ᠪᠠᠶᠢᠴᠠᠭᠠᠬᠤ ᠰᠣᠶᠣᠯ  -    

ᠰᠢᠨ᠎ᠡ ᠴᠠᠭ ᠦᠶ᠎ᠡ ᠶᠢᠨ ᠡᠪ ᠬᠠᠮᠲᠤ ᠶᠢᠨ ᠳᠠᠭᠣᠯᠠᠯ

2023-03-24 17:05:09
ᠵᠣᠬᠢᠶᠠᠭᠴᠢ
ᠯᠢ ᠯᠢ

      

    ᠬᠠᠪᠤᠷ ᠣᠳᠴᠤ ᠵᠣᠨ ᠠᠨᠢᠷᠲᠣᠨ᠎ᠠ᠂ ᠨᠢᠭᠡᠨ  ᠶᠡᠷᠤ  ᠪᠣᠰᠤ  ᠶᠢᠨ ᠲᠣᠳᠥᠨᠤᠬᠠᠨ
    ᠬᠠᠨ ᠬᠣᠷᠸ᠎ᠠ ᠶᠢᠨ  ᠬᠠᠳᠠᠭᠣ ᠵᠢᠮ᠎ᠡ ᠶᠢᠨ ᠨᠤᠭᠤᠴᠠᠭᠠᠨ ᠳᠤ ᠬᠠᠷᠢᠨ ᠮᠠᠨ ᠤ ᠡᠪ ᠬᠠᠮᠲᠤ ᠨᠠᠮ
    ᠬᠠᠯᠠᠰᠢᠷᠠᠯ ᠦᠭᠡᠢ ᠴᠢᠷᠮᠠᠶᠢᠯᠭ᠎ᠠ᠂ ᠬᠠᠮᠤᠭ ᠣᠯᠠᠨ ᠤ ᠲᠡᠮᠡᠴᠡᠯ ᠢᠶᠡᠷ
    ᠬᠦᠰᠡᠨ ᠬᠦᠯᠢᠶᠡᠵᠣ  ᠤᠳᠠᠭᠰᠠᠨ ᠪᠠᠶᠠᠨ ᠬᠦᠴᠦᠷᠭᠡᠭ ᠂ ᠠᠷᠠᠳᠴᠢᠯᠠᠭᠰᠠᠨ ᠲᠣᠮᠥ  ᠣᠯᠣᠰ  ᠢ ᠪᠦᠲᠦᠭᠡᠨ ᠪᠠᠶᠢᠭᠤᠯᠤᠨ᠎ᠠ᠂᠂
    
    ᠠᠭᠤᠤ ᠣᠯᠣᠰ ᠂ ᠠᠭᠤᠣ ᠨᠠᠮ ᠂ ᠠᠭᠤᠤ ᠡᠬᠡ ᠣᠷᠤᠨ
    ᠤᠬᠠᠭᠠᠨ ᠲᠠᠢ ᠬᠦᠮᠦᠰ ᠤᠨ ᠤᠳᠤᠷᠢᠳᠤᠯᠭ᠎ᠠ ᠂ ᠡᠯᠪᠡᠭ ᠶᠡᠭᠡ ᠬᠠᠶᠢᠷ᠎ᠠ ᠶᠢᠨ ᠬᠦᠴᠦᠨ
    ᠤᠯᠠᠨ ᠵᠢᠯ ᠤᠨ ᠲᠡᠮᠡᠴᠡᠯ ᠂ ᠤᠨᠴᠠ ᠶᠢᠨ ᠭᠡᠷᠡᠯ ᠲᠠᠢ ᠭᠢᠯᠪᠠᠭ᠎ᠠ
    ᠡᠨᠡ ᠯᠡ ᠣᠷᠴᠢᠯᠠᠩ ᠳᠤ ᠡᠭᠡᠯᠢ ᠲᠠᠢ ᠵᠠᠶᠠᠭᠠᠭᠰᠠᠨ ᠮᠠᠨ ᠤ ᠨᠠᠮ ᠂᠂
    
    ᠮᠠᠨ ᠤ ᠨᠠᠮ ᠤᠨ ᠤᠭ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠪᠤᠯ
    ᠳᠣᠮᠳᠠᠳᠤ ᠶᠢᠨ ᠠᠷᠠᠳ ᠲᠦᠮᠡᠨ ᠳᠤ ᠵᠣᠯ ᠵᠢᠷᠭᠠᠯ ᠢ ᠤᠯᠭᠤᠵᠣ ᠂
    ᠳᠣᠮᠳᠠᠳᠣ ᠶᠢᠨ ᠦᠨᠲᠤᠰᠤᠲᠡᠨ ᠤ ᠠᠭᠤᠤ ᠶᠡᠭᠡ ᠰᠡᠷᠭᠦᠨ ᠮᠠᠨᠳᠤᠯᠳᠠ ᠶᠢ ᠴᠢᠷᠮᠠᠶᠢᠨ ᠪᠡᠶᠡᠯᠡᠭᠦᠯᠦᠨ᠎ᠡ ᠂᠂
    ᠶᠠᠭ ᠡᠨᠡᠭᠦ ᠤᠭ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠨᠢ
    ᠲᠦᠭ ᠲᠦᠮᠡᠨ ᠡᠪ ᠬᠠᠮᠳᠦᠴᠤᠳ ᠤᠨ ᠣᠷᠤᠭᠰᠢᠯᠠᠨ ᠳᠠᠪᠰᠢᠬᠤ ᠶᠢᠨ
    ᠬᠦᠳᠡᠯᠭᠡᠭᠴᠢ ᠬᠦᠴᠦᠨ ᠪᠣᠯᠵᠤ ᠬᠡᠵᠢᠶᠡᠳᠡ ᠠᠷᠠᠳ ᠲᠦᠮᠡᠨ ᠲᠠᠢ
    ᠴᠤᠭᠭᠠᠷ ᠠᠯᠬᠤᠵᠥ ᠂ ᠴᠤᠭᠭᠠᠷ ᠠᠮᠢᠰᠬᠤᠵᠣ ᠂ ᠴᠤᠭᠭᠠᠷ ᠨᠢᠭᠡᠨ ᠲᠣᠮᠤ ᠦᠢᠯᠡᠰ ᠢ ᠪᠦᠲᠦᠭᠡᠨ᠎ᠡ ᠂᠂
    
    ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ
    ᠨᠠᠮ ᠤᠨ ᠪᠠᠶᠢᠭᠤᠯᠤᠯᠳᠠ ᠶᠢᠨ ᠠᠵᠢᠯ ᠢᠶᠠᠨ ᠴᠢᠩᠭᠠᠳᠬᠠᠵᠣ
    ᠰᠢᠯᠢᠳᠡᠭ ᠢ ᠡᠭᠦᠳᠴᠦ ᠂ ᠰᠢᠨᠵᠢᠯᠡᠬᠦ ᠣᠬᠠᠭᠠᠨᠴᠢ ᠬᠦᠭᠵᠢᠭᠦ ᠪᠠᠷ ᠬᠦᠳᠡᠯᠭᠡᠭᠴᠢ ᠬᠦᠴᠥᠨ ᠪᠤᠯᠭᠠᠵᠤ
    ᠨᠡᠶᠢᠭᠡᠮ ᠤᠨ ᠡᠷᠬᠡ ᠲᠡᠭᠰᠢ ᠲᠦᠪ ᠭᠤᠣᠯᠴᠢ ᠶᠢ ᠬᠦᠴᠥᠳᠡᠢ ᠬᠠᠮᠠᠭᠠᠯᠠᠨ᠎ᠠ ᠂᠂ 
    
    ᠬᠡᠷᠪᠡ ᠲᠠ ᠨᠠᠳᠠ ᠠᠴᠠ ᠬᠠᠮᠤᠭ ᠤᠨ ᠣᠮᠤᠭᠰᠢᠳᠠᠭ ᠵᠦᠢᠯ ᠶᠠᠭᠤ ᠪᠣᠢ ᠭᠡᠪᠡᠯ
    ᠪᠢ ᠦᠭᠡᠳᠡ ᠠᠴᠠ ᠨᠢ ᠤᠭᠲᠣᠬᠠᠨ ᠴᠦ ᠡᠷᠡᠭᠡᠯᠵᠡᠯ ᠦᠭᠡᠢ ᠪᠠᠷ ᠪᠢ ᠪᠤᠯ ᠨᠢᠭᠡᠨ ᠨᠠᠮ ᠤᠨ ᠭᠡᠰᠢᠭᠦᠨ ᠭᠡᠵᠤ ᠬᠠᠷᠢᠭᠤᠯᠤᠨ᠎ᠠ ᠂᠂
    ᠲᠡᠶᠢᠮᠦ ᠡ ᠂ ᠠᠲᠠᠭᠠᠲᠠᠨ ᠳᠠᠶᠢᠰᠤᠨ ᠤ ᠬᠤᠷᠴᠠ ᠰᠡᠯᠡᠮᠡᠨ ᠳᠤ ᠨᠢᠳᠣ ᠴᠠᠪᠴᠢᠭ᠎ᠠ ᠦᠭᠡᠢ ᠮᠠᠨ ᠤ ᠨᠠᠮ
    ᠠᠷᠭ᠎ᠠ ᠤᠬᠠᠭᠠᠨ ᠂ ᠠᠪᠢᠶᠠᠰ ᠪᠢᠯᠢᠭ ᠢᠶᠠᠷ ᠢᠶᠠᠨ ᠦᠭᠡᠷᠡᠴᠢᠯᠡᠯᠲᠡ ` ᠶᠢ ᠭᠦᠨᠵᠡᠭᠡᠶᠢᠷᠡᠭᠦᠯᠦᠭᠰᠡᠨ ᠮᠠᠨ ᠤ ᠨᠠᠮ
    ᠠᠶᠤᠳᠠᠰᠤ ᠬᠦᠷᠦᠮᠡᠷ ᠰᠢᠨᠵᠢᠯᠡᠭᠡ ᠮᠡᠷᠭᠡᠵᠢᠯ ᠢᠶᠠᠷ ᠣᠳᠣᠬᠢᠴᠢᠯᠠᠯᠳᠠ ᠶᠢ ᠪᠡᠶᠡᠯᠡᠭᠦᠯᠦᠭᠰᠡᠨ ᠮᠠᠨ ᠤ ᠨᠠᠮ
    ᠠᠷᠠᠳ ᠲᠦᠮᠡᠨ ᠢᠶᠠᠨ ᠳᠠᠶᠢᠴᠢᠯᠠᠵᠤ ᠂ ᠰᠢᠨ᠎ᠡ ᠴᠠᠭ ᠦᠶ᠎ᠡ ᠳᠤ ᠳᠠᠪᠰᠢᠨ ᠣᠷᠤᠭᠰᠠᠨ ᠮᠠᠨ ᠤ ᠨᠠᠮ ᠂᠂
    
    ᠦᠢᠯᠡᠳᠦᠯᠭᠡ ᠪᠤᠯ ᠦᠨᠡᠨ ᠶᠤᠰᠤ ᠶᠢ ᠰᠢᠯᠭᠠᠬᠤ ᠴᠣᠷ ᠤᠨ ᠭᠠᠭᠴᠠ ᠪᠠᠷᠢᠮᠵᠢᠶ᠎ᠠ ᠪᠠᠶᠢᠵᠤ
    ᠦᠨᠳᠦᠰᠦᠲᠡᠨ ᠤ ᠪᠦᠯᠬᠦᠮᠳᠡᠯ ᠂ ᠬᠢᠯᠢ ᠬᠢᠵᠠᠭᠠᠷ ᠤᠨ ᠲᠤᠭᠳᠠᠭᠤᠨ ᠢ ᠪᠠᠲᠤᠯᠠᠵᠤ ᠂
    ᠠᠷᠠᠳ ᠲᠦᠮᠡᠨ ᠠᠮᠦᠷ ᠵᠢᠮᠦᠷ ᠠᠵᠤ ᠲᠦᠷᠦᠬᠦ ᠪᠤᠯ ᠨᠡᠩ ᠴᠦ
    ᠡᠬᠡ ᠣᠯᠤᠰ ᠤᠨ ᠴᠡᠴᠡᠭᠯᠡᠯ ᠬᠦᠭᠵᠢᠯ ᠢ ᠪᠡᠶᠡᠯᠡᠭᠦᠯᠬᠦ ᠬᠠᠳᠠᠭᠤ ᠶᠣᠰᠣ ᠮᠦᠨ ᠂᠂
    
   ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠨᠢ ᠪᠠᠶᠢᠭᠤᠯᠤᠭᠳᠠᠭᠰᠠᠨ 73 ᠵᠢᠯ ᠤᠨ ᠲᠣᠷᠰᠢ
   ᠠᠮᠢ ᠠᠬᠤᠢ ᠶᠢᠨ ᠬᠠᠮᠠᠭᠠᠯᠠᠯᠳᠠ ᠂ ᠠᠵᠤ ᠠᠬᠤᠢ ᠶᠢᠨ ᠬᠦᠭᠵᠢᠯ ᠤᠨ ᠲᠡᠩᠴᠡᠭᠦᠷᠢ ᠶᠢ ᠪᠠᠲᠣᠯᠠᠬᠤ ᠶᠢᠨ ᠵᠡᠷᠭᠡᠴᠡᠭᠡ
    ᠠᠷᠤ ᠬᠠᠯᠬ᠎ᠠ ᠲᠠᠢ ᠴᠦ ᠠᠷᠠᠯᠵᠢᠶ᠎ᠠ ᠮᠠᠶᠢᠮᠠᠢ ᠪᠠᠨ ᠦᠷᠭᠡᠳᠬᠡᠵᠦ ᠂
    ᠠᠬᠠᠨ ᠳᠡᠭᠦᠰ ᠮᠤᠵᠢ ᠲᠠᠢ ᠪᠠᠨ ᠮᠦᠷᠦ ᠵᠡᠷᠭᠡᠴᠡᠨ ᠣᠷᠣᠭᠰᠢᠯᠠᠨ᠎ᠠ ᠂᠂
    
    ᠬᠦᠯᠦᠨ ᠪᠥᠢᠷ ᠨᠢ ᠴᠦ ᠨᠢᠭᠡᠨ ᠤᠯᠠᠨ ᠦᠨᠳᠦᠰᠦᠲᠡᠨ ᠲᠠᠢ ᠬᠤᠲᠠ
    ᠬᠦᠮᠦᠨ ᠵᠤᠨ ᠨᠢ ᠴᠠᠶᠢᠯᠭᠠᠨ ᠂ ᠬᠦᠯᠦᠭ ᠮᠤᠷᠢᠳ ᠨᠢ ᠳᠠᠪᠬᠢᠭᠰᠠᠨ ᠰᠠᠶᠢᠬᠠᠨ ᠤᠷᠤᠨ
    ᠬᠡᠭᠦᠳᠡᠭ ᠴᠡᠭᠡᠵᠢᠨ ᠤ ᠬᠦᠬᠢᠭᠦᠯᠦᠯ ᠢᠶᠠᠨ ᠨᠠᠮ ᠳᠤ ᠪᠠᠨ ᠪᠢᠴᠢᠭᠯᠡᠬᠦ ᠭᠡᠵᠤ
    ᠬᠡᠷᠤᠯᠤᠨ ᠤ ᠤᠶᠠᠩᠭ᠎ᠠ ᠤᠷᠤᠯᠳᠤᠭᠠᠨ ᠳᠤ ᠢᠩᠭᠢᠵᠤ ᠳᠠᠭᠤᠯᠠᠯ ᠢᠶᠠᠨ ᠡᠷᠭᠦᠨ᠎ᠡ ᠂᠂
    
    ᠬᠤᠶᠠᠳᠤᠭᠠᠷ ᠮᠢᠩᠭᠠᠨ ᠤ ᠬᠤᠷᠢᠨ ᠣᠨ ᠪᠤᠯ ᠤᠨᠴᠠ ᠶᠢᠨ ᠨᠢᠭᠡᠨ ᠤᠨ
    ᠲᠡᠷᠡ ᠨᠢ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠵᠤ
    ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠲᠣᠯᠬᠤ ᠳᠠᠶᠢᠨ ᠤ
    ᠡᠴᠦᠰ ᠤᠨ ᠢᠯᠠᠯᠳᠠ ᠶᠢ ᠲᠡᠮᠡᠴᠡᠨ ᠣᠯᠬᠤ ᠵᠠᠩᠭᠢᠯᠠᠭ᠎ᠠ ᠶᠢᠨ ᠦᠶ᠎ᠡ ᠂᠂
    
    ᠶᠠᠭ ᠡᠨᠡᠭᠦ ᠪᠠᠴᠢᠮ ᠮᠦᠷᠳᠡᠭᠡᠨ ᠲᠣᠯᠭᠠᠮ᠎ᠠ ᠦᠶ᠎ᠡ ᠳᠤ
    ᠶᠠᠭᠠᠷᠠᠤ ᠠᠵᠢᠯ ᠤᠨ ᠠᠬᠢᠴᠠ ᠪᠠᠨ ᠲᠦᠷᠭᠡᠳᠬᠡᠬᠦ ᠭᠡᠵᠦ
    ᠶᠠᠩ ᠦᠭᠡᠢ ᠴᠢᠷᠮᠠᠶᠢᠵᠤ ᠶᠠᠪᠤᠭ᠎ᠠ ᠪᠠᠶᠢᠴᠠᠭᠠᠬᠤ ᠵᠠᠯᠠᠭᠤᠰ
    ᠶᠠᠯᠢᠮ ᠦᠭᠡᠢ ᠵᠦᠩᠨᠡᠯ ᠢᠶᠠᠨ ᠨᠠᠮ ᠳᠤ ᠪᠠᠨ ᠳᠡᠪᠰᠢᠭᠦᠯᠦᠨ᠎ᠡ ᠂᠂
    
    ᠶᠠᠳᠠᠭᠤ ᠭᠡᠵᠦ ᠶᠠᠭᠠᠬᠢᠭᠰᠠᠨ ᠪᠡᠷᠭᠡ ᠵᠦᠢᠯ
    ᠶᠠᠮᠠᠷᠬᠠᠨ ᠶᠠᠩᠵᠤ ᠪᠠᠷ ᠲᠤᠭᠤᠯᠤᠨ᠎ᠠ ᠭᠡᠵᠤ ᠂ ᠲᠤᠷᠰᠢᠯᠭ᠎ᠠ ᠬᠠᠶᠢᠨ᠎ᠠ ᠂ ᠠᠷᠭ᠎ᠠ ᠰᠦᠪᠡᠭᠴᠢᠯᠡᠨ᠎ᠡ
    ᠶᠠᠩᠵᠤ ᠶᠢᠨ ᠬᠦᠰᠦᠨᠦᠭᠲᠦ ᠲᠠᠭᠯᠠᠨ᠎ᠠ ᠂ ᠦᠩᠭᠡ ᠶᠢᠨ ᠠᠶᠢᠯ ᠤᠳ ᠢᠶᠠᠷ ᠣᠷᠤᠨ᠎ᠠ
    ᠶᠠᠳᠠᠷᠠᠵᠠᠢ ᠭᠡᠵᠤ ᠠᠷᠠᠳ ᠨᠢ ᠨᠠᠮ ᠢᠶᠠᠨ ᠦᠷᠦᠪᠳᠡᠨ᠎ᠡ ᠂᠂
    
    ᠠᠯᠬᠤᠭ᠎ᠠ ᠪᠠᠨ ᠨᠢᠭᠡᠳᠬᠡᠵᠤ ᠬᠠᠮᠳᠣ ᠶᠢᠨ ᠬᠦᠰᠡᠯᠡᠩ ᠢᠶᠠᠨ ᠴᠤᠭᠴᠠᠯᠠᠵᠤ ᠪᠠᠶᠢᠳᠠᠯ᠎ᠠ
    ᠠᠶᠣᠯᠳᠤ ᠬᠢᠵᠢᠭ ᠬᠦᠷᠦᠭᠡᠳ ᠢᠷᠡᠯ᠎ᠡ
    ᠦᠯᠡᠮᠵᠢᠬᠡᠨ ᠬᠠᠶᠢᠷ᠎ᠠ ᠪᠠᠨ ᠬᠠᠷᠠᠮ ᠦᠭᠡᠢ ᠡᠷᠭᠦᠵᠦ ᠂
    ᠠᠶᠠᠨ ᠤ ᠵᠠᠮ ᠢ ᠭᠡᠷᠡᠯᠲᠦᠭᠦᠯᠦᠭᠰᠡᠨ ᠰᠠᠶᠢᠨ ᠳᠤᠷᠠᠴᠤᠳ ᠪᠤᠰᠤᠭᠠᠳ ᠢᠷᠡᠯ᠎ᠡ ᠂᠂
    
    ᠲᠦᠢᠳᠬᠡᠷ ᠡᠪᠡᠳᠴᠢᠨ ᠤ ᠡᠮᠦᠨ᠎ᠡ ᠲᠦᠮᠡᠨ ᠣᠯᠠᠨ ᠢᠶᠠᠨ ᠬᠠᠮᠠᠭᠠᠯᠠᠵᠤ
    ᠲᠦᠪᠰᠢᠨ ᠴᠠᠭ ᠢ ᠬᠦᠭᠡᠭᠡᠴᠡᠯᠳᠦᠭᠰᠡᠨ ᠲᠦᠷᠦ ᠵᠠᠰᠠᠭ ᠢᠶᠠᠨ ᠮᠠᠭᠲᠠᠶ᠎ᠠ
    ᠬᠡᠵᠢᠶ᠎ᠡ ᠴᠦ ᠠᠮᠢ ᠪᠡᠶ᠎ᠡ ᠪᠠᠨ ᠬᠠᠶᠢᠬᠤᠷᠤᠯ ᠦᠭᠡᠢ ᠰᠢᠨᠳᠠᠷᠠᠰᠢ ᠦᠭᠡᠢ ᠵᠣᠷᠢᠭ ᠲᠠᠢ
    ᠬᠢᠵᠢᠭ ᠤᠨ ᠡᠮᠦᠨ᠎ᠡ ᠹᠷᠣᠨᠲ ᠤᠨ ᠪᠠᠭᠠᠲᠤᠷᠴᠤᠳ ᠢᠶᠠᠨ ᠪᠠᠰᠠ ᠮᠠᠭᠲᠠᠶ᠎ᠠ
    
    ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
    ᠰᠢᠯᠢᠳᠡᠭ ᠠᠵᠢᠯ ᠤᠨ ᠬᠡᠪ ᠰᠤᠷᠳᠠᠯ ᠢᠶᠠᠨ ᠪᠠᠳᠠᠷᠠᠭᠤᠯᠵᠤ᠂
    ᠬᠤᠰᠢᠭᠤ ᠨᠣᠳᠤᠭ ᠤᠨ ᠱᠠᠭᠠᠷᠳᠠᠯᠭ᠎ᠠ᠂ ᠬᠤᠷᠢᠶᠠᠨ ᠳᠠᠷᠤᠭ᠎ᠠ ᠶᠢᠨ ᠵᠢᠯᠤᠭᠤᠳᠤᠯᠭ᠎ᠠ  ᠪᠡᠷ
    ᠬᠠᠮᠤᠭ ᠠᠴᠠ ᠬᠦᠴᠦᠳᠡᠢ ᠰᠡᠷᠭᠡᠶᠢᠯᠡᠨ ᠬᠠᠮᠠᠭᠠᠯᠠᠬᠤ ᠳᠠᠶᠢᠯᠠᠯᠳᠤᠭᠠᠨ ᠢ ᠬᠢᠵᠦ ᠡᠬᠢᠯᠡᠪᠡ᠃
    
    ᠰᠢᠨ᠎ᠡ ᠴᠠᠭ ᠦᠶ᠎ᠡ ᠂ ᠰᠢᠨ᠎ᠡ ᠠᠯᠬᠤᠭ᠎ᠠ ᠂ ᠰᠢᠨ᠎ᠡ ᠡᠷᠢᠯᠬᠡᠯᠡᠯ
    ᠰᠢᠨ᠎ᠡ ᠦᠶ᠎ᠡ ᠶᠢᠨ ᠵᠠᠯᠠᠭᠤᠴᠤᠳ ᠪᠢᠳᠡ ᠠᠵᠠ ᠲᠠᠢ ᠮᠦᠨ ᠴᠦ ᠬᠦᠨᠳᠦ ᠡᠭᠦᠷᠭᠡ ᠲᠠᠢ
    ᠠᠷᠠᠳ ᠲᠦᠮᠡᠨ ᠤ ᠪᠠᠨ ᠲᠦᠯᠦᠭᠡ ᠡᠭᠡᠵᠦ ᠪᠤᠴᠠᠰᠢ ᠦᠭᠡᠢ ᠦᠢᠯᠡᠴᠢᠯᠡᠬᠦ ᠡᠭᠦᠷᠭᠡ ᠮᠠᠨᠤᠰ ᠤᠨ ᠪᠡᠶ᠎ᠡ ᠳᠡᠭᠡᠷ᠎ᠡ ᠪᠤᠢ
    ᠦᠢᠯᠡᠳᠦᠯᠭᠡ ᠠᠴᠠ ᠣᠨᠤᠯ ᠬᠦᠷᠳᠡᠯ᠎ᠡ ᠴᠢᠷᠮᠠᠶᠢᠨ ᠰᠣᠷᠣᠯᠴᠠᠬᠤ ᠡᠭᠦᠷᠭᠡ ᠮᠠᠨᠣᠰ ᠤᠨ ᠪᠡᠶ᠎ᠡ ᠳᠡᠭᠡᠷ᠎ᠡ ᠪᠣᠢ
    ᠠᠭᠠᠳᠠᠷ ᠪᠣᠷᠤᠭᠠᠨ ᠂ ᠬᠤᠷ᠎ᠠ ᠰᠠᠯᠬᠢᠨ ᠠᠴᠠ ᠡᠮᠢᠶᠡᠭᠦ ᠦᠭᠡᠢ ᠰᠦᠰᠦ ᠵᠤᠷᠢᠭ ᠤᠨ ᠰᠣᠷᠢᠭ᠎ᠠ ᠮᠠᠨᠤᠰ ᠤᠨ ᠪᠡᠶ᠎ᠡ ᠳᠡᠭᠡᠷ᠎ᠡ ᠪᠤᠢ
    ᠤᠯᠠᠷᠢᠯ ᠤᠨ ᠰᠠᠯᠬᠢᠨ ᠤ ᠳᠤᠮᠳᠠ ᠠᠴᠠ ᠨᠠᠮ ᠢᠶᠠᠨ ᠳᠠᠭᠤᠯᠠᠬᠤ ᠡᠭᠦᠷᠭᠡ ᠮᠠᠨᠤᠰ ᠤᠨ ᠪᠡᠶ᠎ᠡ ᠳᠡᠭᠡᠷ᠎ᠡ ᠪᠤᠢ ᠂᠂
    
    
    
    ᠵᠣᠬᠢᠶᠠᠭᠴᠢ᠄ ᠯᠢ ᠯᠢ
    

ᠢᠷᠡᠯᠲᠡ
ᠬᠦᠯᠦᠨ ᠪᠤᠢᠢᠷ ᠬᠤᠲᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro