ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠨᠢᠭᠡ ᠬᠤᠪᠢ ᠢᠨᠠᠭ  ᠤᠨ ᠵᠠᠬᠢᠳᠠᠯ

2016-05-10 10:49:56
ᠵᠣᠬᠢᠶᠠᠭᠴᠢ
ᠱᠤᠸᠠᠩ ᠶᠢᠨ ᠪᠣᠤ

    ᠭᠤᠴᠢᠨ ᠵᠢᠯ ᠤᠨ ᠡᠮᠤᠨ᠎ᠡ ᠪᠢ ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠶᠢᠭ᠎ᠠ ᠦᠶᠡᠰ ᠨᠢᠭᠡᠨ ᠬᠤᠪᠢ ᠢᠨᠠᠭ ᠤᠨ ᠵᠠᠬᠢᠳᠠᠯ ᠪᠢᠴᠢᠭᠰᠡᠨ᠃ ᠲᠡᠷᠡ ᠨᠢ ᠮᠢᠨᠤ ᠬᠠᠮᠤᠭ ᠠᠩᠬᠠᠨ ᠤ ᠪᠢᠴᠢᠭᠰᠡᠨ ᠪᠦᠭᠡᠳ ᠮᠦᠨ ᠴᠦ ᠬᠠᠮᠤᠭ  ᠰᠡᠭᠦᠯᠴᠢ ᠶᠢᠨ ᠪᠢᠴᠢᠭᠰᠡᠨ ᠢᠨᠠᠭ ᠤᠨ ᠵᠠᠬᠢᠳᠠᠯ ᠪᠣᠯᠤᠨ᠎ᠠ᠃ ᠥᠭᠡᠷ᠎ᠡ ᠪᠠᠷ ᠬᠡᠯᠡᠪᠡᠯ ᠣᠳᠤ ᠪᠣᠯᠲᠠᠯ᠎ᠠ ᠪᠢ  ᠭᠠᠭᠴᠠ ᠬᠤᠪᠢ ᠢᠨᠠᠭ ᠤᠨ ᠵᠠᠬᠢᠳᠠᠯ ᠪᠢᠴᠢᠯ᠎ᠡ ᠭᠡᠰᠡᠨ ᠦᠭᠡ᠃

    ᠬᠠᠷᠠᠵᠤ ᠪᠠᠶᠢᠲᠠᠯ᠎ᠠ ᠲᠡᠭᠦᠰᠬᠦ ᠣᠶᠢᠷᠠᠲᠤᠯ᠎ᠠ᠃ ᠬᠠᠮᠲᠦ ᠨᠥᠬᠦᠳ ᠤᠨ ᠬᠠᠶᠠ ᠵᠠᠷᠢᠮ  ᠨᠢ ᠬᠡᠨ ᠬᠡᠨ ᠬᠤᠭᠤᠷᠤᠨᠳᠤ ᠪᠠᠨ ᠢᠨᠠᠭᠯᠠᠵᠤ ᠬᠠᠶᠢᠷ᠎ᠠ ᠰᠡᠳᠭᠢᠯᠭᠡ ᠲᠠᠢ ᠪᠤᠯᠴᠢᠬᠠᠯ᠎ᠠ ᠭᠡᠵᠦ ᠳᠡᠭᠡᠭᠦᠷ ᠳᠣᠣᠭᠤᠷ ᠬᠡᠯᠡᠯᠴᠡᠬᠦ ᠨᠢ ᠨᠠᠳᠠ ᠶᠢ ᠰᠡᠮᠡᠬᠡᠷ ᠪᠠᠴᠢᠮᠳᠠᠭᠤᠯᠵᠤ ᠭᠠᠷᠤᠨ᠎ᠠ᠃  ︽ᠤᠳᠣ ᠬᠥᠳᠡᠯᠬᠦ ᠦᠭᠡᠢ ᠪᠣᠯ ᠪᠣᠯᠬᠤ ᠦᠭᠡᠢ︾ ᠭᠡᠰᠡᠨ ᠰᠡᠴᠡᠨᠪᠠᠭᠠᠨ᠎ᠠ ᠶᠢᠨ ᠭᠡᠯᠡᠭᠰᠡᠨ ᠱᠤᠭ ᠶᠥᠮᠦᠷᠯᠢᠭ ᠦᠭᠡ ᠨᠢ ᠨᠠᠳᠠ ᠳᠤ ᠢᠨᠢᠶᠡᠳᠥᠮ ᠰᠢᠭ ᠵᠣᠷᠢᠭᠵᠢᠭᠤᠯᠤᠯ ᠰᠢᠭ᠋᠃ ᠪᠠᠳᠮ᠎ᠠ ᠪᠤᠰᠤᠳ ᠲᠤ ᠬᠠᠶᠢᠷ᠎ᠠ ᠰᠡᠳᠭᠢᠯᠭᠡ ᠪᠠᠨ ᠲᠤᠰᠢᠶᠠᠴᠢᠬᠠᠰᠠᠨ᠂ ᠦᠵᠦᠮ ᠠᠯᠢ ᠡᠷᠲᠡ ᠡᠷᠡᠭᠲᠡᠢ ᠨᠦᠬᠦᠷ ᠢᠶᠠᠨ ᠰᠤᠩᠭᠤᠴᠢᠬᠠᠭᠰᠠᠨ᠂ ᠳᠡᠯᠭᠡᠷᠮ᠎ᠡ ᠶᠢᠨ ᠰᠠᠨᠠᠭ᠎ᠠ ᠬᠠᠷᠠᠴᠠ ᠳᠡᠩᠳᠡᠭᠦᠥ ᠦᠨᠳᠦᠷ᠂ ᠦᠷᠡᠵᠢᠮᠢᠰ ᠤᠨ ᠥᠩᠭᠡ ᠵᠢᠰᠦ ᠲᠤᠩ ᠪᠠᠷᠤᠭᠲᠠᠶᠢᠬᠠᠨ᠃ ᠶᠠᠭᠠᠬᠢᠳᠠᠭ ᠪᠢᠯᠡ᠂ ᠬᠤᠷᠢᠨ ᠨᠢᠭᠡᠨ ᠡᠮᠡᠭᠲᠡᠢ ᠰᠤᠷᠤᠭᠴᠢ ᠪᠠᠨ ᠵᠠᠬ᠎ᠠ ᠳᠠᠷᠠᠭᠠᠯᠠᠨ ᠪᠤᠳᠤᠭᠰᠠᠨ ᠴᠢᠨᠢ ᠠᠯᠢᠮ᠎ᠠ ᠪᠢᠳᠡ ᠬᠤᠶᠠᠭᠤᠯᠠ ᠪᠣᠯ ᠨᠤᠲᠤᠭ ᠨᠢᠭᠡᠳᠡᠨ ᠪᠦᠭᠡᠳ ᠠᠩᠬ᠎ᠠ ᠳᠤᠮᠳᠠᠳᠤ ᠠᠴᠠ ᠦᠨᠳᠦᠷ ᠳᠤᠮᠳᠠᠳᠤ ᠳᠤ ᠪᠠᠶᠢᠭ᠎ᠠ ᠦᠶᠡᠰ ᠲᠡᠭᠡᠨ ᠴᠦ ᠨᠢᠭᠡ ᠠᠩᠬᠢ ᠶᠢᠨ ᠬᠠᠮᠲᠤ ᠰᠤᠷᠤᠭᠴᠢ ᠪᠠᠶᠢᠭᠰᠠᠨ᠂  ᠨᠠᠰᠤ ᠰᠠᠴᠠᠭᠤ᠂  ᠲᠡᠷᠡ ᠠᠰᠪᠤᠷ ᠴᠠᠶᠢᠯᠭᠠᠨ᠂ ᠬᠡᠵᠢᠶᠡᠳᠡ‌ᠢᠨᠢᠶᠡᠮᠰᠦᠭᠯᠡᠩᠭᠦᠢ ᠴᠢᠷᠠᠶᠢᠯᠠᠵᠤ᠂ ᠵᠠᠩ ᠠᠭᠠᠰᠢ ᠰᠠᠶᠢᠨ ᠵᠡᠷᠭᠡ ᠤᠯᠠᠨ ᠠᠷᠪᠢᠨ ᠢ ᠪᠣᠳᠤᠯᠬᠢᠯᠠᠵᠤ ᠲᠤᠩᠭᠠᠭᠰᠠᠨ ᠤ ᠬᠤᠶᠢᠨ᠎ᠠ ᠪᠢ ᠨᠢᠭᠡᠨ ᠤᠷᠤᠢ ᠶᠢᠨ ᠳᠠᠪᠲᠠᠯᠭ᠎ᠠ ᠶᠢᠨ ᠴᠠᠭ ᠲᠤ ᠪᠡᠶ᠎ᠡ ᠪᠠᠨ ᠵᠣᠷᠢᠭᠵᠢᠭᠤᠯᠤᠨ ᠵᠢᠷᠤᠭᠡ ᠪᠠᠨ ᠪᠦᠳᠦᠭᠦᠷᠡᠭᠦᠯᠵᠦ ᠠᠯᠢᠮ᠎ᠠ ᠳᠤ ᠢᠨᠠᠭ ᠤᠨ ᠵᠠᠬᠢᠳᠠᠯ ᠪᠢᠴᠢᠬᠦ ᠪᠠᠷ ᠵᠣᠷᠢᠭ ᠰᠢᠭᠤᠳᠤᠯ᠎ᠠ᠃ ᠲᠡᠭᠡᠭᠡᠳ ᠡᠬᠢᠯᠡᠩᠭᠦᠲᠡ ᠪᠠᠨ ᠴᠣᠬᠤᠮ ᠶᠠᠭᠤ ᠬᠡᠯᠡᠵᠥ ᠶᠠᠭᠠᠬᠢᠵᠤ ᠪᠢᠴᠢᠬᠦ ᠪᠠᠨ ᠤᠯᠵᠣ ᠶᠠᠳᠠᠨ ᠪᠣᠳᠤᠭᠰᠠᠭᠠᠷ ᠪᠠᠶᠢᠵᠤ᠄

    ︽ᠬᠠᠶᠢᠷᠠᠲᠤ ᠳᠣᠲᠤᠨᠤ ᠬᠠᠮᠲᠤ ᠰᠤᠷᠤᠯᠭᠠᠲᠠᠨ ᠠᠯᠢᠮ᠎ᠠ ᠲᠠᠨ᠎ᠠ ︾ ᠭᠡᠵᠤ ᠬᠡᠳᠦ ᠤᠳᠠᠭ᠎ᠠ ᠳᠠᠬᠢᠨ ᠳᠠᠪᠲᠠᠨ ᠪᠢᠴᠢᠵᠦ᠂ ᠳᠠᠬᠢᠨ ᠳᠠᠪᠲᠠᠵᠤ ᠨᠤᠭᠤᠴᠢᠵᠤ ᠪᠠᠶᠢᠵᠤ ᠡᠴᠣᠰ ᠲᠡᠭᠡᠨ  ︽ᠬᠠᠶᠢᠷᠠᠲᠤ ᠳᠣᠲᠤᠨᠤ ᠰᠤᠷᠤᠯᠭᠠᠲᠠᠨ ᠠᠯᠢᠮ᠎ᠠ ᠲᠠᠨ᠎ᠠ ᠄

    ᠦᠨᠤ ᠪᠢ ᠲᠤᠰ ᠵᠠᠬᠢᠳᠠᠯ ᠢ ᠪᠢᠴᠢᠵᠦ ᠴᠢᠮ᠎ᠠ ᠳᠠᠭᠠᠨ ᠬᠡᠳᠤᠨ ᠦᠭᠡ ᠬᠡᠯᠡᠵᠦ ᠰᠡᠳᠭᠢᠯ ᠤᠨ ᠨᠢᠭᠤᠴᠠ ᠰᠠᠨᠠᠭᠠᠨ ᠤ ᠪᠣᠳᠤᠯᠭ᠎ᠠ ᠪᠠᠨ ᠢᠯᠡᠳᠭᠡᠬᠦ ᠶᠢ ᠵᠤᠷᠢᠮᠤᠢ᠃ ᠮᠡᠳᠡᠭᠡᠵᠢ ᠪᠠᠷ ᠪᠢᠳᠡ ᠬᠤᠶᠠᠭᠤᠯᠠ ᠪᠣᠯ ᠬᠡᠳᠦᠨ ᠵᠢᠯ ᠤᠨ ᠡᠮᠤᠨ᠎ᠡ ᠳᠤᠮᠳᠠᠲᠤ ᠰᠤᠷᠭᠠᠭᠤᠯᠢ ᠳᠤ ᠪᠠᠶᠢᠭ᠎ᠠ ᠳᠠᠭᠠᠨ ᠨᠢᠭᠡ ᠪᠠᠭᠰᠢ ᠶᠢᠨ ᠰᠤᠷᠭᠠᠯ ᠢ ᠬᠥᠷᠲᠡᠵᠥ᠂ ᠨᠢᠭᠡ ᠲᠤᠭᠤᠭᠠᠨ ᠠᠴᠠ ᠬᠤᠭᠤᠯᠠ ᠢᠳᠡᠭᠰᠡᠨ ᠨᠢᠭᠡ ᠠᠩᠬᠢ ᠶᠢᠨ ᠬᠠᠮᠲᠦ ᠰᠤᠷᠤᠯᠭᠠᠲᠠᠨ ᠪᠦᠭᠡᠳ ᠨᠤᠲᠤᠭ ᠨᠢᠭᠡᠲᠡᠨ ᠪᠣᠯᠤᠨ᠎ᠠ᠃ ᠥᠨᠦ ᠳᠠᠬᠢᠨ ᠪᠠᠭᠰᠢ ᠶᠢᠨ ᠰᠤᠷᠭᠠᠭᠤᠯᠢ ᠳᠤ ᠴᠤᠭᠭᠠᠷ ᠰᠢᠯᠭᠠᠵᠤ ᠬᠠᠮᠲᠤᠪᠠᠷ ᠡᠯᠰᠡᠭᠳᠡᠵᠦ ᠢᠷᠡᠭᠡᠳ ᠨᠢᠭᠡ ᠠᠩᠬᠢ ᠳᠤ ᠨᠢᠭᠡ ᠪᠠᠭᠰᠢ ᠶᠢᠨ ᠰᠤᠷᠭᠠᠯ ᠢ ᠬᠥᠷᠲᠡᠵᠥ ᠶᠠᠪᠤᠭ᠎ᠠ ᠮᠢᠨᠢ ᠶᠠᠭᠤᠲᠡᠢ ᠬᠤᠪᠢ ᠪᠠᠷᠢᠯᠳᠤᠯᠭ᠎ᠠ ᠲᠠᠢ ᠵᠠᠶᠠᠭ᠎ᠠ ᠨᠢᠭᠡᠲᠡᠢ ᠭᠡᠵᠤ ᠦᠵᠡᠵᠦ ᠪᠣᠯᠤᠨ᠎ᠠ᠃ ᠪᠢ ᠴᠢᠮ᠎ᠠ ᠶᠢ ᠤᠶᠢᠯᠠᠭᠠᠬᠤ ᠪᠦᠭᠡᠳ ᠲᠠ ᠴᠦ ᠨᠠᠳᠠ ᠶᠢ ᠤᠶᠢᠯᠠᠭᠠᠨ᠎ᠠ᠂ ᠪᠢᠳᠡ ᠤᠳᠠᠭᠠᠨ ᠡᠳᠥᠷ ᠤᠷᠲᠦ ᠬᠤᠭᠤᠴᠠᠭ᠎ᠠ ᠬᠠᠮᠲᠤ ᠶᠢᠨ ᠰᠤᠷᠤᠯᠴᠠᠯᠭ᠎ᠠ ᠶᠢᠨ ᠶᠠᠪᠦᠴᠠ ᠳᠤ ᠬᠤᠭᠤᠷᠤᠨᠳᠤ ᠪᠠᠨ ᠰᠡᠳᠬᠢᠯ ᠰᠠᠨᠠᠭ᠎ᠠ ᠪᠠᠨ ᠮᠡᠳᠡᠯᠴᠡᠭᠰᠡᠨ ᠬᠥᠮᠥᠰ ᠪᠣᠯᠬᠤ ᠲᠤᠯᠠ ᠪᠢ ᠴᠢᠮ᠎ᠠ ᠳᠤ ᠬᠠᠶᠢᠷ᠎ᠠ ᠲᠠᠢ ᠭᠡᠳᠡᠭ ᠢᠶᠠᠨ ᠮᠡᠳᠡᠭᠳᠡᠶ᠎ᠡ᠃

    ᠡᠶᠢᠮᠦ ᠠᠴᠠ ᠰᠢᠭᠤᠳ ᠬᠡᠯᠡᠬᠦ ᠤᠴᠢᠷ ᠭᠡᠪᠡᠯ ᠂ ᠬᠤᠵᠢᠮ ᠲᠡᠭᠦᠰᠥᠭᠰᠡᠨ ᠤ ᠬᠤᠶᠢᠨ᠎ᠠ ᠪᠢ ᠴᠢᠮ᠎ᠠ ᠲᠠᠢ ᠬᠠᠮᠲᠤ ᠭᠡᠷ ᠪᠥᠯᠢ ᠪᠠᠶᠢᠭᠤᠯᠵᠤ ᠠᠵᠤ ᠠᠮᠢᠳᠤᠷᠠᠬᠤ ᠶᠢ ᠬᠥᠰᠡᠮᠥᠢ᠃

    ᠵᠥᠪᠰᠢᠶᠡᠷᠡᠬᠦ ᠪᠣᠯᠪᠠᠤ︕

    ᠡᠭᠦᠨ᠎ᠡ᠄  ᠱᠤᠸᠠᠩ ᠶᠢᠨ ᠪᠣᠤ ᠠᠴᠠ

    1981ᠣᠨ ᠤ 7 ᠰᠠᠷ᠎ᠠ ᠶᠢᠨ20 ᠡᠳᠤᠷ ︾ ᠃

    ᠶᠠᠭᠤ ᠴᠦ ᠭᠡᠰᠡᠨ ᠡᠨᠡᠬᠦ ᠬᠤᠪᠢ ᠢᠨᠠᠭ ᠤᠨ ᠵᠠᠬᠢᠳᠠᠯ ᠢᠶᠠᠨ ᠪᠢᠴᠢᠵᠦ ᠳᠠᠭᠤᠰᠬᠠᠵᠤ ᠤᠷᠲᠤ ᠭᠡᠭᠴᠢ ᠠᠮᠢᠰᠬᠤᠵᠤ ᠡᠷᠭᠢᠨ ᠲᠣᠭᠤᠷᠢᠨ ᠢ ᠬᠠᠷᠠᠭᠰᠠᠨ ᠴᠢᠨᠢ ᠠᠩᠬᠢ ᠶᠢᠨ ᠭᠡᠷ ᠲᠤ ᠪᠢ ᠭᠠᠭᠴᠠᠭᠠᠷ ᠥᠯᠡᠳᠡᠭᠡᠳ ᠪᠠᠶᠢᠯ᠎ᠠ᠃ ᠲᠡᠭᠡᠭᠡᠳ ᠵᠠᠬᠢᠳᠠᠯ ᠢᠶᠠᠨ ᠪᠢ ᠳᠡᠪᠲᠡᠷ ᠤᠨ ᠳᠣᠲᠤᠷ᠎ᠠ ᠪᠠᠨ ᠬᠠᠪᠴᠢᠭᠤᠯᠵᠤ ᠪᠠᠶᠢᠷᠢ ᠳᠠᠭᠠᠨ ᠬᠠᠷᠢᠭᠰᠠᠨ ᠴᠦ ᠠᠯᠢᠮ᠎ᠠ ᠳᠤ ᠴᠣᠬᠤᠮ ᠬᠡᠷᠬᠢᠨ ᠭᠠᠷᠲᠠᠭᠤᠯᠬᠤ ᠪᠢᠯᠡ ᠭᠡᠵᠤ ᠰᠠᠨᠠᠭ᠎ᠠ ᠵᠤᠪᠠᠯ᠎ᠠ᠃ ᠵᠣᠯ ᠢᠶᠠᠷ ᠠᠯᠢᠮ᠎ᠠ᠂ ᠠᠯᠲᠠᠨᠭᠡᠷᠡᠯ᠂ ᠰᠠᠷᠠᠨᠴᠣᠭᠲᠤ᠂ ᠰᠣᠭᠲᠤᠭᠤ ᠪᠠᠭᠠᠲᠤᠷ ᠲᠠᠢ ᠪᠢᠳᠡ ᠬᠡᠳᠥᠭᠦᠯᠡ ᠪᠣᠯ ᠭᠠᠷᠠᠭ ᠤᠨ ᠲᠠᠪᠤᠨ ᠤ ᠨᠢᠭᠡ ᠵᠢᠵᠢᠭᠦᠷ ᠤᠨ ᠡᠭᠡᠯᠵᠢ ᠪᠠᠶᠢᠵᠡᠢ᠃ ᠭᠤᠷᠪᠠᠳᠡᠬᠢ ᠡᠳᠥᠷ ᠤᠨ ᠭᠠᠷᠠᠭ ᠤᠨ ᠲᠠᠪᠤᠨ ᠤ ᠡᠷᠲᠡ ᠶᠢᠨ ᠲᠠᠮᠢᠷ ᠤᠨ ᠳᠠᠷᠠᠭ᠎ᠠ ᠪᠢᠳᠡ ᠬᠡᠳᠥᠭᠦᠯᠡ ᠠᠩᠬᠢ ᠶᠢᠨ ᠭᠡᠷ ᠲᠤ ᠵᠢᠵᠢᠭᠦᠷᠯᠡᠬᠦ ᠪᠠᠷ ᠤᠴᠢᠭᠰᠠᠨ ᠳᠤ ᠰᠣᠭᠲᠤᠭᠤ ᠪᠠᠭᠠᠲᠤᠷ ᠲᠦᠷᠦᠭᠦᠦ ᠣᠷᠤᠢ ᠨᠢ ᠰᠣᠭᠲᠤᠲᠠᠯ᠎ᠠ ᠠᠷᠢᠬᠢᠳᠠᠭᠠᠳ ᠪᠠᠰᠠ ᠯᠠ ᠪᠠᠶᠢᠷᠢ ᠳᠠᠭᠠᠨ ᠤᠨᠲᠠᠭᠰᠠᠭᠠᠷ᠂ ᠰᠠᠷᠠᠨᠴᠣᠭᠲᠤ ᠠᠯᠲᠠᠨᠭᠡᠷᠡᠯ ᠲᠠᠢ ᠬᠤᠶᠠᠭᠤᠯᠠ ᠰᠠᠭᠤᠯᠠᠭ᠎ᠠ ᠠᠪᠴᠤ ᠤᠰᠤ ᠠᠪᠴᠢᠷᠠᠬᠤ ᠪᠠᠷ ᠶᠠᠪᠤᠪᠠ᠃ ᠠᠩᠬᠢ ᠶᠢᠨ ᠭᠡᠷ ᠲᠤ ᠵᠦᠪᠬᠡᠨ ᠠᠯᠢᠮ᠎ᠠ ᠪᠢᠳᠡ ᠬᠤᠶᠠᠭᠤᠯᠠ ᠱᠦᠭᠦᠷ ᠠᠤᠬᠠᠳ ᠭᠠᠵᠠᠷ ᠴᠡᠪᠡᠷᠯᠡᠬᠦ ᠪᠠᠷ ᠲᠡᠭᠦᠨ ᠤ ᠮᠣᠩᠭᠠᠨᠢᠵᠤ ᠪᠠᠶᠢᠭᠰᠠᠨ ᠵᠠᠪ ᠲᠤ ᠪᠢ ᠳᠡᠪᠲᠡᠷ ᠳᠣᠲᠤᠷ᠎ᠠ ᠠᠴᠠ ᠪᠠᠨ ᠢᠨᠠᠭ ᠤᠨ ᠵᠠᠬᠢᠳᠠᠯ ᠢᠶᠠᠨ ᠭᠠᠷᠭᠠᠵᠤ  ︽ᠠᠯᠢᠮ᠎ᠠ᠂ ᠮᠠᠢ ︾ ᠭᠡᠵᠤ ᠥᠭᠡᠷ᠎ᠡ ᠶᠠᠭᠤ ᠴᠦ ᠶᠠᠷᠢᠭᠰᠠᠨ ᠦᠭᠡᠢ ᠲᠡᠭᠦᠨ ᠳᠤ ᠭᠠᠷᠲᠠᠭᠤᠯᠲᠠᠯ᠎ᠠ ᠡᠭᠦᠳᠡ ᠨᠡᠭᠡᠭᠡᠭᠳᠡᠵᠥ ᠰᠠᠷᠠᠨᠴᠤᠭᠲᠤ ᠠᠯᠲᠠᠨᠭᠡᠷᠡᠯ ᠬᠤᠶᠠᠭᠤᠯᠠ ᠰᠠᠭᠤᠯᠠᠭ᠎ᠠ ᠲᠠᠢ ᠤᠰᠤ ᠪᠠᠨ ᠴᠠᠯᠬᠢᠯᠠᠭᠤᠯᠤᠭᠰᠠᠭᠠᠷ ᠤᠷᠤᠵᠤ ᠢᠷᠡᠯ᠎ᠡ᠃  ︽ᠪᠤᠷᠬᠠᠨ︕ ︾ ᠶᠠᠭᠤ ᠴᠦ ᠭᠡᠰᠡᠨ ᠪᠢ ᠲᠡᠷᠡᠬᠦ ᠬᠤᠪᠢ ᠵᠠᠬᠢᠳᠠᠯ ᠢᠶᠠᠨ ᠠᠯᠢᠮ᠎ᠠ ᠳᠤ ᠰᠡᠮᠡᠬᠡᠷ ᠭᠠᠷᠲᠠᠭᠤᠯᠵᠤ ᠵᠠᠪᠳᠤᠯ᠎ᠠ᠃ ᠰᠠᠷᠠᠨᠴᠣᠭᠲᠤ ᠠᠯᠲᠠᠨᠭᠡᠷᠡᠯ ᠬᠤᠶᠠᠭᠤᠯᠠ ᠰᠡᠷᠡᠵᠦ ᠮᠡᠳᠡᠭᠰᠡᠨ ᠶᠠᠩᠵᠤ ᠦᠭᠡᠢ ᠨᠢ ᠢᠯᠡᠬᠡᠨ᠃

    ᠨᠢᠭᠡ ᠡᠳᠤᠷ ᠦᠩᠭᠡᠷᠡᠪᠡ᠂ ᠠᠯᠢᠮ᠎ᠠ ᠨᠠᠳᠠ ᠬᠠᠷᠢᠭᠤ ᠴᠢᠮᠡᠭᠡ ᠦᠭᠡᠢ᠂ ᠬᠤᠶᠠᠷ ᠡᠳᠤᠷ᠂ ᠭᠤᠷᠪᠠᠨ ᠬᠤᠨᠤᠭ ᠦᠩᠭᠡᠷᠡᠪᠡ᠃ ᠲᠡᠷᠡ ᠮᠦᠨ ᠯᠠ ᠬᠠᠷᠢᠭᠤ ᠴᠢᠮᠡᠭᠡ ᠠᠯᠠᠭ᠎ᠠ᠃ ᠲᠡᠷᠡ ᠦᠶ᠎ᠡ ᠳᠤ ᠨᠠᠳᠠ ᠬᠠᠮᠢᠭ᠎ᠠ ᠠᠴᠠ ᠪᠠᠭᠰᠢ ᠶᠢᠨ ᠬᠢᠴᠢᠶᠡᠯ ᠢ ᠰᠤᠨᠤᠰᠴᠤ ᠰᠤᠷᠬᠤ ᠰᠡᠳᠬᠢᠯ ᠪᠠᠶᠢᠬᠤᠪ ᠳ᠋ᠠ᠂ ᠴᠠᠭ ᠢᠮᠠᠭᠲᠠ ᠠᠯᠢᠮ᠎ᠠ ᠶᠢᠨ ᠬᠠᠷᠢᠭᠤ ᠴᠢᠮᠡᠭᠡ ᠶᠢ ᠬᠥᠰᠡᠨ᠎ᠡ᠃ ᠨᠢᠭᠡ ᠭᠠᠷᠠᠭ ᠥᠩᠭᠡᠷᠡᠭᠰᠡᠨ ᠤ ᠳᠠᠷᠠᠭ᠎ᠠ ᠭᠠᠷᠠᠭ ᠤᠨ ᠲᠠᠪᠤᠨ ᠤ ᠵᠢᠵᠢᠭᠦᠷ ᠤᠨ ᠡᠭᠡᠯᠵᠢ ᠳᠤ ᠪᠣᠰᠤᠳ ᠨᠥᠬᠦᠳ ᠪᠠᠶᠢᠭ᠎ᠠ ᠦᠭᠡᠢ ᠵᠠᠪ ᠲᠤ ᠪᠢ ᠬᠥᠯᠢᠶᠡᠵᠥ ᠲᠡᠰᠭᠡᠯ ᠦᠭᠡᠢ ᠲᠡᠭᠦᠨ ᠠᠴᠠ᠄

    ——ᠠᠯᠢᠮ᠎ᠠ ᠨᠦᠬᠦᠷ ᠡ ᠄ ᠵᠠᠬᠢᠳᠠᠯ ᠢ ᠤᠩᠰᠢᠭᠰᠠᠨ ᠦᠦ︖ ᠬᠠᠷᠢᠭᠤ ᠴᠢᠮᠡᠭᠡ ᠶᠢ ᠴᠢᠨᠢ ᠬᠥᠯᠢᠶᠡᠭᠡᠳ ᠤᠳᠠᠯ᠎ᠠ᠂᠂᠂᠂  ᠭᠡᠬᠦ ᠮᠢᠨᠤ ᠦᠭᠡᠨ ᠤ ᠬᠠᠷᠢᠭᠤ ᠳᠤ ᠲᠡᠭᠦᠨ ᠤ ᠴᠢᠷᠡᠢ ᠪᠠᠨ ᠤᠯᠠᠶᠢᠯᠭᠠᠨ᠄

    ——ᠪᠢ ᠲᠠᠨ ᠢ ᠲᠤᠩ ᠤᠶᠢᠯᠠᠭᠠᠨ᠎ᠠ᠂ ᠭᠡᠲᠡᠯ᠎ᠡ ᠪᠢ ᠢᠨᠠᠭ ᠤᠷᠤᠭ ᠤᠨ ᠤᠴᠢᠷ ᠢ ᠲᠦᠷ ᠪᠣᠳᠤᠯᠬᠢᠯᠠᠬᠤ ᠦᠭᠡᠢ᠂ ᠬᠤᠵᠢᠮ ᠲᠡᠭᠦᠰᠥᠭᠰᠡᠨ ᠤ ᠬᠤᠶᠢᠨ᠎ᠠ ᠡᠭᠡᠴᠢ ᠶᠢᠨ ᠠᠵᠢᠯᠯᠠᠵᠤ ᠪᠠᠶᠢᠭ᠎ᠠ ᠣᠷᠤᠨ ᠤ ᠲᠥᠪ ᠲᠤ ᠣᠴᠢᠵᠤ ᠠᠵᠢᠯᠯᠠᠬᠤ ᠰᠠᠨᠠᠭ᠎ᠠ ᠲᠠᠢ᠂ ᠡᠶᠢᠮᠤ ᠠᠴᠠ᠂᠂᠂᠂  ᠭᠡᠵᠥ ᠦᠭᠡ ᠪᠠᠨ ᠳᠤᠳᠠᠭᠤ ᠭᠡᠯᠡᠪᠡ᠃

    1981ᠣᠨ ᠤ 7 ᠰᠠᠷ᠎ᠠ ᠶᠢᠨ 20 ᠤ ᠡᠳᠤᠷ ᠪᠢᠯᠡ᠃ ᠳᠦᠷᠪᠡᠨ ᠵᠦᠭ ᠨᠠᠢᠮᠠᠨ ᠵᠣᠪᠬᠢᠰ ᠠᠴᠠ ᠴᠤᠭᠯᠠᠷᠠᠨ ᠢᠷᠡᠵᠦ ᠬᠤᠶᠠᠷ ᠵᠢᠯ ᠤᠨ ᠪᠠᠭᠰᠢ ᠶᠢᠨ ᠰᠤᠷᠭᠠᠭᠤᠯᠢ ᠶᠢᠨ ᠬᠠᠮᠲᠤ ᠶᠢᠨ ᠠᠮᠢᠳᠤᠷᠠᠯ ᠰᠤᠷᠤᠯᠭ᠎ᠠ ᠶᠢᠨ ᠬᠤᠭᠤᠴᠠᠭᠠᠨ ᠳᠠᠭᠠᠨ ᠰᠠᠨᠠᠭ᠎ᠠ ᠰᠡᠳᠬᠢᠯ ᠢᠶᠠᠨ ᠮᠡᠳᠡᠯᠴᠡᠵᠤ ᠰᠠᠯᠤᠯᠴᠠᠬᠤ ᠳᠤ ᠪᠡᠷᠬᠡ ᠲᠠᠨᠢᠯᠴᠠᠵᠤ ᠳᠠᠰᠤᠯᠴᠠᠭᠰᠠᠨ ᠳᠦᠴᠢᠨ ᠬᠤᠶᠠᠷ ᠨᠦᠬᠦᠳ ᠮᠢᠨᠢ ᠰᠢᠯᠢᠳᠡᠭ ᠬᠢᠷᠢ ᠪᠦᠲᠦᠮᠵᠢ ᠪᠠᠷ ᠰᠤᠷᠤᠯᠭ᠎ᠠ ᠪᠠᠨ ᠲᠡᠭᠦᠰᠭᠡᠵᠦ ᠡᠬᠡ ᠰᠤᠷᠭᠠᠭᠤᠯᠢ ᠡᠨᠡᠷᠢᠯᠲᠦ ᠪᠠᠭᠰᠢ ᠨᠠᠷ ᠠᠴᠠ ᠪᠠᠨ ᠠᠶᠠᠷᠯᠠᠨ ᠰᠠᠯᠤᠯᠴᠠᠵᠤ ᠵᠠᠷᠢᠮ ᠨᠢ ᠬᠤᠰᠢᠭᠤ ᠨᠤᠲᠤᠭ ᠲᠠᠭᠠᠨ ᠬᠤᠪᠢᠶᠠᠷᠢᠯᠠᠭᠳᠠᠵᠤ᠂ ᠵᠠᠷᠢᠮ ᠨᠢ ᠬᠠᠷᠢ ᠨᠤᠲᠤᠭ ᠲᠤ ᠬᠠᠶᠢᠷᠠᠯᠠᠭᠰᠠᠨ ᠨᠢᠭᠡ ᠪᠠᠨ ᠪᠤᠷᠪᠢᠳᠠᠭᠠᠳ ᠶᠠᠪᠤᠬᠤ ᠳᠤ ᠠᠯᠢᠮ᠎ᠠ ᠪᠢᠳᠡ ᠬᠤᠶᠠᠭᠤᠯᠠ ᠠᠳᠠᠯᠢ ᠨᠢᠭᠡ ᠬᠤᠰᠢᠭᠤ ᠪᠠᠯᠭᠠᠰᠤᠨ ᠳᠠᠭᠠᠨ ᠦᠯᠡᠳᠡᠵᠤ᠂ ᠲᠡᠷᠡ ᠮᠠᠨᠢ ᠪᠠᠭ᠎ᠠ ᠰᠤᠷᠭᠠᠭᠤᠯᠢ ᠳᠤ ᠬᠤᠪᠢᠶᠠᠭᠳᠠᠨ ᠪᠢ ᠳᠤᠮᠳᠠᠲᠤ ᠰᠤᠷᠭᠠᠭᠤᠯᠢ ᠳᠤ ᠬᠤᠪᠢᠶᠠᠭᠳᠠᠵᠤ ᠪᠠᠭᠰᠢᠯᠠᠭᠰᠠᠨ ᠪᠠᠶᠢᠯ᠎ᠠ᠃

    ᠲᠡᠭᠡᠭᠡᠳ ᠲᠡᠭᠦᠰᠥᠭᠰᠡᠨ ᠤ ᠳᠠᠷᠠᠭ᠎ᠠ ᠵᠢᠯ ᠨᠢ ᠪᠢ ᠪᠣᠰᠤᠳ ᠬᠡᠦᠬᠡᠨ ᠲᠠᠢ ᠬᠤᠷᠢᠮᠯᠠᠵᠤ ᠠᠯᠢ ᠬᠡᠳᠦᠶᠢᠨ ᠭᠡᠷ ᠪᠦᠯᠢ ᠪᠣᠯᠴᠢᠬᠠᠭᠰᠠᠨ ᠪᠠᠶᠢᠲᠠᠯ᠎ᠠ ᠠᠯᠢᠮ᠎ᠠ ᠮᠦᠨ ᠯᠠ ᠬᠠᠷᠢ ᠳᠤ ᠮᠤᠷᠳᠠᠭ᠎ᠠ ᠦᠭᠡᠢ ᠪᠠᠶᠢᠯ᠎ᠠ᠃ ᠬᠡᠳᠦᠨ ᠵᠢᠯ ᠤᠨ ᠳᠠᠷᠠᠭ᠎ᠠ ᠠᠯᠢᠮ᠎ᠠ ᠦᠨᠡᠬᠡᠷ ᠡᠭᠡᠴᠢ ᠶᠢᠨ ᠢᠶᠠᠨ ᠪᠠᠶᠢᠭ᠎ᠠ ᠤᠷᠤᠨ ᠤ ᠲᠥᠪ ᠲᠤ ᠠᠵᠢᠯ ᠰᠢᠯᠵᠢᠭᠡᠳ ᠶᠠᠪᠤᠴᠢᠬᠠᠯ᠎ᠠ᠂᠂᠂᠂

    ᠣᠷᠴᠢᠮᠬᠠᠨ ᠪᠠᠭᠰᠢ ᠶᠢᠨ ᠰᠤᠷᠭᠠᠭᠤᠯᠢ ᠠᠴᠠ ᠲᠡᠭᠦᠰᠦᠭᠰᠡᠨ ᠮᠠᠨ ᠤ ᠠᠩᠭᠢ ᠶᠢᠨ ᠬᠠᠮᠲᠤ ᠰᠤᠷᠤᠭᠴᠢᠳ ᠰᠤᠷᠭᠠᠭᠤᠯᠢ ᠲᠡᠭᠦᠰᠦᠭᠰᠡᠨ ᠭᠤᠴᠢᠨ  ᠵᠢᠯ ᠤᠨ ᠣᠢ ᠪᠠᠨ ᠳᠤᠷᠠᠰᠬᠠᠬᠤ ᠨᠠᠶᠢᠷ ᠨᠠᠭᠠᠳᠤᠮ ᠤᠨ ᠴᠤᠭᠯᠠᠭᠠᠨ ᠤᠯᠠᠭᠠᠨᠬᠤᠲᠠ ᠳᠤ ᠪᠣᠯᠤᠭᠰᠠᠨ ᠳᠤ ᠠᠯᠢᠮ᠎ᠠ ᠴᠦ ᠠᠯᠤᠰ ᠬᠤᠯᠠ ᠤᠷᠤᠨ ᠤ ᠲᠥᠪ ᠠᠴᠠ ᠬᠦᠷᠦᠭᠡᠳ ᠢᠷᠡᠯ᠎ᠡ᠃ ᠲᠡᠷᠡ ᠮᠦᠨ ᠯᠠ ᠠᠩᠬᠠᠨ ᠤ ᠪᠠᠨ ᠰᠢᠭ᠋ ᠢᠨᠢᠶᠡᠮᠰᠦᠭ ᠴᠢᠷᠠᠶᠢᠯᠠᠵᠤ᠂ ᠡᠶᠡᠯᠰᠡᠭ ᠳᠣᠲᠤᠨᠤ᠂ ᠨᠠᠶᠢᠷ ᠳᠡᠭᠡᠷ᠎ᠡ ᠤᠯᠠᠨ ᠤ ᠪᠠᠨ ᠳᠤᠮᠳᠠ ᠬᠥᠭᠡᠷᠴᠦ ᠬᠥᠭᠰᠡᠭᠡᠳ ᠯᠠ ᠭᠠᠷᠤᠨ᠎ᠠ᠃

    ᠨᠠᠶᠢᠷ ᠤᠨ ᠰᠢᠷᠡᠭᠡᠨ ᠳᠤ ᠬᠤᠷᠠᠨ ᠴᠤᠭᠯᠠᠷᠠᠭᠰᠠᠨ ᠬᠠᠮᠲᠤ ᠨᠦᠬᠦᠳ ᠭᠤᠴᠢᠨ ᠵᠢᠯ ᠤᠨ ᠲᠣᠷᠰᠢ ᠬᠤᠪᠢ ᠬᠤᠪᠢᠨ ᠤ ᠠᠵᠢᠯ ᠤᠶᠢᠯᠡᠰ᠂ ᠠᠳᠠᠯ ᠠᠮᠢᠳᠤᠷᠠᠯ᠂ ᠦᠷ᠎ᠡ ᠬᠡᠥᠭᠡᠳ ᠢᠶᠠᠨ ᠨᠢᠭᠡᠳ ᠨᠢᠭᠡ ᠪᠠᠷ ᠬᠠᠮᠲᠤ ᠨᠦᠬᠦᠳ ᠲᠡᠭᠡᠨ ᠨᠠᠷᠢᠨ ᠨᠢᠭᠲᠠ ᠲᠠᠨᠢᠯᠴᠠᠭᠤᠯᠵᠤ ᠭᠠᠷᠤᠭᠰᠠᠨ ᠠᠴᠠ ᠠᠯᠢᠮ᠎ᠠ ᠪᠣᠯ ᠠᠵᠢᠯ ᠤᠶᠢᠯᠡᠰ ᠲᠡᠭᠡᠨ ᠭᠢᠯᠠᠷᠠᠭᠤᠯᠤᠨ ᠠᠯᠳᠠᠷ ᠨᠡᠷ᠎ᠡ ᠪᠠᠨ ᠮᠠᠨᠳᠤᠭᠤᠯᠵᠤ ᠶᠠᠪᠤᠭᠰᠠᠨ ᠢᠶᠠᠷ ᠪᠠᠷᠠᠬᠤ ᠦᠭᠡᠢ ᠡᠷᠦᠭᠡ ᠭᠡᠷ ᠲᠡᠭᠡᠨ ᠰᠡᠳᠬᠢᠯ ᠲᠡᠨᠢᠭᠦᠨ ᠵᠣᠯ ᠵᠢᠷᠭᠠᠯᠲᠡᠢ ᠠᠵᠤ ᠠᠮᠢᠳᠤᠷᠠᠵᠤ ᠪᠠᠶᠢᠭ᠎ᠠ ᠶᠢ ᠨᠢ ᠰᠤᠨᠤᠰᠤᠭᠠᠳ ᠪᠢ ᠴᠦ ᠳᠣᠳᠤᠷ᠎ᠠ ᠪᠠᠨ ᠰᠡᠮᠡᠬᠡᠷ ᠰᠡᠳᠬᠢᠯ ᠪᠠᠶᠠᠰᠴᠤ ᠭᠠᠷᠤᠭᠰᠠᠨ ᠪᠠᠶᠢᠯ᠎ᠠ᠃

    ᠬᠤᠶᠠᠷ ᠡᠳᠥᠷ ᠤᠨ ᠬᠠᠮᠲᠤ ᠶᠢᠨ ᠨᠠᠶᠢᠷ ᠬᠤᠷᠤᠮᠬᠠᠨ ᠵᠠᠭᠤᠷ᠎ᠠ ᠦᠩᠭᠡᠷᠡᠨ ᠤᠳᠴᠦ ᠦᠨᠳᠦᠷᠯᠡᠬᠦ ᠪᠣᠯᠤᠭᠰᠠᠨ ᠭᠤᠷᠪᠠᠳᠡᠬᠢ ᠡᠳᠥᠷ ᠤᠨ ᠦᠷᠯᠦᠭᠡ ᠶᠢᠨ ᠬᠤᠭᠤᠯᠠᠨ ᠤ ᠳᠠᠷᠠᠭ᠎ᠠ ᠪᠢᠳᠡ ᠵᠣᠴᠢᠳ ᠤᠨ ᠪᠠᠭᠤᠳᠠᠯ ᠤᠨ ᠡᠭᠦᠳᠡᠨ ᠡᠮᠤᠨ᠎ᠡ ᠬᠤᠭᠤᠷᠤᠨᠳᠤ ᠪᠠᠨ ᠰᠠᠯᠵᠤ ᠶᠠᠳᠠᠨ ᠡᠷᠡᠭᠲᠡᠢ ᠡᠮᠡᠭᠲᠡᠢ ᠭᠡᠰᠡᠨ ᠦᠭᠡᠢ ᠭᠠᠷ ᠭᠠᠷ ᠢᠶᠠᠨ ᠠᠳᠬᠤᠯᠴᠠᠨ᠂ ᠪᠡᠶ᠎ᠡ ᠪᠡᠶ᠎ᠡ ᠪᠠᠨ ᠲᠡᠪᠡᠷᠢᠯᠴᠡᠬᠦ ᠳᠤ ᠪᠢ ᠴᠦ ᠠᠯᠢᠮ᠎ᠠ ᠶᠢᠨ ᠭᠠᠷ ᠢ ᠠᠵᠢᠭ ᠦᠭᠡᠢ ᠴᠢᠩᠭᠠᠬᠠᠨ ᠠᠳᠬᠤᠵᠤ ︽ᠠᠯᠢᠮ᠎ᠠ ᠪᠠᠶᠠᠷᠲᠡᠢ ︾ ᠭᠡᠵᠦ ᠲᠡᠭᠦᠨ ᠲᠠᠢ ᠰᠠᠯᠬᠤ ᠶᠣᠰᠣ ᠶᠢ ᠭᠥᠢᠴᠡᠳᠭᠡᠬᠦ ᠳᠤ ᠲᠡᠭᠦᠨ ᠤ ᠴᠢᠷᠡᠢ ᠮᠡᠳᠡᠭᠳᠡᠮ᠎ᠡ ᠤᠯᠠᠰᠬᠢᠨ ᠮᠢᠨᠦ ᠥᠭᠡᠳᠡ ᠢᠨᠢᠶᠡᠮᠰᠦᠭᠯᠡᠵᠦ ᠭᠠᠷᠤᠯ᠎ᠠ᠃

                                                                      2011ᠣᠨ ᠤ 9 ᠰᠠᠷ᠎ᠠ ᠢᠨᠳᠡᠷ ᠲᠤ

         

 

 

 

 

ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro