ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠰᠢᠨ᠎ᠡ ᠴᠠᠭ ᠦᠶ᠎ᠡ  ᠪᠠᠨ ᠮᠠᠭᠲᠠᠨ ᠳᠠᠭᠣᠯᠠᠵᠦ ᠰᠢᠨ᠎ᠡ ᠠᠶᠠᠨ  ᠳ᠋ᠦ ᠡᠷᠡᠯᠬᠡᠭᠯᠡᠨ ᠣᠷᠣᠭᠰᠢᠯᠠᠨᠠᠮ

2023-09-15 16:21:10
ᠵᠣᠬᠢᠶᠠᠭᠴᠢ
ᠰᠦᠮᠪᠦᠷ

 

 

 

ᠳᠡᠯᠭᠡᠷ ᠨᠠᠮᠥᠷ ᠤᠨ ᠠᠢᠵᠢᠮ ᠬᠦᠭ ᠪᠡᠭᠡᠵᠢᠩ ᠬᠣᠲᠠᠨ ᠳᠤ ᠰᠠᠭᠠᠲᠠᠵᠦ

ᠲᠢᠶᠠᠨ ᠠᠠ ᠮᠧᠨ  ᠤ ᠠᠭᠣᠳᠠᠮ ᠲᠠᠯᠠᠪᠠᠢ ᠳᠤ ᠣᠯᠠᠭᠠᠨ ᠲᠣᠭ ᠨᠠᠮᠢᠷᠠᠨ᠎ᠠ

ᠳᠡᠯᠡᠬᠡᠢ ᠶᠢᠨ ᠠᠩᠬᠠᠷᠣᠯ ᠢ ᠲᠠᠲᠠᠭᠰᠠᠨ ᠬᠣᠷᠢᠳᠣᠭᠠᠷ ᠶᠡᠬᠡ  ᠬᠣᠷᠠᠯ

ᠲᠡᠮᠣᠯᠡᠨ ᠡᠷᠡᠯᠬᠡᠭᠯᠡᠬᠦ ᠳᠠᠭᠣᠨ ᠢᠶᠠᠷ ᠰᠢᠨ᠎ᠡ ᠠᠶᠠᠨ ᠢ ᠵᠢᠭᠠᠨ᠎ᠠ

 

ᠣᠨ ᠵᠠᠭᠣᠨ ᠤ ᠡᠭᠡᠯᠵᠢᠯᠡᠭᠡᠨ ᠳᠦ

ᠠᠮᠵᠢᠯᠲᠠ ᠪᠦᠲᠦᠮᠵᠢ ᠪᠡᠨ ᠳ᠋ᠦᠩᠨᠡᠡ

ᠲᠣᠭ ᠪᠠᠨ ᠦᠡᠳᠦᠷ ᠡᠷᠭᠦᠨ ᠴᠢᠭᠯᠡᠯ ᠪᠠᠨ ᠪᠠᠲᠦ ᠲᠣᠭᠲᠠᠭᠠᠵᠤ

ᠲᠦᠷᠦ ᠲᠦᠪᠰᠢᠨ ᠲᠦᠮᠡᠨ ᠠᠮᠣᠭᠣᠯᠠᠩ ᠢ ᠪᠡᠯᠭᠡᠳᠡᠨ᠎ᠡ

 

ᠲᠣᠮᠳᠠᠳᠦ ᠶᠢᠨ ᠣᠨᠴᠠᠯᠢᠭ ᠪᠦᠬᠦᠢ ᠨᠡᠢᠭᠡᠮ ᠵᠢᠷᠣᠮᠲᠦ ᠵᠠᠮ ᠨᠢ

ᠵᠠᠯᠠᠭᠣᠴᠣᠳ ᠪᠢᠳᠡᠨ ᠦ ᠬᠦᠰᠡᠯ ᠢᠲᠡᠬᠡᠯ ᠢ ᠠᠴᠢᠶᠠᠯᠠᠨ᠎ᠠ 

ᠲᠦᠮᠡᠨ ᠪᠡᠷᠬᠡᠰᠢᠶᠠᠯ ᠮᠢᠩᠭᠠᠨ ᠪᠠᠷᠲᠠᠭ᠎ᠠ ᠶᠢ ᠲᠣᠭᠣᠯᠣᠨ ᠢᠷᠡᠭᠰᠡᠨ ᠡᠪ ᠬᠠᠮᠲᠤ ᠨᠠᠮ ᠮᠢᠨᠢ

ᠵᠠᠭᠣᠨ ᠵᠢᠯ ᠤᠨ ᠲᠡᠮᠡᠴᠡᠬᠦ ᠬᠠᠷᠠᠯᠲᠠ ᠪᠠᠨ ᠴᠠᠭ ᠲᠠᠢ ᠣᠷᠣᠯᠳᠣᠨ ᠪᠡᠶᠡᠯᠡᠭᠦᠯᠦᠨ᠎ᠡ

 

ᠠᠷᠠᠳ ᠲᠦᠮᠡᠨ ᠢᠶᠡᠨ ᠳᠠᠢᠴᠢᠯᠠᠨ

ᠴᠢᠨᠡᠭᠡᠯᠢᠭ ᠨᠡᠢᠭᠡᠮ ᠢ ᠪᠦᠬᠦ ᠲᠠᠯ᠎ᠠ ᠪᠠᠷ ᠪᠠᠢᠭᠣᠯᠪᠠ 

ᠠᠷᠠᠳ ᠤᠨ ᠰᠡᠳᠬᠢᠯ ᠳᠦ ᠨᠡᠢᠴᠡᠭᠰᠡᠨ

ᠠᠵᠢᠯ ᠶᠢᠨ ᠬᠠᠭᠣᠳᠠᠰᠦ ᠢ ᠠᠮᠵᠢᠯᠲᠠ ᠲᠠᠢ ᠪᠠᠷ ᠲᠣᠰᠢᠶᠠᠪᠠ

 

ᠲᠦᠷᠦ ᠬᠦᠷᠦᠨ ᠪᠣᠯ ᠲᠠᠷᠣᠢ ᠠᠷᠠᠳ ᠲᠦᠮᠡᠨ ᠮᠦᠨ

ᠠᠷᠠᠳ ᠲᠦᠮᠡᠨ ᠪᠣᠯ ᠳᠠᠷᠣᠢ ᠲᠦᠷᠦ ᠬᠦᠷᠦᠨ ᠮᠦᠨ

ᠲᠣᠮᠳᠠᠳᠦ ᠮᠠᠶ᠋ᠢᠭ ᠤᠨ ᠣᠳᠣᠬᠢᠴᠢᠯᠠᠯᠲᠠ ᠨᠢ ᠠᠷᠠᠳ ᠲᠦᠮᠡᠨ ᠢᠶᠡᠨ ᠣᠮᠳᠠᠯᠠᠵᠦ

ᠠᠮᠣᠷ ᠵᠢᠷᠭᠠᠵᠦ ᠠᠵᠦ ᠲᠦᠷᠦᠬᠦ ᠰᠢᠨ᠎ᠡ ᠠᠮᠢᠳᠣᠷᠠᠯ ᠢᠶᠠᠨ ᠴᠣᠭᠴᠠᠯᠠᠨ᠎ᠠ

 

ᠪᠦᠬᠦ ᠶᠠᠪᠣᠴᠠ ᠳᠤ ᠠᠷᠠᠳ ᠤᠨ ᠠᠷᠠᠳᠴᠢᠯᠠᠯ  ᠢ ᠡᠷᠬᠢᠮᠯᠡᠵᠦ

ᠲᠦᠪ ᠭᠣᠣᠯᠴᠢ ᠰᠢᠳᠣᠷᠭᠣ ᠶᠣᠰᠣᠨ ᠢ ᠶᠠᠪᠣᠭᠳᠠᠭᠣᠯᠣᠨ᠎ᠠ

ᠪᠦᠬᠦ ᠣᠯᠣᠰ ᠢᠶᠠᠨ ᠬᠠᠣᠯᠢ  ᠪᠠᠷ ᠵᠠᠰᠠᠬᠤ ᠶᠢ ᠡᠷᠬᠢᠮᠯᠡᠵᠦ

ᠲᠦᠨᠡᠷ ᠬᠠᠷᠠᠨᠭ᠍ᠭᠣᠢ ᠢ ᠦᠯᠳᠡᠨ ᠭᠡᠭᠡᠨ ᠰᠠᠷᠠᠭᠣᠯ ᠢ ᠠᠪᠴᠢᠷᠠᠨ᠎ᠠ

 

ᠦᠨᠢ ᠣᠳᠠᠭᠠᠨ ᠦᠩᠭᠡ ᠢᠯᠭᠠᠷᠠᠮ᠎ᠠ ᠳᠣᠮᠳᠠᠳᠣ ᠢᠶᠨ ᠰᠣᠶᠣᠯ

ᠣᠯᠣᠰ ᠲᠦᠮᠡᠨ ᠦ ᠰᠡᠳᠬᠢᠯ ᠦᠨ ᠬᠦᠴᠦᠨ ᠪᠣᠯᠵᠦ  ᠢᠲᠡᠬᠡᠯ ᠨᠡᠮᠡᠭᠳᠡᠭᠦᠯᠦᠨ᠎ᠡ

ᠦᠰᠪᠦᠷᠢ ᠵᠠᠯᠠᠭᠣᠰ ᠤᠨ ᠰᠣᠷᠭᠠᠯ ᠪᠣᠯᠣᠭᠰᠠᠨ ᠳᠣᠮᠳᠠᠳᠦ ᠶᠢᠨ ᠦᠯᠢᠭᠡᠷ

ᠦᠷᠭᠡᠨ ᠳᠡᠯᠡᠬᠡᠢ ᠳᠤ ᠲᠠᠮᠠᠭ᠎ᠠ ᠪᠣᠯᠵᠤ ᠳᠣᠮᠳᠠᠳᠣ ᠶᠢᠨ ᠠᠯᠳᠠᠷ ᠢ ᠴᠣᠣᠷᠢᠶᠠᠲᠣᠭᠣᠯᠣᠨ᠎ᠠ

 

ᠬᠦᠬᠡᠮᠳᠡᠭ ᠨᠣᠭᠣᠭᠠᠨ ᠠᠭᠣᠯᠠ ᠣᠰᠦ ᠪᠠᠨ ᠬᠠᠮᠠᠭᠠᠯᠠᠨ

ᠬᠦᠮᠦᠨ ᠪᠠᠢᠭᠠᠯᠢ ᠶᠢᠨ ᠡᠶ᠎ᠡ ᠵᠣᠬᠢᠴᠠᠯ ᠢ ᠪᠠᠷᠢᠮᠲᠠᠯᠠᠨ᠎ᠠ

ᠦᠷᠨᠢᠭᠦᠨ ᠰᠠᠢᠨ ᠪᠣᠬᠢᠷᠳᠣᠯ ᠦᠭᠡᠢ ᠬᠦᠭᠵᠢᠯᠲᠡ ᠪᠡᠷ

ᠦᠵᠡᠰᠭᠦᠯᠡᠩᠲᠦ ᠰᠠᠢᠬᠠᠨ ᠡᠬᠡ ᠣᠷᠣᠨ  ᠢᠶᠠᠨ ᠪᠠᠢᠭᠣᠯᠣᠨ᠎ᠠ

 

ᠨᠠᠮ ᠤᠨ ᠵᠢᠯᠣᠭᠣᠳᠣᠯᠭ᠎ᠠ ᠢ ᠪᠦᠬᠦ ᠲᠠᠯ᠎ᠠ ᠪᠠᠷ ᠴᠢᠩᠭᠠᠳᠬᠠᠨ

ᠨᠠᠭᠠᠨ᠎ᠠ ᠴᠠᠭᠠᠨ᠎ᠠ ᠦᠭᠡᠢ ᠪᠦᠭᠦᠳᠡᠭᠡᠷ ᠰᠡᠳᠬᠢᠯ ᠨᠢᠭᠡᠲᠦᠨ ᠨᠢᠭᠲᠠᠷᠠᠨ᠎ᠠ

ᠡᠶ᠎ᠡ ᠨᠠᠢᠷᠠᠮᠳᠠᠯ ᠢᠶᠠᠷ ᠨᠢᠭᠡᠳᠬᠡᠬᠦ  ᠢ ᠲᠡᠷᠢᠭᠦᠨ ᠪᠠᠢᠷᠢᠨ ᠳᠤ ᠲᠠᠯᠪᠢᠵᠦ

ᠡᠬᠡ ᠣᠷᠣᠨ ᠢᠶᠠᠨ ᠪᠦᠷᠢᠨ ᠨᠢᠭᠡᠳᠬᠡᠬᠦ ᠲᠡᠣᠬᠡᠲᠦ ᠡᠭᠦᠷᠭᠡ ᠪᠡᠨ ᠭᠦᠢᠴᠡᠳᠬᠡᠨ᠎ᠡ

 

ᠲᠡᠯᠡᠬᠡᠢ ᠳ᠋ᠠᠬᠢᠨ ᠤ ᠬᠡᠷᠡᠭ ᠶᠠᠪᠣᠳᠠᠯ  ᠣᠷᠪᠠᠨ ᠬᠦᠷᠪᠡᠨ ᠲᠠᠢ ᠪᠠᠢᠭᠰᠠᠨ ᠴᠦ

ᠳᠣᠮᠳᠠᠳᠣ ᠣᠯᠣᠰ ᠤᠨ ᠦᠭᠡᠷᠴᠢᠯᠡᠯᠲᠡ ᠨᠡᠭᠡᠭᠡᠯᠲᠡ ᠣᠬᠣᠷᠢᠵᠦ ᠶᠡᠷᠦ ᠦᠵᠡᠭᠡ ᠦᠭᠡᠢ

ᠡᠵᠡᠨ ᠮᠡᠳᠡᠵᠦ ᠪᠡᠶ᠎ᠡ ᠪᠡᠨ ᠳᠠᠭᠠᠭᠠᠨ  ᠬᠠᠷᠢᠯᠴᠠᠨ ᠬᠠᠮᠲᠣᠷᠠᠬᠣ ᠢ ᠪᠠᠷᠢᠮᠲᠠᠯᠠᠵᠦ

ᠡᠩᠬᠡ ᠲᠠᠢᠪᠣᠩ  ᠢᠶᠠᠷ ᠬᠦᠭᠵᠢᠬᠦ ᠳᠣᠮᠳᠠᠳᠣ ᠶᠢᠨ ᠣᠶᠣᠨ ᠢ ᠳᠡᠯᠡᠬᠡᠢ ᠳᠦ ᠬᠠᠨᠳᠢᠪᠯᠠᠨ᠎ᠠ

 

ᠠᠯᠲᠠ ᠪᠡᠶ᠎ᠡ ᠮᠢᠨᠢ ᠦᠭᠡᠢᠢᠳᠡᠪᠡᠴᠦ ᠠᠷᠠᠳ ᠲᠦᠮᠡᠨ ᠢᠶᠡᠨ ᠬᠦᠰᠡᠷᠳᠡᠭᠦᠯᠬᠦ ᠦᠭᠡᠢ ᠭᠡᠰᠡᠨ  

                        ᠬᠠᠳᠠᠨ ᠪᠠᠲᠤ ᠲᠠᠩᠭᠠᠷᠢᠭ ᠨᠢ

ᠠᠷᠠᠳ ᠲᠦᠮᠡᠨ ᠦ ᠰᠡᠳᠬᠢᠯ ᠵᠢᠷᠦᠬᠡᠨ ᠳᠦ ᠬᠠᠯᠠᠭᠣᠨ ᠳᠣᠯᠠᠭᠠᠨ ᠢ ᠪᠢᠯᠬᠠᠭᠣᠯᠣᠨ᠎ᠠ

《ᠬᠣᠶᠠᠷ ᠢ ᠲᠣᠭᠲᠠᠭᠠᠬᠣ》《 ᠬᠣᠶᠠᠷ ᠢ ᠬᠠᠮᠠᠭᠠᠯᠠᠬᠣ》 ᠨᠢ ᠨᠠᠮ ᠠᠷᠠᠳ ᠤᠨ  ᠢᠶᠡᠨ

                        ᠰᠡᠳᠬᠢᠯ ᠳ᠋ᠦ ᠰᠠᠭᠣᠭᠳᠠᠵᠣ

ᠬᠣᠶᠠᠷᠳᠠᠭᠴᠢ ᠦᠭᠡᠢ ᠰᠡᠳᠬᠢᠯ ᠢᠶᠡᠷ ᠣᠯᠣᠰ ᠣᠷᠣᠨ ᠢᠶᠠᠨ ᠴᠣᠭᠴᠠᠯᠠᠨ

                       ᠭᠡᠷᠡᠯ ᠰᠠᠴᠣᠷᠠᠩᠭᠣᠢ ᠲᠡᠣᠬᠡ ᠢ ᠪᠢᠴᠢᠭᠯᠡᠨ᠎ᠡ

 

ᠰᠢ ᠵᠢᠨ ᠫᠢᠩ ᠶᠡᠷᠦᠩᠬᠡᠢ ᠱᠦᠵᠢ ᠵᠠᠯᠠᠭᠣᠷ ᠢ ᠠᠳᠬᠠᠨ ᠠᠶᠠᠯᠠᠯ ᠢ ᠵᠠᠮᠴᠢᠯᠠᠵᠦ

ᠰᠢᠨ᠎ᠡ ᠴᠠᠭ ᠦᠶ᠎ᠡ ᠶᠢᠨ ᠳᠣᠮᠳᠠᠳᠣ ᠶᠢᠨ ᠣᠨᠴᠠᠯᠢᠭ  ᠲᠠᠢ ᠰᠢᠨ᠎ᠡ ᠢ ᠡᠭᠦᠳᠦᠨᠡᠮ

ᠨᠡᠢᠲᠡ ᠣᠯᠠᠨ ᠤ ᠬᠦᠴᠦᠨ ᠳᠦ ᠬᠠᠮᠲᠣᠪᠠᠷ ᠪᠦᠯᠬᠦᠮᠳᠡᠨ ᠴᠢᠷᠮᠠᠢᠵᠦ

ᠨᠡᠢᠭᠡᠮ ᠵᠢᠷᠣᠮᠲᠣ ᠬᠦᠴᠦᠷᠬᠡᠭ ᠣᠯᠣᠰ ᠤᠨ ᠲᠡᠷᠲᠡᠭᠡ ᠡᠷᠭᠢ ᠳᠦ ᠯᠠᠪᠲᠠᠢ ᠬᠦᠷᠦᠨᠡᠮ︕

ᠢᠷᠡᠯᠲᠡ
ᠡᠸᠡᠩᠬᠢ ᠬᠤᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro