ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠴᠢ ᠪᠣᠯ

2021-08-25 12:03:09
ᠵᠣᠬᠢᠶᠠᠭᠴᠢ
ᠪᠣᠷᠵᠢᠬᠢᠨ ᠰᠦᠶ᠎ᠡ

      ᠴᠢ ᠪᠣᠯ

                              ᠬᠦᠦ   ᠬᠦᠬᠡᠬᠢᠯᠪᠠᠭ᠎ᠠ   ᠳ᠋ᠠᠭᠠᠨ



ᠴᠢ ᠪᠣᠯ

ᠬᠥᠬᠡ ᠪᠡᠴᠢ ᠵᠢᠯ ᠦᠨ

ᠴᠠᠭᠠᠨ ᠰᠠᠷ᠎ᠠ

ᠬᠦᠰᠡᠯ ᠬᠠᠶᠢᠷ᠎ᠠ ᠶᠢ ᠢᠭᠳᠦᠯᠦᠭᠦᠯᠵᠦ

ᠴᠠᠬᠢᠯᠵᠦ ᠢᠷᠡᠭᠰᠡᠨ ᠮᠦᠩᠬᠡ ᠶᠢᠨ ᠬᠢᠯᠪᠠᠭᠠᠨ

 

ᠴᠢ ᠪᠣᠯ

ᠨᠠᠷᠠ  ᠰᠠᠷᠠ ᠣᠳᠣ……

ᠨᠠᠷᠠᠳᠣ ᠣᠷᠴᠢᠯᠠᠩ ᠤᠨ ᠭᠡᠷᠡᠯ ᠦᠨ ᠲᠡᠭᠡᠵᠢ ᠪᠠᠷ

ᠣᠴᠢᠯᠠᠵᠦ ᠭᠢᠯᠠᠯᠵᠠᠭᠰᠠᠨ ᠠᠰᠢᠳᠠ  ᠶᠢᠨ ᠣᠳᠣᠨ

 

ᠴᠢ ᠪᠣᠯ

ᠡᠬᠡ ᠪᠠᠶᠢᠭᠠᠯᠢ ᠶᠢᠨ ᠴᠡᠴᠡᠭᠡᠰ ᠤᠨ ᠣᠬᠢ ᠶᠢ

ᠡᠰ ᠪᠦᠬᠦᠨ  ᠳ᠋ᠡᠭᠡᠨ ᠰᠢᠩᠭᠡᠭᠡᠵᠦ ᠬᠦᠬᠡᠷᠡᠭᠰᠡᠨ

ᠡᠰᠡᠨᠢᠯᠳᠣ  ᠬᠠᠪᠣᠷ ᠤᠨ ᠡᠭᠦᠷᠢᠳᠡ ᠶᠢᠨ ᠡᠯᠴᠢ

 

ᠴᠢ ᠪᠣᠯ

ᠦᠷ᠎ᠡ ᠮᠢᠨᠢ ᠭᠡᠬᠦ ᠲᠣᠭᠠᠯᠠᠩ ᠳᠤ

ᠡᠯᠪᠡᠷᠢᠯ ᠭᠡᠳᠡᠭ ᠢ ᠪᠢᠳᠡᠨ ᠳᠦ ᠤᠬᠠᠭᠠᠷᠠᠭᠤᠯᠤᠭᠰᠠᠨ

ᠡᠨᠡᠷᠢᠯ ᠬᠠᠶᠢᠷ᠎ᠠ ᠶᠢᠨ ᠪᠠᠭᠰᠢ

 

ᠴᠢ ᠪᠣᠯ

ᠣᠬᠢᠯᠠᠬᠣ ᠳᠤ ᠴᠢᠨᠢ ᠲᠠᠭᠠᠨ ᠨᠢᠯᠪᠣᠰᠣᠷᠠᠵᠦ

ᠪᠠᠶᠠᠷᠯᠠᠬᠣ ᠳᠤ ᠴᠢᠨᠢ  ᠲᠠᠭᠠᠨ  ᠮᠦᠰᠢᠶᠡᠭᠰᠡᠨ

ᠠᠪᠤ ᠡᠵᠢ ᠡᠯᠢᠭᠡᠨ ᠰᠠᠳᠣᠨ ᠤ ᠪᠠᠨ

ᠪᠠᠶᠠᠰᠣᠯ ᠵᠢᠷᠭᠠᠯ ᠤᠨ ᠪᠤᠯᠠᠭ

 

ᠴᠢ  ᠪᠣᠯ

ᠦᠨᠳᠦᠷᠯᠢᠭ ᠦᠨ ᠨᠢᠷᠣᠭᠣᠨ ᠳᠤ

ᠮᠣᠩᠭᠣᠯ  ᠲᠣᠭᠣᠷᠭ᠎ᠠ ᠨᠡᠮᠡᠷᠢᠯᠠᠵᠦ

ᠮᠦᠩᠬᠡ ᠭᠣᠯᠣᠮᠳᠠ  ᠶᠢ ᠪᠠᠳᠠᠷᠠᠭᠣᠯᠬᠣ  ᠪᠠᠷ

ᠴᠢᠨᠳᠠᠮᠣᠨᠢᠯᠠᠵᠦ ᠢᠷᠡᠭᠰᠡᠨ  ᠲᠣᠯᠭ᠎ᠠ ᠶᠢᠨ ᠴᠢᠯᠠᠭᠣ︕


ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro