ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠬᠠᠪᠦᠷ ᠢᠷᠡᠯ᠎ᠡ

2016-03-04 15:40:16
ᠵᠣᠬᠢᠶᠠᠭᠴᠢ
ᠱᠤᠸᠠᠩ ᠶᠢᠨ ᠪᠣᠤ

ᠬᠠᠬᠢᠷ ᠡᠪᠤᠯ ᠢ ᠦᠯᠳᠡᠵᠦ 

ᠬᠠᠮᠤᠭ ᠤᠷᠭᠤᠮᠡᠯ ᠠᠮᠢᠯᠠᠨᠡᠮ

ᠮᠦᠰᠦ ᠴᠠᠰᠤ ᠬᠠᠶᠢᠯᠠᠵᠤ 

ᠮᠦᠷᠡᠨ ᠭᠤᠣᠯ ᠬᠦᠭᠵᠢᠮᠳᠡᠨᠡᠮ

ᠴᠢᠬᠢᠭ ᠤᠨ ᠦᠨᠦᠷ ᠰᠠᠩᠬᠢᠨᠠᠵᠤ 

ᠴᠡᠴᠡᠭ ᠤᠨ ᠴᠣᠮᠣᠷᠯᠢᠭ ᠳᠡᠯᠭᠡᠷᠡᠨᠡᠮ

ᠬᠤᠷ᠎ᠡ ᠪᠣᠷᠣᠭᠠᠨ ᠢᠪᠡᠭᠡᠵᠦ 

ᠬᠤᠷᠠᠭ᠎ᠠ ᠢᠰᠢᠭᠡ ᠮᠠᠶᠢᠯᠠᠯᠳᠤᠨᠠᠮ

ᠬᠥᠬᠡ ᠰᠤᠶᠤᠭ᠎ᠠ ᠴᠤᠬᠤᠶᠢᠵᠤ 

ᠬᠥᠬᠦᠭᠡ ᠰᠢᠪᠠᠭᠤᠤᠨ ᠳᠣᠩᠭᠤᠳᠤᠨᠡᠮ 

ᠠᠭᠤᠯᠠ ᠲᠠᠯ᠎ᠠ ᠨᠤᠭᠤᠭᠠᠷᠠᠵᠤ

ᠤᠷᠤᠰᠬᠠᠯ ᠭᠤᠷᠤᠬ᠎ᠠ ᠬᠤᠷᠴᠢᠩᠬᠢᠨᠡᠮ

ᠤᠷᠢᠬᠠᠨ ᠰᠠᠯᠬᠢᠨ ᠦᠯᠢᠶᠡᠵᠦ 

ᠤᠳᠠ ᠤᠯᠢᠶᠠᠰᠤ ᠰᠤᠶᠤᠭᠠᠯᠠᠨᠡᠮ

ᠭᠤᠯᠭᠤᠢ ᠬᠤᠸᠠᠷ ᠬᠥᠭᠡᠷᠡᠵᠤ

ᠭᠥᠢᠯᠡᠰᠥᠨ ᠴᠡᠴᠡᠭ ᠴᠡᠶᠢᠷᠡᠨᠡᠮ

ᠲᠷᠠᠺᠲ᠋ᠣᠷ ᠮᠠᠰᠢᠨ ᠬᠥᠷᠴᠢᠬᠢᠨᠡᠵᠤ

ᠲᠠᠷᠢᠶᠠᠴᠢᠨ ᠠᠷᠡᠳ ᠢ ᠤᠷᠢᠶᠠᠯᠠᠨᠡᠮ

ᠮᠠᠯ ᠰᠦᠷᠦᠭ ᠢ ᠦᠰᠭᠡᠵᠤ

ᠮᠠᠯᠴᠢᠨ ᠲᠦᠮᠡᠨ ᠢ ᠪᠠᠶᠠᠰᠬᠠᠨᠡᠮ

ᠠ︕

ᠬᠠᠷᠢᠶᠠᠴᠡᠢ ᠢᠷᠡᠯ᠎ᠡ᠂ ᠬᠠᠪᠤᠷ ᠢᠷᠡᠯ᠎ᠡ︕

ᠢᠷᠡᠯᠲᠡ
ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro