠵᠢᠨ ᠳᠡᠭᠡᠨ ᠬᠤᠷᠸ᠎ᠠ ᠶᠢ ᠪᠠᠭᠳᠠᠭᠠᠵᠤ

 ᠬᠠᠮᠢᠭ᠎ᠠ ᠬᠡᠵᠢᠶ᠎ᠡ ᠴᠦ ᠦᠨᠡᠨ ᠤ ᠲᠦᠯᠦᠭᠡ ᠵᠢᠳᠭᠦᠵᠦ

 ᠬᠤᠭᠤᠷᠠᠬᠤ ᠠᠴᠠ ᠪᠢᠰᠢ ᠨᠤᠭᠤᠷᠠᠳᠠᠭ ᠦᠭᠡᠢ 

 ᠬᠠᠳᠠᠠ ᠡᠷᠡᠰ ᠵᠠᠩ ᠴᠢᠨᠠᠷ ᠲᠠᠢ

 ᠡᠷ᠎ᠡ ᠬᠦᠮᠦᠨ ᠶᠤᠮ᠃

ᠪᠢ ᠪᠣᠯ

 ᠦᠨᠳᠦᠰᠦᠲᠡᠨ ᠤ ᠪᠠᠨ ᠰᠤᠷᠭᠠᠨ ᠬᠦᠮᠦᠵᠢᠯ ᠳᠤ ᠦᠨᠡᠨᠴᠢᠯᠡᠵᠦ

 ᠦᠷᠦᠭᠡᠯ ᠪᠤᠰᠤᠳ ᠤᠨ ᠬᠡᠤᠬᠡᠳ ᠢ ᠲᠤᠳᠤᠮᠲᠡᠵᠤ

 ᠦᠷ᠎ᠡ ᠪᠠᠨ ᠰᠩ ᠰᠤᠷᠭᠠᠵᠤ ᠬᠦᠮᠦᠵᠢᠭᠦᠯᠭᠦ

 ᠦᠷᠦᠪᠴᠢᠭᠡᠨ ᠵᠥᠭᠡᠯᠡᠨ ᠯᠠ ᠰᠢᠭ᠋ ᠭᠡᠷᠡᠯ ᠲᠠᠢ

 ᠪᠠᠭᠰᠢ ᠬᠦᠮᠦᠨ ᠶᠤᠮ᠃

ᠪᠢ ᠪᠣᠯ

 ᠠᠴᠢᠲᠤ ᠤᠯᠡᠨ ᠪᠠᠭᠰᠢ ᠨᠠᠷ ᠤᠨ ᠢᠶᠠᠨ 

 ᠠᠷᠢᠭᠤᠨ ᠮᠡᠳᠡᠯᠭᠡ ᠶᠢ ᠨᠢ ᠰᠤᠷᠴᠦ ᠡᠵᠡᠮᠰᠢᠨ 

 ᠡᠷᠳᠡᠮ ᠤᠨ ᠲᠠᠯᠠᠢ ᠠᠴᠠ ᠰᠤᠪᠤᠳ ᠱᠦᠬᠦᠵᠦ ᠶᠠᠪᠤᠭᠰᠠᠨ

 ᠡᠷᠢᠯ ᠬᠦᠰᠡᠯ ᠢᠶᠠᠷ ᠬᠡᠵᠢᠶᠡᠳᠡ ᠬᠠᠩᠬᠤ ᠦᠭᠡᠢ 

 ᠰᠤᠷᠤᠭᠴᠢ ᠬᠦᠮᠦᠨ ᠶᠤᠮ᠃

ᠪᠢ ᠪᠣᠯ

 ᠠᠷᠠᠳ ᠲᠦᠮᠡᠨ ᠤ ᠪᠠᠨ ᠠᠰᠢᠭ ᠲᠤᠰᠠ ᠶᠢ ᠬᠠᠮᠠᠭᠠᠯᠠᠵᠤ

 ᠠᠳᠡᠯ ᠭᠡᠷ ᠢᠶᠠᠨ ᠠᠷᠦ ᠬᠤᠶᠢᠨ᠎ᠠ ᠪᠠᠨ ᠬᠠᠶᠠᠵᠤ 

 ᠡᠬᠡ ᠤᠯᠤᠰ ᠤᠨ ᠢᠶᠠᠨ ᠬᠢᠯᠢ ᠬᠢᠵᠢᠭᠠᠷ ᠢ ᠰᠠᠬᠢᠵᠦ 

 ᠡᠪ ᠬᠠᠮᠲᠤ ᠨᠠᠮ ᠳᠠᠭᠠᠨ ᠬᠡᠵᠢᠶᠡᠳᠡ ᠰᠢᠳᠣᠷᠭᠤ ᠪᠠᠶᠢᠳᠠᠭ 

 ᠴᠡᠷᠢᠭ ᠬᠦᠮᠦᠨ ᠶᠤᠮ᠃

ᠪᠢ ᠪᠣᠯ 

 ᠠᠷᠭᠠᠯ ᠤᠨ ᠤᠲᠤᠭ᠎ᠠ ᠪᠤᠷᠭᠢᠯᠤᠭᠰᠠᠨ

 ᠢᠰᠡᠭᠡᠢ ᠭᠡᠷ ᠲᠤ ᠮᠡᠨᠳᠤᠯᠡᠵᠤ 

 ᠠᠭᠲᠠ ᠶᠢᠨ ᠨᠢᠷᠤᠭᠤᠨ ᠳᠤ ᠪᠣᠶᠢᠵᠢᠭᠰᠠᠨ 

 ᠠᠭᠤᠤ ᠦᠨᠳᠦᠰᠦᠲᠡᠨ ᠤ ᠡᠷᠡᠯᠬᠡᠭ ᠦᠷᠡᠰ 

 ᠮᠤᠩᠭᠤᠯ ᠬᠦᠮᠦᠨ ᠶᠤᠮ᠃


ᠢᠷᠡᠯᠲᠡ
ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro