ᠲᠡᠷᠢᠭᠦᠨ ᠨᠢᠭᠤᠷ  -  ᠪᠠᠶᠢᠴᠠᠭᠠᠬᠤ ᠰᠣᠶᠣᠯ



2021-12-15 16:14:44
ᠵᠣᠬᠢᠶᠠᠭᠴᠢ
ᠦᠵᠡᠰᠬᠦᠯᠡᠩ


ᠨᠠᠢᠮᠠᠨ  ᠬᠠᠨ᠎ᠠ ᠲᠠᠢ ᠮᠣᠩᠭᠤᠯ ᠭᠡᠷ ᠤᠨ ᠮᠢᠨᠢ

ᠨᠤᠭᠤᠷᠠᠰᠢ  ᠦᠭᠡᠢ  ᠨᠤᠶᠠᠨ  ᠨᠢᠷᠤᠭᠤ  ᠠᠪᠤ  ᠮᠢᠨᠢ

ᠠᠭᠤᠤᠬᠠᠨ  ᠮᠦᠷᠲᠡᠭᠡᠨ  ᠡᠮᠵᠢᠭ ᠦᠭᠡᠢ  ᠡᠭᠡᠯᠬᠡᠨ  ᠬᠠᠶᠢᠷ᠎ᠠ  ᠲᠠᠨᠢ

ᠠᠮᠢᠳᠤᠷᠠᠯ ᠤᠨ ᠮᠢᠨᠢ ᠠᠯᠲᠠᠨ ᠭᠠᠳᠠᠰᠤ  ᠰᠢᠤ  ᠳ᠋ᠠ᠃

 

ᠠᠰᠬ᠎ᠠ  ᠰᠢᠭ᠋ ᠰᠡᠬᠦᠶᠢᠭᠰᠡᠨ ᠠᠪᠤ ᠶᠢᠨ ᠢᠶᠠᠨ

ᠠᠷᠢᠭᠤᠨ  ᠳᠤᠯᠠᠭᠠᠨ  ᠬᠠᠶᠢᠷ᠎ᠠ  ᠳᠤ ᠨᠢ ᠮᠦᠷᠦ ᠪᠦᠲᠦᠨ ᠥᠰᠦᠯ᠎ᠡ

ᠠᠯᠬᠤᠬᠤ  ᠪᠦᠷᠢ ᠳᠤ  ᠮᠢᠨᠢ  ᠵᠢᠷᠦᠬᠡᠨ ᠠᠴᠠ ᠲᠦᠰᠢᠳᠡᠭ ᠬᠠᠶᠢᠷ᠎ᠠ ᠲᠠᠨᠢ

ᠠᠮᠢᠳᠤᠷᠠᠯ ᠦᠢᠯᠡᠰ ᠤᠨ ᠠᠯᠲᠠᠨ ᠬᠠᠷᠭᠤᠢ ᠶᠢ ᠮᠢᠨᠢ ᠴᠠᠮᠬᠠᠭ ᠰᠢᠭ  ᠭᠡᠷᠡᠯᠲᠦᠭᠦᠯᠦᠯ᠎ᠡ᠃

 

ᠲᠣᠭᠤᠨᠣᠲᠤ ᠴᠠᠭᠠᠨ  ᠭᠡᠷ ᠤᠨ ᠮᠢᠨᠢ ᠬᠤᠶᠢᠮᠤᠷ ᠰᠠᠭᠤᠳᠠᠯ ᠤᠨ ᠡᠵᠡᠨ

ᠲᠤᠯᠭ᠎ᠠ  ᠪᠦᠲᠦᠨ ᠠᠮᠢᠳᠤᠷᠠᠯ ᠤᠨ ᠮᠠᠨᠢ  ᠬᠠᠳᠠᠨ ᠪᠠᠲᠤ  ᠲᠦᠰᠢᠭ

ᠡᠭᠦᠯᠡ ᠲᠠᠢ ᠨᠠᠷᠠ ᠲᠠᠢ ᠠᠮᠢᠳᠤᠷᠠᠯ ᠤᠨ ᠮᠢᠨᠢ

ᠦᠷᠦᠴᠡᠨ ᠳᠤ ᠲᠤᠯᠠᠭᠠᠨ ᠢᠯᠴᠢ ᠨᠢ ᠶᠤᠮ᠃

 

ᠦᠪᠡᠷ ᠲᠤ ᠮᠢᠨᠢ ᠭᠡᠷᠡᠯ ᠭᠡᠭᠡ  ᠬᠡᠵᠢᠶ᠎ᠡ ᠴᠦ  ᠬᠠᠷᠠᠮᠨᠠᠭ᠎ᠠ ᠦᠭᠡᠢ

ᠥᠭᠭᠢᠶᠡᠮᠦᠷ ᠶᠡᠭᠡ ᠬᠠᠶᠢᠷ᠎ᠠ ᠳᠤ ᠲᠠᠨᠢ  ᠪᠠᠶᠠᠷᠯᠠᠯ᠎ᠠ

ᠵᠢᠮᠡᠯᠡᠳᠡᠭ  ᠵᠠᠩᠨᠠᠳᠠᠭ ᠠᠲᠠᠯ᠎ᠠ ᠪᠠᠨ ᠲᠦᠰᠢᠵᠤ  ᠲᠡᠮᠨᠡᠵᠦ ᠶᠠᠪᠤᠳᠠᠭ

ᠳᠡᠩᠳᠡᠭᠦᠦ  ᠦᠨᠳᠦᠷ ᠠᠴᠢ ᠳᠤ ᠲᠠᠨᠢ ᠪᠠᠶᠠᠷᠯᠠᠯ᠎ᠠ᠃

 

ᠢᠷᠡᠯᠲᠡ
ᠬᠦᠯᠦᠨ ᠪᠤᠶᠢᠷ ᠬᠤᠲᠠ ᠵᠢᠨ ᠡᠸᠡᠩᠬᠢ ᠦᠨᠳᠦᠰᠦᠲᠡᠨ ᠦ ᠦᠪᠡᠷᠲᠡᠭᠡᠨ ᠵᠠᠰᠠᠬᠤ ᠬᠤᠰᠢᠭᠤᠨ ᠤ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro