ᠪᠠᠶᠢᠴᠠᠭᠠᠬᠤ ᠰᠣᠶᠣᠯ  -    

ᠰᠢᠳᠦᠭᠡᠨ ᠤ ᠬᠤᠣᠰ ᠦᠩᠭᠡ

2016-07-27 09:23:04
ᠵᠣᠬᠢᠶᠠᠭᠴᠢ
ᠱᠤᠸᠠᠩ ᠶᠢᠨ ᠪᠣᠤ

              ᠴᠠᠭᠠᠨ

ᠢᠵᠠᠭᠤᠷ ᠮᠤᠩᠭᠤᠯ ᠠᠴᠠ ᠤᠯᠠᠮᠵᠢᠯᠠᠵᠤ ᠢᠷᠡᠭᠰᠡᠨ ᠢᠳᠡᠭᠡᠨ ᠴᠠᠭᠠᠨ

ᠶᠢᠷᠲᠢᠨᠴᠦ ᠶᠢᠨ ᠡᠷᠢᠶᠠᠨ ᠢ ᠪᠦᠬᠦᠨ ᠢ ᠪᠠᠭᠲᠠᠭᠠᠬᠤ ᠰᠡᠳᠬᠢᠯ ᠴᠠᠭᠠᠨ

ᠣᠨ ᠣᠨ ᠡᠭᠡᠯᠵᠢᠯᠡᠬᠦ ᠡᠬᠢᠨ ᠤ ᠰᠠᠷ᠎ᠠ ᠴᠠᠭᠠᠨ

ᠦᠯᠵᠡᠢ ᠬᠡᠰᠢᠭ ᠲᠠᠢ ᠠᠯᠬᠤᠭᠠᠳ ᠶᠠᠪᠤᠬᠤ ᠮᠦᠷ ᠮᠢᠨᠢ ᠴᠠᠭᠠᠨ


ᠬᠦᠳᠡᠭᠡ ᠲᠠᠯ᠎ᠠ ᠪᠠᠷ ᠲᠠᠷᠬᠠᠨ ᠪᠡᠯᠴᠢᠬᠦ ᠰᠦᠷᠦᠭ ᠴᠠᠭᠠᠨ

ᠬᠦᠨᠦᠭ ᠲᠤ ᠪᠢᠯᠬᠠᠭᠰᠠᠨ ᠢᠳᠡᠭᠡᠨ ᠤ ᠳᠡᠭᠡᠵᠢ ᠰᠦ ᠴᠠᠭᠠᠨ

ᠬᠥᠬᠡ ᠣᠭᠲᠠᠷᠭᠤᠢ ᠪᠠᠷ ᠬᠦᠪᠦᠯᠵᠡᠨ ᠨᠡᠭᠦᠳᠡᠯᠯᠡᠬᠦ ᠡᠭᠦᠯᠡ ᠴᠠᠭᠠᠨ

ᠬᠦᠨᠳᠦᠳᠭᠡᠨ ᠲᠠᠬᠢᠵᠦ ᠪᠦᠯᠬᠦᠮᠳᠡᠯ ᠴᠢᠪᠠᠭᠳᠠᠭᠰᠠᠨ ᠣᠪᠤᠭ᠎ᠠ ᠴᠠᠭᠠᠨ


ᠲᠤᠭᠤᠨᠤ ᠪᠠᠷ ᠰᠤᠭᠤᠨᠠᠭᠯᠠᠨ ᠪᠦᠵᠢᠭᠯᠡᠬᠦ ᠠᠷᠭᠠᠯ ᠤᠨ ᠤᠲᠤᠭ᠎ᠠ ᠴᠠᠭᠠᠨ

ᠲᠠᠯ᠎ᠠ ᠪᠠᠷ ᠲᠦᠭᠦᠷᠢᠭᠯᠡᠨ ᠪᠣᠰᠬᠠᠭᠳᠠᠬᠤ ᠢᠰᠡᠭᠡᠢ ᠭᠡᠷ ᠴᠠᠭᠠᠨ

ᠲᠤᠷᠨᠢᠭᠤᠯᠤᠨ ᠪᠤᠶᠢᠵᠢᠭᠤᠯᠠᠭᠰᠠᠨ ᠮᠤᠩᠭᠤᠯ ᠡᠬᠡ ᠶᠢᠨ ᠤᠭᠤᠷᠠᠭ ᠴᠠᠭᠠᠨ

ᠲᠤᠷᠪᠢᠲᠤ ᠪᠠᠭᠠᠳᠦᠷ ᠴᠢᠩᠬᠢᠰ ᠤᠨ ᠬᠤᠶᠢᠴᠢᠰ ᠤᠨ ᠢᠷᠡᠭᠡᠳᠦᠢ ᠶᠢᠨ ᠦᠢᠯᠡᠰ ᠴᠠᠭᠠᠨ︕

              ᠬᠥᠬᠡ

ᠣᠷᠤᠰᠢᠨ ᠰᠠᠭᠤᠷᠢᠰᠢᠵᠤ ᠠᠮᠢᠳᠤᠷᠠᠬᠤ ᠨᠤᠲᠤᠭ ᠬᠥᠬᠡ

ᠤᠩᠭᠤᠨ ᠪᠠᠶᠢᠭᠠᠯᠢ ᠪᠠᠨ ᠰᠠᠬᠢᠬᠤ ᠨᠠᠭᠤᠷ ᠬᠥᠬᠡ

ᠠᠷᠢᠶᠠᠲᠡᠨ ᠭᠦᠷᠦᠭᠡᠰᠦ ᠲᠣᠭᠯᠠᠯᠳᠤᠬᠤ ᠠᠭᠤᠯᠠ ᠬᠥᠬᠡ

ᠤᠷᠠᠨ ᠪᠤᠯᠵᠤᠮᠤᠷ ᠳᠤᠩᠭᠤᠳᠬᠤ ᠣᠭᠲᠠᠷᠭᠤᠢ ᠬᠥᠬᠡ


ᠦᠷᠦᠰᠢᠶᠡᠨ ᠬᠠᠶᠢᠷᠠᠯᠠᠵᠤ ᠢᠪᠡᠭᠡᠨ ᠳᠡᠳᠭᠦᠬᠦ ᠲᠡᠭᠷᠢ ᠬᠥᠬᠡ

ᠦᠨᠳᠦᠰᠦᠲᠡᠨ ᠤᠭᠰᠠᠭᠠᠲᠠᠨ ᠤ ᠰᠢᠳᠤᠨ ᠲᠠᠬᠢᠬᠤ ᠰᠦᠯᠲᠡ ᠬᠥᠬᠡ

ᠥᠪ ᠰᠤᠶᠤᠯ ᠤᠨ ᠲᠡᠤᠬᠡ ᠴᠠᠳᠢᠭ ᠤᠨ ᠰᠤᠳᠤᠷ ᠬᠥᠬᠡ

ᠥᠪᠴᠢ ᠪᠡᠶ᠎ᠡ ᠪᠠᠨ ᠴᠢᠮᠡᠭᠯᠡᠨ ᠵᠠᠰᠠᠬᠤ ᠲᠡᠷᠯᠢᠭ ᠮᠢᠨᠢ ᠬᠥᠬᠡ


ᠡᠪᠦᠭᠡ ᠳᠡᠭᠡᠳᠤᠰ ᠤᠨ ᠭᠤᠯᠤᠮᠲᠠ ᠠᠴᠠ ᠳᠦᠷᠡᠯᠵᠡᠨ ᠠᠰᠠᠭᠰᠠᠨ ᠭᠠᠯ ᠬᠥᠬᠡ

ᠠᠷᠬᠢᠯᠤᠭᠰᠠᠨ ᠲᠤᠭᠤᠭᠠᠨ ᠳᠤ ᠠᠭᠠᠭ ᠲᠠᠢ ᠪᠣᠴᠠᠯᠬᠤ ᠴᠠᠢ ᠬᠥᠬᠡ

ᠡᠷᠭᠦᠨ ᠳᠡᠪᠰᠢᠭᠦᠯᠬᠦ ᠲᠣᠷᠭ᠎ᠠ ᠰᠠᠮᠪᠠᠢ ᠬᠠᠳᠠᠭ ᠮᠢᠨᠢ ᠬᠥᠬᠡ

ᠤᠷᠤᠭᠰᠢᠯᠠᠨ ᠳᠠᠪᠰᠢᠬᠤ ᠬᠡᠶᠢᠮᠣᠷᠢ ᠬᠤᠷᠤᠶᠢᠯᠠᠭᠰᠠᠨ ᠲᠤᠭ ᠮᠢᠨᠢ ᠮᠦᠩᠬᠡ ᠬᠥᠬᠡ︕

            


ᠢᠷᠡᠯᠲᠡ
ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ
2014-2022 © ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠪᠠᠶᠢᠴᠠᠭᠠᠬᠤ ᠬᠣᠷᠢᠶ᠎ᠠ ᠥᠮᠴᠢᠯᠡᠯ ᠦᠨ ᠡᠷᠬᠡ ᠲᠠᠢ ᠵᠣᠬᠢᠶᠠᠯ ᠪᠦᠲᠦᠭᠡᠯ ᠦᠨ ᠡᠷᠬᠡ ᠶ᠋ᠢ ᠬᠠᠤᠯᠢ ᠪᠠᠷ ᠬᠠᠮᠠᠭᠠᠯᠠᠭᠰᠠᠨ ᠂ ᠵᠥᠪᠰᠢᠶᠡᠷᠡᠯ ᠦᠭᠡᠢ ᠪᠡᠷ ᠬᠠᠭᠤᠯᠪᠤᠷᠢᠯᠠᠬᠤ ᠶ᠋ᠢ ᠡᠷᠡᠰ ᠬᠣᠷᠢᠭᠯᠠᠨ᠎ᠠ ᠬᠠᠷᠢᠯᠴᠠᠬᠤ ᠤᠲᠠᠰᠤ ᠄ 0471-4628760 ᠢᠮᠧᠯ ᠄ eerhe@nm.pro