ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠵᠢᠷᠦᠭᠡᠨ ᠤ ᠰᠢᠪᠡᠨᠡᠭᠡ

2016-03-04 15:41:22
ᠵᠣᠬᠢᠶᠠᠭᠴᠢ
ᠤᠨᠳᠤᠷᠤᠨ᠎ᠠ

 ᠡᠭᠦᠳᠡᠨ ᠪᠤᠱᠤᠭ᠎ᠠ ᠪᠠᠷ ᠭᠠᠷᠬᠤ ᠳᠠᠭᠠᠨ ᠪᠢ

 ᠲᠡᠷᠢᠭᠦᠨ ᠡᠷᠭᠦᠵᠦ ᠲᠡᠭᠷᠢ ᠶᠢᠨ ᠰᠢᠨᠵᠢ ᠶᠢ ᠰᠢᠷᠳᠡᠳᠡᠭ 

 ᠡᠪᠦᠭᠡ ᠶᠢᠨ ᠰᠤᠷᠭᠠᠯ ᠢ ᠰᠤᠨᠤᠰᠬᠤ ᠳᠠᠭᠠᠨ ᠪᠢ

 ᠲᠤᠯᠤᠭᠠᠢ ᠪᠦᠬᠦᠶᠢᠵᠦ ᠡᠪᠦᠳᠦᠭ ᠲᠡᠭᠡᠷ᠎ᠠ ᠨᠢ ᠨᠠᠯᠠᠳᠠᠭ

 

 ᠪᠤᠯᠠᠭ ᠤᠨ ᠤᠰᠦ ᠶᠢ ᠤᠮᠳᠠᠯᠠᠬᠤ ᠳᠠᠭᠠᠨ ᠪᠢ

 ᠴᠠᠭᠠᠨ ᠢᠳᠡᠭᠡ ᠰᠠᠷᠬᠤᠳ ᠤᠨ ᠲᠡᠭᠡᠵᠢ ᠪᠠᠨ ᠡᠷᠭᠦᠳᠡᠭ 

 ᠪᠤᠯᠪᠠᠷᠠᠢ ᠴᠡᠴᠡᠭᠡᠰ ᠢ ᠬᠠᠶᠢᠷᠠᠯᠠᠬᠤ ᠳᠠᠭᠠᠨ ᠪᠢ

 ᠴᠡᠮᠴᠡᠭᠡᠷ ᠰᠠᠶᠢᠬᠠᠨ ᠲᠡᠯᠪᠢᠨ ᠲᠡᠭᠡᠷ᠎ᠡ ᠨᠢ ᠦᠨᠦᠰᠳᠠᠭ


 ᠲᠠᠯ᠎ᠠ ᠶᠢᠨ ᠵᠦᠯᠭᠡᠨ ᠳᠤ ᠪᠦᠮᠪᠦᠷᠢᠬᠦ ᠳᠡᠭᠡᠨ ᠪᠢ 

 ᠲᠠᠭᠠᠨ᠎ᠠ ᠶᠢᠨ ᠦᠨᠦᠷ ᠭᠤᠷᠤᠬ᠎ᠠ ᠤᠨ ᠲᠠᠭᠤ ᠪᠠᠷ ᠰᠤᠭᠳᠤᠭᠤᠷᠠᠳᠠᠭ

 ᠲᠠᠩᠰᠤᠭ ᠨᠠᠷᠠᠨ ᠳᠤᠨᠢ ᠵᠢᠷᠭᠠᠬᠤ ᠳᠠᠭᠠᠨ ᠪᠢ

 ᠲᠠᠪᠤᠨ ᠲᠢᠪ ᠢᠶᠠᠷ ᠢᠶᠠᠨ ᠡᠩᠭᠡ ᠪᠠᠶᠢᠬᠤ ᠢ ᠬᠦᠰᠡᠳᠡᠭ


 ᠠᠰᠢᠳᠠ ᠶᠢᠨ ᠬᠠᠶᠢᠷ᠎ᠠ ᠠᠪᠦ ᠡᠵᠢ ᠪᠠᠨ ᠰᠠᠨᠠᠬᠤ ᠳᠠᠭᠠᠨ ᠪᠢ

 ᠰᠦᠰᠦᠭᠯᠡᠨ ᠰᠦᠬᠦᠷᠡᠵᠦ ᠪᠤᠷᠬᠠᠨ ᠳᠠᠭᠠᠨ ᠵᠠᠯᠪᠠᠷᠢᠳᠠᠭ

 ᠠᠮᠢᠨ ᠰᠢᠳᠦᠭᠡᠨ ᠲᠦᠷᠦᠭᠰᠡᠨ ᠨᠤᠳᠤᠭ ᠢᠶᠠᠨ ᠰᠠᠨᠠᠭᠠᠯᠵᠠᠬᠤ ᠳᠠᠭᠠᠨ ᠪᠢ

 ᠰᠡᠭᠦᠷᠡᠰᠦ ᠠᠯᠳᠠᠨ ᠪᠤᠳᠤᠯ ᠤᠨ ᠳᠠᠯᠠᠢ ᠳᠤ ᠱᠤᠩᠪᠠᠳᠠᠭ

 

 ᠵᠢᠷᠦᠬᠡᠨ ᠤ ᠨᠢᠭᠤᠴᠠ ᠠᠩᠬᠠᠨ ᠤ ᠬᠠᠶᠢᠷ᠎ᠠ ᠪᠠᠨ ᠵᠡᠭᠦᠳᠦᠯᠡᠬᠦ ᠳᠡᠭᠡᠨ ᠪᠢ

 ᠬᠡᠯᠡᠵᠦ ᠠᠮᠵᠢᠭ᠎ᠠ ᠦᠭᠡᠢ ᠲᠤᠷᠠᠯᠠᠯ ᠤᠨ ᠦᠭᠡ ᠪᠠᠨ ᠰᠢᠪᠡᠨᠡᠳᠡᠭ

 ᠦᠶᠡᠷᠬᠡᠵᠦ ᠦᠰᠦᠭᠰᠡᠨ ᠤᠨᠠᠭᠠᠨ ᠨᠠᠶᠢᠵᠠ ᠪᠠᠨ ᠳᠤᠷᠠᠰᠬᠤ ᠳᠠᠭᠠᠨ ᠪᠢ

 ᠵᠢᠷᠦᠭᠡ ᠰᠡᠳᠭᠢᠯ ᠮᠢᠨᠢ ᠲᠤᠩᠭᠠᠯᠠᠭᠰᠢᠵᠦ ᠨᠠᠷᠭᠢᠶᠡᠨ ᠴᠡᠩᠭᠡᠯ ᠢᠶᠠᠷ ᠪᠢᠯᠬᠠᠳᠠᠭ


 ᠤᠶᠠᠷᠠᠭᠠᠳ ᠪᠡᠶᠢᠳᠠᠭ ᠮᠢᠨᠦ ᠰᠡᠳᠭᠢᠯ

 ᠤᠷᠴᠢᠯᠠᠩ ᠶᠢᠨ ᠵᠢᠮ᠎ᠡ ᠢ ᠬᠤᠪᠢᠷᠠᠭᠤᠯᠵᠦ ᠲᠡᠶᠢᠯᠭᠦ ᠤᠤ︖

 ᠤᠷᠤᠰᠤᠭᠠᠳ ᠪᠠᠶᠢᠳᠠᠭ ᠮᠢᠨᠦ ᠨᠢᠯᠪᠤᠰᠤ 

 ᠤᠨᠤᠭᠠᠵᠦ ᠲᠠᠯᠪᠢᠭᠰᠠᠨ ᠲᠠᠪᠢᠯᠠᠩ ᠢᠶᠠᠨ ᠨᠤᠷᠠᠭᠠᠨ᠎ᠠ︕



ᠢᠷᠡᠯᠲᠡ
ᠬᠤᠤᠯᠢᠨ ᠭᠤᠤᠯ ᠬᠤᠳᠠ ᠶᠢᠨ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro