ᠲᠡᠷᠢᠭᠦᠨ ᠨᠢᠭᠤᠷ  -  ᠪᠠᠶᠢᠴᠠᠭᠠᠬᠤ ᠰᠣᠶᠣᠯ

ᠰᠡᠳᠭᠢᠯ ᠦᠨ ᠲᠣᠯᠣᠭᠠᠨ ᠰᠠᠬᠢᠭᠣᠰᠣ

2021-08-25 12:05:03
ᠵᠣᠬᠢᠶᠠᠭᠴᠢ
ᠪᠣᠷᠵᠢᠬᠢᠨ ᠰᠦᠶ᠎ᠡ


     

     ᠰᠡᠳᠭᠢᠯ ᠦᠨ  ᠲᠣᠯᠣᠭᠠᠨ ᠰᠠᠬᠢᠭᠣᠰᠣ

                       

                                    ᠣᠶᠣᠳᠠᠨ ᠠᠮᠢᠳᠣᠷᠠᠯ ᠢ ᠲᠤᠶᠠᠭᠠᠷᠠᠭᠤᠯᠤᠭᠰᠠ ᠪᠠᠶᠢᠷᠢ ᠶᠢᠨ ᠲᠣᠯᠣᠭᠠᠨ  ᠬᠡᠥᠬᠡᠨᠴᠣᠳ ᠳ᠋ᠡᠭᠡᠨ


ᠮᠦᠷᠦᠭᠡᠳᠦᠯ ᠤᠨ ᠨᠣᠭᠣᠭᠠᠨ ᠨᠠᠶᠢᠷᠠᠭ ᠲᠤ

ᠡᠷᠭᠢᠴᠡᠭᠦᠯᠣᠯ ᠠᠮᠢᠯᠠᠭᠣᠯᠵᠦ ᠬᠣᠷᠭᠣᠳᠠᠬᠣ

ᠮᠠᠷᠳᠠᠭᠳᠠᠰᠢ ᠦᠭᠡᠢ ᠲᠣᠮᠣᠭ ᠨᠠᠶᠢᠷᠠᠵᠦ 

ᠡᠷᠡᠨ ᠮᠦᠴᠡ ᠶᠢ ᠠᠷᠭᠠᠮᠵᠢᠬᠣ

       ᠦᠯᠦ ᠪᠣᠭᠣᠷᠣᠯ ᠣᠮᠣᠭ

ᠰᠡᠳᠭᠢᠯ  ᠳᠤ ᠲᠣᠯᠠᠶᠢᠭᠰᠠᠨ ᠨᠠᠷᠠ

  ᠪᠠᠶᠢᠷᠢ ᠶᠢᠨ ᠲᠣᠯᠣᠭᠠᠨ ᠬᠡᠥᠬᠡᠨ ᠪᠢᠯᠡ

 

 

ᠲᠣᠷᠠᠰᠣᠯ ᠤᠨ ᠷᠣᠮᠠᠨᠲ᠋ᠢᠭ ᠲᠡᠯᠡᠬᠡᠢ ᠳᠦ

ᠲᠣᠭᠣᠵᠢ ᠶᠢᠨ ᠰᠡᠮᠡᠷᠬᠡᠢ ᠪᠠᠳᠠᠭ ᠬᠢᠩᠰᠢᠨ

ᠦᠨᠡᠨ ᠪᠠ ᠵᠡᠭᠦᠳᠣ ᠶᠢᠨ ᠢᠯᠳᠠᠮᠬᠠᠨ ᠵᠠᠢ ᠳᠤ

ᠨᠣᠲ  ᠪᠣᠯᠵᠦ ᠣᠶᠠᠩᠭᠠᠷᠠᠬᠣ

      ᠦᠷᠦᠪᠴᠢᠬᠡᠨ ᠰᠡᠳᠬᠢᠯ  ᠦᠨ  ᠬᠣᠷ᠎ᠠ

ᠰᠡᠳᠭᠢᠯ ᠦᠨ ᠲᠣᠯᠠᠭᠠᠨ ᠪᠠᠭᠣᠴᠠ

   ᠪᠠᠶᠢᠷᠢ ᠶᠢᠨ ᠲᠣᠯᠣᠭᠠᠨ ᠬᠡᠥᠬᠡᠨ ᠪᠢᠯᠡ

 

ᠴᠢᠯᠠᠭᠣᠵᠢᠭᠰᠠᠨ ᠠᠮᠢᠳᠦᠷᠠᠯ ᠤᠨ ᠵᠦᠷᠢᠭ ᠢᠶᠡᠷ

ᠰᠠᠯᠬᠢᠯᠠᠵᠦ ᠦᠩᠭᠡᠷᠡᠬᠦ ᠪᠣᠳᠣᠯ ᠤᠨ ᠵᠦᠰᠡᠷᠭᠡᠨ

ᠴᠢᠮ᠎ᠠ ᠶᠢ  ᠪᠠᠨ ᠭᠡᠬᠦ ᠵᠢᠷᠦᠬᠡᠨ ᠴᠣᠬᠢᠯᠭ᠎ᠠ

ᠰᠡᠮ ᠰᠢᠪᠡᠨᠡᠩᠬᠡᠨ ᠰᠢᠷᠭᠠᠯᠳᠣᠵᠦ

      ᠪᠠᠯᠠᠷᠠᠰᠢ ᠦᠭᠡᠢ ᠲᠠᠭᠣᠣ

ᠰᠡᠳᠬᠢᠯ ᠦᠨ ᠲᠣᠯᠣᠭᠠᠨ ᠰᠠᠬᠢᠭᠣᠰᠣ

   ᠪᠠᠶᠢᠷᠢ ᠶᠢᠨ ᠲᠣᠯᠣᠭᠠᠨ ᠬᠡᠥᠬᠡᠨ ᠪᠢᠯᠡ

 

 

ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠣᠰᠢᠭᠣᠨ ᠤ ᠠᠷᠠᠳ ᠤᠨ ᠪᠠᠶᠢᠴᠠᠭᠠᠬᠣ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro