ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠲᠤᠷᠠᠰᠤᠮᠵᠢ ᠠᠨᠢᠷᠯᠠᠬᠤ ᠬᠥᠳᠡᠭᠡ ᠮᠢᠨᠢ

2018-01-19 17:37:00
ᠵᠣᠬᠢᠶᠠᠭᠴᠢ
ᠰᠡᠴᠡᠩᠬᠤᠸᠠᠷ

ᠪᠠᠶᠠᠨ ᠲᠠᠷᠭᠤᠨ ᠨᠠᠮᠤᠷ ᠠᠶᠠᠷᠯᠠᠵᠤ ᠣᠳᠬᠤ ᠳᠤ

ᠪᠠᠷᠠᠯᠠᠨ ᠬᠤᠴᠤᠷᠤᠭᠰᠠᠨ ᠪᠢ ᠪᠠᠭ᠎ᠠ ᠨᠠᠰᠤ ᠪᠠᠨ ᠲᠤᠷᠠᠰᠤᠯ᠎ᠠ

ᠪᠠᠭᠠᠯ ᠨᠣᠬᠠᠢ ᠲᠠᠢ ᠥᠶᠡᠷᠭᠡᠭᠰᠡᠨ ᠲᠡᠷᠡ ᠡᠳᠤᠷ ᠬᠤᠨᠤᠭ

ᠪᠠᠭ᠎ᠠ ᠨᠠᠰᠤᠨ ᠤ ᠨᠠᠨᠳᠢᠨ ᠲᠤᠷᠠᠳᠬᠠᠯ ᠬᠥᠳᠡᠭᠡ ᠳᠤ ᠪᠠᠶᠢᠯ᠎ᠠ 


ᠥᠨᠢᠶ᠎ᠡ ᠲᠤᠭᠤᠯ ᠨᠡᠶᠢᠯᠡᠬᠦᠯᠥᠯ᠎ᠡ ᠭᠡᠰᠡᠨ ᠡᠵᠢ ᠶᠢᠨ ᠳᠠᠭᠤᠨ

ᠥᠨᠥᠭᠡᠨ ᠤ ᠤᠴᠢᠷ ᠰᠢᠭ᠋ ᠰᠠᠨᠠᠭᠳᠠᠭᠠᠳ ᠪᠠᠶᠢᠬᠤ ᠶᠤᠮ

ᠥᠷᠬᠦᠯᠵᠢ ᠲᠤᠭᠯᠠᠵᠤ ᠪᠠᠶᠢᠭᠰᠠᠨ ᠭᠤᠤ ᠵᠢᠯᠠᠭ᠎ᠠ ᠬᠥᠷᠲᠡᠯ᠎ᠡ

ᠦᠷᠦᠴᠡ‌‍ᠴᠡᠭᠡᠵᠢᠨ ᠳᠤ ᠬᠤᠷᠭᠤᠳᠠᠵᠥ ᠬᠤᠴᠤᠷᠤᠭᠰᠠᠨ ᠪᠢᠯᠡ


ᠤᠷᠭᠠᠨ ᠳᠡᠭᠡᠬᠦᠷ ᠠᠯᠬᠤᠵᠤ ᠪᠤᠯᠬᠤ ᠥᠭᠡᠢ ᠭᠡᠰᠡᠨ ᠠᠪᠤ ᠶᠢᠨ ᠵᠠᠬᠢᠶ᠎ᠠ

ᠤᠬᠠᠭᠠᠨ ᠪᠤᠳᠤᠯ ᠳᠤ ᠮᠢᠨᠢ ᠥᠨᠢᠳᠡ ᠬᠠᠳᠠᠩᠰᠢᠯ᠎ᠠ

ᠤᠨᠠᠭ᠎ᠠ ᠳᠠᠭ᠎ᠠ ᠲᠠᠢ ᠤᠷᠤᠯᠳᠤᠨ ᠬᠥᠶᠤᠭ᠍ᠰᠡᠨ ᠮᠢᠨᠢ ᠬᠥᠷᠳᠡᠯ᠎ᠡ

ᠤᠭᠤᠷᠠᠭ ᠲᠠᠷᠢᠬᠢᠨ ᠳᠤ ᠥᠷᠬᠦᠯᠵᠢ ᠪᠤᠳᠤᠭᠳᠠᠬᠤ ᠶᠤᠮᠰᠠᠨ


ᠬᠠᠮᠳᠤ ᠮᠥᠬᠦ ᠲᠡᠬᠦᠵᠥ ᠶᠠᠪᠤᠭᠰᠠᠨ ᠪᠠᠭ᠎ᠠ ᠶᠢᠨ ᠮᠢᠨᠢ ᠨᠠᠶᠢᠵᠠ

ᠬᠠᠶᠠ ᠨᠢᠭᠡ ᠪᠤᠳᠤᠯ ᠳᠤ ᠵᠢᠷᠪᠢᠰᠬᠢᠨ ᠤᠷᠤᠵᠥ ᠰᠠᠨᠠᠭᠠᠯᠵᠠᠨ᠎ᠠ

ᠬᠠᠳᠠᠭᠠᠭᠰᠠᠨ ᠠᠭᠠᠷᠤᠤᠯ ᠢᠶᠠᠨ ᠬᠤᠪᠢᠶᠠᠯᠴᠠᠭᠰᠠᠨ ᠭᠡᠤᠭᠡᠳ ᠥᠶ᠎ᠡ

ᠬᠠᠮᠤᠭ ᠠᠴᠠ ᠡᠷᠬᠢᠮ ᠨᠥᠬᠦᠷᠯᠡᠯ ᠪᠠᠶᠢᠭᠰᠠᠨ


ᠲᠤᠭᠤᠨᠤ ᠪᠠᠷ ᠬᠠᠷᠠᠭᠰᠠᠨ ᠣᠳᠤᠳ ᠨᠢ ᠬᠠᠮᠤᠭ ᠭᠡᠷᠡᠯᠲᠡᠢ ᠪᠠᠶᠢᠭᠰᠠᠨ

ᠲᠤᠯᠭᠠᠨ ᠤ ᠭᠠᠯ ᠤᠨ ᠣᠴᠢ ᠨᠢ ᠬᠠᠮᠤᠭ ᠢᠯᠴᠢ ᠲᠠᠢ ᠪᠠᠶᠢᠭᠰᠠᠨ

ᠲᠤᠷᠭᠠᠨ ᠳᠡᠪᠡᠯ ᠢᠶᠠᠷ ᠴᠢᠮᠡᠭᠰᠡᠨ ᠨᠢ ᠬᠠᠮᠤᠭ ᠭᠤᠶᠤ ᠪᠠᠶᠢᠭᠰᠠᠨ

ᠲᠤᠭᠤᠯ ᠤᠨ ᠪᠡᠯᠴᠢᠭᠡᠷ ᠲᠤ ᠲᠤᠭᠯᠠᠭ᠎ᠠ ᠨᠢ ᠬᠠᠮᠤᠭ ᠬᠥᠭᠡᠷᠤᠬᠦᠨ ᠪᠠᠶᠢᠭᠰᠠᠨ


ᠡᠪᠦᠭᠡ ᠡᠮᠡᠭᠡ ᠪᠠᠨ ᠰᠠᠨᠠᠬᠤ ᠪᠠᠷ ᠬᠥᠳᠡᠭᠡ ᠪᠠᠨ ᠮᠥᠷᠤᠭᠡᠳᠳᠡᠭ

ᠡᠭᠡᠵᠡᠭᠡᠢ ᠲᠠᠢ ᠴᠠᠢ ᠪᠠᠨ ᠣᠭᠤᠴᠢᠬᠤ ᠪᠠᠷ ᠬᠥᠳᠡᠭᠡ ᠪᠠᠨ ᠰᠠᠨᠠᠳᠠᠭ

ᠡᠷᠴᠢᠯᠡᠨ ᠳᠠᠪᠬᠢᠭ᠎ᠠ ᠮᠣᠷᠢᠳ ᠢ ᠬᠠᠷᠠᠬᠤ ᠪᠠᠷ ᠬᠥᠳᠡᠭᠡ ᠮᠢᠨᠢ ᠪᠤᠳᠤᠭᠳᠠᠳᠠᠭ

ᠡᠷᠭᠡ ᠥᠭᠡᠢ ᠯᠡ ᠠᠭᠠᠳᠠᠷ ᠪᠤᠷᠤᠭᠠᠨ ᠳᠤ ᠬᠥᠳᠡᠭᠡ ᠪᠠᠨ ᠳᠠᠭᠠᠳᠬᠠᠳᠠᠭ


ᠲᠣᠭᠤᠭ᠎ᠠ ᠲᠠᠢ ᠥᠷᠤᠮ᠎ᠡ ᠳᠤ ᠭᠤᠷᠢᠳᠠᠨ ᠬᠥᠶᠥᠭᠰᠡᠨ

ᠪᠠᠯᠴᠢᠷ ᠨᠠᠰᠤ ᠮᠢᠨᠢ ᠮᠢᠨᠥ ᠠᠮᠢᠨ ᠬᠥᠳᠡᠭᠡ ᠳᠤ ᠪᠠᠶᠢᠨ᠎ᠠ

ᠲᠤᠶᠢᠭ ᠠᠶᠠᠯᠠᠨ ᠬᠤᠷᠠᠭ᠎ᠠ ᠲᠡᠪᠡᠷᠢᠨ ᠲᠤᠷᠨᠢᠭᠰᠠᠠ

ᠪᠠᠭ᠎ᠠ ᠶᠢᠨ ᠥᠶ᠎ᠡ ᠮᠢᠨᠢ ᠮᠢᠨᠥ ᠠᠭᠤᠳᠠᠮ ᠬᠥᠳᠡᠭᠡ ᠳᠤ ᠪᠠᠶᠢᠨ᠎ᠠ


ᠬᠥᠳᠡᠭᠡ ᠶᠢᠨ ᠠᠭᠠᠷ ᠢᠶᠠᠨ ᠴᠡᠭᠡᠵᠢ ᠲᠥᠬᠦᠷᠡᠩ ᠠᠮᠢᠰᠬᠤᠮᠠᠷ ᠪᠠᠶᠢᠨ᠎ᠠ

ᠬᠥᠭᠡᠮᠳᠥᠭ ᠠᠭᠤᠯᠠᠨ ᠤ ᠱᠣᠪᠬᠤ ᠣᠷᠬᠢᠯ ᠳᠤ ᠪᠠᠨ ᠠᠪᠠᠷᠢᠮᠠᠷ ᠪᠠᠶᠢᠨ᠎ᠠ 

ᠬᠥᠪᠡᠭᠡ ᠬᠢᠵᠠᠭᠠᠷ ᠥᠭᠡᠢ ᠭᠤᠪᠢ ᠨᠤᠳᠤᠭ ᠢᠶᠠᠨ ᠪᠠᠷᠠᠯᠠᠮᠠᠷ ᠪᠠᠶᠢᠨ᠎ᠠ

ᠬᠥᠭᠡᠷᠤᠬᠦᠨ ᠪᠠᠭ᠎ᠠ ᠶᠢᠨ ᠢᠯᠳᠠᠮ ᠨᠤᠳᠤᠭ ᠲᠤ ᠪᠠᠨ ᠬᠥᠷᠥᠮᠡᠷ ᠪᠠᠶᠢᠨ᠎ᠠ᠃




 

ᠢᠷᠡᠯᠲᠡ
ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro