ᠪᠠᠶᠢᠴᠠᠭᠠᠬᠤ ᠰᠣᠶᠣᠯ  -    

ᠢᠷᠠᠭᠤ ᠨᠠᠢᠷᠠᠭ ᠮᠢᠨᠤ

2023-05-31 16:45:46
ᠵᠣᠬᠢᠶᠠᠭᠴᠢ
ᠪᠣᠷᠵᠢᠭᠢᠨ ᠰᠦᠶ᠎ᠡ

               

                ------ 3ᠰᠠᠷ᠎ᠠ ᠵᠢᠨ21 ᠦ ᠳᠡᠯᠡᠬᠡᠢ ᠵᠢᠨ  ᠢᠷᠠᠭᠤ ᠨᠠᠶᠢᠷᠠᠭ ᠤᠨ ᠡᠳᠦᠷ ᠲᠦ ᠵᠤᠷᠢᠭᠤᠯᠪᠠ

ᠪᠣᠷᠣ ᠲᠣᠭᠣᠰᠣ ᠲᠠᠢ ᠨᠤᠲᠤᠭ ᠤᠨ ᠬᠦᠷᠦᠰᠦᠨ ᠳᠦ
ᠪᠢᠷ ᠦᠨ ᠦᠵᠦᠭᠦᠷ ᠢᠶᠡᠨ ᠬᠤᠷᠴᠠᠯᠠᠵᠤ
ᠪᠤᠭᠤᠷᠤᠯ ᠳᠤᠮᠤᠭ ᠤᠨ ᠲᠦᠮᠡᠨ ᠬᠡᠯᠬᠢᠶ᠎ᠡ ᠶᠢ
ᠪᠢᠴᠢᠭᠲᠦ ᠬᠠᠳᠠᠨ᠎ᠠ ᠴᠢᠯᠠᠭᠤᠵᠢᠭᠤᠯᠳᠠᠭ
ᠪᠣᠭᠳᠠ ᠬᠠᠢᠷᠬᠠᠨ ᠤ ᠮᠥᠩᠭᠦᠨ ᠰᠠᠷᠢᠳᠠᠭ ᠲᠤ
ᠪᠣᠳᠣᠯ ᠤᠨ ᠭᠡᠭᠡ ᠰᠤᠪᠤᠷᠠᠭᠣᠯᠵᠣ
ᠪᠤᠮᠠᠨ ᠦᠶ᠎ᠡ ᠶᠢᠨ ᠰᠤᠳᠤᠷ ᠤᠨ ᠬᠠᠭᠤᠳᠠᠰᠤ ᠪᠠᠷ
ᠪᠢᠯᠢᠭ ᠣᠶᠣᠨ ᠢ  ᠨᠡᠭᠡᠭᠡᠭᠳᠡᠭᠦᠯᠳᠡᠭ
ᠢᠷᠠᠭᠤ ᠨᠠᠢᠷᠠᠭ ᠮᠢᠨᠤ︕

 

ᠵᠤᠰᠠᠭᠠᠯ ᠤᠨ ᠰᠠᠢᠬᠠᠨ ᠴᠦᠷᠭᠦᠯᠡᠭᠡ
ᠵᠡᠭᠦᠳᠦᠨ ᠳᠦ ᠪᠦᠵᠢᠨ ᠬᠣᠨᠣᠭᠰᠢᠵᠤ
ᠵᠢᠷᠤᠭ ᠤᠨ ᠶᠤᠮᠰᠢᠭ ᠡᠬᠡ ᠣᠷᠣᠨ ᠢ
ᠤᠷᠠᠯᠢᠭ ᠤᠬᠠᠭᠠᠨ ᠢᠶᠠᠷ  ᠰᠣᠯᠤᠩᠭᠠᠷᠠᠭᠤᠯᠳᠠᠭ
ᠵᠤᠨ ᠵᠤᠨ ᠤ ᠴᠡᠴᠡᠭᠡᠰ ᠢ
ᠵᠠᠭᠤᠨ ᠵᠠᠭᠤᠨ ᠢᠶᠠᠷ ᠳᠡᠯᠭᠡᠷᠡᠭᠦᠯᠵᠦ
ᠵᠢᠷᠦᠬᠡᠨ ᠦ ᠠᠮᠠᠷᠠᠭ ᠨᠣᠲ ᠢ
ᠤᠶᠠᠬᠠᠨ ᠡᠭᠡᠰᠢᠭ ᠢᠶᠡᠷ ᠴᠢᠪᠬᠠᠳᠠᠳᠠᠭ
ᠢᠷᠠᠭᠤ ᠨᠠᠢᠷᠠᠭ ᠮᠢᠨᠤ︕

 

ᠬᠠᠨᠠᠭᠠᠷ ᠰᠠᠢᠬᠠᠨ ᠲᠠᠯ᠎ᠠ ᠪᠠᠨ
ᠠᠶᠠᠯᠭᠤ ᠳᠠᠭᠤᠤ ᠲᠠᠢ ᠤᠶᠠᠩᠭᠠᠯᠠᠵᠤ
ᠬᠠᠢᠷ᠎ᠠ ᠶᠢᠨ ᠪᠦᠪᠡᠢ ᠲᠠᠢ ᠤᠷᠴᠢᠯᠠᠩ ᠢᠶᠠᠨ
ᠠᠷᠢᠭᠤᠨ ᠰᠦ ᠪᠡᠷ 
ᠬᠠᠰ ᠤᠨ ᠪᠤᠯᠤᠷ ᠰᠠᠷᠠᠨ ᠢ
ᠰᠢᠯᠦᠭ ᠦᠨ ᠮᠦᠷ ᠲᠦ  ᠲᠡᠷᠭᠡᠯᠰᠢᠭᠦᠯᠵᠦ
ᠬᠠᠩᠭᠠᠢ ᠶᠢᠨ ᠰᠢᠷᠭᠠᠯ ᠡᠯᠡᠰᠦᠨ ᠳᠦ
ᠰᠢᠭᠦᠳᠡᠷᠢ ᠶᠢᠨ ᠮᠦᠬᠦᠯᠢᠭ ᠪᠦᠮᠪᠦᠭᠡᠨᠡᠭᠦᠯᠳᠡᠭ
ᠢᠷᠠᠭᠤ ᠨᠠᠢᠷᠠᠭ ᠮᠢᠨᠤ︕

 

ᠲᠠᠨᠠᠨ ᠴᠠᠭᠠᠨ ᠰᠤᠪᠤᠳ ᠢᠶᠠᠨ
ᠲᠠᠯ᠎ᠠ ᠶᠢᠨ ᠭᠦᠨ  ᠳᠤ ᠪᠡᠯᠴᠢᠭᠡᠵᠦ
ᠲᠦᠮᠡᠨ ᠠᠭᠲᠠ ᠶᠢᠨ ᠲᠦᠪᠡᠷᠭᠡᠨ ᠢᠶᠡᠷ
ᠳᠡᠯᠡᠬᠡᠢ ᠶᠢᠨ ᠰᠣᠨᠣᠷ ᠢ ᠪᠠᠶᠠᠰᠬᠠᠳᠠᠭ 
ᠲᠠᠩᠰᠤᠭ ᠬᠥᠳᠡᠭᠡ ᠨᠣᠳᠣᠭ ᠲᠤ
ᠲᠠᠪᠤᠨ ᠲᠠᠷᠢᠶ᠎ᠠ ᠬᠦᠭᠡᠷᠡᠭᠦᠯᠵᠦ
ᠲᠠᠩᠭᠢᠯ ᠴᠡᠪᠡᠷᠬᠡᠨ ᠬᠦᠷᠦᠰᠦᠨ ᠳᠦ
ᠲᠠᠩᠭᠠᠷᠢᠭ ᠪᠠᠲᠤ ᠬᠠᠳᠠᠩᠰᠢᠳᠠᠭ
ᠢᠷᠠᠭᠤ ᠨᠠᠢᠷᠠᠭ ᠮᠢᠨᠤ︕

 

ᠰᠦᠨ ᠴᠠᠭᠠᠨ ᠪᠡᠯᠭᠡᠳᠡᠯ ᠲᠠᠢ
ᠰᠦᠰᠦᠭᠯᠡᠨ ᠳᠡᠭᠡᠵᠢᠯᠡᠬᠦ ᠢᠷᠦᠭᠡᠯ ᠲᠠᠢ
ᠰᠦᠨᠢ ᠶᠢᠨ ᠣᠳᠣᠳ ᠤᠨ ᠬᠦᠭᠵᠢᠮ ᠲᠠᠢ
ᠰᠠᠯᠬᠢᠨ ᠤ ᠦᠵᠦᠭᠦᠷ ᠦᠨ ᠰᠡᠩᠭᠢᠨᠡᠭᠡ ᠲᠠᠢ
ᠢᠷᠠᠭᠤ ᠨᠠᠢᠷᠠᠭ ᠮᠢᠨᠤ︕


ᠰᠢᠯᠢ ᠶᠢᠨ ᠠᠭᠤᠳᠠᠮ ᠨᠣᠲᠤᠭ ᠤᠨ ᠮᠢᠨᠢ
ᠰᠣᠶᠣᠷᠬᠠᠯ ᠶᠡᠬᠡᠳᠡᠢ ᠬᠦᠷᠲᠡᠭᠡᠯ
ᠰᠠᠨᠠᠭᠰᠠᠨ ᠵᠦᠭ ᠶᠦᠭᠡᠨ ᠵᠠᠮᠨᠠᠬᠤ ᠳᠤ
ᠰᠦᠯᠳᠡ ᠭᠡᠢᠮᠤᠷᠢ ᠪᠠᠳᠠᠷᠠᠭᠤᠯᠳᠠᠭ
ᠢᠷᠠᠭᠤ ᠨᠠᠢᠷᠠᠭ ᠮᠢᠨᠤ︕

 

 

ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠣᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro