ᠲᠡᠷᠢᠭᠦᠨ ᠨᠢᠭᠤᠷ  -  ᠪᠠᠶᠢᠴᠠᠭᠠᠬᠤ ᠰᠣᠶᠣᠯ

︽ᠪᠠᠭᠪᠠᠭ᠋ᠠᠢ ᠬᠠᠳᠬᠤᠮᠠᠯᠲᠤ ᠬᠥᠬᠦᠦᠷ ᠳᠠᠯᠢᠩ︾ ᠤᠨ ᠪᠠᠭ᠋ᠠᠳᠤᠯᠲᠤ ᠲᠠᠶᠢᠯᠪᠤᠷᠢ ᠣᠷᠣᠰᠢᠪᠠᠢ

2021-01-27 17:26:59
ᠵᠣᠬᠢᠶᠠᠭᠴᠢ
ᠤᠶᠤᠨᠪᠤᠯᠠᠭ


1611738937371364.jpg


ᠬᠥᠬᠦᠦᠷ ᠰᠣᠯᠢᠯᠴᠠᠨ ᠵᠣᠯᠭᠠᠬᠤ ᠪᠣᠯ

ᠬᠥᠬᠡ ᠮᠣᠩᠭᠤᠯ ᠤᠨ ᠮᠡᠨᠳᠦ ᠶᠢᠨ ᠶᠣᠰᠣᠨ ᠡ᠂

ᠬᠥᠨᠲᠦᠭᠡᠷ ᠭᠥᠯᠢᠭᠡᠷ ᠬᠥᠬᠦᠦᠷ ᠢᠶᠠᠨ

ᠬᠥᠭᠲᠡᠢ ᠪᠦᠲᠦᠨ ᠪᠠᠶᠢᠯᠭᠠᠬᠤ ᠭᠡᠵᠦ

ᠬᠥᠪᠦᠩᠯᠢᠭ ᠵᠥᠭᠡᠯᠡᠨ ᠳᠠᠯᠢᠩ ᠤᠭᠤᠲᠠᠨ ᠳᠤ

ᠬᠥᠪᠦ ᠲᠣᠬᠢᠲᠠᠢ ᠰᠠᠪᠠᠯᠠᠳᠠᠭ ᠰᠠᠨ᠃

ᠬᠥᠭᠰᠡᠯ ᠡᠰᠡᠨᠢᠯ ᠡᠭᠦᠷᠢᠳᠡ ᠶᠢᠨ ᠬᠢ ᠭᠡᠵᠦ

ᠬᠥᠪᠴᠢᠯᠡᠬᠦ ᠪᠦᠰᠡᠨ ᠳᠤ ᠪᠠᠨ ᠴᠢᠩᠭᠠᠬᠠᠨ ᠪᠥᠭᠲᠦᠯᠡᠲᠡᠭ᠃

ᠬᠦᠪᠴᠢᠨ ᠳᠡᠯᠡᠬᠡᠢ ᠶᠢᠨ ᠭᠦᠨ ᠵᠢᠮ᠎ᠡ ᠶᠢ

ᠬᠥ᠋ ᠦᠭᠡᠢ ᠰᠢᠨᠵᠢᠨ ᠨᠢᠭᠤᠴᠠᠯᠠᠨ ᠵᠢᠷᠤᠮᠯᠠᠳᠠᠭ

ᠬᠦᠨᠳᠡᠢ ᠶᠡᠭᠡ ᠤᠬᠠᠭᠠᠨᠲᠤ ᠮᠣᠩᠭᠤᠯ ᠤᠨ

ᠬᠥᠭᠡᠰᠦᠷᠬᠡᠭ ᠪᠣᠰᠣ ᠡᠰᠢ ᠶᠣᠰᠣᠨ ᠪᠣᠢ᠃

ᠬᠥᠰᠢᠭᠡᠲᠦ ᠰᠥᠨᠢ ᠴᠣ᠋ ᠬᠦᠪᠦᠨ ᠳᠡᠭᠦᠯᠢᠨ ᠨᠢᠰᠦᠭᠴᠢ

ᠬᠥᠳᠡᠭᠡᠷ ᠡᠪᠴᠢᠭᠦᠦ ᠲᠠᠢ ᠪᠠᠭᠪᠠᠭ᠋ᠠᠢ ᠶᠢᠨ ᠬᠠᠳᠬᠤᠮᠠᠯᠲᠤ ᠳᠠᠯᠢᠩ ᠪᠣᠯᠪᠠᠰᠤ

ᠬᠥᠭᠰᠢᠨ ᠨᠠᠰᠤᠲᠠᠳ ᠤᠨ ᠦᠯᠡᠮᠵᠢ ᠶᠢᠨ ᠠᠮᠠᠨ ᠰᠠᠬᠢᠶᠠᠨ ᠤ ᠢᠷᠦᠭᠡᠯ ᠪᠣᠯᠬᠤ

ᠬᠦᠪᠡᠭᠦᠳ ᠦᠷᠡᠰ ᠨᠢ‌ᠤᠷᠲᠤ ᠨᠠᠰᠤᠯᠠᠵᠤ ᠤᠳᠠᠭᠠᠨ ᠵᠢᠷᠭᠠᠬᠤ ᠶᠢᠨ ᠪᠡᠯᠭᠡᠳᠡᠯ ᠪᠣᠶᠣ᠂

ᠬᠥᠪᠬᠦ ᠡᠭᠦᠯᠡᠰ ᠪᠥᠭᠡᠮᠨᠡᠷᠡᠨ ᠢᠷᠡᠬᠦ‍ ᠰᠢᠭ ᠬᠥᠨᠳᠡᠯᠡᠨ ᠪᠤᠶᠠᠨ ᠬᠤᠷᠠᠵᠤ

ᠬᠥᠯᠮᠦᠭ ᠨᠦᠮᠦᠷᠢᠭᠰᠡᠨ ᠥᠬᠢᠨ ᠢ ᠴᠣ᠋ ᠪᠣᠭᠲᠤᠯᠠᠬᠤᠶᠢᠴᠠ

ᠬᠥᠷ ᠪᠠᠶᠠᠨ ᠪᠣᠯᠬᠤ ᠶᠢᠨ ᠪᠠᠰᠠ ᠨᠢᠭᠡᠨ ᠪᠡᠯᠭᠡᠳᠡᠯ ᠪᠣᠶᠣ᠃

ᠬᠥᠬᠡᠲᠡᠢ ᠮᠡᠷᠭᠡᠨ ᠰᠢᠭ ᠭᠡᠷᠡᠯᠲᠦᠨ ᠶᠠᠪᠤᠭᠴᠢ ᠲᠠ

ᠬᠥᠳᠡᠭᠡ ᠤᠬᠠᠭᠠᠨ ᠳᠤ ᠪᠠᠨ ᠲᠤᠩᠭᠠᠭᠠᠨ ᠡᠳ᠋ᠯᠡ᠃

ᠬᠥᠨᠥᠭ ᠲᠠᠢ ᠰᠦ ᠳᠡᠪᠡᠷᠡᠨ ᠪᠢᠯᠬᠠᠬᠤ ᠰᠢᠭ

ᠬᠥᠪᠦᠰᠯᠡᠨ ᠮᠢᠯᠢᠶᠠᠬᠤ ᠪᠤᠶᠠᠨ ᠤ ᠬᠦᠷᠲᠡᠭᠡᠯ ᠲᠠᠢ ᠪᠣᠯᠬᠤ ᠪᠣᠯᠲᠤᠭᠠᠢ︕

ᠬᠥᠰᠢᠳᠡᠯ ᠣᠶᠣᠳᠠᠯ ᠢ ᠨᠢ ᠲᠣᠭᠤᠵᠤ ᠱᠣᠬᠤᠭᠤᠷᠬᠠᠭᠰᠠᠨ

ᠬᠥᠭᠰᠡᠯᠲᠦ ᠰᠡᠳᠬᠢᠯ ᠳᠤ ᠴᠢᠨᠢ ᠵᠤᠭ᠎ᠠ ᠪᠣᠯᠭᠠᠵᠤ

ᠬᠥᠭᠡᠭᠡᠵᠦ ᠮᠦᠰᠭᠢᠭᠦᠰᠢᠲᠡᠢ ᠬᠠᠭᠤᠴᠢᠨ ᠨᠡᠷ᠎ᠡ ᠨᠢᠭᠡ ᠶᠢ ᠲᠡᠮᠲᠡᠭᠯᠡᠶ᠎ᠡ᠂

ᠬᠥᠬᠦᠦᠷ ᠳᠠᠯᠢᠩ ᠤᠨ ᠤᠤᠭᠠᠨ ᠮᠣᠩᠭᠤᠯ ᠨᠡᠷ᠎ᠡ ᠪᠣᠯᠪᠠᠰᠤ

ᠬᠥᠬᠦᠦᠷ ᠪᠥᠭᠲᠦᠯᠡᠭᠡ ᠪᠤᠯᠠᠢ᠃

ᠬᠥ᠋ ᠳᠤᠭᠤᠯᠠᠭᠠᠲᠤ ᠬᠦᠳᠡᠷ ᠮᠣᠩᠭᠤᠯ ᠤᠨ

ᠬᠥᠭᠯᠡᠭᠦᠯᠵᠦ ᠭᠠᠶᠢᠬᠠᠭᠤᠯᠬᠤ ᠵᠦᠢᠯ ᠣᠯᠠᠨ ᠪᠣᠢ᠂

ᠬᠥᠪᠴᠢᠯᠡᠨ ᠡᠷᠴᠢᠯᠡᠬᠦ ᠤᠬᠠᠭᠠᠨ ᠲᠠᠢ ᠪᠠᠷ

ᠬᠥᠬᠡ ᠲᠣᠯᠪᠤᠲᠠᠨ ᠤ ᠰᠣᠶᠣᠯ ᠢᠶᠠᠷ ᠪᠠᠭ᠋ᠠᠷᠬᠠᠵᠠᠭᠠᠶ᠎ᠠ︕


ᠢᠷᠡᠯᠲᠡ
ᠤᠷᠳᠤᠰ ᠬᠤᠲᠠ ᠵᠢᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro